ᠠᠰᠠᠷ ᠤᠨ ᠴᠣᠩᠬᠤ ᠪᠠᠷ ᠬᠠᠪᠤᠷ ᠤᠨ ᠰᠠᠯᠬᠢ ᠰᠡᠪᠡᠯᠵᠡᠨ ᠦᠯᠢᠶᠡᠭᠡᠳ᠂ ᠲᠣᠭᠤᠭᠠᠨ ᠭᠡᠷ ᠠᠴᠠ ᠰᠦ ᠲᠠᠢ | ᠴᠠᠢ ᠶᠢᠨ ᠠᠮᠳᠠᠳᠦ ᠦᠨᠤᠷ ᠦᠨᠦᠷᠳᠦᠭᠳᠡᠬᠦ ᠠᠴᠠ ᠨᠦᠬᠦᠷ ᠮᠢᠨᠢ ᠡᠷᠳᠡ ᠪᠣᠰᠴᠢᠬᠠᠭᠠᠳ ᠶᠠᠭᠠᠷᠠᠵᠦ ᠪᠠᠶᠢᠬᠤ ᠶᠢ | ᠤᠯᠵᠦ ᠮᠡᠳᠡᠯ᠎ᠡ᠃ ᠪᠢ ᠬᠠᠨ᠎ᠠ ᠳᠤ ᠡᠯᠭᠦᠭᠡᠰᠤᠲᠡᠢ ᠴᠠᠭ ᠤᠯᠠᠷᠢᠯ ᠤᠨ ᠪᠢᠴᠢᠭ ᠢ ᠦᠵᠡᠬᠦ ᠳᠤ ᠥᠨᠥᠳᠦᠷ ᠨᠠᠳᠠ ᠳᠤ | ᠲᠡᠶᠢᠮᠦ ᠯᠡ ᠲᠣᠳᠤᠷᠠᠭᠤᠨ ᠶᠠᠮᠠᠷ ᠨᠢᠭᠡᠨ ᠤᠴᠢᠷ ᠢ ᠥᠭᠦᠯᠡᠵᠦ ᠪᠠᠶᠢᠬᠤ ᠰᠢᠭ᠋᠂ ᠲᠡᠶᠢᠮᠦ ᠡ︕ ᠥᠨᠥᠳᠦᠷ ᠪᠣᠯ | ᠠᠬ᠎ᠠ ᠶᠢᠨ ᠮᠢᠨᠢ ᠨᠠᠰᠤ ᠪᠠᠷᠠᠭᠰᠠᠨ ᠤᠢ ᠶᠢᠨ ᠡᠳᠤᠷ ᠪᠣᠯᠤᠨ᠎ᠠ᠃ ᠪᠢ ᠶᠠᠮᠠᠷ ᠨᠢᠭᠡᠨ ᠬᠦᠴᠦᠨ ᠳᠤ ᠲᠠᠳᠠᠭᠳᠠᠭᠰᠠᠨ ᠢ | ᠪᠦᠦ ᠮᠡᠳᠡ᠂ ᠦᠨᠳᠡᠶᠢᠨ ᠪᠤᠰᠴᠦ ᠪᠢᠴᠢᠭ ᠤᠨ ᠥᠷᠦᠭᠡ ᠤᠷᠤᠭᠤ ᠠᠯᠬᠤᠨ ᠨᠣᠮ ᠤᠨ ᠵᠢᠶᠠᠰᠠᠨ ᠤ ᠲᠡᠭᠡᠷ᠎ᠠ | ᠬᠤᠷᠭᠤᠨ ᠳᠤ ᠲᠠᠯᠪᠢᠭᠠᠰᠤᠲᠠᠢ ᠤᠯᠠᠭᠠᠨ ᠪᠠᠭᠯᠠᠭ᠎ᠠ ᠶᠢ ᠪᠢ ᠬᠥᠩᠭᠡᠬᠡᠨ ᠠᠪᠴᠦ ᠠᠯᠳᠠᠷᠠᠭᠠᠯᠠ᠃ | ᠪᠣᠷᠤ ᠡᠮᠵᠢᠶᠡᠷᠢ ᠲᠠᠢ ᠠᠷᠠᠰᠤᠨ ᠭᠤᠲᠤᠯ᠃ ᠣᠨ ᠵᠢᠯ ᠤᠳᠠᠭᠰᠠᠨ ᠪᠤᠯᠪᠠᠴᠦ ᠠᠷᠠᠰᠤᠨ ᠭᠤᠲᠤᠯ ᠤᠨ ᠮᠢᠨᠢ | ᠴᠢᠨᠠᠷ ᠬᠢᠴᠡ᠂ ᠶᠠᠩᠵᠦ ᠬᠡᠯᠪᠡᠷᠢ ᠨᠢ ᠲᠡᠶᠢᠮᠦ ᠯᠠ ᠭᠤᠶᠤ᠂ ᠲᠡᠶᠢᠮᠦ ᠯᠠ ᠤᠷᠠᠨ ᠨᠠᠷᠢᠯᠢᠭ ᠬᠠᠷᠠᠭᠳᠠᠨ᠎ᠠ᠃ | ᠴᠠᠴᠠᠷᠬᠢᠯᠡᠭᠰᠡᠨ ᠬᠤᠷᠤᠭᠤ ᠪᠠᠷ ᠢᠶᠠᠨ ᠠᠷᠠᠰᠤᠨ ᠭᠤᠲᠤᠯ ᠢ ᠲᠡᠮᠲᠡᠷᠢᠯᠡᠬᠦ ᠳᠤ ᠪᠢ ᠨᠢᠯᠪᠦᠰᠦ ᠪᠠᠨ ᠬᠤᠷᠢᠭᠯᠠᠵᠦ | ᠴᠢᠳᠠᠭᠰᠠᠨ ᠦᠭᠡᠢ᠂ ᠠᠬ᠎ᠠ ᠮᠢᠨᠢ ᠲᠠᠨ ᠤ ᠪᠠᠨ ᠦᠯᠡᠳᠡᠭᠡᠭᠰᠡᠨ ᠬᠠᠮᠤᠭ ᠡᠴᠦᠰ ᠤᠨ ᠪᠡᠯᠡᠭ ᠢ ᠪᠢ ᠳᠡᠯᠭᠡᠨ ᠦᠵᠡᠬᠦ | ᠵᠣᠷᠢᠭ ᠪᠠᠶᠢᠭᠰᠠᠨ ᠦᠭᠡᠢ ᠰᠢᠤ︕ | ᠮᠢᠨᠦ ᠰᠠᠶᠢᠬᠠᠨ ᠠᠷᠠᠨᠰᠢᠨ ᠲᠠᠢ ᠬᠥᠮᠦᠰ ᠤᠨ ᠨᠢᠳᠤᠨ ᠳᠤ ᠲᠤᠯᠠᠭᠠᠬᠠᠨ ᠬᠠᠷᠠᠭᠳᠠᠳᠠᠭ ᠠᠬ᠎ᠠ ᠶᠢᠨ ᠮᠢᠨᠢ ᠪᠡᠷ᠎ᠡ | ᠨᠢᠳᠤᠨ ᠳᠤ ᠪᠦᠷᠳᠦᠯᠵᠠᠨ ᠬᠠᠷᠠᠭᠳᠠᠭᠠᠳ ᠬᠤᠯᠠ ᠶᠢᠨ ᠬᠤᠯᠠᠬᠢ ᠣᠨ ᠰᠠᠷ᠎ᠠ ᠤᠳ ᠺᠢᠨᠣ᠋ ᠮᠡᠳᠦ ᠳᠡᠯᠭᠡᠭᠳᠡᠯ᠎ᠡ ᠁ | ᠤᠨᠠᠬᠤ ᠨᠠᠷᠠᠨ ᠤ ᠡᠴᠦᠰ ᠤᠨ ᠲᠤᠶᠠᠭᠠᠨ ᠳᠤ ᠬᠠᠰᠢᠶ᠎ᠠ ᠬᠦᠷᠢᠶᠡᠨ ᠤ ᠮᠢᠨᠢ ᠬᠤᠨᠢᠳ ᠲᠠᠪᠠᠲᠠᠢ ᠬᠡᠪᠢᠯᠬᠢᠯᠡᠨᠡ᠂ | ᠠᠪᠤ ᠮᠢᠨᠢ ᠪᠠᠷᠠᠭᠤᠨ ᠦᠷᠤᠬᠡᠨ ᠤ ᠬᠠᠨᠵᠤᠨ ᠳᠡᠭᠡᠷ᠎ᠡ ᠰᠠᠭᠤᠴᠢᠬᠠᠭᠠᠳ ᠨᠠᠪᠴᠢᠨ ᠳᠠᠮᠠᠬᠢ ᠪᠠᠨ ᠬᠦᠴᠦᠲᠡᠢ | ᠰᠤᠷᠤᠯᠬᠢᠯᠠᠨᠠ᠃ ᠡᠵᠢ ᠶᠠᠭᠤ ᠨᠢᠭᠡ ᠶᠢ ᠶᠠᠷᠢᠬᠤ ᠭᠡᠰᠡᠨ ᠰᠢᠭ ᠪᠠᠰᠠ ᠶᠠᠭᠤ ᠨᠢᠭᠡ ᠶᠢ ᠬᠢᠬᠦ ᠭᠡᠰᠡᠨ ᠰᠢᠭ | ᠡᠴᠤᠰ ᠲᠡᠭᠡᠨ ᠶᠠᠭᠤ ᠴᠦ ᠶᠠᠷᠢᠭ᠎ᠠ ᠦᠭᠡᠢ᠂ ᠶᠠᠭᠤ ᠴᠦ ᠬᠢᠭᠡ ᠦᠭᠡᠢ ᠤᠷᠳᠦ ᠠᠴᠠ ᠤᠷᠳᠤ ᠰᠡᠭᠦᠷᠡᠰᠦᠯᠡᠨ᠎ᠡ᠂ ᠭᠡᠷ | ᠳᠣᠲᠤᠷ᠎ᠠ ᠶᠡᠷᠦᠨᠢ ᠡᠶᠢᠮᠦ ᠨᠠᠮ ᠵᠢᠮ ᠪᠠᠶᠢᠵᠦ ᠥᠩᠭᠡᠷᠡᠭᠡ ᠦᠭᠡᠢ᠂ ᠬᠤᠨᠢᠨ ᠬᠠᠰᠢᠶᠠᠨ ᠤ ᠡᠭᠦᠳᠡᠨ ᠲᠡᠭᠡᠷ᠎ᠠ ᠠᠬ᠎ᠠ | ᠮᠢᠨᠢ ᠬᠤᠳᠠ ᠲᠠᠢ ᠬᠤᠨᠢᠳ ᠲᠠᠢ ᠪᠠᠨ ᠶᠠᠭᠤ ᠨᠢᠭᠡ ᠶᠢ ᠶᠠᠷᠢᠬᠤ ᠰᠢᠬ ᠵᠣᠭᠰᠤᠨ᠎ᠠ᠃ | ︽ᠦ ᠁ ᠦ ᠁ ᠠᠰᠠᠷ ᠲᠤ ᠰᠠᠭᠤᠨ᠎ᠠ᠂ ᠬᠤᠳᠠ ᠳᠤ ᠠᠮᠢᠳᠤᠷᠠᠬᠤ ᠪᠣᠯᠤᠯ᠎ᠠ ᠁︾ ᠭᠡᠬᠦ | ᠪᠢᠴᠢᠬᠠᠨ ᠠᠴᠢ ᠬᠦᠦ ᠶᠢᠨ ᠮᠢᠨᠢ ᠬᠦᠭᠰᠡᠨ ᠪᠠᠶᠠᠷᠯᠠᠬᠤ ᠲᠠᠭᠤᠨ ᠳᠤ ᠪᠡᠷᠭᠡᠨ ᠪᠡ ᠠᠴᠢ ᠬᠦᠦ ᠠᠶᠢᠯ ᠠᠴᠠ ᠪᠤᠴᠠᠵᠦ | ᠢᠷᠡᠭᠰᠡᠨ ᠢ ᠮᠡᠳᠡᠯ᠎ᠡ᠃ ᠣᠳᠣ ᠪᠤᠳᠤᠬᠤᠯᠠᠷ ᠲᠠᠷᠡ ᠴᠠᠭ ᠮᠥᠴᠡ ᠳᠤ ᠮᠠᠨ ᠤ ᠭᠡᠷ ᠲᠡᠭᠡᠨ ᠵᠥᠪᠬᠡᠨ ᠪᠡᠷᠭᠡᠨ ᠪᠡ | ᠪᠢᠴᠢᠬᠠᠨ ᠠᠴᠢ ᠬᠦᠦ ᠮᠢᠨᠢ ᠯᠡ ᠪᠠᠶᠠᠷᠯᠠᠩᠭᠤᠢ ᠪᠠᠶᠢᠭᠰᠠᠨ ᠪᠠᠶᠢᠬ᠎ᠠ ᠡ︕ ᠲᠡᠶᠢᠮᠦ ᠡ︕ ᠪᠡᠷᠭᠡᠨ ᠶᠡᠭᠡ | ᠬᠤᠳᠠ ᠳᠤ ᠤᠴᠢᠵᠦ ᠭᠤᠲᠤᠯ ᠬᠤᠳᠠᠯᠳᠤᠬᠤ ᠠᠷᠠᠯᠵᠢᠶ᠎ᠠ ᠬᠢᠬᠦ ᠪᠠᠷ ᠰᠢᠢᠳᠭᠡᠳ ᠬᠠᠭᠠᠰ ᠵᠢᠯ ᠰᠢᠬᠠᠮ ᠪᠤᠯᠵᠦ | ᠪᠠᠶᠢᠬᠤ ᠶᠤᠮ᠃ ᠠᠪᠤ ᠡᠵᠢ ᠪᠡ ᠠᠬ᠎ᠠ ᠮᠢᠨᠢ ᠪᠡᠷᠭᠡᠨ ᠤ ᠰᠠᠨᠠᠯ ᠢ ᠪᠦᠷ ᠵᠦᠪᠰᠢᠶᠡᠷᠬᠦ ᠦᠭᠡᠢ ᠪᠠᠶᠢᠭᠰᠠᠨ᠂ ᠣᠳᠣ ᠳᠤ | ᠶᠠᠮᠠᠷ ᠰᠢᠯᠳᠠᠭᠠᠨ ᠢ ᠪᠢ ᠮᠡᠳᠡᠬᠦ ᠦᠭᠡᠢ᠂ ᠮᠠᠷᠭᠠᠰᠢ ᠠᠬ᠎ᠠ ᠪᠡᠷᠭᠡᠨ ᠭᠤᠷᠪᠠᠨ ᠠᠮᠠ ᠪᠠᠷ ᠢᠶᠠᠨ ᠬᠤᠲᠠᠨ ᠳᠤ ᠶᠠᠪᠤᠬᠤ | ᠪᠣᠯᠤᠭᠰᠠᠨ ᠪᠠᠶᠢᠨ᠎ᠠ᠃ | ᠡᠨᠡᠬᠦ ᠰᠡᠳᠭᠢᠯ ᠶᠠᠳᠠᠮᠠᠷ ᠠᠬᠤᠢ ᠪᠠᠶᠢᠳᠠᠯ ᠳᠤ ᠪᠢ ᠲᠡᠰᠬᠦ ᠠᠯᠳᠠᠷᠠᠵᠦ ᠡᠷᠳᠡᠬᠡᠨ ᠤᠷᠤ ᠪᠠᠨ ᠵᠠᠰᠠᠵᠦ | ᠤᠨᠳᠠᠬᠤ ᠪᠠᠷ ᠪᠣᠯᠤᠭᠰᠠᠨ ᠪᠢᠯᠡ᠃ ᠭᠡᠪᠡᠴᠦ ᠨᠦᠢᠷ ᠢ ᠮᠢᠨᠢ ᠨᠣᠬᠠᠢ ᠲᠤᠯᠢᠶᠠᠭᠰᠠᠨ ᠰᠢᠭ᠋ ᠤᠷᠪᠠᠵᠦ ᠭᠦᠷᠪᠡᠭᠡᠳ | ᠶᠡᠷᠦ ᠨᠢ ᠤᠨᠳᠠᠵᠦ ᠣᠷᠤᠭ᠎ᠠ ᠦᠭᠡᠢ᠂ ᠡᠴᠦᠰ ᠲᠡᠭᠡᠨ ᠪᠢ ᠭᠠᠳᠠᠨ᠎ᠠ ᠭᠠᠷᠴᠦ ᠰᠡᠷᠢᠭᠦᠴᠡᠬᠦ ᠪᠠᠷ ᠪᠣᠯᠤᠯ᠎ᠠ᠃ ᠪᠢ | ᠡᠭᠦᠳᠡ ᠨᠡᠭᠡᠭᠡᠮᠡᠭᠴᠡ ᠪᠦᠦᠷ ᠲᠦᠦᠷ ᠰᠠᠷᠠᠨ ᠤ ᠭᠡᠷᠡᠯ ᠳᠤ ᠠᠬ᠎ᠠ ᠶᠢᠨ ᠪᠠᠷ᠎ᠠ ᠶᠢ ᠤᠯᠵᠦ ᠬᠠᠷᠠᠯ᠎ᠠ᠂ ᠠᠬ᠎ᠠ ᠮᠢᠨᠢ | ᠬᠠᠰᠢᠶᠠᠨ ᠡᠭᠦᠳᠡᠨ ᠤ ᠬᠠᠵᠠᠭᠤ ᠳᠤ ᠪᠣᠳᠤᠯᠭᠠᠰᠢᠷᠠᠨ ᠵᠣᠭᠰᠤᠭᠰᠠᠭᠠᠷ ᠁ | ᠬᠥᠭᠡᠷᠦᠬᠦᠢ ᠠᠬ᠎ᠠ ᠮᠢᠨᠢ ᠨᠤᠳᠤᠭ ᠤᠰᠦ᠂ ᠠᠪᠤ ᠡᠵᠢ᠂ ᠠᠬ᠎ᠠ ᠳᠡᠭᠦᠦ᠂ ᠮᠠᠯ ᠲᠠᠷᠢᠶ᠎ᠠ ᠠᠴᠠ ᠪᠠᠨ ᠰᠠᠯᠵᠦ | ᠶᠠᠳᠠᠭᠰᠠᠨ ᠪᠠᠶᠢᠯᠭᠦᠢ︕ ᠡᠳᠡᠭᠡᠷ ᠪᠦᠬᠦᠨ ᠨᠢ ᠠᠬ᠎ᠠ ᠶᠢᠨ ᠮᠢᠨᠢ ᠰᠦᠭ ᠰᠦᠨᠡᠰᠤᠨ ᠳᠤ ᠤᠶᠠᠭᠠᠲᠠᠢ ᠪᠠᠶᠢᠳᠠᠭ ᠢ ᠪᠢ | ᠬᠡᠨ ᠠᠴᠠ ᠴᠦ ᠢᠯᠡᠭᠦᠦ ᠤᠶᠢᠯᠠᠭᠠᠳᠠᠭ ᠶᠤᠮ᠃ ᠬᠤᠳᠠ ᠳᠤ ᠣᠴᠢᠪᠠᠯ ᠴᠣᠬᠤᠮ ᠶᠠᠮᠠᠷᠬᠠᠨ ᠮᠠᠶ᠋ᠢᠭ ᠢᠶᠠᠷ | ᠠᠮᠢᠳᠤᠷᠠᠬᠤ ᠶᠢ ᠲᠡᠳᠦᠢ ᠯᠡ ᠲᠤᠳᠦ ᠮᠡᠳᠡᠬᠦ ᠦᠭᠡᠢ ᠴᠦ ᠥᠰᠴᠦ ᠲᠥᠷᠦᠭᠰᠡᠨ ᠥᠯᠦᠭᠡᠢ ᠨᠤᠳᠤᠭ᠂ ᠥᠰᠭᠡᠵᠦ | ᠲᠤᠳᠤᠮᠳᠤᠭᠰᠠᠨ ᠮᠠᠯ ᠰᠦᠷᠦᠭ ᠠᠴᠠ ᠪᠠᠨ ᠰᠠᠯᠪᠠᠯ ᠶᠠᠭᠠᠬᠢᠬᠤ ᠶᠢ ᠠᠬ᠎ᠠ ᠮᠢᠨᠢ ᠯᠠᠪᠲᠡᠢ ᠮᠡᠳᠡᠳᠡᠭ ᠪᠠᠶᠢᠯᠭᠦᠢ⁈ | ᠶᠠᠷᠥ ᠨᠢ ︽ᠬᠦᠮᠤᠨ ᠤ ᠵᠢᠷᠦᠬᠡ ᠶᠢ ᠦᠭᠡ ᠪᠠᠷ ᠲᠤᠯᠠᠭᠠᠴᠠᠭᠤᠯᠤᠨ᠎ᠠ︾ ᠭᠡᠳᠡᠭ ᠶᠤᠮ᠂ ᠪᠢ ᠠᠬ᠎ᠠ ᠶᠢᠨ ᠢᠶᠠᠨ | ᠲᠡᠷᠭᠡᠳᠡ ᠬᠦᠷᠴᠦ ᠣᠴᠢᠯ᠎ᠠ᠂ ᠮᠡᠳᠡᠭᠡ ᠣᠷᠤᠭᠰᠠᠨ ᠲᠡᠷᠡ ᠦᠶ᠎ᠡ ᠠᠴᠠ ᠡᠬᠢᠯᠡᠨ ᠠᠬ᠎ᠠ ᠮᠢᠨᠢ ᠨᠠᠳᠠ ᠳᠤ ᠲᠤᠩ | ᠬᠠᠶᠢᠷᠠᠲᠠᠢ ᠶᠢ ᠪᠢ ᠮᠡᠳᠡᠨ᠎ᠡ᠃ ᠠᠪᠦ ᠡᠵᠢ ᠳᠡᠭᠡᠨ ᠵᠢᠮᠡᠯᠡᠭᠳᠡᠬᠦ ᠪᠤᠶᠤ ᠠᠮᠢᠳᠤᠷᠠᠯ ᠰᠤᠷᠤᠯᠭ᠎ᠠ ᠲᠤᠮᠳᠠᠬᠢ ᠨᠤᠭᠤᠷᠠᠯ | ᠪᠦᠳᠦᠷᠢᠯ ᠢᠶᠠᠨ ᠪᠢ ᠪᠦᠷ ᠠᠬ᠎ᠠ ᠲᠠᠢ ᠪᠠᠨ ᠬᠤᠪᠢᠶᠠᠯᠴᠠᠳᠠᠭ ᠪᠠᠶᠢᠭᠰᠠᠨ ᠶᠤᠮ᠃ ᠠᠬ᠎ᠠ ᠮᠢᠨᠢ ᠠᠯᠢ ᠬᠡᠳᠦ᠋ᠢᠨ ᠪᠦᠬᠦ | ᠭᠡᠷ ᠤᠨ ᠢᠶᠠᠨ ᠠᠮᠢᠨ ᠲᠦᠰᠢᠭ᠂ ᠲᠡᠭᠦᠦ ᠮᠢᠨᠦᠬᠢ ᠪᠠᠨ ᠰᠡᠳᠭᠢᠯ ᠤᠨ ᠴᠠᠮᠬᠠᠭ ᠪᠣᠯᠤᠭᠰᠠᠨ ᠶᠤᠮ᠃ ᠲᠡᠷᠡ ᠦᠳᠡᠰᠢ | ᠠᠬ᠎ᠠ ᠪᠢᠳᠡ ᠬᠤᠶᠠᠷ ᠤᠨ ᠶᠠᠷᠢᠯᠴᠠᠭ᠎ᠠ ᠪᠠᠨ ᠲᠣᠳᠤᠷᠬᠠᠢ ᠴᠡᠭᠡᠵᠢᠯᠡᠭᠰᠡᠨ ᠦᠭᠡᠢ ᠪᠠᠶᠢᠪᠠᠴᠦ ᠠᠬ᠎ᠠ ᠮᠢᠨᠢ ᠴᠦ | ᠰᠡᠳᠭᠢᠯ ᠠᠮᠠᠷᠠᠵᠤ᠂ ᠠᠯᠤᠰ ᠤᠨ ᠠᠶᠠᠨ ᠢᠶᠠᠨ ᠬᠥᠭᠡᠭᠡᠬᠦ ᠪᠣᠯᠤᠭᠠᠳ᠂ ᠪᠢ ᠴᠦ ᠵᠣᠷᠢᠭ ᠰᠢᠢᠳᠵᠤ ᠠᠪᠤ ᠡᠵᠢ ᠠᠳᠠᠯ | ᠬᠡᠷ ᠢᠶᠠᠨ ᠠᠰᠠᠷᠠᠵᠤ ᠳᠣᠳᠤᠮᠳᠠᠵᠤ ᠠᠵᠢᠯ ᠰᠤᠷᠤᠯᠭ᠎ᠠ ᠳᠠᠭᠠᠨ ᠴᠢᠷᠮᠠᠶᠢᠵᠤ ᠶᠠᠪᠤᠬᠤ ᠪᠠᠷ ᠪᠣᠯᠤᠭᠰᠠᠨ ᠪᠠᠶᠢᠨ᠎ᠠ᠃ | ᠲᠡᠭᠡᠭᠡᠳ ᠯᠠ ᠠᠮᠳᠠᠳᠤ ᠨᠦᠢᠷ ᠲᠠᠭᠠᠨ ᠱᠤᠩᠪᠠᠴᠢᠬᠠᠭᠠᠳ ᠮᠠᠷᠭᠠᠰᠢ ᠶᠢᠨ ᠨᠠᠷᠠ ᠥᠨᠳᠦᠷ ᠲᠤ ᠮᠠᠠᠳᠤᠴᠢᠬᠠᠬᠤ ᠳᠤ | ᠰᠠᠶ᠋ᠢ ᠦᠨᠳᠡᠶᠢᠨ ᠪᠣᠰᠤᠭᠰᠠᠨ ᠪᠠᠶᠢᠨ᠎ᠠ᠃ ᠬᠤᠪᠴᠠᠰᠤ ᠪᠠᠨ ᠬᠠᠰᠢ ᠶᠠᠰᠢ ᠨᠦᠮᠤᠷᠢᠴᠢᠭᠡᠭᠡᠳ ᠶᠠᠭᠠᠷᠠᠤ ᠰᠠᠳᠤᠷᠤᠤ | ᠠᠬ᠎ᠠ ᠪᠡᠷᠭᠡᠨ ᠤ ᠤᠨᠳᠠᠯᠭ᠎ᠠ ᠶᠢᠨ ᠥᠷᠦᠭᠡ ᠤᠷᠤᠭᠤ ᠬᠦᠶᠤᠵᠤ ᠬᠦᠷᠦᠯ᠎ᠡ᠂ ᠳᠡᠳᠡᠨᠠᠷ ᠮᠢᠨᠢ ᠬᠡᠨᠡᠳᠳᠡ ᠶᠢᠨ | ᠰᠢᠢᠳᠪᠤᠷᠢ ᠳᠤᠭᠳᠠᠭᠠᠵᠤ ᠬᠤᠳᠠ ᠳᠤ ᠶᠠᠪᠤᠬᠤ ᠪᠠᠨ ᠪᠣᠯᠢᠭᠰᠠᠨ ᠪᠤᠯ ᠬᠡᠳᠦᠢ ᠰᠠᠶᠢᠬᠠᠨ ᠪᠢᠯᠡ ᠭᠡᠵᠤ ᠪᠣᠳᠤᠵᠤ | ᠦᠵᠡᠯ᠎ᠡ᠂ ᠠᠢ︕ ᠠᠬ᠎ᠠ ᠪᠡᠷᠭᠡᠨ ᠮᠢᠨᠢ ᠶᠠᠪᠤᠴᠢᠬᠠᠯ᠎ᠠ︕ ᠬᠠᠨ᠎ᠠ ᠳᠡᠭᠡᠷ᠎ᠡ ᠨᠢ ᠠᠬ᠎ᠠ ᠶᠢᠨ ᠮᠢᠨᠢ ᠬᠠᠶᠢᠷᠠᠳᠠᠢ | ᠮᠤᠩᠭᠤᠯ ᠬᠢᠳᠤᠭ᠎ᠠ ᠨᠢ ᠡᠯᠭᠦᠭᠡᠰᠦᠲᠡᠢ᠂ ᠲᠡᠷᠡᠬᠡᠨ ᠵᠠᠭᠤᠷ᠎ᠠ ᠳᠤᠳᠤᠭᠠᠳᠤ ᠰᠡᠳᠭᠢᠯᠭᠡ ᠮᠢᠨᠢ ᠶᠠᠮᠠᠷᠴᠦ ᠡᠰᠡᠷᠭᠦᠴᠡᠬᠦ | ᠴᠢᠳᠠᠪᠤᠷᠢ ᠪᠠᠨ ᠠᠯᠳᠠᠨ ᠡᠭᠰᠢᠨ ᠪᠦᠭᠰᠢᠨ ᠤᠬᠢᠯᠠᠴᠢᠬᠠᠭᠰᠠᠨ ᠪᠢᠯᠠ︕ ᠡᠵᠢ ᠮᠢᠨᠢ ᠨᠠᠮ᠎ᠠ ᠶᠢ ᠠᠷᠭᠠᠳᠠᠬᠤ ᠶᠤᠮ᠂ | ᠲᠡᠷᠡ ᠡᠳᠦᠷ ᠤᠨ ᠡᠷᠲᠡ ᠶᠢᠨ ᠬᠤᠭᠤᠯᠠ ᠶᠢ ᠬᠡᠨ ᠴᠦ ᠢᠳᠡᠵᠤ ᠣᠷᠤᠭ᠎ᠠ ᠦᠭᠡᠢ᠂ ᠭᠡᠪᠡᠴᠦ ᠠᠪᠤ | ᠥᠴᠦᠭᠡᠳᠦᠷ ᠲᠠᠢ ᠠᠳᠠᠯᠢᠳᠬᠠᠪᠠᠯ ᠶᠡᠭᠡ ᠴᠤᠭ ᠰᠦᠯᠳᠡ ᠲᠠᠢ ᠬᠠᠷᠠᠭᠳᠠᠵᠤ᠂ ᠲᠣᠭᠰᠢᠨ ᠬᠠᠷ᠎ᠠ ᠪᠠᠨ | ᠬᠠᠯᠠᠭᠤᠯᠴᠢᠬᠠᠭᠠᠳ᠄ ︽ᠵᠠ︕ ᠮᠢᠨᠦ ᠥᠬᠢᠨ ᠬᠡᠳᠦᠨ ᠰᠠᠷ᠎ᠠ ᠶᠢᠨ ᠳᠠᠷᠠᠭ᠎ᠠ ᠰᠤᠷᠭᠠᠭᠤᠯᠢ ᠪᠠᠨ ᠳᠡᠭᠦᠰᠴᠦ | ᠢᠷᠡᠴᠢᠬᠡᠭᠡᠳ ᠡᠷᠦᠬᠡ ᠭᠡᠷ ᠢᠶᠠᠨ ᠭᠡᠷᠡᠯᠳᠦᠭᠦᠯᠬᠦ ᠶᠤᠮ ᠡ︕︾ ᠭᠡᠵᠤ ᠢᠨᠢᠶᠡᠮᠰᠦᠭᠯᠡᠨ᠎ᠡ᠃ ᠲᠡᠶᠢᠮᠦ ᠡ︕ | ᠵᠢᠷᠠᠨ ᠤ ᠳᠠᠪᠠᠭ᠎ᠠ ᠶᠢ ᠳᠠᠪᠠᠭᠰᠠᠨ ᠠᠪᠤ ᠡᠵᠢ ᠮᠢᠨᠢ ᠲᠦᠰᠢᠭ ᠳᠤᠯᠭᠠᠭᠤᠷᠢ᠂ ᠬᠠᠶᠢᠷ᠎ᠠ ᠬᠠᠯᠠᠮᠵᠢ ᠭᠡᠷᠡᠭᠰᠡᠬᠦ ᠶᠤᠮ︕ | ᠲᠡᠷᠡᠬᠡᠨ ᠵᠠᠭᠤᠷ᠎ᠠ ᠰᠠᠶ᠋ᠢ ᠪᠢ ᠠᠪᠤ ᠶᠢᠨ ᠮᠢᠨᠢ ᠵᠠᠵᠢᠨ ᠦᠰᠦ ᠨᠢ ᠴᠠᠶᠢᠵᠦ ᠡᠬᠢᠯᠡᠭᠰᠡᠨ ᠢ ᠠᠩᠬᠠᠷᠴᠦ ᠮᠡᠳᠡᠭᠰᠡᠨ | ᠪᠠᠶᠢᠨ᠎ᠠ᠃ | ᠬᠡᠳᠦᠨ ᠡᠳᠦᠷ ᠤᠨ ᠳᠠᠷᠠᠭ᠎ᠠ ᠠᠮᠠᠷᠠᠯᠲᠠ ᠳᠠᠭᠤᠰᠴᠦ ᠪᠢ ᠴᠦ ᠰᠤᠷᠭᠠᠭᠤᠯᠢ ᠳᠠᠭᠠᠨ ᠬᠠᠷᠢᠴᠢᠬᠠᠯᠠ᠂ ᠳᠡᠭᠦᠰᠬᠦ | ᠬᠤᠭᠤᠴᠠᠭ᠎ᠠ ᠪᠣᠯᠤᠭᠰᠠᠨ ᠠᠴᠠ ᠮᠢᠨᠦ ᠰᠤᠷᠤᠯᠭ᠎ᠠ ᠲᠤᠩ ᠶᠠᠭᠠᠷᠠᠤ ᠭᠡᠷ ᠢᠶᠠᠨ ᠰᠠᠨᠠᠬᠤ ᠵᠠᠪ ᠴᠦ ᠪᠠᠶᠢᠭᠰᠠᠨ ᠦᠭᠡᠢ᠂ | ᠨᠢᠭᠡ ᠮᠡᠳᠡᠭᠰᠡᠨ ᠴᠢᠨᠢ ᠰᠤᠷᠭᠠᠭᠤᠯᠢ ᠲᠡᠭᠦᠰᠴᠦ ᠭᠡᠷ ᠲᠡᠭᠡᠨ ᠬᠠᠷᠢᠬᠤ ᠪᠤᠯᠴᠢᠬᠠᠭᠰᠠᠨ ᠪᠢᠯᠡ᠃ | ᠠᠷᠦ ᠭᠡᠷ ᠲᠡᠭᠡᠨ ᠰᠠᠭᠤᠭ᠎ᠠ ᠠᠪᠤ ᠡᠵᠢ ᠪᠠᠨ ᠪᠤᠳᠤᠬᠤ ᠳᠤ ᠮᠠᠰᠢᠨ ᠲᠡᠷᠭᠡ ᠴᠦ ᠲᠤᠩ ᠤᠳᠠᠭᠠᠨ ᠰᠠᠨᠠᠭᠳᠠᠨ᠎ᠠ᠃ | ᠠᠶᠢᠯ ᠤᠨ ᠡᠮᠦᠨᠡᠬᠢ ᠬᠦᠳᠦᠯ ᠲᠡᠭᠡᠷ᠎ᠡ ᠡᠵᠢ ᠮᠢᠨᠢ ᠨᠠᠮ᠎ᠠ ᠶᠢ ᠲᠤᠰᠴᠦ ᠠᠪᠦᠯᠠ᠂ ᠨᠠᠷᠠᠨ ᠤ ᠭᠡᠷᠡᠯ ᠳᠤ ᠬᠠᠭᠠᠰ | ᠪᠤᠭᠤᠷᠤᠯᠳᠤᠭᠰᠠᠨ ᠡᠵᠢ ᠶᠢᠨ ᠮᠢᠨᠢ ᠬᠡᠵᠢᠭᠡ ᠪᠡ ᠬᠠᠴᠠᠷ ᠨᠢᠭᠤᠷ ᠲᠠᠬᠢ ᠭᠦᠨ ᠠᠳᠤᠷᠢᠶᠡ ᠨᠢ ᠵᠢᠷᠤᠬᠡ ᠶᠢ | ᠡᠮᠵᠡᠭᠯᠡᠭᠦᠯᠦᠨ᠎ᠡ᠂ ᠬᠡᠳᠦᠬᠡᠨ ᠰᠠᠷ᠎ᠡ ᠶᠢᠨ ᠴᠢᠯᠦᠭᠡᠨ ᠳᠤ ᠡᠵᠢ ᠮᠢᠨᠢ ᠨᠢᠭᠡᠮᠦᠰᠤᠨ ᠦᠳᠡᠯᠦᠴᠢᠬᠡᠭᠰᠡᠨ ᠰᠢᠭ | ᠬᠠᠷᠠᠭᠳᠠᠯ᠎ᠠ᠃ ᠲᠡᠭᠡᠭᠡᠳ ᠯᠡ ᠪᠢ ᠡᠵᠢ ᠪᠠᠨ ᠬᠦᠩᠭᠡᠭᠡᠨ ᠲᠡᠪᠡᠷᠢᠵᠦ ᠦᠨᠦᠰᠦᠴᠢᠬᠡᠬᠡᠳ ᠲᠡᠨᠡᠭᠰᠢᠷᠡᠨ ᠢᠨᠢᠶᠡᠨ᠎ᠡ᠂ | ᠡᠵᠢ ᠴᠦ ᠨᠠᠮᠠᠶᠢ ᠬᠠᠷᠠᠭᠠᠳ ᠪᠠᠶᠠᠰᠤᠨ᠎ᠠ᠂ ᠪᠤᠷᠦ ᠭᠡᠷ ᠠᠴᠠ ᠮᠢᠨᠢ ᠤᠯᠤᠰ ᠤᠨ ᠺᠠᠳ᠋ᠷ ᠬᠦᠮᠦᠵᠢᠭᠦᠯᠬᠦ ᠭᠡᠭᠴᠢ ᠠᠮᠠᠷ | ᠦᠬᠡᠢ ᠰᠢᠤ ᠳ᠋ᠠ︕ ᠪᠢ ᠠᠬ᠎ᠠ ᠶᠢᠨ ᠲᠤᠬᠠᠢ ᠠᠰᠠᠭᠤᠬᠤ ᠶᠢ ᠰᠠᠨᠠᠭᠠᠰᠢᠷᠠᠭᠰᠠᠨ ᠴᠦ ᠵᠤᠷᠢᠭ ᠬᠦᠷᠦᠭᠰᠡᠨ ᠦᠭᠡᠢ᠂ | ᠭᠡᠳᠡᠯ᠎ᠡ ᠶᠡᠷᠦ ᠳᠡᠭᠡᠨ ᠨᠤᠮᠤᠢ ᠲᠤᠷᠤᠢ ᠦᠬᠡ ᠴᠦᠬᠡᠨ ᠡᠵᠢ ᠮᠢᠨᠢ ᠨᠠᠮ᠎ᠠ ᠪᠠᠨ ᠬᠠᠷᠠᠴᠢᠬᠠᠭᠠᠳ ᠶᠡᠭᠡ ᠯᠡ ᠬᠦᠭᠡᠷᠴᠦ | ᠡᠬᠢᠯᠡᠯ᠎ᠡ︕ | — ᠤᠳᠦ ᠶᠢᠨ ᠤᠯᠤᠰ ᠶᠠᠭᠠᠬᠢᠬᠤ ᠳᠠᠭᠠᠨ ᠪᠦᠷ ᠬᠤᠳᠠ ᠭᠡᠳ ᠬᠤᠷᠮᠤᠢ ᠳᠤᠨᠢ ᠬᠡᠢ ᠤᠷᠤᠴᠢᠬᠠᠪᠠ ᠳ᠋ᠠ᠂ | ᠨᠤᠳᠤᠭ ᠢᠶᠠᠨ ᠰᠠᠬᠢᠭᠰᠠᠨ ᠨᠢ ᠲᠤᠭ᠎ᠠ ᠲᠠᠢ ᠬᠡᠳᠤᠭᠡᠨ ᠪᠤᠭᠤᠷᠤᠯᠴᠤᠳ᠂ ᠠᠳᠠᠭ ᠨᠢ ᠪᠢᠷᠠᠭᠤ ᠬᠦᠳᠦᠯᠵᠦ᠂ ᠭᠠᠭ᠋ᠠᠢ | ᠰᠢᠷᠡᠭᠡᠳᠤᠯᠤᠶᠡ ᠭᠡᠳ ᠵᠠᠯᠠᠭᠤᠴᠤᠳ ᠤᠯᠬᠤ ᠦᠭᠡᠢ ᠰᠢᠦ ᠳ᠋ᠠ︕ ᠬᠤᠳᠠ ᠳᠤ ᠠᠮᠢᠳᠤᠷᠠᠬᠤ ᠨᠠᠭᠠᠳᠤᠮ ᠤᠤ︖ | ᠰᠢᠭᠡᠵᠤ ᠪᠠᠭᠠᠬᠤ ᠨᠢ ᠪᠦᠷ ᠵᠤᠭᠤᠰ ᠭᠡᠵᠤ ᠶᠠᠷᠢᠵᠤ ᠡᠬᠢᠯᠡᠯ᠎ᠡ᠂ ᠠᠬ᠎ᠠ ᠴᠢᠨᠢ ᠵᠠᠬᠢᠳᠠᠯ ᠢᠷᠡᠭᠰᠡᠨ ᠰᠢᠤ᠂ ᠬᠤᠲᠠ ᠳᠤ | ᠤᠴᠢᠭᠠᠳ ᠠᠷᠠᠯᠵᠢᠶ᠎ᠠ ᠮᠠᠶᠢᠮᠠᠢ ᠨᠢ ᠰᠢᠭᠤᠳ ᠦᠭᠡᠢ ᠬᠡᠳᠦᠨ ᠤᠳᠠᠭᠠᠨ ᠤ ᠨᠤᠭᠤᠷᠠᠯ ᠪᠦᠳᠦᠷᠢᠯ ᠳᠤ ᠤᠴᠠᠷᠠᠯ᠎ᠠ᠂ | ᠠᠪᠤ ᠴᠢᠨᠢ ᠨᠡᠮᠡᠷᠢ ᠪᠤᠯᠬᠤ ᠪᠠᠶᠢᠯᠬᠦᠢ ᠭᠡᠳ ᠬᠤᠳᠠ ᠲᠠᠢ ᠬᠤᠨᠢᠳ ᠢᠶᠠᠨ ᠬᠤᠳᠠᠯᠳᠤᠬᠤ ᠪᠠᠷ ᠠᠶᠢᠯ ᠳᠤ ᠪᠠᠭᠤᠭᠰᠠᠨ | ᠶᠤᠮ ᠁ | ᠭᠡᠷ ᠤᠨ ᠡᠭᠦᠳᠠᠨ ᠳᠤ ᠬᠦᠷᠴᠦ ᠢᠷᠡᠯ᠎ᠡ᠂ ᠶᠡᠷᠦ ᠠᠴᠠ ᠯᠠ ᠤᠯᠵᠠ ᠤᠮᠤᠭ ᠲᠠᠢ᠂ ᠤᠷᠤᠯᠭ᠎ᠠ ᠰᠠᠶᠢᠲᠠᠢ ᠴᠡᠪᠡᠷ | ᠰᠠᠶᠢᠬᠠᠨ ᠪᠠᠶᠢᠰᠢᠩ ᠭᠡᠷ ᠪᠠ ᠵᠤᠴᠢᠨ ᠭᠡᠶᠢᠴᠢᠳ ᠤᠯᠠᠨ ᠬᠤᠷᠠᠳᠠᠭ ᠡᠯᠪᠡᠭ ᠳᠡᠯᠪᠡᠭ ᠵᠢᠷᠭᠠᠯ ᠪᠢᠯᠬᠠᠳᠠᠭ ᠡᠷᠦᠭᠡ ᠭᠡᠷ | ᠮᠢᠨᠢ ᠲᠡᠶᠢᠮᠦ ᠯᠠ ᠰᠦᠭ ᠰᠦᠯᠳᠠ ᠦᠭᠡᠢ ᠬᠠᠷᠠᠭᠳᠠᠨ᠎ᠠ᠃ ᠳᠡᠭᠡᠭᠡᠳ ᠯᠠ ᠪᠢ ᠨᠢᠭᠡ ᠰᠠᠷ᠎ᠠ ᠶᠢᠨ ᠲᠠᠷᠠᠭ᠎ᠠ | ᠳᠠᠳᠤᠯᠭ᠎ᠠ ᠶᠢᠨ ᠰᠤᠷᠤᠭᠴᠢ ᠶᠢᠨ ᠠᠮᠢᠳᠤᠷᠠᠯ ᠢᠶᠠᠨ ᠡᠬᠢᠯᠡᠵᠤ ᠪᠢᠴᠢᠭ ᠵᠢᠭᠠᠵᠤ ᠬᠦᠮᠦᠨ ᠢ ᠬᠦᠮᠦᠵᠢᠭᠦᠯᠬᠦ ᠠᠵᠢᠯ ᠢᠶᠠᠨ | ᠡᠯᠭᠦᠭᠰᠡᠨ ᠪᠠᠶᠢᠨ᠎ᠠ᠃ ᠲᠤᠬᠠᠢ ᠶᠢᠨ ᠦᠶ᠎ᠡ ᠳᠤ ᠭᠡᠳᠦ᠋ᠢᠪᠡᠷ ᠰᠠᠷ᠎ᠠ ᠶᠢᠨ ᠴᠠᠯᠢᠩ ᠲᠤᠩ ᠪᠠᠭ᠎ᠠ ᠪᠠᠶᠢᠭᠰᠠᠨ ᠪᠤᠯᠪᠠᠴᠦ | ᠤᠯᠠᠷᠢᠯ ᠰᠤᠯᠢᠬᠤ ᠪᠤᠯᠤᠭᠰᠠᠭᠠᠷ ᠠᠬ᠎ᠠ ᠶᠢᠨ ᠭᠤᠶᠢᠪᠢᠭᠤᠯᠤᠭᠰᠠᠨ ᠭᠤᠶᠤ ᠠᠷᠠᠰᠤᠨ ᠭᠤᠳᠤᠯ ᠪᠠ ᠵᠠᠬᠢᠳᠠᠯ ᠢ | ᠲᠤᠰᠴᠦ ᠠᠮᠠ ᠳᠠᠷᠪᠠᠶᠢᠨ ᠪᠠᠶᠠᠷᠯᠠᠵᠤ ᠶᠠᠪᠤᠭᠰᠠᠨ ᠶᠤᠮ᠂ ᠤᠨ ᠵᠢᠯ ᠦᠡᠭᠭᠡᠷᠡᠭᠰᠡᠭᠡᠷ ᠁ ᠬᠠᠮᠳᠤ | ᠠᠵᠢᠯᠳᠠᠳ ᠤᠨ ᠳᠤᠮᠳᠠ ᠪᠠᠨ ᠮᠢᠨᠤ ᠡᠮᠤᠰᠬᠦ ᠠᠷᠠᠰᠤᠨ ᠭᠤᠳᠤᠯ ᠴᠠᠭ ᠦᠶ᠎ᠡ ᠶᠢᠨ ᠰᠢᠨ᠎ᠡ ᠤᠷᠤᠰᠬᠠᠯ ᠢ ᠳᠠᠭᠠᠵᠤ | ᠤᠯᠠᠨ ᠤ ᠨᠢᠳᠦᠨ ᠤ ᠬᠤᠷᠤᠬᠠᠢ ᠶᠢ ᠬᠦᠳᠡᠯᠭᠡᠵᠤ ᠶᠠᠪᠤᠭᠰᠠᠨ ᠶᠤᠮ᠃ | ᠨᠢᠭᠡᠨ ᠭᠠᠷᠠᠭ ᠤᠨ ᠡᠳᠦᠷ ᠪᠠᠶᠢᠵᠤ ᠪᠢᠯᠡ᠂ ᠪᠢ ᠠᠬ᠎ᠠ ᠶᠢᠨ ᠵᠠᠬᠢᠳᠠᠯ ᠢ ᠲᠤᠰᠤᠯ᠎ᠠ᠂ ᠶᠠᠷᠦ ᠳᠡᠭᠡᠨ ᠵᠠᠬᠢᠳᠠᠯ ᠲᠠᠢ | ᠬᠠᠮᠳᠤ ᠢᠷᠡᠳᠡᠭ ᠠᠷᠠᠰᠤᠨ ᠭᠤᠳᠤᠯ ᠮᠢᠨᠢ ᠪᠠᠶᠢᠭᠰᠠᠨ ᠦᠭᠡᠢ᠂ ᠵᠠᠬᠢᠳᠠᠯ ᠳᠠᠭᠠᠨ ᠠᠬ᠎ᠠ ᠮᠢᠨᠢ ᠰᠠᠷ᠎ᠠ ᠶᠢᠨ | ᠰᠡᠭᠦᠯᠴᠢ ᠪᠠᠷ ᠨᠤᠳᠤᠭ ᠢᠶᠠᠨ ᠡᠷᠭᠢᠵᠤ ᠦᠵᠡᠬᠦ ᠪᠠᠷ ᠢᠷᠡᠬᠦ ᠭᠡᠵᠤ ᠶᠠᠷᠢᠭᠰᠠᠨ ᠪᠢᠯᠡ᠃ ᠡᠨᠡ ᠨᠢ ᠮᠠᠨ ᠤ ᠪᠦᠬᠦ | ᠭᠡᠷ ᠤᠨ ᠬᠠᠮᠤᠭ ᠤᠨ ᠶᠡᠭᠡ ᠪᠠᠶᠠᠷ ᠤᠨ ᠴᠢᠮᠡᠭᠡ ᠪᠤᠯᠵᠤ᠂ ᠠᠪᠤ ᠡᠵᠢ ᠶᠠᠭᠠᠷᠠᠴᠢᠬᠠᠭᠠᠳ ᠬᠠᠳᠠᠭᠠᠭᠰᠠᠨ ᠪᠤᠷᠴᠠ᠂ | ᠠᠭᠠᠷᠤᠤᠯ ᠬᠤᠷᠤᠳ ᠢᠶᠠᠨ ᠪᠡᠯᠡᠳᠭᠡᠵᠤ ᠪᠦᠵᠢᠬᠢᠨᠠᠨᠠ᠃ | ᠪᠢ ᠴᠤ ᠡᠳᠦᠷ ᠬᠤᠨᠤᠭ ᠲᠤᠭᠠᠯᠠᠭᠰᠠᠭᠠᠷ ᠠᠬ᠎ᠠ ᠶᠢᠨ ᠢᠶᠠᠨ ᠬᠦᠷᠴᠦ ᠢᠷᠡᠬᠦ ᠡᠳᠦᠷ ᠢ ᠲᠤᠰᠴᠦ ᠠᠪᠤᠯ᠎ᠠ᠃ | ᠳᠡᠷᠡ ᠡᠳᠦᠷ ᠤᠨᠴᠠ ᠶᠢᠨ ᠳᠤᠩᠭᠠᠯᠠᠭ ᠪᠢ ᠭᠤᠶᠤ ᠪᠠᠩᠵᠠᠯ ᠢᠶᠠᠨ ᠡᠮᠤᠰᠴᠦ᠂ ᠠᠮᠠᠨ ᠳᠠᠭᠠᠨ ᠳᠠᠭᠤᠤ ᠭᠡᠨᠭᠰᠢᠭᠰᠡᠭᠡᠷ | ᠬᠡᠳᠦᠨ ᠴᠠᠭ ᠤᠨ ᠡᠮᠤᠨ᠎ᠠ ᠳᠡᠷᠭᠡᠨ ᠦᠷᠳᠡᠭᠡᠨ ᠳᠤ ᠬᠦᠷᠴᠦ ᠠᠬ᠎ᠠ ᠪᠠᠨ ᠬᠦᠯᠢᠶᠡᠵᠤ ᠰᠠᠭᠤᠯ᠎ᠠ᠃ ᠠᠬ᠎ᠠ ᠮᠢᠨᠢ | ᠢᠨᠢᠶᠡᠮᠰᠦᠭᠯᠡᠭᠰᠡᠭᠡᠷ ᠲᠡᠷᠭᠡᠨ ᠠᠴᠠ ᠪᠠᠭᠤᠯ᠎ᠠ᠂ ᠬᠦᠷᠦᠰᠦᠯᠢᠭ ᠪᠤᠷᠤᠬᠠᠨ ᠴᠢᠷᠠᠢ ᠨᠢ ᠨᠠᠳᠠ ᠳᠤ ᠤᠨᠴᠠ ᠶᠢᠨ | ᠴᠠᠭᠠᠬᠠᠨ ᠬᠠᠷᠠᠭᠳᠠᠬᠤ ᠳᠤ ᠬᠡᠳᠦᠨ ᠵᠢᠯ ᠪᠡᠶ᠎ᠡ ᠠᠮᠠᠷᠠᠬᠠᠨ ᠬᠤᠳᠠ ᠶᠢᠨ ᠠᠮᠢᠳᠤᠷᠠᠯ ᠢ ᠦᠡᠭᠭᠡᠷᠡᠭᠰᠡᠨ ᠤ ᠪᠠᠶᠢᠯᠬᠦᠢ | ᠭᠡᠵᠤ ᠪᠤᠳᠤᠬᠤ ᠶᠤᠮ᠃ ᠪᠢ ᠬᠦᠭᠡᠷᠵᠤ ᠳᠡᠪᠬᠡᠷᠡᠭᠰᠡᠭᠡᠷ ᠠᠬ᠎ᠠ ᠶᠢᠨ ᠢᠶᠠᠨ ᠳᠡᠷᠭᠡᠳᠡ ᠬᠦᠷᠴᠦ ᠤᠴᠢᠯ᠎ᠠ᠃ ᠠᠬ᠎ᠠ | ᠮᠢᠨᠢ ᠪᠠᠶᠠᠷᠯᠠᠨ ᠨᠠᠮᠠᠢᠢ ᠬᠦᠴᠦᠲᠡᠶᠢᠬᠡᠨ ᠲᠡᠪᠡᠷᠢᠵᠤ ᠲᠡᠪᠡᠷᠢᠨ᠂ ᠵᠠᠬᠢᠳᠠᠯ ᠳᠠᠭᠠᠨ ᠶᠠᠷᠢᠭᠰᠠᠨ ᠪᠤᠷᠦ ᠡᠮᠵᠢᠶᠡᠷᠢ ᠲᠠᠢ | ᠠᠷᠠᠰᠤᠨ ᠭᠤᠳᠤᠯ ᠢᠶᠠᠨ ᠨᠠᠳᠠ ᠳᠤ ᠭᠠᠷᠳᠠᠭᠤᠯᠪᠠ᠃ ᠠᠬ᠎ᠠ ᠪᠠᠨ ᠬᠠᠷᠠᠵᠦ ᠭᠤᠳᠤᠯ ᠢᠶᠠᠨ ᠲᠡᠪᠡᠷᠢᠭᠡᠳ ᠡᠨᠡ | ᠲᠡᠯᠡᠬᠡᠢ ᠳᠤ ᠪᠢ ᠬᠠᠮᠤᠭ ᠤᠨ ᠵᠤᠯ ᠵᠢᠷᠭᠠᠯᠳᠠᠢ ᠬᠦᠮᠤᠨ ᠪᠤᠯᠴᠢᠬᠠᠭᠰᠠᠨ ᠰᠢᠬ ᠰᠠᠨᠠᠭᠳᠠᠬᠤ ᠶᠤᠮ᠃ | ᠦᠨᠦᠳᠦᠷ ᠨᠢ ᠮᠠᠨ ᠤ ᠭᠡᠷ ᠲᠤ ᠤᠷᠢᠳ ᠡᠮᠦᠨ᠎ᠡ ᠭᠠᠷᠤᠭ᠎ᠠ ᠦᠭᠡᠢ ᠬᠦᠭᠵᠢᠶᠡᠨ ᠲᠠᠢ ᠡᠳᠦᠷ ᠪᠤᠯᠵᠤ ᠪᠠᠶᠢᠯ᠎ᠠ᠂ | ᠡᠵᠢ ᠮᠢᠨᠢ ᠪᠠᠶᠠᠷᠯᠠᠭᠰᠠᠨ ᠤ ᠪᠠᠶᠢᠯᠬᠦᠢ ᠰᠡᠮᠡᠬᠡᠨ ᠰᠡᠮᠡᠭᠡᠨ ᠨᠢᠯᠪᠤᠰᠤ ᠪᠠᠨ ᠵᠦᠯᠭᠦᠨ᠎ᠡ᠂ ᠠᠪᠤ᠂ ᠠᠬ᠎ᠠ ᠶᠢ ᠦᠵᠡᠬᠦ ᠪᠠᠷ | ᠢᠷᠡᠭᠰᠡᠨ ᠤᠶᠢᠷ᠎ᠠ ᠵᠡᠷᠭᠡᠯᠡᠳᠡᠭᠡ ᠶᠢᠨ ᠤᠶᠢᠷ᠎ᠠ ᠲᠦᠷᠦᠯ ᠨᠠᠷ ᠲᠠᠢ ᠨᠠᠷᠬᠢᠯᠳᠤᠵᠤ ᠰᠠᠭᠤᠯ᠎ᠠ᠃ | ᠶᠠᠷᠦ ᠠᠴᠠ ᠦᠭᠡ ᠲᠠᠭᠤ ᠴᠦᠭᠡᠨ ᠲᠠᠢ ᠠᠬ᠎ᠠ ᠮᠢᠨᠢ ᠴᠦ ᠪᠦᠬᠦᠳᠠ ᠤᠯᠠᠨ ᠲᠠᠢ ᠶᠠᠭᠤ ᠨᠢᠭᠡ ᠶᠢ | ᠬᠦᠭᠡᠷᠦᠯᠳᠤᠵᠤ ᠪᠠᠶᠢᠯ᠎ᠠ᠂ ᠬᠦᠭᠡᠷᠦᠭᠦᠢ ᠠᠬ᠎ᠠ ᠮᠢᠨᠢ ᠶᠡᠭᠡ ᠬᠤᠳᠠᠨ ᠤ ᠳᠠᠷᠤᠭᠠᠰᠤ ᠲᠠᠢ ᠠᠮᠢᠳᠤᠷᠠᠯ᠂ ᠮᠠᠶᠢᠮᠠᠢ | ᠬᠤᠳᠠᠯᠳᠤᠭᠠᠨ ᠤ ᠪᠤᠳᠤᠯᠢᠶᠠᠨ ᠲᠠᠢ ᠠᠬᠤᠢ ᠠᠴᠠ ᠰᠠᠯᠵᠤ᠂ ᠤᠶᠢᠷ᠎ᠠ ᠰᠠᠳᠤᠨ ᠨᠤᠳᠤᠭ ᠤᠨ ᠤᠯᠠᠨ ᠲᠠᠢ | ᠠᠭᠤᠯᠵᠠᠵᠤ ᠪᠠᠶᠠᠷᠯᠠᠵᠤ ᠭᠦᠭᠡᠷᠥᠭᠰᠡᠨ ᠪᠠᠶᠢᠯᠭᠦᠢ︖ | ᠬᠤᠭᠤᠯᠠᠨ ᠤ ᠳᠠᠷᠠᠭ᠎ᠠ ᠵᠤᠴᠢᠳ ᠬᠠᠷᠢᠵᠠᠭᠠᠵᠤ ᠠᠬ᠎ᠠ ᠮᠢᠨᠢ ᠬᠤᠯᠠ ᠶᠢᠨ ᠠᠶᠠᠨ ᠳᠤ ᠶᠠᠳᠠᠷᠠᠭᠰᠠᠠ ᠤ ᠪᠠᠶᠢᠯᠬᠦᠢ᠂ | ᠠᠯᠢ ᠡᠷᠳᠡ ᠤᠷᠦ ᠪᠠᠨ ᠵᠠᠰᠠᠵᠤ᠂ ᠤᠨᠳᠠᠵᠤ ᠤᠷᠬᠢᠯ᠎ᠠ᠃ ᠭᠠᠶᠢᠬᠠᠯᠲᠠᠢ ᠨᠢ ᠡᠨᠡ ᠡᠳᠦᠷ ᠡᠵᠢ ᠶᠢᠨ ᠮᠢᠨᠢ | ᠴᠢᠷᠠᠢ ᠳᠤ ᠪᠠᠶᠠᠷᠯᠠᠩᠭᠤᠢ ᠳᠦᠷᠢ ᠢᠯᠡᠷᠡᠭᠰᠡᠨ ᠦᠭᠡᠢ ᠪᠦᠭᠡᠳ ᠪᠠᠭᠯᠠᠭ᠎ᠠ ᠲᠠᠢ ᠵᠤᠭᠤᠰ ᠳᠡᠪᠡᠷᠢᠭᠡᠳ ᠮᠢᠨᠦ | ᠦᠷᠦᠭᠡᠨ ᠳᠤ ᠤᠷᠤᠵᠤ ᠢᠷᠡᠯ᠎ᠡ᠃ ︽ᠠᠬ᠎ᠠ ᠶᠢᠨ ᠴᠢᠨᠢ ᠴᠢᠷᠠᠢ ᠪᠦᠷ ᠤᠰᠤᠩᠲᠠᠨ ᠬᠠᠪᠤᠳᠤᠭᠰᠠᠨ ᠪᠠᠶᠢᠨ᠎ᠠ᠂ ᠪᠡᠶ᠎ᠡ | ᠪᠠᠷᠤᠭᠲᠠᠢ ᠪᠠᠶᠢᠬᠤ ᠤᠤ ᠳ᠋ᠠ᠂ ᠮᠠᠷᠭᠠᠰᠢ ᠠᠬ᠎ᠠ ᠪᠠᠨ ᠳᠠᠭᠠᠭᠤᠯᠵᠤ ᠠᠶᠢᠮᠠᠭ ᠤᠨ ᠡᠮᠨᠡᠯᠭᠡ ᠳᠤ ᠤᠴᠢᠵᠤ | ᠪᠠᠶᠢᠴᠠᠭᠠᠯᠭᠠᠷᠠᠢ︕︾ ᠭᠡᠵᠤ ᠬᠤᠭᠤᠯᠠᠢ ᠨᠢ ᠴᠡᠴᠡᠷᠬᠢᠯᠡᠵᠤ ᠨᠢᠯᠪᠤᠰᠦ ᠪᠠᠨ ᠠᠷᠴᠢᠯ᠎ᠠ︕ ᠳᠡᠷᠡ ᠰᠦᠨᠢ ᠪᠢ ᠴᠤ | ᠨᠦᠢᠷ ᠬᠤᠯᠵᠢᠵᠤ ᠤᠨᠳᠠᠵᠤ ᠤᠷᠤᠭᠰᠠᠨ ᠦᠭᠡᠢ᠂ ᠤᠳᠠᠭ᠎ᠠ ᠪᠦᠷᠢ ᠶᠢᠨ ᠵᠠᠬᠢᠳᠠᠯ ᠳᠠᠭᠠᠨ ᠰᠠᠶᠢᠨ ᠢᠶᠠᠨ ᠶᠠᠷᠢᠵᠤ | ᠮᠠᠭᠤ ᠪᠠᠨ ᠳᠠᠷᠤᠵᠤ ᠪᠠᠶᠢᠭᠰᠠᠨ ᠢ ᠪᠢ ᠤᠬᠠᠯ᠎ᠠ᠂ ᠪᠢ ᠤᠷᠪᠠᠵᠤ ᠬᠦᠷᠪᠡᠭᠰᠡᠭᠡᠷ ᠯᠠ ᠪᠠᠶᠢᠭᠠᠳ ᠡᠷᠳᠡ ᠶᠢᠨ ᠨᠠᠷᠠ ᠶᠢ | ᠤᠭᠳᠤᠵᠤ ᠠᠪᠤᠯ᠎ᠠ᠂ ᠪᠢ ᠬᠤᠨᠢᠨ ᠮᠢᠬᠠᠨ ᠤ ᠱᠦᠯᠦ ᠪᠤᠴᠠᠯᠭᠠᠭᠠᠳ ᠪᠢ ᠠᠬ᠎ᠠ ᠶᠢᠨ ᠦᠷᠦᠭᠡᠨ ᠳᠤ ᠤᠷᠤᠵᠤ | ᠤᠴᠢᠯ᠎ᠠ᠃ | ︽ᠠᠬ᠎ᠠ ᠡ︕ ᠪᠤᠰᠴᠢᠬᠠᠭᠠᠳ ᠱᠦᠯᠦ ᠤᠤᠭᠤᠬᠤ ᠤᠤ︖︾ ᠭᠡᠬᠦ ᠳᠤ ᠠᠬ᠎ᠠ ᠮᠢᠨᠢ ᠬᠠᠷᠢᠭᠤ ᠦᠭᠭᠦᠭᠰᠡᠨ | ᠦᠭᠡᠢ᠃ | ᠠᠬ᠎ᠠ ᠶᠢᠨ ᠴᠢᠷᠠᠢ ᠴᠢᠰᠦ ᠦᠭᠡᠢ ᠴᠠᠶᠢᠵᠤ᠂ ᠤᠨᠴᠠ ᠶᠢᠨ ᠨᠠᠮ ᠳᠦᠯᠭᠡᠨ ᠬᠠᠷᠠᠭᠳᠠᠯ᠎ᠠ︕ ᠮᠢᠨᠤ ︽ᠠᠬ᠎ᠠ ᠡ | ︕ ᠠᠬ᠎ᠠ ᠡ︕︾ ᠭᠡᠬᠦ ᠬᠠᠰᠭᠢᠷᠤᠯᠳᠠ ᠳᠤ ᠡᠵᠢ ᠮᠢᠨᠢ ᠬᠦᠶᠤᠨ ᠤᠷᠤᠵᠤ ᠢᠷᠡᠭᠡᠳ ᠠᠬ᠎ᠠ ᠶᠢᠨ ᠳᠤᠯᠤᠭᠠᠢ ᠶᠢ | ᠳᠡᠮᠳᠡᠷᠬᠢᠯᠡᠭᠡᠳ ︽ᠠᠬ᠎ᠠ ᠴᠢᠨᠢ ᠶᠠᠪᠤᠴᠢᠬᠠᠯ᠎ᠠ︕︾ ᠭᠡᠳ ᠮᠡᠳᠡᠭᠡ ᠠᠯᠳᠠᠯ᠎ᠠ ᠁ | ᠡᠨᠡ ᠳᠡᠯᠡᠭᠡᠢ ᠳᠤ ᠵᠠᠯᠠᠭᠤ ᠨᠠᠰᠤᠨ ᠳᠠᠭᠠᠨ ᠭᠡᠨᠡᠳᠡᠬᠦ ᠠᠴᠠ ᠬᠠᠷᠠᠩᠭᠤᠢ ᠵᠤᠪᠠᠯᠠᠩ ᠪᠠᠶᠢᠳᠠᠭ ᠦᠭᠡᠢ ᠪᠠᠶᠢᠯᠭᠦᠢ︕ | ᠦᠨᠦᠳᠦᠷ ᠢ ᠪᠢ ᠴᠤᠬᠤᠮ ᠶᠠᠭᠠᠬᠢᠵᠤ ᠦᠡᠭᠭᠡᠷᠡᠭᠰᠡᠨ ᠢᠶᠠᠨ ᠮᠡᠳᠡᠬᠦ ᠦᠭᠡᠢ ᠁ | ᠠᠬ᠎ᠠ ᠶᠢᠨ ᠮᠢᠨᠢ ᠵᠤᠯ ᠪᠤᠰᠤ ᠵᠠᠶᠠᠭᠠᠨ ᠳᠤ ᠡᠨᠡᠯᠤᠨ ᠰᠢᠨᠠᠯᠤᠨ ᠵᠤᠪᠠᠭ᠋ᠤ ᠳᠠᠭᠠᠨ ᠪᠢ ᠠᠬ᠎ᠠ ᠶᠢᠨ | ᠨᠤᠳᠤᠭ ᠲᠠᠭᠠᠨ ᠪᠠᠶᠢᠬᠤ ᠳᠠᠭᠠᠨ ᠬᠤᠨᠢ ᠮᠠᠯ ᠢᠶᠠᠨ ᠦᠰᠭᠡᠨ ᠳᠠᠷᠢᠶ᠎ᠠ ᠲᠦᠮᠦᠰᠦ ᠪᠠᠨ ᠲᠤᠳᠤᠮᠳᠠᠨ᠂ ᠨᠤᠳᠤᠭ | ᠤᠰᠤᠨ ᠳᠠᠭᠠᠨ ᠴᠢᠨᠡᠭᠡᠯᠢᠭ ᠠᠮᠢᠳᠤᠷᠠᠯ ᠲᠠᠢ ᠪᠠᠶᠢᠭᠰᠠᠨ ᠠᠴᠠ ᠪᠠᠨ ᠬᠤᠳᠠ ᠤᠷᠤᠵᠤ ᠮᠠᠶᠢᠮᠠᠢ ᠬᠢᠭᠡᠳ ᠡᠷᠦᠭᠡ ᠭᠡᠷ᠂ | ᠦᠷ᠎ᠡ ᠭᠡᠤᠭᠡᠳ ᠢᠶᠠᠨ ᠬᠦᠮᠦᠨ ᠠᠴᠠ ᠳᠡᠭᠡᠭᠦᠷ ᠶᠠᠪᠤᠭᠤᠯᠤᠶ᠎ᠠ ᠭᠡᠰᠡᠨ ᠡᠷ᠎ᠡ ᠬᠦᠮᠦᠨ ᠤ ᠡᠷᠡᠮᠡᠭᠡᠢ ᠵᠤᠷᠢᠭ ᠠᠳᠠᠯ | ᠠᠮᠢᠳᠤᠷᠠᠯ ᠤᠨ ᠨᠤᠭᠤᠷᠠᠯ ᠪᠦᠳᠦᠷᠢᠯ᠂ ᠠᠵᠢᠯ ᠶᠠᠪᠤᠳᠠᠯ ᠤᠨ ᠶᠠᠭᠠᠷᠠᠤ ᠠᠴᠠ ᠡᠪᠡᠳᠴᠢᠨ ᠤᠯᠵᠤ ᠡᠴᠡᠩᠬᠡᠶᠢᠷᠡᠨ | ᠳᠤᠷᠠᠭᠰᠠᠨ᠂ ᠡᠴᠦᠰ ᠲᠡᠭᠡᠨ ᠡᠪᠡᠳᠴᠢᠨ ᠤ ᠰᠢᠨᠠᠯᠤᠯ᠂ ᠠᠮᠢᠳᠤᠷᠠᠯ ᠠᠳᠠᠯ ᠤᠨ ᠬᠦᠨᠳᠤ ᠳᠠᠷᠤᠭᠠᠰᠦ ᠠᠬ᠎ᠠ ᠶᠢ ᠮᠢᠨᠢ | ᠨᠢᠴᠠ ᠳᠠᠷᠤᠭᠰᠠᠨ ᠢ ᠤᠬᠠᠭᠠᠷᠠᠯ᠎ᠠ᠃ ᠁ ᠁ | ᠠᠢ︕ ᠬᠦᠭᠡᠷᠦᠭᠦᠢ ᠠᠬ᠎ᠠ ᠪᠠᠨ ᠪᠤᠳᠤᠬᠤ ᠠᠴᠠ ᠵᠢᠷᠤᠬᠡ ᠮᠢᠨᠢ ᠡᠮᠵᠡᠭᠯᠡᠨ᠎ᠡ᠃ ᠨᠦᠬᠦᠷ ᠮᠢᠨᠢ ᠮᠢᠨᠦ ᠪᠠᠶᠢᠳᠠᠯ ᠢ | ᠭᠠᠳᠠᠷᠯᠠᠵᠤ ᠲᠤᠭᠤᠭᠠᠨ ᠭᠡᠷ ᠠᠴᠠ ᠰᠦ ᠲᠠᠢ ᠴᠠᠢ ᠴᠠᠭᠠᠨ ᠢᠳᠡᠭᠡᠨ ᠢᠶᠠᠨ ᠰᠢᠷᠡᠭᠡ ᠳᠦᠭᠦᠷᠡᠩ ᠦᠷᠦᠴᠢᠭᠡᠭᠡᠳ᠄ ︽ | ᠬᠤᠷᠳᠤᠨ ᠢᠷᠡᠵᠤ ᠦᠷᠯᠦᠭᠡ ᠶᠢᠨ ᠴᠠᠢ ᠪᠠᠨ ᠤᠤᠭᠤᠬᠤ ᠦᠭᠡᠢ ᠪᠤᠯ ᠠᠵᠢᠯ ᠠᠴᠠ ᠪᠠᠨ ᠬᠤᠵᠢᠭᠳᠠᠨ᠎ᠠ ᠰᠢᠤ︕︾ | ᠭᠡᠵᠤ ᠰᠢᠬᠠᠮᠳᠠᠭᠤᠯᠬᠤ ᠪᠠᠷ ᠪᠢ ᠰᠠᠨᠳᠤᠷᠤᠨ ᠨᠢᠳᠦᠨ ᠨᠢᠯᠪᠤᠰᠦ ᠪᠠᠨ ᠬᠦᠩᠭᠡᠭᠡᠨ ᠠᠷᠴᠢᠯ᠎ᠠ ᠁ | ᠵᠣᠬᠢᠶᠠᠭᠴᠢ᠄ ᠄ ● ᠴᠢᠨ ᠰᠢᠶᠣᠣ ᠴᠢᠨ | ᠵᠤᠬᠢᠶᠠᠭᠴᠢ ᠶᠢᠨ ᠬᠠᠶ᠋ᠢᠭ᠄ ᠵᠠᠯᠠᠶᠢᠤᠨ ᠬᠤᠰᠢᠭᠤᠨ ᠤ ᠢᠨᠳᠡᠷ ᠲᠠᠬᠢ ᠵᠢᠷᠭᠤᠳᠤᠭᠠᠷ ᠲᠤᠮᠳᠠᠳᠤ ᠰᠤᠷᠭᠠᠭᠤᠯᠢ |