ᠮᠣᠩᠭᠤᠯᠴᠣᠳ ᠤᠨ ᠡᠪᠦᠭᠡ ᠳᠡᠭᠡᠳᠦᠰ ᠨᠢ ᠦᠢᠯᠡᠳᠪᠦᠷᠢᠯᠡᠯ ᠤᠨ ᠬᠦᠴᠦᠨ ᠳᠣᠷᠣᠢ ᠪᠠᠶᠢᠭᠰᠠᠨ ᠠᠴᠠ | ᠪᠣᠯᠵᠦ ᠦᠪᠡᠷ ᠤᠨ ᠪᠡᠶ᠎ᠡ ᠪᠠᠨ ᠪᠠᠶᠢᠭᠠᠯᠢ ᠶᠢᠷᠲᠢᠨᠴᠦ ᠠᠴᠠ ᠳᠡᠮᠡᠢ ᠰᠠᠶᠢᠨ ᠢᠯᠭᠠᠵᠦ ᠴᠢᠳᠠᠬᠤ ᠦᠭᠡᠢ᠂ ᠬᠦᠮᠦᠨ ᠢ | ᠰᠦᠨᠡᠰᠦ ᠲᠠᠢ ᠭᠡᠵᠦ ᠦᠵᠡᠭᠦ ᠪᠠᠷ ᠪᠠᠷᠠᠬᠤ ᠦᠭᠡᠢ᠂ ᠪᠠᠰᠠ ᠪᠠᠶᠢᠭᠠᠯᠢ ᠶᠢᠨ ᠭᠡᠷᠡᠭ ᠪᠣᠳᠠᠰ ᠦᠵᠡᠭᠳᠡᠯ ᠤᠳ ᠢ ᠴᠦᠮ | ᠠᠮᠢ ᠭᠤᠣᠯ ᠲᠠᠢ᠂ ᠰᠦᠨᠡᠰᠦ ᠰᠠᠬᠢᠭᠤᠰᠣ ᠲᠠᠢ ᠭᠡᠵᠦ ᠦᠵᠡᠳᠡᠭ᠃ ᠲᠡᠭᠡᠭᠡᠳ ᠡᠳᠡᠭᠡᠷ ᠰᠦᠨᠡᠰᠦ ᠰᠠᠬᠢᠭᠤᠰᠣ ᠶᠢ | ᠲᠠᠬᠢᠵᠦ ᠰᠢᠳᠦᠬᠦ᠂ ᠳᠣᠮᠨᠤᠨ ᠰᠢᠪᠰᠢᠬᠦ᠂ ᠲᠦᠯᠭᠡ ᠱᠣ ᠣᠷᠬᠢᠵᠦ ᠰᠢᠨᠵᠢᠯᠡᠳᠡᠭ ᠪᠠᠶᠢᠵᠠᠢ᠃ ᠮᠣᠩᠭᠤᠯ ᠤᠨ ᠣᠯᠠᠨ | ᠠᠶᠢᠮᠠᠭ ᠪᠦᠯᠦᠭ ᠤᠨ ᠨᠢᠭᠡ ᠨᠢ ᠪᠣᠯᠣᠭᠰᠠᠨ ᠪᠠᠭᠠᠷᠢᠨᠴᠣᠳ ᠴᠦ ᠬᠢᠯᠭᠠᠰᠣᠨ ᠲᠦᠯᠭᠡ᠂ ᠵᠣᠭᠤᠰᠣᠨ ᠲᠦᠯᠭᠡ᠂ | ᠳᠠᠯᠣ ᠶᠢᠨ ᠲᠦᠯᠭᠡ ᠵᠡᠷᠭᠡ ᠲᠦᠯᠭᠡ ᠰᠢᠨᠵᠢᠯᠡᠭᠡ ᠦᠵᠡᠵᠦ᠂ ᠡᠨᠡ ᠨᠢ ᠣᠳᠣ ᠳᠤ ᠲᠣᠯᠲᠠᠯ᠎ᠠ ᠣᠯᠠᠮᠵᠢᠯᠠᠭᠳᠠᠵᠦ | ᠢᠷᠡᠭᠰᠡᠨ ᠶᠤᠮ᠃ ᠠᠳᠡ ᠵᠦᠪᠬᠡᠨ ᠪᠠᠭᠠᠷᠢᠨᠴᠣᠳ ᠤᠨ ᠳᠠᠯᠣ ᠶᠢᠨ ᠦᠵᠡᠯᠭᠡ ᠰᠢᠨᠵᠢᠯᠡᠭᠡ ᠶᠢᠨ ᠲᠣᠬᠠᠢ ᠦᠵᠡᠵᠦ | ᠰᠣᠨᠣᠰᠣᠭᠰᠠᠨ ᠢᠶᠠᠨ ᠲᠣᠭᠠᠴᠢᠶ᠎ᠠ᠃ | ᠮᠠᠨ ᠤ ᠤᠯᠤᠰ ᠤᠨ ᠬᠠᠮᠤᠭ ᠤᠨ ᠡᠷᠲᠡᠨ ᠤ ᠳᠠᠯᠣ ᠶᠢᠨ ᠲᠦᠯᠭᠡ ᠶᠢ ᠪᠠᠭᠠᠷᠢᠨ ᠵᠡᠭᠦᠨ ᠬᠤᠰᠢᠭᠤᠨ ᠠᠴᠠ | ᠢᠯᠡᠷᠡᠭᠦᠯᠦᠭᠰᠡᠨ ᠪᠦᠭᠡᠳ ᠡᠷᠳᠡᠮᠲᠡᠳ ᠠᠴᠠ ᠳᠠᠯᠣ ᠶᠢᠨ ᠶᠠᠰᠣ ᠪᠠᠷ ᠲᠦᠯᠭᠡ ᠦᠵᠡᠭᠦ ᠶᠠᠪᠣᠳᠠᠯ ᠱᠠᠩ ᠤᠯᠤᠰ ᠤᠨ | ᠦᠶ᠎ᠡ ᠠᠴᠠ ᠬᠦᠭᠵᠢᠵᠦ ᠲᠦᠭᠡᠮᠡᠯᠵᠢᠯᠡ ᠭᠡᠵᠦ ᠨᠣᠲᠠᠯᠬᠠᠰᠠᠨ ᠪᠠᠶᠢᠨ᠎ᠠ᠃ | ᠳᠠᠯᠣ ᠶᠢᠨ ᠲᠦᠯᠭᠡ ᠭᠡᠳᠡᠭ ᠨᠢ ᠪᠣᠳᠠ ᠪᠣᠭ ᠮᠠᠯ ᠤᠨ ᠳᠠᠯᠣ ᠶᠢᠨ ᠶᠠᠰᠣ ᠪᠠᠷ ᠲᠦᠯᠭᠡᠳᠡᠬᠦ ᠲᠦᠯᠭᠡ ᠶᠢ | ᠬᠡᠯᠡᠳᠡᠭ᠃ ᠪᠢᠴᠢᠭ ᠲᠡᠮᠳᠡᠭᠯᠡᠯ ᠪᠠ ᠪᠣᠭᠤᠷᠣᠯᠴᠣᠳ ᠤᠨ ᠳᠣᠷᠠᠰᠣᠨ ᠶᠠᠷᠢᠬᠤ ᠪᠠᠷ᠂ ᠳᠠᠯᠣ ᠶᠢᠨ ᠲᠦᠯᠭᠡ | ᠦᠵᠡᠭᠦ ᠳᠤ ᠪᠠᠭᠠᠷᠢᠨᠴᠣᠳ ᠭᠤᠣᠯᠳᠠᠭᠤ ᠬᠤᠨᠢ ᠢᠮᠠᠭᠠᠨ ᠤ ᠳᠠᠯᠣ ᠶᠢᠨ ᠶᠠᠰᠣ ᠪᠠ ᠦᠬᠡᠷ ᠤᠨ ᠳᠠᠯᠣ ᠶᠢ ᠬᠡᠷᠡᠭᠯᠡᠳᠡᠭ | ᠪᠠᠶᠢᠵᠠᠢ᠃ ᠪᠠᠭᠠᠷᠢᠨ ᠨᠣᠲᠤᠭ ᠢᠶᠠᠷ ᠠᠶᠢᠯᠴᠢᠯᠠᠬᠤ ᠳᠤ ᠮᠣᠩᠭᠤᠯ ᠭᠡᠷ ᠤᠨ ᠬᠠᠨᠠᠨ ᠲᠣᠯᠣᠭᠠᠢ᠂ ᠣᠨᠢ ᠶᠢᠨ ᠬᠢᠨᠢ | ᠵᠠᠪᠰᠠᠷ ᠲᠤ ᠣᠲᠣᠭᠠᠰᠢᠭᠰᠠᠨ ᠳᠠᠯᠣ ᠶᠢᠨ ᠶᠠᠰᠣ ᠬᠠᠪᠴᠢᠭᠤᠯᠣᠭᠳᠠᠵᠦ ᠪᠠᠶᠢᠬᠤ ᠶᠢ ᠪᠢᠳᠡ ᠦᠷᠬᠦᠯᠵᠢ ᠣᠯᠵᠦ | ᠬᠠᠷᠠᠳᠠᠭ ᠪᠠ ᠵᠠᠷᠢᠮ ᠨᠠᠰᠣᠲᠠᠨ ᠲᠣᠷᠭᠠᠨ ᠳᠤ ᠪᠠᠭᠯᠠᠭᠰᠠᠨ ᠳᠠᠯᠣ ᠶᠢᠨ ᠶᠠᠰᠣ ᠪᠠᠨ ᠭᠠᠷᠭᠠᠵᠦ ᠨᠡᠷᠡᠨ ᠦᠭᠡᠳᠡ | ᠬᠠᠷᠠᠭᠤᠯᠣᠨ ᠰᠢᠨᠵᠢᠵᠦ ᠪᠠᠶᠢᠬᠤ ᠪᠣᠶᠣ ᠣᠲᠣᠭᠠᠰᠢᠭᠰᠠᠨ ᠳᠠᠯᠣ ᠶᠢᠨ ᠶᠠᠰᠣ ᠪᠠᠨ ᠨᠣᠷᠮᠠᠰᠢᠭᠰᠠᠨ ᠭᠠᠯ ᠳᠤ | ᠰᠢᠲᠠᠭᠠᠭᠠᠳ ᠬᠠᠭᠠᠷᠠᠵᠦ ᠴᠠᠪᠲᠣᠭᠰᠠᠨ ᠵᠢᠷᠣᠭᠠᠰᠣ ᠶᠢ ᠰᠢᠨᠵᠢᠵᠦ ᠪᠠᠶᠢᠬᠤ ᠲᠠᠢ ᠬᠠᠶᠠ ᠬᠠᠷᠭᠤᠳᠠᠭ ᠪᠢᠯᠡ᠃ | ᠪᠠᠭᠠᠷᠢᠨᠴᠣᠳ ᠳᠠᠯᠣ ᠶᠢ ᠶᠡᠷᠦᠩᠬᠡᠢ ᠳᠤᠨᠢ ᠳᠠᠯᠣ ᠶᠢᠨ ᠲᠣᠭᠤᠭ᠎ᠠ᠂ ᠡᠮᠡᠭᠲᠠᠢ ᠶᠢᠨ ᠣᠮᠤᠭ᠂ ᠳᠠᠯᠣ ᠶᠢᠨ | ᠬᠦᠵᠦᠭᠦᠦ᠂ ᠣᠮᠤᠭ ᠰᠦᠷ ︵ᠡᠷᠡᠭᠲᠠᠢ ᠶᠢᠨ ᠣᠮᠤᠭ︶᠂ ᠬᠡᠦᠬᠡᠳ ᠤᠨ ᠣᠯᠠ᠂ ᠮᠠᠯ ᠤᠨ ᠣᠮᠤᠭ᠂ ᠬᠤᠲᠠ᠂ | ᠬᠤᠲᠠ ᠶᠢᠨ ᠣᠯᠠ᠂ ᠮᠠᠯ ᠤᠨ ᠴᠣᠪᠣᠭ᠎ᠠ᠂ ᠬᠤᠯᠠᠭᠠᠶᠢᠴᠢ ᠶᠢᠨ ᠡᠭᠦᠷ ᠭᠡᠵᠦ ᠠᠷᠪᠠᠨ ᠣᠷᠣᠨ ᠬᠤᠪᠢᠶᠠᠳᠠᠭ᠃ | ᠳᠠᠯᠣ ᠶᠢᠨ ᠲᠦᠯᠭᠡ ᠪᠠᠷᠢᠬᠤ ᠪᠠ ᠳᠠᠯᠣ ᠶᠢᠨ ᠦᠵᠡᠯᠭᠡ ᠰᠢᠨᠵᠢᠬᠦ ᠨᠢ ᠦᠰᠦᠳ ᠣᠨᠳᠣᠣ ᠦᠵᠡᠯᠭᠡ | ᠰᠢᠨᠵᠢᠯᠡᠭᠡ ᠪᠣᠯᠬᠤ ᠪᠣᠯᠪᠠᠴᠦ ᠡᠨᠡ ᠬᠤᠶᠠᠷ ᠨᠢ ᠴᠦᠮ ᠳᠠᠯᠣ ᠶᠢᠨ ᠠᠷᠪᠠᠨ ᠣᠷᠣᠨ ᠲᠠᠢ ᠨᠢᠭᠲᠠ ᠬᠤᠯᠪᠣᠭ᠎ᠠ ᠲᠠᠢ | ᠪᠠᠶᠢᠳᠠᠭ᠃ ᠳᠠᠯᠣ ᠶᠢᠨ ᠦᠵᠡᠯᠭᠡ ᠦᠵᠡᠭᠦ ᠳᠤ ᠳᠠᠯᠣ ᠶᠢᠨ ᠮᠢᠬ᠎ᠠ ᠶᠢ ᠰᠢᠳᠦ ᠬᠢᠮᠣᠰᠣ ᠬᠦᠷᠭᠡᠯ ᠦᠭᠡᠢ | ᠬᠢᠲᠤᠭ᠎ᠠ ᠪᠠᠷ ᠮᠦᠯᠵᠢᠵᠦ ᠢᠳᠡᠭᠡᠳ᠂ ᠳᠠᠯᠣ ᠶᠢᠨ ᠶᠠᠰᠣᠨ ᠤ ᠠᠷᠪᠠᠨ ᠣᠷᠣᠨ ᠢ ᠨᠠᠷᠢᠨ ᠠᠵᠢᠭᠯᠠᠨ ᠰᠢᠨᠵᠢᠵᠦ᠂ | ᠦᠩᠭᠡᠷᠡᠭᠰᠡᠨ᠂ ᠣᠳᠣ᠂ ᠢᠷᠡᠭᠡᠳᠦᠢ ᠶᠢ ᠵᠦᠢᠴᠢᠯᠡᠨ᠂ ᠰᠠᠶᠢᠨ ᠮᠠᠭᠤ᠂ ᠭᠠᠢ ᠪᠣᠶᠠᠨ᠂ ᠵᠣᠪᠠᠯ ᠵᠢᠷᠭᠠᠯ ᠢ | ᠦᠭᠦᠯᠡᠳᠡᠭ᠃ ᠲᠡᠭᠡᠬᠦ ᠳᠤ ᠠᠷᠪᠠᠨ ᠣᠷᠣᠨ ᠨᠢ ᠲᠤᠰ ᠲᠤᠰ ᠨᠢᠭᠡᠨ ᠵᠦᠢᠯ ᠤᠨ ᠲᠣᠭᠲᠠᠭᠰᠠᠨ ᠪᠡᠯᠭᠡ ᠲᠡᠮᠳᠡᠭ ᠢ | ᠲᠦᠯᠦᠭᠡᠯᠡᠳᠡᠭ᠃ | ᠳᠠᠯᠣ ᠶᠢᠨ ᠶᠠᠰᠣᠨ ᠤ ᠳᠣᠮᠳᠠ ᠴᠢᠮᠦᠭᠡ ᠲᠠᠢ ᠵᠠᠯᠭᠠᠯᠳᠣᠵᠦ ᠪᠠᠶᠢᠭ᠎ᠠ ᠬᠡᠰᠡᠭ ᠤᠨ ᠬᠤᠨᠳᠠᠭ᠎ᠠ ᠰᠢᠭ᠋ | ᠬᠤᠲᠣᠭᠤᠷ ᠢ ︽ᠲᠣᠭᠤᠭ᠎ᠠ︾ ᠭᠡᠳᠡᠭ᠃ ︽ᠲᠣᠭᠤᠭ᠎ᠠ︾ ᠨᠢ ᠬᠦᠨ ᠪᠦᠭᠡᠳ ᠬᠦᠯᠢᠭᠡᠷ ᠪᠣᠯ ᠡᠷᠦᠬᠡ ᠭᠡᠷ ᠤᠨ | ᠬᠢᠨᠢ ᠠᠮᠢᠳᠣᠷᠠᠯ ᠦᠩ ᠦᠭᠡᠳᠡ᠂ ᠰᠠᠨᠠᠭ᠎ᠠ ᠰᠡᠳᠬᠢᠯ ᠠᠮᠣᠷ ᠠᠵᠣ ᠲᠦᠷᠦᠬᠦ ᠶᠢᠨ ᠪᠡᠯᠭᠡ ᠲᠡᠮᠳᠡᠭ᠃ ︽ᠲᠣᠭᠤᠭ᠎ᠠ | ︾ ᠨᠢ ᠭᠦᠶᠦᠭᠡᠨ ᠪᠦᠭᠡᠳ ᠰᠡᠪ ᠲᠠᠢ ᠪᠣᠯ ᠠᠮᠢᠳᠣᠷᠠᠯ ᠨᠢ ᠠᠨᠠᠢ᠂ ᠠᠷᠭᠠᠴᠠᠨ ᠦᠩᠭᠡᠷᠡᠭᠦᠯᠬᠦ ᠶᠢᠨ ᠰᠢᠨᠵᠢ᠃ ︽ | ᠲᠣᠭᠤᠭ᠎ᠠ︾ ᠶᠢᠨ ᠬᠠᠵᠠᠭᠤ ᠲᠠᠯ᠎ᠠ ᠳᠤ ᠳᠣᠮᠳᠠ ᠴᠢᠮᠦᠭᠡ ᠲᠠᠢ ᠬᠤᠯᠪᠣᠯᠳᠣᠭᠰᠠᠨ ᠬᠡᠰᠡᠭ ᠤᠨ ᠰᠢᠷᠪᠦᠰᠦ ᠲᠠᠢ | ᠬᠤᠰᠢᠭᠤᠯᠵᠢᠨ ᠢ ᠶᠡᠷᠦᠳᠡᠭᠡᠨ ︽ᠳᠠᠯᠣ ᠶᠢᠨ ᠵᠢᠯᠠᠭ᠎ᠠ︾ ᠭᠡᠳᠡᠭ ᠴᠦ ᠬᠠᠷᠢᠨ ᠳᠠᠯᠣ ᠶᠢᠨ ᠦᠵᠡᠯᠭᠡ ᠳᠤ ︽ | ᠡᠮᠡᠭᠲᠠᠢ ᠶᠢᠨ ᠣᠮᠤᠭ︾ ᠭᠡᠳᠡᠭ᠃ ᠲᠡᠷᠡᠬᠦ ᠰᠢᠷᠪᠦᠰᠦᠯᠢᠭ ᠵᠢᠯᠠᠭ᠎ᠠ ᠶᠢᠨ ᠬᠡᠰᠡᠭ ᠨᠢ ᠪᠦᠳᠦᠭᠦᠨ ᠪᠦᠭᠡᠳ ᠦᠨᠳᠦᠷ | ᠪᠣᠯ ᠡᠮᠡᠭᠲᠠᠢ ᠶᠢᠨ ᠣᠮᠤᠭ ᠰᠦᠷ ᠨᠢ ᠡᠷᠡᠭᠲᠠᠢ ᠶᠢᠨ ᠣᠮᠤᠭ ᠰᠦᠷ ᠠᠴᠠ ᠳᠠᠪᠠᠩᠭᠤᠢ ᠪᠠᠶᠢᠬᠤ ᠶᠢ ᠬᠠᠷᠠᠭᠤᠯᠳᠠᠭ᠃ | ᠳᠠᠯᠣ ᠶᠢᠨ ᠲᠣᠭᠤᠭ᠎ᠠ ᠶᠢᠨ ᠰᠠᠭᠤᠷᠢ ᠶᠢᠨ ᠨᠠᠷᠢᠬᠠᠨ ᠬᠡᠰᠡᠭ ᠢ ︽ᠳᠠᠯᠣ ᠶᠢᠨ ᠬᠦᠵᠦᠭᠦᠦ︾ ᠭᠡᠳᠡᠭ᠃ | ᠬᠦᠵᠦᠭᠦᠦ ᠨᠢ ᠨᠠᠷᠢᠬᠠᠨ ᠣᠷᠲᠦ ᠪᠣᠯ ᠠᠮᠢᠳᠣᠷᠠᠯ ᠳᠠᠭᠠᠨ ᠬᠦᠴᠢᠷᠳᠡᠵᠦ ᠬᠦᠵᠦᠭᠦᠦ ᠰᠣᠩᠭᠠᠨ ᠠᠮᠢᠳᠣᠷᠠᠬᠤ ᠶᠢᠨ | ᠲᠡᠮᠳᠡᠭ᠃ ᠬᠦᠵᠦᠭᠦᠦ ᠨᠢ ᠠᠬᠠᠷ ᠪᠦᠭᠡᠳ ᠪᠦᠳᠦᠭᠦᠨ ᠪᠣᠯ ᠠᠮᠢᠳᠣᠷᠠᠯ ᠨᠢ ᠴᠢᠨᠡᠭᠡᠯᠢᠭ ᠬᠦᠷᠦᠩᠭᠡᠵᠢᠭᠦᠨ | ᠪᠣᠯᠬᠤ ᠶᠢᠨ ᠰᠢᠨᠵᠢ᠃ ᠳᠠᠯᠣ ᠶᠢᠨ ᠶᠠᠰᠣᠨ ᠤ ᠳᠣᠮᠳᠠᠭᠤᠷ ᠬᠢᠲᠣᠭᠠᠨ ᠮᠦᠷᠦ ᠰᠢᠭ ᠳᠠᠯᠠᠩᠨᠠᠨ ᠭᠦᠳᠦ᠋ᠢᠭᠰᠡᠨ | ᠶᠠᠰᠣᠨ ᠤ ᠳᠠᠯᠣ ᠶᠢᠨ ᠲᠤᠷᠤᠠᠠᠰᠢ ᠬᠠᠨᠳᠣᠭᠰᠠᠨ ᠰᠡᠵᠢᠭᠦᠷ ᠢ ︽ᠣᠮᠤᠭ ᠰᠦᠷ︾ ︵ᠡᠷ᠎ᠡ ᠶᠢᠨ ᠣᠮᠤᠭ︶ ᠭᠡᠵᠦ᠂ | ᠣᠮᠤᠭ ᠰᠦᠷ ᠠᠴᠠ ᠵᠠᠯᠭᠠᠵᠦ ᠬᠤᠲᠠ ᠶᠢᠨ ᠣᠯᠨ ᠲᠡᠰᠢ ᠬᠢᠷᠠᠯᠠᠭᠰᠠᠨ ᠬᠡᠰᠡᠭ ᠢ ︽ᠬᠡᠦᠬᠡᠳ ᠤᠨ ᠣᠯᠠ︾ ᠭᠡᠳᠡᠭ᠃ | ᠣᠮᠤᠭ ᠰᠦᠷ ᠨᠢ ᠦᠨᠳᠦᠷ ᠪᠦᠭᠡᠳ ᠡᠮᠦᠨᠡᠰᠢ ᠳᠦᠷᠪᠡᠯᠵᠢᠯᠡᠨ ᠳᠦᠷᠢᠭᠰᠡᠨ ᠪᠠᠶᠢᠪᠠᠯ ᠣᠮᠤᠭ ᠰᠦᠷ ᠪᠠᠳᠠᠷᠠᠩᠭᠤᠢ᠂ | ᠲᠣᠬᠢᠶᠠᠯᠳᠣᠯ ᠪᠦᠬᠦᠨ ᠪᠡᠯᠭᠡ ᠳᠡᠮᠪᠡᠷᠢᠯ ᠲᠠᠢ ᠪᠠᠶᠢᠬᠤ ᠶᠢ ᠪᠡᠯᠭᠡᠳᠡᠵᠦ᠂ ᠣᠮᠤᠭ ᠰᠦᠷ ᠨᠢ ᠪᠣᠭᠤᠨᠢ᠂ ᠲᠣᠯᠭᠠᠭᠤᠷᠢ | ᠬᠡᠰᠡᠭ ᠨᠢ ᠲᠡᠭᠰᠢᠭᠡᠨ ᠪᠣᠶᠣ ᠭᠤᠷᠪᠠᠯᠵᠢᠯᠠᠨ ᠱᠣᠷᠣᠯᠠᠭᠰᠠᠨ ᠪᠠᠶᠢᠪᠠᠯ ᠣᠮᠤᠭ ᠰᠦᠷ ᠮᠠᠭᠤ᠂ ᠤᠴᠠᠷᠠᠯ ᠪᠦᠬᠦᠨ | ᠣᠷᠣᠭᠰᠢ ᠦᠭᠡᠢ ᠶᠢᠨ ᠲᠡᠮᠳᠡᠭ ᠭᠡᠳᠡᠭ᠃ ᠬᠡᠦᠬᠡᠳ ᠤᠨ ᠤᠯᠠ ᠭᠡᠵᠦ ᠬᠤᠲᠠ ᠶᠢᠨ ᠤᠯᠠ ᠣᠷᠣᠭᠤ ᠬᠠᠮᠠᠷᠯᠠᠨ | ᠦᠷᠬᠦᠯᠵᠢᠯᠡᠭᠰᠡᠨ ᠬᠢᠷ᠎ᠠ ᠶᠢ ᠬᠡᠯᠡᠳᠡᠭ᠃ ᠡᠨᠡᠬᠦ ᠬᠢᠷ᠎ᠠ ᠶᠠᠰᠣ ᠶᠢ ᠳᠣᠯᠣᠪᠣᠷ ᠬᠤᠷᠣᠭᠤ ᠪᠠᠷ ᠢᠶᠠᠨ ᠡᠯᠬᠦᠬᠦ ᠳᠤ ᠠᠵᠢᠭ | ᠦᠭᠡᠢ ᠲᠣᠭᠲᠠᠵᠦ ᠪᠠᠶᠢᠪᠠᠯ ᠬᠡᠦᠬᠡᠳ ᠤᠨ ᠤᠯᠠ ᠰᠠᠶᠢᠨ ᠭᠡᠳᠡᠭ ᠪᠦᠭᠡᠳ ᠦᠷ᠎ᠡ ᠦᠨᠳᠦᠰᠦ ᠵᠠᠯᠭᠠᠬᠤ ᠤᠯᠠᠨ | ᠬᠦᠦ ᠲᠠᠢ ᠪᠣᠯᠬᠤ ᠶᠢᠨ ᠲᠡᠮᠳᠡᠭ ᠭᠡᠳᠡᠭ᠃ ᠬᠡᠦᠬᠡᠳ ᠤᠨ ᠤᠯᠠ ᠳᠡᠭᠡᠭᠦᠷᠬᠢ ᠬᠢᠷ᠎ᠠ ᠮᠣᠷᠣᠢ ᠮᠣᠰᠬᠢᠭᠤ ᠦᠭᠡᠢ | ᠠᠰᠬᠠᠨ ᠪᠣᠯ ᠲᠤᠰ ᠭᠡᠷ ᠤᠨ ᠠᠳᠠᠯ ᠠᠮᠢᠳᠣᠷᠠᠯ ᠳᠤ ᠨᠢᠭᠡ ᠬᠦᠮᠦᠨ ᠡᠵᠡᠨ ᠮᠡᠳᠡᠵᠦ ᠪᠣᠯᠭᠤᠮᠵᠢᠲᠠᠢ | ᠪᠣᠷᠣᠭᠵᠢᠭᠤᠨ ᠢᠶᠠᠷ ᠠᠮᠢᠳᠣᠷᠠᠬᠤ ᠶᠢᠨ ᠲᠡᠮᠳᠡᠭ᠃ ᠭᠡᠪᠡᠴᠦ ᠡᠭᠦᠨ ᠢ ᠪᠠᠰᠠ ᠦᠭᠯᠢᠭᠡ ᠪᠣᠶᠠᠨ ᠬᠢᠳᠡᠭ ᠦᠭᠡᠢ ᠶᠢᠨ | ᠰᠢᠨᠵᠢ ᠬᠡᠳᠡᠭ᠃ ᠬᠡᠦᠬᠡᠳ ᠤᠨ ᠤᠯᠠ ᠳᠡᠭᠡᠭᠦᠷᠬᠢ ᠬᠢᠷ᠎ᠠ ᠮᠣᠷᠣᠢ ᠰᠠᠷᠣᠢ ᠪᠣᠯ ᠭᠡᠷ ᠤᠨ ᠠᠳᠠᠯ ᠠᠮᠢᠳᠣᠷᠠᠯ ᠢ ᠣᠯᠠᠨ | ᠬᠦᠮᠦᠨ ᠡᠷᠬᠡ ᠮᠡᠳᠡᠬᠦ ᠪᠠᠷ ᠪᠣᠯᠢᠶᠠᠯᠴᠠᠵᠦ ᠪᠠᠶᠢᠭ᠎ᠠ ᠶᠢᠨ ᠲᠡᠮᠳᠡᠭ᠃ ᠳᠠᠯᠣ ᠶᠢᠨ ᠠᠰᠬᠠᠨ ᠰᠢᠭ᠋ ᠲᠠᠯ᠎ᠠ ᠶᠢᠨ ᠵᠣᠵᠠᠭᠠᠨ | ᠬᠦᠪᠡᠭᠡ ᠶᠢᠨ ᠳᠣᠮᠳᠠᠭᠤᠷᠬᠢ ᠬᠤᠪᠢᠯ ᠢ ︽ᠮᠠᠯ ᠤᠨ ᠴᠣᠪᠣᠭ᠎ᠠ︾ ᠭᠡᠳᠡᠭ᠃ ᠮᠠᠯ ᠤᠨ ᠴᠣᠪᠣᠭ᠎ᠠ ᠨᠢ ᠬᠦᠨ ᠪᠦᠭᠡᠳ | ᠲᠣᠳᠣ ᠪᠣᠯ ᠮᠠᠯ ᠠᠬᠤᠢ ᠨᠢ ᠦᠩ ᠦᠭᠡᠳᠡ ᠦᠰᠴᠦ ᠦᠷᠡᠵᠢᠬᠦ ᠶᠢᠨ ᠪᠡᠯᠭᠡ ᠲᠡᠮᠳᠡᠭ᠃ ᠮᠠᠯ ᠤᠨ ᠴᠣᠪᠣᠭ᠎ᠠ ᠨᠢ | ᠬᠦᠨ ᠪᠣᠯᠪᠠᠴᠦ ᠵᠢᠵᠢᠭ ᠵᠢᠵᠢᠭ ᠴᠣᠬᠤᠷ ᠲᠠᠢ ᠪᠣᠯ ᠬᠡᠳᠦ᠋ᠢᠪᠡᠷ ᠮᠠᠯ ᠰᠦᠷᠦᠭ ᠨᠢ ᠦᠰᠴᠦ ᠦᠷᠡᠵᠢᠬᠦ | ᠬᠠᠨᠳᠣᠰᠢ ᠲᠠᠢ ᠴᠦ ᠶᠠᠮᠠᠷ ᠨᠢᠭᠡ ᠰᠦᠢᠳᠦᠯ ᠬᠤᠬᠢᠷᠠᠯ ᠳᠤ ᠤᠴᠠᠷᠠᠵᠦ ᠮᠡᠳᠡᠬᠦ ᠶᠢᠨ ᠰᠢᠨᠵᠢ ᠮᠦᠨ᠃ ᠮᠠᠯ ᠤᠨ | ᠴᠣᠪᠣᠭ᠎ᠠ ᠨᠢ ᠬᠦᠶᠦᠬᠡᠨ ᠪᠦᠭᠡᠳ ᠲᠡᠭᠰᠢ ᠪᠣᠰᠣ ᠪᠣᠯ ᠮᠠᠯ ᠰᠦᠷᠦᠭ ᠣᠷᠣᠭᠤᠳᠠᠨ ᠳᠣᠷᠦ᠋ᠢᠲᠠᠬᠤ ᠶᠢᠨ ᠰᠢᠨᠵᠢ | ᠭᠡᠳᠡᠭ᠃ ᠮᠠᠯ ᠤᠨ ᠴᠣᠪᠣᠭ᠎ᠠ ᠨᠢ ᠲᠡᠭᠰᠢᠬᠡᠨ ᠳᠦᠭᠦᠷᠡᠩ ᠪᠣᠯ ᠮᠠᠯ ᠰᠦᠷᠦᠭ ᠪᠠᠷᠠᠭᠳᠠᠵᠦ ᠬᠤᠭᠤᠰᠣᠷᠠᠬᠤ ᠶᠢᠨ | ᠰᠣᠪᠢᠩ ᠰᠢᠨᠵᠢ᠃ ᠮᠠᠯ ᠤᠨ ᠴᠣᠪᠣᠭ᠎ᠠ ᠶᠢᠨ ᠡᠬᠢᠨ ᠳᠤ ᠳᠠᠯᠣ ᠶᠢᠨ ᠬᠦᠵᠦᠭᠦᠨ ᠤ ᠣᠭ ᠣᠷᠴᠢᠮ ᠪᠠᠶᠢᠬᠤ | ᠵᠡᠭᠦᠦ ᠶᠢᠨ ᠰᠠᠨᠵᠢᠨ ᠬᠢᠷᠢ ᠨᠦᠬᠡ ᠲᠠᠢ ᠶᠢ ︽ᠬᠤᠯᠠᠭᠠᠶᠢᠴᠢ ᠶᠢᠨ ᠡᠭᠦᠷ︾ ᠭᠡᠳᠡᠭ᠃ | ᠳᠠᠯᠣ ᠶᠢᠨ ᠶᠠᠰᠣᠨ ᠤ ᠬᠠᠪᠲᠠᠭᠠᠢ ᠲᠡᠭᠰᠢ ᠨᠢᠭᠤᠷ ᠢ ︽ᠬᠤᠲᠠ︾ ᠬᠡᠳᠡᠭ᠃ ᠬᠤᠲᠠ ᠨᠢ ᠰᠠᠷᠠᠭᠤᠯ᠂ | ᠲᠣᠩᠭᠠᠯᠠᠭ ᠭᠡᠭᠡᠨ ᠪᠣᠯ ᠮᠠᠯ ᠰᠦᠷᠦᠭ ᠦᠰᠬᠦ ᠶᠢᠨ ᠪᠡᠯᠭᠡ ᠳᠡᠮᠪᠡᠷᠢᠯ ᠪᠣᠯᠬᠤ ᠪᠦᠭᠡᠳ ᠦᠭᠡᠳᠡᠯᠡᠬᠦ ᠠᠶᠢᠯ ᠤᠨ | ᠰᠢᠨᠵᠢ ᠭᠡᠳᠡᠭ᠃ ᠮᠦᠨ ᠴᠦ ᠰᠦᠷᠦᠭ ᠤᠨ ᠡᠵᠡᠨ ᠨᠢ ᠠᠷᠢᠭᠤᠨ ᠴᠢᠭᠡᠴᠢ᠂ ᠲᠦᠪ ᠭᠤᠣᠯᠴᠢ᠂ ᠶᠠᠮᠠᠷ ᠴᠦ | ᠶᠠᠪᠣᠳᠠᠯ ᠳᠤ ᠨᠣᠮᠣᠬᠠᠨ ᠳᠠᠷᠣᠣ᠂ ᠰᠢᠯᠣᠭᠤᠨ ᠰᠢᠳᠣᠷᠭᠤ ᠪᠠᠶᠢᠬᠤ ᠶᠢ ᠬᠠᠷᠠᠭᠤᠯᠵᠦ ᠪᠠᠶᠢᠨ᠎ᠠ ᠭᠡᠳᠡᠭ᠃ ᠬᠤᠲᠠ ᠶᠢᠨ | ᠳᠣᠲᠣᠷ᠎ᠠ ᠰᠣᠳᠠᠯ ᠵᠢᠷᠣᠭᠠᠰᠣ ᠰᠦᠯᠵᠢᠯᠳᠦᠵᠦ ᠲᠣᠩᠭᠠᠯᠠᠭ ᠪᠣᠰᠣ ᠪᠣᠯ ᠮᠠᠯ ᠰᠦᠷᠦᠭ ᠭᠠᠶᠢᠳᠠᠬᠤ ᠰᠣᠪᠢᠩ ᠪᠦᠭᠡᠳ | ᠡᠷᠦᠬᠡ ᠶᠢᠨ ᠡᠵᠡᠨ ᠤ ᠠᠵᠢᠯ ᠦᠢᠯᠡ ᠳᠡᠭᠡᠨ ᠵᠢᠰᠦᠷ ᠬᠠᠭᠤᠮᠠᠭᠠᠢ᠂ ᠶᠠᠮᠠᠷ ᠴᠦ ᠶᠠᠪᠣᠳᠠᠯ ᠢ ᠭᠦᠢᠴᠡᠳᠬᠡᠬᠦ ᠳᠤ ᠲᠦᠪ | ᠪᠣᠰᠣ ᠪᠠᠶᠢᠳᠠᠭ ᠢ ᠬᠠᠷᠠᠭᠤᠯᠵᠦ ᠪᠠᠶᠢᠨ᠎ᠠ ᠭᠡᠳᠡᠭ᠃ | ᠬᠤᠲᠠ ᠶᠢᠨ ᠣᠯᠠ ᠵᠣᠵᠠᠭᠠᠨ ᠪᠣᠯ ᠮᠠᠯ ᠰᠦᠷᠦᠭ ᠰᠦᠢᠳᠦᠯ ᠦᠭᠡᠢ᠂ ᠨᠢᠮᠭᠡᠨ ᠪᠣᠯ ᠮᠠᠯ ᠰᠦᠷᠦᠭ ᠲᠣ | ᠰᠦᠢᠳᠦᠯ ᠭᠠᠷᠬᠤ ᠶᠢᠨ ᠰᠣᠪᠢᠩ ᠭᠡᠳᠡᠭ᠃ ᠮᠠᠯ ᠤᠨ ᠴᠣᠪᠣᠭᠠᠨ ᠤ ᠡᠰᠡᠷᠭᠦ ᠲᠠᠯ᠎ᠠ ᠶᠢᠨ ᠨᠢᠮᠭᠡᠨ ᠬᠦᠪᠡᠭᠡᠨ ᠳᠠᠬᠢ | ᠭᠠᠳᠠᠭᠰᠢ ᠴᠣᠬᠤᠶᠢᠭᠰᠠᠨ ᠪᠢᠴᠢᠬᠠᠨ ᠳᠣᠪᠣᠭᠤᠷ ᠢ ︽ᠮᠠᠯ ᠤᠨ ᠣᠮᠤᠭ︾ ᠭᠡᠳᠡᠭ᠃ ᠮᠠᠯ ᠤᠨ ᠣᠮᠤᠭ ᠰᠠᠶᠢᠨ ᠪᠣᠯ | ᠮᠠᠯ ᠰᠦᠷᠦᠭ ᠦᠭᠡᠳᠡ ᠡᠰᠡᠷᠡᠭ ᠦᠰᠴᠦ ᠦᠷᠡᠵᠢᠬᠦ ᠶᠢᠨ ᠰᠢᠨᠵᠢ ᠭᠡᠳᠡᠭ᠃ ᠳᠡᠭᠡᠷᠡᠬᠢ ᠪᠣᠯ ᠳᠠᠯᠣ ᠶᠢᠨ | ᠦᠵᠡᠯᠭᠡ ᠶᠢᠨ ᠠᠷᠪᠠᠨ ᠣᠷᠣᠨ ᠤ ᠲᠤᠰ ᠲᠤᠰ ᠤᠨ ᠪᠡᠯᠭᠡᠳᠡᠬᠦ ᠰᠢᠨᠵᠢ ᠪᠠᠶᠢᠳᠠᠯ ᠪᠠ ᠦᠵᠡᠯᠭᠡ ᠪᠣᠯᠣᠨ᠎ᠠ᠃ | ᠳᠠᠯᠣ ᠶᠢᠨ ᠰᠢᠨᠵᠢᠯᠡᠭᠡ ᠶᠢ ᠪᠠᠰᠠ ᠳᠠᠯᠣ ᠶᠢᠨ ᠲᠦᠯᠭᠡ ᠭᠡᠳᠡᠭ ᠪᠠ ᠲᠡᠭᠦᠨ ᠢ ︽ᠴᠠᠭᠠᠨ ᠳᠠᠯᠣ ᠶᠢᠨ | ᠲᠦᠯᠬᠡ︾᠂ ︽ᠬᠠᠷ᠎ᠠ ᠳᠠᠯᠣ ᠶᠢᠨ ᠲᠦᠯᠬᠡ︾ ᠭᠡᠵᠦ ᠬᠤᠶᠠᠷ ᠬᠤᠪᠢᠶᠠᠳᠠᠭ᠃ ᠪᠠᠭᠠᠷᠢᠨᠴᠣᠳ ᠮᠠᠯ ᠠᠬᠤᠢ ᠪᠠᠨ | ᠠᠯᠳᠠᠬᠤ᠂ ᠶᠠᠭᠤᠮ᠎ᠠ ᠬᠡᠦᠮ᠎ᠡ ᠪᠠᠨ ᠭᠡᠭᠡᠬᠦ ᠪᠠ ᠠᠶᠠᠨ ᠲᠤᠭᠤᠰᠤᠨ ᠳᠤ ᠶᠠᠪᠣᠭᠰᠠᠳ᠂ ᠡᠷᠢᠯ ᠰᠣᠷᠠᠭ ᠲᠣ | ᠭᠠᠷᠣᠭᠰᠠᠳ ᠪᠣᠴᠠᠵᠦ ᠢᠷᠡᠬᠦ ᠦᠭᠡᠢ ᠤᠳᠠᠬᠤ ᠳᠤ ᠪᠦᠷ ᠲᠦᠯᠭᠡᠴᠢ ᠶᠢ ᠭᠤᠶᠣᠵᠦ ︽ᠲᠠᠯᠠᠨ ᠰᠢᠨᠵᠢᠯᠡᠭᠡ ᠲᠠᠢ | ᠳᠠᠯᠣᠨ ᠲᠦᠯᠭᠡ︾ ᠦᠵᠡᠭᠦᠯᠳᠡᠭ ᠶᠤᠮ᠃ | ᠴᠠᠭᠠᠨ ᠳᠠᠯᠣ ᠶᠢᠨ ᠲᠦᠯᠭᠡᠴᠢ ᠶᠢᠨ ᠬᠡᠷᠡᠭᠯᠡᠬᠦ ᠳᠠᠯᠣ ᠪᠣᠯ ᠲᠡᠮᠳᠡᠭ ᠦᠭᠡᠢ ᠴᠠᠭᠠᠨ ᠬᠤᠨᠢᠨ ᠠᠴᠠ | ᠲᠦᠷᠦᠭᠰᠡᠨ ᠲᠡᠮᠳᠡᠭ ᠦᠭᠡᠢ ᠴᠠᠭᠠᠨ ᠬᠤᠷᠠᠭ᠎ᠠ ᠶᠢ ᠲᠦᠷᠦᠬᠦ ᠠᠴᠠ ᠨᠢ ᠡᠬᠢᠯᠡᠭᠡᠳ ᠪᠦᠰᠡᠭᠦᠢ ᠬᠦᠮᠦᠨ ᠤ ᠭᠠᠷ | ᠬᠦᠷᠭᠡᠯ ᠦᠭᠡᠢ ᠠᠷᠠᠴᠢᠯᠠᠵᠦ ᠦᠰᠭᠡᠭᠡᠳ ᠰᠢᠳᠦᠯᠡᠩ ᠳᠡᠭᠡᠷ᠎ᠡ ᠨᠢ ᠨᠠᠷᠠ ᠦᠵᠡᠬᠦ ᠦᠭᠡᠢ ᠭᠠᠵᠠᠷ ᠠᠯᠠᠵᠦ᠂ | ᠬᠠᠯᠠᠭᠤᠨ ᠢᠶᠠᠷ ᠨᠢ ᠳᠠᠯᠣ ᠶᠢᠨ ᠮᠢᠬ᠎ᠠ ᠶᠢ ᠱᠣᠯᠣᠵᠤ ᠲᠣᠷᠭᠠᠨ ᠳᠤ ᠪᠠᠭᠯᠠᠵᠦ ᠬᠠᠳᠠᠭᠠᠯᠠᠭᠰᠠᠨ ᠳᠠᠯᠣ ᠪᠤᠯᠤᠨ᠎ᠠ᠃ | ᠡᠨᠡᠬᠦ ᠳᠠᠯᠣ ᠪᠠᠨ ᠬᠡᠵᠢᠶᠡᠳᠠ ᠲᠣᠷᠭᠠᠨ ᠳᠤ ᠪᠠᠭᠯᠠᠨ ᠬᠠᠳᠠᠭᠠᠯᠠᠵᠦ ᠲᠦᠯᠭᠡᠳᠡᠬᠦ ᠦᠶ᠎ᠡ ᠳᠡᠭᠡᠨ ᠲᠣᠷᠭᠠᠨ | ᠪᠠᠭᠯᠠᠭ᠎ᠠ ᠠᠴᠠ ᠭᠠᠷᠭᠠᠵᠦ ᠨᠠᠷᠠᠨ ᠤ ᠭᠡᠷᠡᠯ ᠳᠤ ᠡᠷᠭᠦᠨ ᠪᠠᠷᠢᠵᠦ ᠰᠢᠨᠵᠢᠯᠡᠨ᠎ᠡ᠃ | ᠬᠠᠷ᠎ᠠ ︵ᠰᠢᠲᠠᠭᠠᠭᠰᠠᠨ︶ ᠳᠠᠯᠣ ᠶᠢᠨ ᠲᠦᠯᠭᠡ ᠳᠤ ᠬᠡᠷᠡᠭᠯᠡᠬᠦ ᠳᠠᠯᠣ ᠪᠣᠯ ᠠᠯᠠᠵᠦ ᠢᠳᠡᠭᠰᠡᠨ ᠬᠤᠨᠢᠨ ᠤ | ᠳᠠᠯᠣ ᠶᠢ ᠴᠢᠨᠠᠵᠦ᠂ ᠰᠢᠳᠦ ᠬᠢᠮᠣᠰᠣ ᠬᠦᠷᠭᠡᠯ ᠦᠭᠡᠢ ᠪᠠᠷ ᠬᠢᠲᠤᠭ᠎ᠠ ᠪᠠᠷ ᠮᠢᠬ᠎ᠠ ᠶᠢ ᠨᠢ ᠮᠦᠯᠵᠢᠨ ᠢᠲᠡᠭᠡᠳ᠂ | ᠳᠠᠯᠣ ᠶᠢᠨ ᠶᠠᠰᠣ ᠶᠢ ᠬᠠᠨ᠎ᠠ ᠶᠢᠨ ᠲᠣᠯᠣᠭᠠᠢ ᠳᠠᠭᠠᠨ ᠬᠠᠪᠴᠢᠭᠤᠯᠤᠨ ᠬᠠᠳᠠᠭᠠᠯᠠᠵᠦ᠂ ᠬᠡᠵᠢᠶ᠎ᠡ ᠲᠦᠯᠭᠡᠳᠡᠬᠦ ᠭᠡᠪᠡᠯ | ᠳᠠᠯᠣ ᠶᠢᠨ ᠶᠠᠰᠣ ᠪᠠᠨ ᠭᠠᠯ ᠳᠤ ᠰᠢᠲᠠᠭᠠᠵᠦ᠂ ᠰᠢᠲᠠᠭᠳᠠᠨ ᠭᠠᠷᠣᠭᠰᠠᠨ ᠴᠡᠪᠠ ᠵᠢᠷᠣᠭᠠᠰᠣ ᠶᠢ ᠨᠢ ᠰᠢᠨᠵᠢᠯᠡᠵᠦ | ᠲᠦᠯᠭᠡᠳᠡᠨᠡ᠃ ᠴᠠᠭᠠᠨ ᠳᠠᠯᠣ ᠪᠠ ᠬᠠᠷ᠎ᠠ ᠳᠠᠯᠣ ᠶᠢ ᠰᠢᠨᠵᠢᠯᠡᠬᠦ ᠨᠢ ᠠᠳᠠᠯᠢᠬᠠᠨ ᠪᠠᠶᠢᠳᠠᠭ᠃ ᠭᠠᠭᠴᠠᠬᠦ ᠴᠠᠭᠠᠨ | ᠳᠠᠯᠣ ᠶᠢ ᠣᠯᠠᠨ ᠳᠠᠬᠢᠨ ᠬᠡᠷᠡᠭᠯᠡᠵᠦ ᠪᠣᠯᠬᠤ ᠠᠲᠠᠯ᠎ᠠ ᠬᠠᠷ᠎ᠠ ᠳᠠᠯᠣ ᠶᠢᠨ ᠲᠦᠯᠭᠡ ᠳᠤ ᠨᠢᠭᠡ ᠤᠳᠠᠭ᠎ᠠ ᠨᠢᠭᠡ ᠳᠠᠯᠣ ᠶᠢ | ᠰᠢᠲᠠᠭᠠᠵᠦ ᠬᠡᠷᠡᠭᠯᠡᠳᠡᠭ᠃ | ᠳᠠᠯᠣ ᠶᠢᠨ ᠲᠦᠯᠭᠡᠴᠢ ᠣᠯᠠᠩᠬᠢ ᠨᠢ ᠰᠢᠨᠵᠢᠬᠦ ᠳᠤ ᠠᠮᠠᠷ ᠢ ᠪᠣᠳᠣᠵᠦ ᠬᠠᠷ᠎ᠠ ᠳᠠᠯᠣ ᠶᠢᠨ ᠲᠦᠯᠭᠡ ᠪᠠᠷᠢᠳᠠᠭ | ᠶᠤᠮ᠃ ᠳᠠᠯᠣ ᠶᠢᠨ ᠲᠦᠯᠭᠡ ᠪᠠᠷᠢᠬᠤ ᠳᠤ ᠲᠦᠯᠭᠡᠴᠢ ᠣᠷᠢᠳᠠᠪᠡᠷ ᠪᠡᠶ᠎ᠡ ᠭᠠᠷ ᠢᠶᠠᠨ ᠠᠷᠢᠭᠤᠯᠠᠵᠦ᠂ ᠳᠠᠯᠣ ᠪᠠᠨ ᠴᠦ | ᠠᠷᠢᠭᠤᠯᠠᠨ᠄ ︽ᠣᠮᠳᠠᠭ᠎ᠠ ᠦᠭᠡᠢ ᠠᠪᠣᠷᠠᠯ ᠪᠯᠠᠮ᠎ᠠ ᠭᠤᠷᠪᠠᠨ ᠡᠷᠳᠡᠨᠢ ᠳᠤᠷ ᠵᠠᠯᠪᠠᠷᠢᠮᠣᠢ᠂ ᠡᠷᠳᠡᠮ ᠨᠣᠮ ᠤᠨ | ᠰᠠᠬᠢᠭᠤᠯᠰᠣᠨ ᠳᠤᠷ ᠵᠠᠯᠪᠠᠷᠢᠮᠣᠢ᠂ ᠡᠨᠡ ᠳᠠᠯᠣ ᠶᠢᠨ ᠲᠡᠮᠳᠡᠭ ᠢ ᠲᠣᠳᠣᠷᠬᠠᠢ ᠪᠣᠯᠭᠠᠨ ᠰᠣᠶᠣᠷᠬ᠎ᠠ︾ ᠬᠡᠮᠡᠨ | ᠰᠢᠪᠰᠢᠵᠦ᠂ ᠨᠣᠷᠮᠠᠰᠢᠭᠰᠠᠨ ᠭᠠᠯ ᠳᠤ ᠳᠠᠯᠣ ᠪᠠᠨ ᠰᠢᠲᠠᠭᠠᠵᠦ ᠬᠡᠲᠦᠷᠡᠲᠡᠯ᠎ᠡ ᠬᠡᠦᠷᠰᠢᠬᠦ ᠠᠴᠠ ᠡᠮᠦᠨ᠎ᠡ ᠭᠠᠷᠭᠠᠨ | ᠠᠪᠴᠦ᠂ ᠳᠠᠯᠣ ᠶᠢᠨ ᠰᠢᠲᠠᠭᠳᠠᠨ ᠭᠠᠷᠣᠭᠰᠠᠨ ᠴᠠᠪᠠ ᠵᠢᠷᠣᠭᠠᠰᠣ ᠶᠢ ᠰᠢᠨᠵᠢᠯᠡᠵᠦ᠂ ᠠᠯᠳᠠᠵᠦ ᠬᠤᠯᠠᠭᠠᠶᠢᠯᠠᠭᠳᠠᠭᠰᠠᠨ | ᠮᠠᠯ ᠪᠠ ᠪᠣᠳᠠᠰ ᠪᠦᠷᠢᠯᠦᠭᠰᠡᠨ ᠵᠦᠭ ᠴᠢᠭ᠂ ᠬᠤᠯᠠ ᠤᠶᠢᠷ᠎ᠠ᠂ ᠤᠯᠬᠤ ᠪᠠ ᠡᠰᠡᠬᠦ ᠶᠢ ᠦᠬᠦᠯᠡᠳᠡᠭ᠃ ᠬᠤᠳᠠ ᠶᠢᠨ | ᠲᠤᠳᠣᠷ᠎ᠠ ᠭᠠᠷᠤᠭᠰᠠᠨ ᠴᠠᠪᠠ ᠵᠢᠷᠤᠭᠠᠰᠦ ᠬᠤᠳᠠ ᠶᠢᠨ ᠲᠦᠪ ᠲᠤᠮᠳᠠ ᠠᠴᠠ ᠵᠢᠭᠳᠡ ᠪᠠᠷ ᠡᠬᠦᠰᠴᠦ ᠨᠢᠬᠡ ᠵᠦᠭ ᠲᠤ | ᠴᠢᠭᠯᠡᠭᠰᠡᠨ ᠢ ᠠᠯᠳᠠᠵᠤ ᠬᠤᠯᠠᠭᠠᠶᠢᠯᠠᠭᠳᠠᠭᠰᠠᠨ ᠮᠠᠯ ᠪᠠ ᠪᠤᠳᠠᠰ ᠤᠨ ᠵᠦᠭ ᠭᠡᠨ᠎ᠡ᠃ ᠲᠡᠭᠡᠭᠡᠳ ᠰᠢᠲᠠᠭᠰᠠᠨ ᠤ | ᠰᠡᠭᠦᠯᠡᠷ ᠴᠠᠪᠠᠲᠤᠵᠦ ᠭᠠᠷᠣᠭᠰᠠᠨ ᠴᠠᠪᠠ ᠵᠢᠷᠣᠭᠠᠰᠣ ᠡᠮᠬᠢ ᠲᠢᠭᠯᠢᠮ ᠲᠠᠢ ᠪᠣᠯ ᠡᠷᠢᠯ ᠬᠢᠯᠪᠠᠷ ᠣᠯᠳᠠᠨ᠎ᠠ ᠭᠡᠳᠡᠭ᠃ | ᠳᠠᠯᠣ ᠶᠢᠨ ᠣᠮᠤᠭ ᠲᠠᠯ᠎ᠠ ᠠᠴᠠ ᠴᠠᠪᠠ ᠭᠠᠷᠣᠭᠰᠠᠨ ᠪᠣᠯ ᠬᠠᠯᠠᠭᠤᠨ ᠲᠠᠯ᠎ᠠ ᠶᠢᠨ ᠰᠣᠷᠠᠭ᠂ ᠮᠠᠯ ᠤᠨ | ᠴᠣᠪᠣᠭ᠎ᠠ ᠠᠴᠠ ᠴᠠᠪᠠ ᠭᠠᠷᠣᠭᠰᠠᠨ ᠪᠣᠯ ᠮᠠᠭᠤ ᠲᠠᠯ᠎ᠠ ᠶᠢᠨ ᠰᠣᠷᠠᠭ ᠭᠡᠳᠡᠭ᠃ ᠬᠤᠲᠠ ᠶᠢᠨ ᠤᠯᠠ ᠲᠠᠯ᠎ᠠ ᠠᠴᠠ | ᠴᠠᠪᠠᠳᠤᠵᠦ ᠳᠠᠯᠣ ᠶᠢᠨ ᠬᠦᠵᠦᠭᠦᠦ ᠦᠭᠡᠳᠡ ᠶᠠᠪᠣᠭᠰᠠᠨ ᠪᠣᠯ ᠪᠡᠯᠴᠢᠭᠡᠷ ᠲᠡᠭᠡᠨ ᠦᠭᠡᠢ ᠶᠢᠨ ᠲᠡᠮᠳᠡᠭ᠃ ᠬᠤᠲᠠ | ᠳᠣᠲᠣᠷ᠎ᠠ ᠪᠠᠨ ᠡᠭᠡᠳᠡᠷᠡᠭᠰᠡᠨ ᠪᠣᠯ ᠪᠡᠯᠴᠢᠭᠡᠷ ᠲᠡᠭᠡᠨ ᠪᠠᠶᠢᠭ᠎ᠠ ᠶᠢᠨ ᠲᠡᠮᠳᠡᠭ᠃ ᠬᠤᠲᠠ ᠳᠣᠲᠣᠷ᠎ᠠ ᠬᠦᠨᠳᠡᠯᠡᠨ | ᠭᠤᠯᠳᠣ ᠴᠠᠪᠠ ᠭᠠᠷᠴᠦ ᠨᠢᠭᠡ ᠦᠵᠦᠭᠦᠷ ᠨᠢ ᠬᠤᠲᠠ ᠠᠴᠠ ᠭᠠᠳᠠᠭᠰᠢ ᠭᠠᠷᠣᠭᠰᠠᠨ ᠪᠣᠯ ᠣᠯᠳᠠᠬᠤ ᠦᠭᠡᠢ ᠶᠢᠨ | ᠲᠡᠮᠳᠡᠭ᠃ ᠮᠠᠯ ᠤᠨ ᠴᠣᠪᠣᠭ᠎ᠠ ᠳᠠᠭᠠᠵᠦ ᠴᠠᠪᠠ ᠭᠠᠷᠴᠦ ᠬᠤᠯᠠᠭᠠᠶᠢᠴᠢ ᠶᠢᠨ ᠡᠭᠦᠷ ᠦᠭᠡᠳᠡ ᠣᠷᠣᠭᠰᠠᠨ ᠪᠣᠯ | ᠬᠤᠯᠠᠭᠠᠶᠢᠯᠠᠭᠳᠠᠭᠰᠠᠨ ᠤ ᠲᠡᠮᠳᠡᠭ᠃ ᠳᠠᠯᠣ ᠶᠢᠨ ᠬᠦᠵᠦᠭᠦᠦ ᠲᠣᠭᠤᠷᠢᠭᠠᠳ ᠴᠠᠪᠠ ᠭᠠᠷᠣᠭᠰᠠᠨ ᠪᠣᠯ ᠠᠯᠳᠠᠭᠰᠠᠨ | ᠮᠠᠯ ᠣᠶᠠᠭᠳᠠᠵᠦ ᠪᠠᠶᠢᠬᠤ ᠶᠢᠨ ᠲᠡᠮᠳᠡᠭ᠃ ᠴᠠᠪᠠ ᠨᠢ ᠬᠤᠳᠠ ᠠᠴᠠ ᠬᠤᠯᠠᠳᠠᠭᠰᠠᠨ ᠦᠭᠡᠢ ᠪᠣᠯ ᠠᠯᠳᠠᠭᠰᠠᠨ ᠮᠠᠯ | ᠪᠠ ᠪᠣᠳᠠᠰ ᠳᠡᠮᠡᠢ ᠬᠤᠯᠠᠳᠠᠭᠠᠳᠣᠢ ᠶᠢᠨ ᠲᠡᠮᠳᠡᠭ ᠲᠣᠯᠠ ᠡᠷᠢᠵᠦ ᠰᠣᠷᠠᠭᠯᠠᠵᠦ ᠪᠣᠯᠣᠨ᠎ᠠ᠃ ᠴᠠᠪᠠ ᠨᠢ ᠬᠤᠲᠠ ᠶᠢ | ᠰᠢᠪᠲᠣᠯᠣᠭᠰᠠᠨ ᠪᠣᠶᠣ ᠳᠠᠯᠣ ᠶᠢ ᠵᠦᠰᠦᠭᠰᠡᠨ ᠪᠣᠯ ᠦᠪᠡᠷ ᠤᠨ ᠬᠤᠰᠢᠭᠤᠨ ᠬᠢᠵᠠᠭᠠᠷ ᠠᠴᠠ ᠭᠠᠷᠴᠦ ᠡᠷᠢᠵᠦ | ᠣᠯᠬᠤ ᠳᠤ ᠪᠡᠷᠭᠡ ᠪᠣᠯᠣᠭᠰᠠᠨ ᠢ ᠢᠯᠡᠳᠬᠡᠨ᠎ᠡ᠃ ᠴᠠᠪᠠ ᠨᠢ ᠳᠠᠯᠣ ᠶᠢᠨ ᠭᠠᠳᠠᠨ᠎ᠠ ᠠᠴᠠ ᠳᠣᠲᠣᠭᠰᠢ ᠭᠠᠷᠣᠭᠰᠠᠨ | ᠪᠣᠯ ᠳᠣᠲᠣᠭᠠᠳᠦ ᠳᠤ ᠬᠤᠯᠪᠣᠭ᠎ᠠ ᠦᠭᠡᠢ᠂ ᠳᠣᠲᠣᠨ᠎ᠠ ᠠᠴᠠ ᠭᠠᠳᠠᠭᠰᠢ ᠭᠠᠷᠣᠭᠰᠠᠨ ᠪᠣᠯ ᠳᠣᠲᠣᠭᠠᠳᠦ ᠳᠤ | ᠬᠤᠯᠪᠣᠭ᠎ᠠ ᠲᠠᠢ ᠭᠡᠳᠡᠭ᠃ ᠴᠠᠪᠠ ᠶᠢᠨ ᠡᠬᠢᠯᠡᠭᠰᠡᠨ ᠴᠡᠭ ᠲᠤ ᠬᠤᠶᠠᠷ ᠴᠠᠪᠠ ᠠᠭᠤᠯᠵᠠᠭᠰᠠᠨ ᠪᠠᠶᠢᠪᠠᠯ ᠠᠯᠳᠠᠭᠰᠠᠨ | ᠶᠠᠭᠤᠮ᠎ᠠ ᠨᠢᠭᠡᠨᠲᠡ ᠭᠠᠷ ᠳᠠᠮᠵᠢᠭᠰᠠᠨ ᠤ ᠲᠡᠮᠳᠡᠭ ᠭᠡᠳᠡᠭ᠃ | ᠠᠶᠠᠨ ᠳᠤ ᠶᠠᠪᠣᠭᠠᠳ ᠣᠳᠠᠭᠰᠠᠨ ᠬᠦᠮᠦᠨ ᠤ ᠠᠶᠠᠨ ᠵᠠᠮ ᠣᠷᠣᠭᠰᠢᠲᠠᠢ ᠡᠰᠡᠭᠦ᠂ ᠢᠷᠡᠬᠦ ᠣᠶᠢᠷᠠᠲᠣᠭᠰᠠᠨ | ᠡᠰᠡᠬᠦ ᠶᠢ ᠲᠦᠯᠭᠡᠳᠡᠬᠦ ᠦᠶ᠎ᠡ ᠳᠤ᠂ ᠬᠡᠦᠬᠡᠳ ᠤᠨ ᠤᠯᠠ ᠨᠢ ᠳᠣᠣᠷ᠎ᠠ ᠲᠠᠯ᠎ᠠ ᠠᠴᠠ ᠪᠠᠨ ᠴᠠᠪᠠ ᠭᠠᠷᠣᠭᠰᠠᠨ ᠪᠣᠯ ︽ | ᠬᠤᠲᠣᠷᠭᠠ ᠪᠠᠭᠤᠵᠠᠢ︾ ᠭᠡᠳᠡᠭ᠃ ᠳᠠᠷᠣᠢ ᠶᠡᠭᠡ ᠰᠠᠭᠠᠳ ᠭᠠᠷᠣᠭᠰᠠᠨ ᠤ ᠲᠡᠮᠳᠡᠭ᠃ ᠬᠦᠮᠦᠨ ᠤ ᠤᠮᠤᠭ | ᠰᠦᠷ ᠤᠨ ᠲᠣᠭᠤᠣᠷ ᠴᠠᠪᠠ ᠭᠠᠷᠣᠭᠰᠠᠨ ᠪᠣᠯ ︽ᠪᠣᠷᠪᠢ ᠨᠢ ᠦᠨᠳᠡᠶᠢᠵᠤ ᠪᠠᠶᠢᠨ᠎ᠠ︾ ᠭᠡᠳᠡᠭ᠃ ᠳᠠᠷᠣᠢ ᠰᠠᠭᠠᠳ | ᠦᠭᠡᠢ ᠶᠠᠪᠣᠵᠦ ᠪᠠᠶᠢᠬᠤ ᠶᠢᠨ ᠲᠡᠮᠳᠡᠭ᠃ | ᠳᠠᠯᠣ ᠶᠢᠨ ᠲᠦᠯᠭᠡ ᠳᠤ ᠨᠡᠮᠡᠬᠦ ᠲᠡᠮᠳᠡᠭ ᠰᠢᠭ ᠴᠠᠪᠠ ᠭᠠᠷᠬᠤ ᠶᠢ ᠣᠨᠴᠠ ᠬᠢᠴᠢᠶᠡᠨ ᠴᠡᠭᠡᠷᠯᠡᠳᠡᠭ᠃ | ᠨᠡᠮᠡᠬᠦ ᠲᠡᠮᠳᠡᠭ ᠰᠢᠭ ᠴᠠᠪᠠ ᠭᠠᠷᠣᠭᠰᠠᠨ ᠪᠣᠯ ᠶᠠᠭᠤ ᠪᠦᠬᠦᠨ ᠲᠡᠨᠳᠡ ᠠᠴᠠ ᠬᠦᠳᠡᠯᠬᠦ ᠦᠭᠡᠢ ᠪᠣᠯᠣᠭᠰᠠᠨ ᠤ ᠲᠡᠮᠳᠡᠭ | ᠲᠣᠯᠠ ᠪᠡᠯᠭᠡ ᠳᠡᠮᠪᠡᠷᠢᠯ ᠦᠭᠡᠢ ᠮᠠᠭᠤ ᠢᠷᠸ᠎ᠠ ᠶᠢᠨ ᠲᠡᠮᠳᠡᠭ ᠭᠡᠳ ᠰᠢᠨᠵᠢᠬᠦ ᠦᠭᠡᠢ ᠪᠠᠷ ᠭᠠᠯ ᠳᠤ ᠬᠢᠳᠡᠭ ᠶᠤᠮ᠃ | ᠲᠦᠯᠭᠡᠴᠢ ᠪᠠᠰᠠ ᠳᠠᠯᠣ ᠶᠢᠨ ᠶᠠᠰᠣᠨ ᠳᠡᠭᠡᠷ᠎ᠡ ᠭᠠᠷᠣᠭᠰᠠᠨ ᠴᠠᠪᠠ ᠵᠢᠷᠣᠭᠠᠰᠣ ᠶᠢ ᠰᠢᠨᠵᠢᠬᠦ ᠶᠢᠨ ᠳᠠᠭᠠᠣ ᠲᠦᠯᠭᠡ | ᠪᠠᠷᠢᠭᠤᠯᠣᠭᠴᠢ ᠪᠠᠷ ᠪᠣᠳᠣᠯᠬᠢᠯᠠᠬᠤ ᠶᠢᠨ ᠵᠠᠪ ᠦᠭᠡᠢ ᠨᠢᠭᠡᠨ ᠴᠠᠭ ᠬᠡᠯᠡᠭᠦᠯᠵᠦ ᠲᠡᠭᠷᠢ ᠶᠢᠨ ᠡᠰᠢ᠂ ᠭᠠᠵᠠᠷ ᠤᠨ | ᠡᠷᠭᠡᠲᠡᠨ᠂ ᠨᠠᠢᠮᠠᠨ ᠣᠷᠣᠨ ᠢ ᠬᠤᠷᠣᠭᠤ ᠳᠠᠷᠣᠨ ᠲᠣᠭᠠᠯᠠᠵᠦ ᠬᠠᠮᠤᠭ ᠤᠨ ᠡᠴᠦᠰ ᠤᠨ ᠳ᠋ᠦᠩ ᠢ ᠭᠠᠷᠭᠠᠵᠦ | ᠦᠭᠦᠯᠡᠨ᠎ᠡ᠃ | ᠳᠠᠯᠣ ᠶᠢᠨ ᠲᠦᠯᠭᠡ ᠶᠢᠨ ᠲᠦᠯᠭᠡᠳᠡᠭᠦ ᠬᠡᠪᠴᠢᠶ᠎ᠡ ᠨᠢ ᠶᠡᠭᠡ ᠲᠦᠯᠦᠪ ᠡᠶᠢᠮᠦ ᠪᠠᠶᠢᠳᠠᠭ ᠪᠦᠭᠡᠳ ᠵᠦᠪᠬᠡᠨ | ᠠᠮᠠ ᠪᠠᠷ ᠤᠯᠠᠮᠵᠢᠯᠠᠭᠳᠠᠵᠦ ᠢᠷᠡᠭᠰᠡᠨ ᠲᠣᠯᠠ ᠭᠠᠵᠠᠷ ᠭᠠᠵᠠᠷ ᠤᠨ ᠰᠢᠨᠵᠢᠯᠡᠨ ᠲᠦᠯᠭᠡᠳᠡᠬᠦ ᠨᠢ ᠠᠳᠠᠯᠢ ᠦᠭᠡᠢ᠂ | ᠲᠦᠯᠭᠡᠴᠢᠨ ᠪᠦᠬᠦᠨ ᠤ ᠦᠢᠯᠡᠳᠴᠦ ᠦᠬᠦᠯᠡᠬᠦ ᠨᠢ ᠣᠨᠳᠣᠣ ᠣᠨᠳᠣᠣ ᠪᠠᠶᠢᠳᠠᠭ᠃ | ᠠᠳᠡ ᠪᠠᠭᠠᠷᠢᠨᠴᠣᠳ ᠤᠨ ᠳᠠᠯᠣ ᠶᠢᠨ ᠦᠵᠡᠯᠭᠡ ᠲᠦᠯᠭᠡ ᠶᠢ ᠲᠦᠢᠮᠣᠴᠢᠯᠠᠨ ᠲᠠᠨᠢᠯᠴᠠᠭᠤᠯᠣᠯᠠ᠃ | ᠡᠨᠡ ᠨᠢ ᠮᠠᠨ ᠤ ᠮᠣᠩᠭᠤᠯ ᠦᠨᠳᠦᠰᠦᠲᠡᠨ ᠤ ᠰᠣᠶᠣᠯ ᠤᠨ ᠦᠪ ᠤᠨ ᠨᠢᠭᠡ ᠪᠣᠯᠣᠭᠰᠠᠨ ᠳᠠᠯᠣ ᠶᠢᠨ ᠲᠦᠯᠭᠡ ᠶᠢ | ᠲᠡᠮᠳᠡᠭᠯᠡᠨ ᠦᠯᠡᠳᠡᠭᠡᠵᠦ ᠲᠡᠦᠬᠡ ᠰᠣᠶᠣᠯ᠂ ᠵᠠᠩ ᠦᠢᠯᠡ ᠰᠣᠳᠣᠯᠣᠭᠴᠢᠳ ᠲᠤ ᠯᠠᠪᠯᠠᠯᠲᠠ ᠪᠣᠯᠭᠠᠬᠤ ᠭᠡᠰᠡᠨ | ᠵᠣᠷᠢᠯᠭ᠎ᠠ ᠪᠠᠨ ᠲᠣᠳᠣᠷᠬᠠᠶᠢᠯᠠᠵᠦ ᠪᠠᠶᠢᠨ᠎ᠠ᠃ | | ᠵᠣᠬᠢᠶᠠᠭᠴᠢ᠄ ᠨᠣᠷᠪᠣᠪᠠᠽᠠᠷ | |