ᠦᠯᠡᠮᠵᠢ ᠬᠡᠮᠵᠢᠶᠡᠳᠤ ᠬᠦᠷᠤᠨ ᠬᠦᠡᠭᠵᠤ
ᠨᠡᠶᠢᠲᠡᠯᠡᠭᠰᠡᠨ ᠴᠠᠭ᠄
2019-12-25
   ᠦᠯᠡᠮᠵᠢ ᠬᠡᠮᠵᠢᠶᠡᠳᠤ ᠬᠦᠷᠤᠨ ᠬᠦᠡᠭᠵᠤ᠂ ᠴᠢᠩ ᠤᠯᠤᠰ ᠤᠨ ᠡᠩᠭᠡ ᠠᠮᠤᠭᠤᠯᠠᠩ ᠤᠨ ᠠᠷᠪᠠᠨ ᠬᠤᠶᠠᠳᠤᠭᠠᠷ ᠤᠨ ︵1673 ᠤᠨ︶ ᠤ ᠲᠠᠪᠤᠳᠤᠭᠠᠷ ᠰᠠᠷ᠎ᠠ ᠳᠤ ᠪᠡᠬᠡᠵᠢᠩ ᠳᠤ ᠲᠦᠷᠦᠵᠡᠢ᠃ ᠱᠸᠡᠭᠽᠤ ᠬᠠᠭᠠᠨ ᠤ ᠬᠤᠶᠠᠳᠤᠭᠠᠷ ᠦᠬᠢᠨ ᠪᠦᠯᠤᠬᠡ᠃ ᠡᠩᠭᠡ ᠠᠮᠤᠭᠤᠯᠠᠩ ᠤᠨ ᠭᠤᠴᠢᠳᠤᠭᠠᠷ ᠤᠨ ︵1691 ᠤᠨ︶ ᠤ ᠵᠢᠷᠭᠤᠳᠤᠭᠠᠷ ᠰᠠᠷ᠎ᠠ ᠳᠤ ᠪᠠᠭᠠᠷᠢᠨ ᠪᠠᠷᠠᠭᠤᠨ ᠭᠠᠷᠤᠨ ᠬᠤᠰᠢᠭᠤᠨ ᠤ ᠵᠠᠰᠠᠭ ᠸᠠᠩ᠂ ᠪᠤᠷᠵᠢᠬᠢᠨ ᠤᠪᠤᠠᠨᠳᠠᠨ ᠦᠷᠭᠡᠨ ᠳᠤ ᠪᠠᠭᠤᠯᠭᠠᠨ ᠬᠤᠯᠪᠤᠵᠡᠢ᠃ ᠦᠷᠭᠡᠨ᠂ ᠡᠩᠭᠡ ᠠᠮᠤᠭᠤᠯᠠᠩ ᠤᠨ ᠬᠤᠷᠢ ᠶᠢᠰᠦᠳᠤᠭᠡᠷ ᠤᠨ ︵1690 ᠤᠨ︶ ᠳᠤ ᠭᠠᠯᠳᠠᠨ ᠢ ᠲᠠᠶᠢᠯᠠᠵᠦ ᠶᠡᠭᠡ ᠭᠠᠪᠢᠶ᠎ᠠ ᠪᠦᠳᠤᠬᠡᠵᠡᠢ᠃ ᠡᠩᠭᠡ ᠠᠮᠤᠭᠤᠯᠠᠩ ᠬᠠᠭᠠᠨ᠂ ᠪᠠᠭᠠᠷᠢᠨ ᠠᠶᠢᠮᠠᠭ ᠤᠨ ᠦᠷᠭᠡᠨ ᠤ ᠨᠠᠰᠤ ᠬᠤᠷᠢ᠂ ᠪᠠᠭᠠᠳᠤᠷ ᠵᠤᠷᠢᠠᠨᠳᠠᠢ᠂ ᠪᠠᠶᠢᠯᠳᠤᠬᠤ ᠳᠤ ᠴᠢᠳᠠᠮᠠᠭᠠᠢ᠂ ᠲᠦᠷᠢ ᠪᠠᠶᠢᠳᠠᠯ ᠠᠷᠤᠤᠬᠠᠨ ᠵᠢᠪᠬᠤᠭ᠎ᠠ ᠲᠠᠢ ᠶᠢ ᠦᠵᠡᠬᠡᠳ ᠲᠠᠷᠠᠭ᠎ᠠ ᠵᠢᠯ ᠳᠤᠨᠢ ᠵᠠᠷᠯᠢᠭ ᠪᠤᠯᠵᠦ ᠬᠦᠡᠭᠵᠤ ᠶᠢ ᠦᠷᠭᠡᠨ ᠳᠤ ᠪᠠᠭᠤᠯᠭᠠᠨ ᠦᠭᠬᠦᠭᠰᠡᠨ ᠪᠦᠬᠡᠳ ᠡᠩᠭᠡ ᠠᠮᠤᠭᠤᠯᠠᠩ ᠤᠨ ᠭᠤᠴᠢᠨ ᠲᠦᠷᠪᠡᠳᠤᠭᠡᠷ ᠤᠨ ︵1695 ᠤᠨ︶ ᠳᠤ ᠦᠶ᠎ᠠ ᠵᠠᠯᠭᠠᠮᠵᠢᠯᠠᠬᠤ ᠸᠠᠩ ᠤᠨ ᠬᠡᠷᠬᠡᠮ ᠬᠦᠷᠳᠡᠭᠡᠨ ᠠᠷᠪᠠᠨ ᠨᠢᠬᠡᠨ ᠬᠤᠰᠢᠭᠤ ᠶᠢ ᠵᠠᠬᠢᠷᠤᠭᠤᠯᠪᠠ᠃ ᠡᠩᠭᠡ ᠠᠮᠤᠭᠤᠯᠠᠩ ᠤᠨ ᠲᠠᠪᠢᠨ ᠲᠠᠪᠤᠳᠤᠭᠠᠷ ᠤᠨ ︵1716 ᠤᠨ︶ ᠳᠤ ᠬᠤᠷᠢᠨ ᠭᠤᠷᠪᠠᠨ ᠬᠤᠰᠢᠭᠤᠨ ᠤ ᠴᠡᠷᠢᠭ ᠢ ᠵᠠᠬᠢᠷᠤᠨ ᠤᠮᠠᠷᠠᠰᠢ ᠴᠸᠠᠩᠷᠠᠪᠳᠡᠨ ᠢ ᠲᠠᠶᠢᠯᠠᠵᠦ᠂ ᠡᠩᠭᠡ ᠠᠮᠤᠭᠤᠯᠠᠩ ᠤᠨ ᠵᠢᠷᠭᠤᠳᠤᠭᠠᠷ ᠤᠨ ︵1721 ᠤᠨ︶ ᠤ ᠬᠤᠶᠠᠳᠤᠭᠠᠷ ᠰᠠᠷ᠎ᠠ ᠶᠢᠨ ᠠᠷᠪᠠᠨ ᠭᠤᠷᠪᠠᠨ ᠳᠤ ᠴᠡᠷᠢᠭ ᠲᠠᠶᠢᠨ ᠤ ᠲᠤᠮᠳᠠ ᠳᠠᠪᠢᠨ ᠨᠢᠭᠡᠳᠠᠢ ᠨᠠᠰᠤ ᠪᠠᠷᠠᠵᠡᠢ᠃     ᠦᠯᠡᠮᠵᠢ ᠬᠡᠮᠵᠢᠶᠡᠳᠤ ᠬᠦᠷᠤᠨ ᠬᠦᠡᠭᠵᠤ᠂ ᠢᠷᠭᠡᠨ ᠢ ᠮᠤᠩᠬᠠᠷᠠᠭᠤᠯᠬᠤ ᠲᠡᠭᠡᠳᠤᠰ ᠤᠨ ᠢᠶᠠᠨ ᠲᠦᠷᠤ ᠶᠢᠨ ᠪᠤᠳᠤᠯᠭ᠎ᠠ ᠶᠢ ᠵᠠᠯᠭᠠᠮᠵᠢᠯᠠᠨ ᠶᠠᠪᠤᠭᠤᠯᠬᠤ᠂ ᠮᠤᠩᠭᠤᠯᠴᠤᠳ ᠢ ᠠᠯᠪᠠᠳᠠᠨ ᠪᠤᠷᠬᠠᠨ ᠤ ᠱᠠᠰᠢᠨ ᠢ ᠶᠡᠬᠡᠪᠡᠷ ᠰᠢᠳᠦᠬᠦᠯᠤᠨ ᠪᠠᠷᠠᠭᠤᠨ ᠬᠦᠬᠡ ᠬᠡᠷ ᠰᠦᠮ᠎ᠠ ︽ᠲᠡᠬᠦᠰ ᠪᠦᠷᠢᠳᠬᠡᠯᠳᠤ ᠰᠦᠮ᠎ᠠ︾ ᠶᠢᠨ ᠬᠡᠪᠴᠢᠶ᠎ᠠ ᠬᠡᠯᠪᠡᠷᠢ ᠶᠢ ᠲᠠᠭᠤᠷᠢᠶᠠᠯᠭᠠᠨ ᠡᠩᠭᠡ ᠠᠮᠤᠭᠤᠯᠠᠩ ᠤᠨ ᠲᠦᠴᠢᠨ ᠲᠠᠪᠤᠳᠤᠭᠠᠷ ᠤᠨ ︵1706 ᠤᠨ︶ ᠳᠤ ᠳ᠋ᠠᠪᠠᠨ ᠳᠤ ︽ᠬᠤᠳᠠᠯᠨ ᠤᠨᠤᠯᠳᠤ ᠰᠦᠮ᠎ᠠ︾ ᠶᠢ ᠪᠠᠶᠢᠭᠤᠯᠵᠦ᠂ ᠰᠦᠮ᠎ᠠ ᠶᠢᠨ ᠵᠡᠬᠦᠨᠳᠠ ᠬᠡᠬᠡᠨ ᠰᠠᠩ᠂ ᠰᠦᠮ᠎ᠠ ᠶᠢᠨ ᠲᠤᠭᠤᠷᠢᠨ ᠳᠤ ᠯᠠᠮᠨ ᠨᠠᠷ ᠤᠨ ᠰᠠᠭᠤᠬᠤ ᠬᠤᠶᠠᠷ ᠵᠠᠭᠤ ᠭᠠᠷᠤᠢ ᠲᠠᠰᠤᠯᠭ᠎ᠠ ᠭᠡᠷ ᠪᠠᠷᠢᠠᠨᠰᠠᠨ ᠲᠤᠯᠨ ᠪᠤᠷᠬᠠᠨ ᠤ ᠱᠠᠰᠢᠨ ᠢ ᠰᠢᠳᠤᠬᠦ ᠬᠦᠮᠤᠨ ᠤᠯᠠᠮ ᠢᠶᠠᠷ ᠤᠯᠠᠰᠢᠷᠠᠵᠦ᠂ ᠯᠠᠮᠨ ᠬᠤᠸᠠᠷᠠᠭ ᠶᠠᠪᠤᠬᠤ ᠲᠤᠳᠤᠮ ᠨᠡᠮᠡᠭᠳᠡᠭᠰᠡᠨ ᠪᠠᠶᠢᠨ᠎ᠠ᠃    ᠲᠤᠬᠠᠢ ᠶᠢᠨ ᠦᠶᠡᠰ ᠶᠠᠭ ᠰᠠᠶᠢᠬᠠᠨ ᠭᠠᠯᠳᠠᠨ ᠤ ᠤᠷᠪᠠᠯᠭᠠᠨ ᠭᠠᠷᠤᠠᠨᠰᠠᠨ ᠪᠦᠬᠡᠳ ᠴᠠᠭᠠᠨ ᠤᠷᠤᠰ ᠲᠦᠷᠢᠮᠡᠬᠡᠶᠢᠯᠡᠨ ᠬᠠᠯᠳᠠᠵᠦ ᠪᠠᠶᠢᠠᠨᠰᠠᠨ ᠪᠤᠯᠬᠤᠷ ᠡᠩᠭᠡ ᠠᠮᠤᠭᠤᠯᠠᠩ ᠠᠴᠠ ᠭᠤᠷᠪᠠᠨ ᠤᠳᠠᠭ᠎ᠠ ᠭᠠᠯᠳᠠᠨ ᠢ ᠪᠡᠶ᠎ᠠ ᠪᠠᠷ ᠲᠠᠶᠢᠯᠠᠵᠦ᠂ ᠬᠤᠶᠢᠳᠤ ᠭᠠᠵᠠᠷ ᠢᠶᠠᠷ ᠤᠯᠠᠨᠳᠠ ᠪᠠᠶᠢᠴᠠᠭᠠᠨ ᠦᠵᠡᠭᠰᠡᠨ ᠪᠠᠶᠢᠵᠡᠢ᠃ ᠬᠠᠭᠠᠨ ᠤ ᠰᠠᠭᠤᠴᠨ ᠪᠠᠶᠢᠴᠨ ᠶᠢᠨ ᠲᠦᠬᠦᠮ ᠢ ᠪᠤᠳᠤᠵᠦ᠂ ᠡᠩᠭᠡ ᠠᠮᠤᠭᠤᠯᠠᠩ ᠤᠨ ᠲᠠᠪᠤᠳᠤᠭᠠᠷ ᠤᠨ ︵1711 ᠤᠨ︶ ᠳᠤ ᠲᠤᠳᠤᠷ᠎ᠠ ᠭᠠᠳᠠᠷ ᠭᠤᠷᠪᠠᠨ ᠬᠦᠷᠢᠶ᠎ᠠ ᠲᠠᠢ᠂ ᠸᠠᠭᠠᠷ ᠤᠨ ᠬᠡᠷ ᠲᠦᠴᠢ ᠭᠠᠷᠤᠢ ᠲᠠᠰᠤᠯᠭ᠎ᠠ ᠲᠠᠢ ᠦᠵᠡᠮᠵᠢ ᠪᠠᠶᠢᠳᠠᠯ ᠶᠡᠬᠡᠮᠰᠦᠭ ᠬᠡᠬᠡᠨᠴᠢᠷ ᠰᠦᠷᠯᠢᠭ ︽ᠡᠩᠭᠡ ᠠᠮᠤᠭᠤᠯᠠᠩ ᠤᠨ ᠠᠶᠠᠯᠠᠯ ᠤᠨ ᠤᠷᠳᠤᠨ︾ ᠢ ᠪᠠᠶᠢᠭᠤᠯᠤᠠᠨᠰᠠᠨ ᠪᠠᠶᠢᠨ᠎ᠠ᠃ ᠲᠤᠬᠠᠢ ᠶᠢᠨ ᠦᠶᠡᠰ ᠴᠢᠩ ᠤᠯᠤᠰ ᠶᠠᠭ ᠪᠠᠳᠠᠷᠠᠨ ᠮᠠᠨᠳᠤᠵᠦ ᠪᠠᠶᠢᠭ᠎ᠠ ᠦᠶ᠎ᠠ ᠳᠤ ᠪᠠᠶᠢᠠᠨᠰᠠᠨ ᠪᠤᠯᠬᠤᠷ ᠬᠦᠡᠭᠵᠤ ᠮᠤᠷᠳᠠᠵᠦ ᠢᠷᠡᠬᠦ ᠳᠡᠭᠡᠨ ᠬᠤᠶᠠᠷ ᠵᠠᠭᠤᠨ ᠲᠦᠴᠢᠨ ᠡᠷᠤᠬᠡ ᠢᠨᠵᠢ ᠮᠠᠨᠵᠦ ᠲᠠᠭᠠᠭᠤᠯᠤᠨ ᠢᠷᠡᠵᠡᠢ᠃ ᠲᠡᠳᠡᠭᠡᠷ ᠤᠨ ᠤᠯᠠᠩᠬᠢ ᠨᠢ ᠤᠷᠳᠤ ᠬᠠᠷᠰᠢ ᠪᠠᠶᠢᠭᠤᠯᠬᠤ ᠡᠯ᠎ᠠ ᠠᠵᠢᠯ ᠲᠦᠷᠦᠯ ᠤᠨ ᠠᠵᠢᠯᠴᠢᠳ ᠪᠠᠶᠢᠠᠨᠰᠠᠨ ᠪᠤᠯᠬᠤᠷ ᠪᠠᠶᠢᠭᠤᠯᠤᠠᠨᠰᠠᠨ ᠸᠠᠩ ᠤᠨ ᠵᠠᠰᠠᠭ ᠤᠨ ᠤᠷᠳᠤ ᠬᠠᠷᠰᠢ ᠶᠢᠨ ᠪᠠᠷᠢᠯᠭ᠎ᠠ ᠨᠤᠭᠤᠳ ᠨᠢ ᠮᠠᠰᠢ ᠰᠦᠷᠯᠢᠭ ᠦᠵᠡᠮᠵᠢ ᠲᠠᠢ ᠪᠦᠬᠡᠳ ᠢᠨᠵᠢ ᠨᠠᠷ ᠤᠨ ᠰᠠᠭᠤᠬᠤ ᠭᠡᠷ ᠨᠢ ᠴᠤ ᠴᠦᠮ ᠲᠤᠳᠤᠷ᠎ᠠ ᠭᠠᠵᠠᠷ ᠤᠨ ᠬᠡᠪ ᠶᠠᠩᠵᠤ ᠲᠠᠢ ᠸᠠᠭᠠᠷ ᠲᠤᠭᠤᠰᠬ᠎ᠠ ᠶᠢᠨ ᠪᠦᠳᠤᠴᠨ ᠲᠠᠢ ᠦᠨᠳᠤᠷ ᠰᠦᠷᠯᠢᠭ᠂ ᠵᠢᠭᠳᠡ ᠵᠡᠬᠡᠯᠢ ᠪᠤᠯᠤᠨ ᠪᠦᠷᠢᠯᠳᠦᠭᠰᠡᠨ ᠪᠤᠯᠬᠤᠷ ᠤᠷᠢᠳᠤᠬᠢ ᠠᠴᠠ ᠪᠠᠨ ᠨᠡᠩ ᠶᠡᠭᠡᠳᠴᠤ᠂ ᠤᠷᠴᠢᠨ ᠲᠤᠭᠤᠷᠢᠨ ᠤ ᠮᠤᠩᠭᠤᠯ ᠠᠶᠢᠯ ᠤᠳ ᠲᠠᠢ ᠠᠳᠠᠯᠢᠳᠬᠠᠪᠠᠯ ᠦᠨᠡᠬᠡᠷ ᠴᠤ ᠡᠯᠡᠰᠤᠨ ᠨᠤᠳᠤᠭ ᠤᠨ ᠴᠡᠴᠡᠷᠯᠢᠭ ᠬᠡᠮᠡᠷ ᠪᠤᠯᠵᠦ᠂ ᠤᠯᠤᠰ ᠲᠦᠷᠤ ᠶᠢᠨ ᠲᠠᠯ᠎ᠠ ᠪᠠᠷ ᠪᠦᠬᠦ ᠬᠤᠰᠢᠭᠤ ᠶᠢ ᠵᠠᠬᠢᠷᠬᠤ ᠲᠦᠪ᠂ ᠱᠠᠰᠢᠨ ᠤ ᠲᠠᠯ᠎ᠠ ᠪᠠᠷ ᠴᠤ ᠮᠠᠰᠢ ᠴᠢᠬᠤᠯᠨ ᠭᠠᠵᠠᠷ ᠪᠤᠯᠤᠠᠨᠰᠠᠨ ᠪᠠᠶᠢᠨ᠎ᠠ᠃ ︵ᠵᠡᠬᠦᠨ ᠪᠠᠷᠠᠭᠤᠨ ᠰᠦᠮ᠎ᠠ ᠶᠢ ᠬᠦᠮᠤᠰ ᠡᠪᠦᠭᠡ ᠰᠦᠮ᠎ᠠ ᠬᠡᠳᠡᠭ︶ ︽ᠬᠤᠳᠠᠯᠨ ᠤᠨᠤᠯᠳᠤ ᠰᠦᠮ᠎ᠠ︾ ᠶᠢ ᠪᠠᠶᠢᠭᠤᠯᠬᠤ ᠶᠢᠨ ᠲᠦᠷᠦᠬᠦᠤ ᠵᠢᠯ ᠨᠢ ︽ᠢᠤᠢ ᠬᠤᠸᠠᠩ ᠮᠢᠶᠤᠤ︾ ᠶᠢ ᠪᠠᠶᠢᠭᠤᠯᠵᠦ᠂ ᠡᠩᠭᠡ ᠠᠮᠤᠭᠤᠯᠠᠩ ᠤᠨ ᠲᠠᠪᠤᠳᠤᠭᠠᠷ ᠤᠨ ᠳᠤ ᠬᠤᠨᠭ᠍ᠭᠤᠷ ᠰᠦᠮ᠎ᠠ᠂ ᠡᠩᠭᠡ ᠠᠮᠤᠭᠤᠯᠠᠩ ᠤᠨ ᠲᠠᠪᠢᠨ ᠨᠢᠬᠡᠳᠤᠭᠡᠷ ᠤᠨ ︵1712 ᠤᠨ︶ ᠳᠤ ︽ᠨᠢᠶᠠᠩ ᠨᠢᠶᠠᠩ ᠰᠦᠮ᠎ᠠ︾ ᠶᠢ ᠲᠤᠰ ᠲᠤᠰ ᠪᠠᠶᠢᠭᠤᠯᠤᠠᠨᠰᠠᠨ ᠪᠠᠶᠢᠨ᠎ᠠ᠃ ᠤᠯᠤᠰ ᠲᠦᠷᠤ ᠪᠤᠯᠤᠨ ᠱᠠᠰᠢᠨ ᠰᠢᠳᠤᠯᠬᠡ ᠶᠢᠨ ᠤᠶᠠᠯᠳᠤᠠᠨᠰᠠᠨ ᠤ ᠳ᠋ᠦᠡᠭ ᠳᠤ ᠳ᠋ᠠᠪᠠᠨ ᠨᠢ ᠪᠠᠭᠠᠷᠢᠨ ᠪᠠᠷᠠᠭᠤᠨ ᠬᠤᠰᠢᠭᠤᠨ ᠤ ᠭᠤᠤᠯ ᠵᠢᠷᠦᠬᠡ ᠪᠤᠯᠵᠡᠢ᠃    ᠬᠦᠡᠭᠵᠤ ᠨᠠᠰᠤᠨ ᠲᠤᠷᠰᠢᠳᠠ ᠡᠨᠡᠷᠢᠩᠬᠦᠢ᠂ ᠲᠤᠤᠷᠠᠳᠤ ᠳᠠᠭᠠᠨ ᠦᠷᠦᠰᠢᠶᠡᠯ ᠲᠠᠢ ᠪᠦᠬᠡᠳ ᠱᠸᠡᠭᠽᠣ ᠬᠠᠭᠠᠨ ᠤ ᠲᠦᠷᠦᠭᠰᠡᠨ ᠦᠬᠢᠨ ᠪᠤᠯᠬᠤᠷ ᠢᠳᠡᠬᠡᠯ ᠬᠦᠨᠳᠤ ᠪᠠᠷ ᠮᠠᠰᠢ ᠶᠡᠭᠡ ᠪᠠᠶᠢᠵᠡᠢ᠃ ᠡᠶᠢᠮᠦ ᠠᠴᠠ ᠨᠤᠳᠤᠭ ᠤᠨ ᠮᠠᠯᠴᠢᠳ ᠪᠠ ᠢᠨᠵᠢ ᠮᠠᠨᠵᠦ ᠨᠠᠷ ᠨᠢ ᠬᠦᠡᠭᠵᠤ ᠶᠢ ᠰᠠᠬᠢᠭᠤᠯᠰᠤᠨ ᠬᠤᠪᠢᠯᠭᠠᠨ ᠮᠡᠳᠤ ᠬᠦᠨᠳᠤᠳᠬᠡᠨ᠂ ᠦᠬᠡ ᠪᠤᠯᠭᠠᠨ ᠢ ᠨᠢ ᠬᠢᠴᠢᠶᠡᠩᠬᠦ᠋ᠢᠯᠡᠨ ᠲᠠᠭᠠᠵᠦ᠂ ᠪᠦᠬᠦᠳᠡᠭᠡᠷ ᠢᠶᠠᠨ ᠬᠤᠶᠠᠳᠤᠭᠠᠷ ᠬᠦᠡᠭᠵᠤ ᠡᠵᠢ ᠬᠡᠵᠦ ᠲᠠᠭᠤᠳᠠᠳᠠᠭ ᠪᠠᠶᠢᠵᠡᠢ᠃ ᠬᠦᠪᠡᠬᠦᠨ ᠷᠢᠨᠪᠤ ᠶᠢᠨ ᠢᠶᠠᠨ ᠲᠠᠩᠬᠠᠢ ᠪᠠᠯᠠᠮᠠᠳ᠂ ᠠᠷᠢᠬᠢᠨ ᠳᠤ ᠠᠠᠨᠰᠤᠮᠨᠠᠳᠠᠭ ᠳᠤᠨᠢ ᠶᠡᠭᠡ ᠰᠡᠳᠬᠢᠯ ᠵᠤᠪᠠᠵᠦ᠂ ᠤᠯᠠᠨ ᠲᠠᠯ᠎ᠠ ᠪᠠᠷ ᠰᠤᠷᠭᠠᠳᠠᠭ ᠪᠤᠯᠪᠠᠴᠤ ᠲᠡᠷᠨ ᠨᠢ ᠵᠠᠰᠠᠷᠠᠳᠠᠭ ᠦᠬᠡᠢ ᠪᠦᠭᠡᠳ ᠸᠠᠩ ᠤᠨ ᠡᠷᠬᠡᠯᠡᠬᠦᠯᠤᠨ ᠬᠠᠶᠢᠷᠠᠯᠠᠵᠦ ᠦᠮᠤᠭᠡᠷᠡᠳᠡᠭ ᠠᠴᠠ ᠪᠤᠯᠵᠦ ᠦᠮᠤᠭ᠌ ᠲᠠᠢ ᠳᠡᠭᠡᠨ ᠤᠮᠤᠠᠨᠰᠢᠵᠦ ᠦᠴᠦᠬᠡᠨ ᠴᠤ ᠬᠠᠯᠠᠬᠤ ᠦᠬᠡᠢ ᠪᠠᠶᠢᠵᠡᠢ᠃ ᠡᠬᠦᠨ ᠳᠤ ᠬᠦᠡᠭᠵᠤ᠂ ᠬᠦᠪᠡᠬᠦᠨ ᠤ ᠲᠦᠯᠤᠬᠡ ᠵᠤᠪᠠᠨ ᠡᠷ᠎ᠠ ᠶᠢᠨ ᠲᠦᠯᠤᠬᠡ ᠰᠠᠨᠠᠭᠠᠰᠢᠷᠬᠠᠰᠠᠭᠠᠷ ᠪᠠᠶᠢᠭᠠᠳ ᠠᠭᠠᠵᠢᠮ ᠢᠶᠠᠷ ᠡᠪᠡᠳᠴᠢᠨ ᠪᠤᠯᠵᠦ᠂ ᠨᠠᠶᠢᠷᠠᠯᠳᠤ ᠲᠦᠪ ᠤᠨ ᠵᠢᠷᠭᠤᠳᠤᠭᠠᠷ ᠤᠨ ︵1728 ᠤᠨ︶ ᠤ ᠲᠦᠷᠪᠡᠳᠤᠭᠡᠷ ᠰᠠᠷ᠎ᠠ ᠶᠢᠨ ᠬᠤᠷᠢᠨ ᠨᠢᠬᠡᠨ ᠳᠤ ᠡᠪᠡᠳᠴᠢᠨ ᠢᠶᠠᠷ ᠲᠠᠭᠠᠯᠠᠯ ᠪᠤᠯᠵᠡᠢ᠃ ᠲᠠᠪᠢᠨ ᠵᠢᠷᠭᠤᠭᠠᠨ ᠨᠠᠰᠤᠯᠬᠠᠰᠠᠨ ᠪᠦᠯᠤᠬᠡ᠃ ᠨᠠᠶᠢᠷᠠᠯᠳᠤ ᠲᠦᠪ ᠤᠨ ᠲᠤᠯᠤᠳᠤᠭᠠᠷ ᠤᠨ ︵1729 ᠤᠨ︶ ᠳᠤ ᠬᠦᠪᠡᠬᠦᠨ ᠷᠢᠨᠪᠤ ᠨᠢ ᠶᠠᠯ᠎ᠠ ᠬᠢᠭᠰᠡᠨ ᠠᠴᠠ ᠪᠤᠯᠵᠦ ᠬᠡᠷᠬᠡᠮ ᠢᠶᠠᠨ ᠬᠤᠰᠤᠭᠤᠯᠵᠡᠢ᠃    ᠬᠦᠡᠭᠵᠤ ᠦᠬᠡᠳᠠ ᠪᠤᠯᠤᠠᠨᠰᠠᠨ ᠤ ᠲᠠᠷᠠᠭ᠎ᠠ ᠨᠠᠶᠢᠷᠠᠯᠳᠤ ᠲᠦᠪ ᠬᠠᠭᠠᠨ᠂ ᠤᠷᠤᠰᠢᠭᠤᠯᠬᠤ ᠶᠤᠰᠤᠨ ᠢ ᠰᠠᠶᠢᠨ ᠮᠡᠳᠡᠬᠦ ᠲᠤᠳᠤᠨᠤ ᠶᠡᠭᠡ ᠲᠦᠰᠢᠮᠡᠯ ᠢᠶᠠᠨ ᠲᠤᠮᠢᠯᠠᠨ ᠪᠠᠭᠠᠷᠢᠨ ᠳᠤ ᠢᠷᠡᠬᠦᠯᠦᠭᠰᠡᠨ ᠳᠤ ᠤᠷᠢᠳᠠᠪᠠᠷ ᠪᠡᠯᠡᠳᠬᠡᠯ ᠦᠬᠡᠢ ᠪᠠᠶᠢᠠᠨᠰᠠᠨ ᠪᠤᠯᠬᠤᠷ ᠬᠦᠡᠭᠵᠤ ᠶᠢᠨ ᠱᠠᠷᠢᠯ ᠢ ︽ᠲᠡᠬᠦᠰ ᠪᠦᠷᠢᠳᠬᠡᠯᠳᠤ ᠰᠦᠮ᠎ᠠ︾ ᠳᠤ ᠲᠦᠷ ᠤᠷᠤᠰᠢᠭᠤᠯᠵᠦ᠂ ᠨᠢᠬᠡ ᠵᠢᠯ ᠤᠨ ᠭᠠᠳᠠᠨ᠎ᠠ ᠲᠦᠷᠪᠡᠨ ᠰᠠᠷ᠎ᠠ ᠦᠡᠭᠭᠡᠷᠡᠬᠦᠯᠤᠮᠡᠭᠴᠨ ᠰᠠᠶ᠋ᠢ ᠪᠠᠶ᠋ᠬᠠᠷᠳᠡᠨᠢ ᠰᠤᠮᠤ ᠶᠢᠨ ᠠᠷᠤ ᠪᠤᠯᠤᠩ ᠠᠶᠢᠯ ᠤᠨ ᠪᠠᠷᠠᠭᠤᠨ ᠬᠤᠶᠢᠨ᠎ᠠ ᠲᠤᠤᠪᠠᠢ ᠠᠭᠤᠯᠨ ᠶᠢᠨ ᠡᠬᠡᠪᠤᠷ ᠪᠠᠯ ᠳᠤ ᠬᠠᠷᠰᠢ ᠤᠷᠳᠤᠨ ᠪᠠᠶᠢᠭᠤᠯᠵᠦ᠂ ᠭᠠᠵᠠᠷ ᠲᠤᠤᠷᠠᠬᠢ ᠮᠤᠭᠤᠨ ᠵᠠᠰᠠᠵᠦ᠂ ᠨᠠᠶᠢᠷᠠᠯᠳᠤ ᠲᠦᠪ ᠤᠨ ᠲᠤᠯᠤᠳᠤᠭᠠᠷ ᠤᠨ ᠤ ᠨᠠᠢᠮᠠᠳᠤᠭᠠᠷ ᠰᠠᠷ᠎ᠠ ᠶᠢᠨ ᠠᠷᠪᠠ ᠶᠢᠰᠤᠨ ᠤ ᠴᠠᠭᠠᠠᠨᠴᠢᠨ ᠲᠠᠬᠢᠶ᠎ᠠ ᠴᠠᠭ ᠲᠤ ᠲᠠᠪᠤᠨᠡᠩ ᠦᠷᠭᠡᠨ ᠤ ᠴᠢᠨᠳᠠᠷ ᠯᠤᠭ᠎ᠠ ᠬᠠᠮᠳᠤ ᠤᠷᠤᠰᠢᠭᠤᠯᠵᠡᠢ᠃ ᠤᠡᠭᠭᠤᠨ ᠤ ᠬᠦᠷᠢᠶᠡᠨ ᠳᠤ ᠲᠤᠰᠪᠤᠷᠢ ᠭᠤᠷᠪᠠᠨ ᠲᠠᠰᠤᠯᠭ᠎ᠠ ᠬᠠᠷᠰᠢ ᠡᠮᠦᠨᠡᠰᠢ ᠬᠠᠨᠳᠤᠭᠤᠯᠤᠨ ᠪᠠᠶᠢᠭᠤᠯᠵᠦ᠂ ᠲᠠᠬᠢᠯ ᠲᠠᠯᠪᠢᠬᠤ ᠳᠤ ᠪᠡᠯᠡᠳᠬᠡᠭᠰᠡᠨ ᠪᠠᠶᠢᠵᠡᠢ᠃ ᠲᠤᠭᠤᠷᠢᠭᠤᠯᠤᠭᠠᠳ ᠲᠤᠭᠤᠰᠬᠠᠨ ᠬᠡᠷᠡᠮ ᠪᠠᠷᠢᠠᠨᠰᠠᠨ ᠪᠦᠭᠡᠳ ᠲᠠᠬᠢᠯᠭ᠎ᠠ ᠶᠢᠨ ᠬᠠᠷᠰᠢ ᠶᠢᠨ ᠠᠷᠤ ᠳᠤᠨᠢ ᠲᠤᠭᠤᠷᠢᠭ ᠬᠡᠯᠪᠡᠷᠢ ᠶᠢᠨ ᠰᠢᠷᠤᠢ ᠶᠢᠨ ᠤᠪᠤᠭ᠎ᠠ ᠵᠢᠷᠭᠤᠭ᠎ᠠ ᠪᠠᠶᠢᠵᠦ᠂ ᠲᠦᠪ ᠲᠤᠮᠳᠠᠬᠢ ᠨᠡᠯᠢᠶᠡᠳ ᠪᠦᠳᠦᠬᠦᠨ ᠤᠪᠤᠭ᠎ᠠ ᠨᠢ ᠲᠠᠷᠤᠢ ᠬᠦᠡᠭᠵᠤ ᠶᠢᠨ ᠱᠠᠷᠢᠯ ᠢ ᠤᠷᠤᠰᠢᠭᠤᠯᠤᠠᠨᠰᠠᠨ ᠪᠤᠯᠠᠰᠢ ᠪᠠᠶᠢᠯ᠎ᠠ᠃ ᠭᠤᠤᠯ ᠬᠠᠭᠠᠯᠭ᠎ᠠ ᠶᠢᠨ ᠡᠮᠤᠨ᠎ᠠ ᠨᠢ ᠦᠨᠳᠤᠷ ᠲᠤᠮᠤ ᠴᠢᠯᠠᠭᠤᠨ ᠬᠦᠰᠢᠶ᠎ᠠ ᠨᠢᠬᠡ ᠪᠠᠶᠢᠳᠠᠭ ᠨᠢ ᠲᠡᠭᠷᠢ ᠲᠡᠳᠬᠦᠭᠴᠢ ᠬᠠᠭᠠᠨ ᠠᠴᠠ ᠪᠤᠰᠬᠠᠠᠨᠰᠠᠨ ᠪᠠᠶᠢᠵᠦ᠂ ᠮᠤᠩᠭᠤᠯ᠂ ᠮᠠᠨᠵᠦ᠂ ᠬᠢᠳᠠᠳ ᠭᠤᠷᠪᠠᠨ ᠬᠡᠯᠡᠨ ᠤ ᠦᠰᠦᠭ ᠢᠶᠠᠷ ᠬᠦᠰᠢᠶᠡᠨ ᠪᠢᠴᠢᠬᠡᠰᠤ ᠰᠡᠶᠢᠯᠦᠭᠰᠡᠨ ᠨᠢ ᠲᠤᠳᠤᠷᠬᠠᠢ ᠲᠠᠨᠢᠠᠨᠳᠠᠵᠦ ᠪᠠᠶᠢᠯ᠎ᠠ᠃ ᠲᠠᠷᠠᠴᠢᠯᠡᠨ ᠤᠡᠭᠭᠤᠨ ᠤ ᠰᠠᠬᠢᠭᠤᠯ ᠡᠷᠤᠬᠡ ᠲᠤᠮᠢᠯᠠᠵᠦ ᠤᠶᠢᠷᠠᠯᠴᠠᠭ᠎ᠠ ᠰᠠᠭᠤᠯᠭᠠᠭᠠᠳ ᠤᠡᠭᠭᠤᠨ ᠬᠠᠷᠠᠬᠤ ᠪᠠ ᠱᠦᠬᠦᠷᠳᠡᠵᠦ ᠴᠡᠪᠡᠷᠯᠡᠬᠦ᠂ ᠲᠠᠬᠢᠬᠤ ᠶᠠᠪᠤᠳᠠᠯ ᠢ ᠬᠠᠷᠢᠭᠤᠴᠠᠭᠤᠯᠵᠡᠢ᠃ ᠡᠶᠢᠮᠦ ᠠᠴᠠ ᠡᠨ᠋ᠨ ᠠᠶᠢᠯ ᠨᠢ ᠠᠷᠪᠠᠨ ᠭᠡᠷ ᠬᠡᠵᠦ ᠨᠡᠷᠡᠰᠢᠬᠡᠳ ᠬᠦᠡᠭᠵᠤ ᠶᠢᠨ ᠤᠡᠭᠭᠤᠨ ᠢ ᠪᠠᠰᠨ ᠠᠷᠪᠠᠨ ᠬᠡᠷ ᠤᠨ ᠬᠦᠡᠭᠵᠤ ᠶᠢᠨ ᠤᠡᠭᠭᠤᠨ ᠪᠤᠶᠤ ᠬᠤᠶᠠᠳᠤᠭᠠᠷ ᠬᠦᠡᠭᠵᠤ ᠶᠢᠨ ᠤᠡᠭᠭᠤᠨ ᠬᠡᠳᠡᠭ᠃    1966 ᠤᠨ ᠤ 9 ᠰᠠᠷ᠎ᠠ ᠳᠤ ︽ᠰᠤᠶᠤᠯ ᠤᠨ ᠶᠡᠭᠡ ᠬᠤᠪᠢᠰᠬᠠᠯ︾ ᠨᠢ ᠲᠦᠷᠪᠡᠨ ᠬᠠᠭᠤᠴᠢᠨ ᠢ ᠡᠪᠳᠡᠬᠦ ᠦᠶᠡᠰ ᠪᠠᠶ᠋ᠬᠠᠷᠳᠡᠨᠢ ᠰᠤᠮᠤ ᠶᠢᠨ ᠱᠸᠡᠭᠯᠢ ᠶᠡᠭᠡ ᠪᠠᠷᠢᠭᠠᠳᠠ ᠪᠤᠯᠤᠨ ᠬᠦᠡᠭᠵᠤ ᠶᠢᠨ ᠤᠡᠭᠭᠤᠨ ᠤ ᠤᠶᠢᠷᠠᠯᠴᠠᠭ᠎ᠠ ᠦᠢᠯᠡᠳᠪᠤᠷᠢᠯᠡᠯ ᠤᠨ ᠪᠠᠷᠢᠭᠠᠳᠠ ᠶᠢᠨ ᠮᠠᠯᠴᠢᠳ ᠰᠦᠮ᠎ᠠ ᠨᠤᠷᠠᠭᠠᠠᠨᠰᠠᠨ ᠡᠷᠴᠢᠨ ᠲᠡᠭᠡᠷ᠎ᠠ ᠪᠠᠨ ᠪᠦᠬᠦᠳᠡᠭᠡᠷ ᠬᠦᠡᠭᠵᠤ ᠶᠢᠨ ᠤᠡᠭᠭᠤᠨ ᠳᠤ ᠤᠴᠢᠵᠦ᠂ ᠪᠤᠯᠠᠰᠢ ᠶᠢ ᠨᠢ ᠮᠠᠯᠳᠠᠨ ᠪᠤᠩᠬᠤᠨ ᠢ ᠨᠢ ᠡᠪᠳᠡᠭᠰᠡᠨ ᠪᠠᠶᠢᠨ᠎ᠠ᠃ ᠠᠶᠢᠮᠠᠭ ᠤᠨ ᠪᠢᠴᠢᠭ ᠲᠤᠷᠠᠰᠬᠠᠯ ᠤᠨ ᠠᠵᠢᠯ ᠤᠨ ᠦᠷᠳᠡᠭᠡᠨ ᠤ ᠪᠠᠨ ᠴᠢᠮᠡᠭᠡ ᠰᠤᠨᠤᠰᠤᠮᠬᠠᠴᠨ ᠬᠦᠷᠴᠤ ᠢᠷᠡᠭᠡᠳ ᠤᠡᠭᠭᠤᠨ ᠳᠤ ᠪᠠᠶᠢᠠᠠᠰᠡᠨ ᠵᠦᠢᠯᠡᠰ ᠢ ᠬᠤᠷᠢᠶᠠᠨ ᠠᠪᠤᠪᠠ᠃ ᠡᠭᠦᠨ ᠳᠤ ᠰᠢᠷᠭᠠᠯ ᠨᠤᠭᠤᠭᠠᠨ ᠦᠡᠭᠭᠡ ᠲᠠᠢ ᠰᠤᠪᠤᠳ ᠤᠨ ᠬᠠᠳᠬᠤᠮᠠᠯᠳᠤ ᠨᠠᠢᠮᠠᠨ ᠯᠤᠤᠳᠤ ᠴᠠᠮᠴᠨ ᠨᠢᠬᠡ ᠵᠠᠬ᠎ᠠ᠂ ᠨᠠᠢᠮᠠᠨ ᠲᠦᠬᠦᠷᠢᠭ ᠬᠡ ᠶᠢᠨ ᠲᠤᠳᠤᠷ᠎ᠠ ᠵᠢᠵᠢᠭ ᠰᠤᠪᠤᠳ ᠨᠤᠭᠤᠭᠠᠨ ᠢᠶᠠᠷ ᠬᠠᠳᠬᠤᠮᠠᠯᠯᠠᠵᠦ ᠭᠠᠷᠭᠠᠠᠨᠰᠠᠨ ᠯᠤᠤ ᠨᠤᠭᠤᠳ ᠨᠢ ᠰᠠᠬᠠᠯ ᠬᠢᠮᠤᠰᠤ ᠰᠠᠷᠵᠠᠶᠢᠯᠭᠠᠨ ᠶᠠᠭ ᠯᠨ ᠠᠮᠢᠳᠤ ᠮᠡᠳᠤ ᠪᠦᠬᠡᠳ ᠬᠤᠭᠤᠯᠠᠪᠴᠢ ᠪᠠ ᠬᠠᠨᠴᠤᠢ ᠶᠢᠨ ᠬᠦᠪᠡᠭᠡ ᠪᠠᠷ ᠨᠢ ᠬᠠᠷ᠎ᠠ ᠲᠤᠤᠰᠨ ᠲᠠᠷᠤᠭᠤᠯᠵᠦ᠂ ᠲᠡᠬᠡᠬᠦᠷ ᠨᠢ ᠵᠢᠵᠢᠭ ᠰᠤᠪᠤᠳ ᠨᠤᠭᠤᠳ ᠢᠶᠠᠷ ︽万︾ ︵ᠲᠦᠮᠨ︶ ᠦᠰᠦᠭ ᠤᠨ ᠤᠭᠠᠯᠵᠨ ᠭᠠᠷᠭᠠᠨ ᠰᠢᠬᠢᠳᠬᠡᠵᠡᠢ᠃ ᠡᠨ᠋ᠨ ᠴᠠᠮᠴᠨ ᠳᠤ ᠤᠷᠤᠭᠤᠯᠤᠠᠨᠰᠠᠨ ᠰᠤᠪᠤᠳ ᠲᠦᠭ ᠲᠦᠮᠡᠨ ᠶᠡᠭᠡ ᠪᠠᠭ᠎ᠠ ᠨᠢ ᠡᠬᠡᠬᠡ ᠠᠳᠠᠯᠢᠬᠠᠨ ᠪᠦᠬᠡᠳ ᠬᠤᠪᠤᠷ ᠴᠤᠬᠠᠭ ᠡᠷᠳᠡᠨᠢ ᠪᠠᠶᠢᠵᠦ᠂ ᠴᠤᠬᠤᠮ ᠴᠤ ᠰᠤᠯᠤᠩᠭᠠᠳᠤ ᠨᠦᠮᠦᠷᠭᠡ ᠭᠡᠭᠴᠢ ᠡᠨ᠋ᠨ ᠪᠤᠯᠤᠨ᠎ᠠ᠃    ᠲᠡᠭᠡᠷ᠎ᠠ ᠲᠤᠷᠠᠳᠤᠠᠨᠰᠠᠨ ᠬᠦᠡᠭᠵᠤ ᠶᠢᠨ ᠪᠤᠩᠬᠤᠨ ᠠᠴᠠ ᠭᠠᠷᠤᠠᠨᠰᠠᠨ ᠪᠢᠴᠢᠭ ᠲᠤᠷᠠᠰᠬᠠᠯ ᠤᠨ ᠵᠦᠢᠯᠡᠰ ᠢ 1975 ᠤᠨ ᠤ ᠭᠤᠷᠪᠠᠨ ᠰᠠᠷ᠎ᠠ ᠶᠢᠨ ᠬᠤᠷᠢᠨ ᠨᠠᠢᠮᠠᠨ ᠤ ᠡᠳᠤᠷ ᠠᠶᠢᠮᠠᠭ ᠤᠨ ᠪᠢᠴᠢᠭ ᠲᠤᠷᠠᠰᠬᠠᠯ ᠤᠨ ᠠᠵᠢᠯ ᠤᠨ ᠦᠷᠳᠡᠭᠡ ᠳᠤ ᠰᠢᠯᠵᠢᠬᠦᠯᠤᠨ ᠦᠭᠴᠤ᠂ ᠲᠡᠨᠳᠠ ᠬᠠᠳᠠᠭᠠᠯᠠᠨ ᠬᠠᠮᠠᠭᠠᠯᠠᠵᠦ ᠬᠤᠷᠢᠶ᠋ᠬᠠᠰᠠᠨ ᠪᠠᠶᠢᠯ᠎ᠠ᠃    ᠭᠤᠤᠯ ᠯᠠᠪᠯᠬᠠᠰᠠᠨ ᠮᠠᠲ᠋ᠧᠷᠢᠶᠠᠯ᠄    1᠂ ᠪᠠᠭᠠᠷᠢᠨ ᠪᠠᠷᠠᠭᠤᠨ ᠬᠤᠰᠢᠭᠤᠨ ᠤ ᠤᠤᠯ ᠤᠨ ᠰᠤᠶᠤᠯ ᠲᠡᠤᠬᠡ ᠶᠢᠨ ᠴᠤᠪᠤᠷᠠᠯ    2᠂ ᠴᠢᠩ ᠲᠠᠶᠢᠽᠦ᠋ᠩ᠂ ᠱᠢᠽᠤ᠂ ᠰᠢ ᠽᠦᠡᠭ ᠲᠦᠷᠪᠡᠨ ᠬᠠᠭᠠᠨ ᠤ ᠦᠨᠡᠨ ᠲᠡᠮᠳᠡᠭᠯᠡᠯ    3᠂ ᠳ᠋ᠦ᠋ ᠵᠢᠶ᠋ᠨ ᠵᠢᠢ ᠶᠢᠨ ᠵᠤᠬᠢᠶ᠋ᠬᠠᠰᠠᠨ ︽ᠴᠢᠩ ᠤᠯᠤᠰ ᠤᠨ ᠮᠠᠨᠵᠦ ᠮᠤᠩᠭᠤᠯ ᠤᠨ ᠤᠷᠤᠭ   ᠬᠤᠷᠢᠮ ᠤᠨ ᠬᠠᠷᠢᠴᠠᠭᠠᠨ ᠤ ᠰᠤᠳᠤᠯᠤᠯ︾ ᠤᠨ ᠠᠩᠬᠠᠳᠤᠭᠠᠷ ᠬᠡᠪᠯᠡᠯ    4᠂ ᠯᠢᠨᠰᠢ ᠰᠢᠶᠠᠨ ᠤ ᠦᠨᠳᠦᠰᠦᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠠᠴᠠ ᠨᠠᠶᠢᠷᠠᠭᠤᠯᠤᠠᠨᠰᠠᠨ᠂ ︽ᠭᠠᠯᠳᠠᠰᠤᠳᠡᠢ ᠭᠤᠤᠯ ᠤᠨ ᠲᠤᠯᠬᠢᠶᠠᠨ︾ ᠰᠡᠳᠬᠦᠯ       ᠵᠣᠬᠢᠶᠠᠭᠴᠢ᠄ ᠪᠡ᠊᠂ ᠴᠤᠯᠮᠤᠨ    
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号