︵ᠬᠦᠤᠷᠨᠢᠭ᠍ᠰᠡᠨ ᠨᠠᠶᠢᠷᠠᠭᠤᠯᠤᠯ︶ | ᠲᠦᠯ ᠳᠠᠭᠤᠰᠴᠤ᠂ ᠲᠠᠮᠢᠷ ᠰᠡᠯᠪᠢᠬᠦ ᠬᠤᠨᠢᠳ ᠰᠢᠯᠢ ᠶᠢᠨ ᠨᠦᠮᠦᠷᠢ᠂ ᠭᠤᠤᠯ ᠤᠨ ᠨᠤᠭᠤ ᠳᠠᠭᠠᠤ | ᠴᠣᠬᠤᠶᠢᠭᠰᠠᠨ ᠬᠦᠬᠡ ᠨᠣᠭᠤᠭ᠎ᠠ ᠶᠢᠨ ᠦᠨᠦᠷ ᠲᠤ ᠲᠠᠳᠠᠭᠳᠠᠵᠤ᠂ ᠡᠶᠢᠰᠢ ᠲᠡᠶᠢᠰᠢ ᠬᠤᠰᠢᠭᠤ ᠳᠣᠷᠪᠤᠭᠤᠨᠠᠵᠤ | ᠭᠦᠶᠦᠯᠳᠦᠨ᠎ᠡ᠃ | ᠬᠠᠪᠤᠷ ᠤᠨ ᠵᠡᠷᠭᠡᠯᠭᠡᠨ ᠤ ᠬᠠᠴᠠᠷ ᠢ ᠢᠯᠪᠢᠬᠦ ᠬᠠᠯᠠᠭᠤᠨ ᠠᠮᠢᠰᠬᠤᠯ ᠳᠤ ᠬᠠᠪᠤᠩᠨᠠᠭᠰᠠᠨ ᠨᠣᠤᠰᠤ ᠨᠢᠯᠭᠠᠷᠳᠠᠭᠰᠠᠨ | ᠨᠣᠤᠯᠤᠷ ᠢᠶᠠᠨ ᠴᠢᠳᠠᠨ ᠶᠠᠳᠠᠨ ᠠᠴᠢᠵᠤ ᠶᠠᠪᠤᠭ᠎ᠠ ᠬᠤᠨᠢᠨ ᠰᠦᠷᠦᠭ ᠬᠠᠬᠢᠷ ᠬᠦᠢᠳᠡᠨ ᠠᠴᠠ ᠵᠠᠶᠢᠳᠠᠵᠤ᠂ | ᠬᠠᠭᠳᠠᠯᠠᠬᠤ ᠬᠠᠪᠤᠷ ᠤᠨ ᠬᠠᠩᠬᠤᠯᠤᠭᠤᠨ ᠴᠠᠭ ᠲᠤ ᠡᠰᠡᠨ ᠮᠡᠨᠳᠦ ᠣᠷᠤᠭᠰᠠᠨ ᠳᠠᠭᠠᠨ ᠣᠪᠤᠭᠠᠨᠠᠵᠤ᠂ ᠲᠦᠯ ᠢᠶᠠᠨ | ᠬᠠᠶᠠ ᠬᠠᠷᠠᠨ ᠵᠣᠭᠰᠤᠭᠠᠳ᠂ ᠲᠦᠬᠦᠵᠦ ᠢᠷᠡᠬᠦ ᠵᠦᠭᠡᠯᠡᠨ ᠵᠦᠯᠭᠡᠨ ᠳᠤ ᠴᠤᠮᠴᠦ᠋ᠢᠨ ᠬᠠᠪᠢᠳᠠᠨᠠ᠃ | ᠬᠠᠰᠢᠷ ᠬᠤᠨᠢᠴᠢᠨ ᠬᠤᠤᠰᠪᠠᠶᠠᠷ ᠬᠤᠨᠢ ᠪᠠᠨ ᠬᠤᠮᠢᠵᠦ ᠬᠡᠪᠳᠡᠷᠢ ᠵᠦᠭ ᠨᠢ ᠲᠠᠭᠤᠬᠤ ᠵᠠᠪᠰᠡᠷ ᠴᠢᠮᠬᠢᠭᠦᠷ | ᠶᠣᠪᠤᠷᠤᠨ ᠢᠷᠡᠬᠦ ᠶᠢ ᠪᠣᠳᠤᠨ᠎ᠠ᠃ | ᠬᠤᠤᠰᠪᠠᠶᠠᠷ ᠤᠨ ᠬᠢᠨ ᠬᠦᠷᠦᠩᠭᠡ ᠵᠤᠵᠠᠭᠠᠨ᠂ ᠬᠡᠤᠬᠡᠳ ᠰᠢᠣᠬᠠᠳ ᠣᠯᠠᠨᠳᠠᠢ ᠭᠡᠷ ᠪᠦᠯᠢ᠃ ᠬᠦᠷᠢᠶᠡᠨ | ᠡᠭᠦᠳᠡᠨ ᠳᠡᠭᠡᠨ ᠬᠦᠷᠴᠤ ᠢᠷᠡᠬᠦ ᠲᠠᠢ ᠵᠡᠷᠭᠡ ᠬᠦᠭᠰᠢᠨ ᠨᠢ ᠢᠮᠠᠭᠠᠨ ᠮᠢᠬ᠎ᠠ ᠬᠠᠯᠠᠭᠤᠨ ᠳᠠᠭᠠᠨ ᠰᠠᠶᠢᠨ ᠭᠡᠭᠰᠡᠭᠡᠷ | ᠪᠣᠭᠳᠤᠭᠤᠰᠤ ᠴᠢᠮᠦᠭᠡ᠂ ᠪᠤᠷᠳᠤᠭᠰᠠᠨ ᠭᠡᠳᠡᠰᠦ᠂ ᠪᠣᠭᠤᠷᠰᠤᠭ ᠪᠣᠷᠠᠮ ᠭᠠᠷᠭᠠᠵᠤ᠂ ᠱᠦᠯᠦ ᠠᠶᠠᠭᠠᠯᠠᠭᠠᠳ | ᠰᠦᠬᠦᠷᠡᠨ ᠰᠠᠭᠤᠨ᠎ᠠ᠃ | — ᠬᠦᠢ᠂ ᠬᠦᠭᠰᠢᠨ ᠡ᠂ ᠴᠢᠮᠬᠢᠭᠦᠷ ᠰᠢᠬᠠᠵᠤ᠂ ᠴᠡᠭᠡᠷᠯᠡᠬᠦ ᠵᠦᠢᠯᠡᠰ ᠢᠶᠠᠨ ᠴᠡᠭᠡᠵᠢᠯᠡᠵᠤ ᠪᠠᠶᠢᠭᠠᠷᠠᠢ᠂ | ᠪᠢᠯᠢᠭ ᠲᠠᠢ ᠰᠠᠭᠤᠵᠤ ᠪᠡᠯᠭᠡ ᠲᠠᠢ ᠦᠭᠡ ᠶᠠᠷᠢᠵᠤ ᠪᠠᠶᠢᠭᠠᠰᠠᠢ ᠭᠡᠳ ᠬᠠᠯᠠᠭᠤᠨ ᠱᠦᠯᠦ ᠣᠤᠭᠤᠵᠤ᠂ ᠬᠢᠳᠤᠭ᠎ᠠ | ᠳᠠᠷᠤᠨ ᠮᠢᠬ᠎ᠠ ᠢᠳᠡᠨ᠎ᠡ᠃ | — ᠡᠪᠦᠭᠡ ᠡ᠂ ᠴᠢᠮᠬᠢᠭᠦᠷ ᠭᠡᠳᠡᠭ ᠴᠢᠨᠢ ᠴᠢᠮᠬᠢᠵᠦ ᠲᠠᠳᠠᠬᠤ ᠶᠠᠪᠤᠳᠠᠯ ᠢ ᠬᠡᠯᠡᠵᠤ ᠪᠠᠶᠢᠨ᠎ᠠ ᠤᠤ︖ ᠭᠡᠵᠤ | ᠬᠤᠶᠠᠳᠤᠭᠠᠷ ᠣᠨ ᠤ ᠬᠤᠨᠤᠭ ᠤᠨ ᠪᠠᠶᠢᠷᠢ ᠳᠤ ᠰᠠᠭᠤᠭ᠎ᠠ ᠦᠭᠡᠯᠡᠢ ᠣᠮᠪᠤᠯᠤ ᠨᠢ ᠤᠷᠤᠭᠤᠯ ᠳᠦᠷᠦᠨ ᠠᠰᠠᠭᠤᠨ᠎ᠠ᠃ | | — ᠲᠡᠶᠢᠮᠦ ᠭᠡᠳ ᠣᠶᠢᠷ᠎ᠠ ᠨᠢ ᠣᠴᠦ᠋ᠢᠵᠤ ᠰᠠᠭᠤᠨ ᠤᠷᠤᠭᠤᠯ ᠣᠮᠤᠯᠵᠠᠬᠤ ᠣᠮᠪᠤᠯᠤ ᠶᠢᠨ ᠢᠶᠠᠨ | ᠤᠨᠵᠢᠢᠭᠰᠠᠨ ᠪᠦᠭᠡᠷ᠎ᠡ ᠶᠢ ᠬᠠᠷᠠᠩᠭᠤᠳᠠ ᠪᠣᠷᠤᠭᠤ ᠭᠠᠷ ᠢᠶᠠᠷ ᠲᠡᠮᠳᠡᠷᠬᠢᠯᠡᠵᠤ᠂ ᠪᠣᠭᠳᠤᠰ ᠰᠢᠯᠪᠢ ᠱᠤᠯᠤᠵᠤ ᠪᠠᠶᠢᠭ᠎ᠠ | ᠬᠢᠳᠤᠭ᠎ᠠ ᠪᠠᠨ ᠬᠦᠨᠳᠡᠯᠡᠨ ᠪᠠᠷᠢᠵᠦ᠂ ︽ᠰᠡᠷ︾ ᠭᠡᠳᠡᠯ᠎ᠡ ᠲᠠᠰᠤᠯᠬᠤ ᠬᠦᠳᠡᠯᠦᠯ ᠪᠠᠷᠢᠯ ᠭᠠᠷᠭᠠᠭᠰᠠᠨ ᠳᠤ ᠵᠢᠭᠡ | ᠣᠮᠪᠤᠯᠤ ᠬᠦᠤ ᠶᠢᠨ ᠬᠢᠨ ᠴᠢᠷᠠᠢ ᠴᠦᠭᠳᠦ᠋ᠢᠨ᠂ ᠰᠢᠨ᠎ᠠ ᠲᠠᠭᠠᠨ ᠬᠦᠯᠦᠰᠦ ᠴᠢᠬᠠᠷᠠᠵᠤ᠂ ᠵᠠᠬ᠎ᠠ ᠳᠤᠨᠢ ᠪᠠᠶᠢᠭ᠎ᠠ | ᠤᠮᠪᠤᠯᠤ ᠦᠬᠢᠨ ᠤ ᠬᠢᠨ ᠨᠢᠳᠦ ᠬᠠᠯᠢᠷᠠᠪᠠ᠃ | — ᠬᠡᠤᠬᠡᠳ ᠡ᠂ ᠦᠨᠢ ᠡᠭᠦᠷᠢᠳᠡ ᠴᠡᠭᠡᠵᠢᠯᠡᠵᠤ ᠪᠠᠶᠢᠭᠠᠷᠠᠢ᠂ ᠤᠯᠠᠮᠵᠢᠯᠠᠵᠤ ᠶᠠᠪᠤᠭᠠᠷᠠᠢ᠃ ᠪᠠᠶᠠᠨ | ᠦᠩᠰᠢᠭ ᠮᠠᠯᠵᠢᠬᠤ ᠠᠮᠢᠳᠤᠷᠠᠯ ᠡᠳ᠋ᠯᠡᠵᠤ ᠰᠠᠭᠤᠭ᠎ᠠ ᠪᠢᠳᠡ ᠠᠯᠠᠰᠢᠨ ᠢᠳᠡᠭᠡᠨ᠂ ᠤᠨᠤᠯᠭ᠎ᠠ ᠳᠡᠭᠦᠷᠭᠡ᠂ ᠠᠴᠢᠶ᠎ᠠ | ᠲᠡᠭᠡᠭᠡᠪᠤᠷᠢ ᠳᠡᠭᠡᠨ ᠬᠡᠷᠡᠭᠰᠡᠬᠦ ᠮᠠᠯ ᠤᠨᠤᠭ᠎ᠠ ᠵᠢᠴᠢ ᠰᠦᠷᠦᠭ ᠤᠨ ᠲᠡᠩᠴᠡᠭᠦᠷᠢ᠂ ᠪᠡᠯᠴᠢᠭᠡᠷ ᠤᠨ ᠪᠠᠭᠳᠠᠭᠠᠮᠵᠢ ᠶᠢ ᠪᠠᠨ | ᠪᠣᠳᠤᠯᠬᠢᠯᠠᠵᠤ ᠲᠠᠪᠤᠨ ᠬᠤᠰᠢᠭᠤ ᠮᠠᠯ ᠤᠨ ᠢᠶᠠᠨ ᠡᠷ᠎ᠡ ᠬᠦᠢᠰᠦᠳᠡᠨ ᠢ ᠲᠦᠯᠦᠪᠯᠡᠨ ᠵᠠᠰᠠᠵᠤ ᠶᠠᠪᠤᠳᠠᠭ ᠵᠠᠩᠰᠢᠯ ᠲᠠᠢ | ᠰᠠᠨ᠃ ᠮᠤᠩᠭᠤᠯ ᠤᠨ ᠮᠤᠨᠳᠠᠭ ᠶᠡᠭᠡ ᠦᠭᠡᠰ ᠤᠨ ᠰᠠᠩ ᠳᠤ᠂ ᠦᠷᠢᠶ᠎ᠡ ᠶᠢ ᠡᠰᠭᠡᠬᠦ᠂ ᠬᠠᠭᠠᠷᠢᠬᠤ᠂ ᠵᠠᠰᠠᠬᠤ ᠭᠡᠵᠤ᠂ | ᠡᠷ᠎ᠡ ᠪᠢᠷᠠᠭᠤ ᠶᠢ ᠠᠭᠳᠠᠯᠠᠬᠤ᠂ ᠴᠠᠭᠠᠯᠠᠬᠤ᠂ ᠪᠦᠴᠦᠬᠦ ᠂ ᠬᠤᠨᠢ ᠶᠢ ᠴᠢᠮᠬᠢᠬᠦ᠂ ᠬᠦᠩᠭᠡᠯᠡᠬᠦ᠂ ᠴᠢᠪᠢᠯᠡᠬᠦ ᠁ | ᠵᠡᠷᠭᠡ ᠠᠮᠢᠳᠠᠨ ᠠᠳᠤᠭᠤᠰᠤ ᠶᠢ ᠲᠤᠰᠬᠠᠶᠢᠯᠠᠨ ᠨᠡᠷᠡᠯᠡᠭᠰᠡᠨ ᠤᠷᠭᠤᠭ᠎ᠠ ᠬᠡᠯᠡᠯᠭᠡ᠂ ᠠᠮᠢᠳᠦ ᠪᠣᠰᠤᠭ᠎ᠠ ᠦᠭᠡᠰ ᠠᠯᠢ | ᠣᠯᠠᠨ ᠪᠠᠶᠢᠳᠠᠭ ᠰᠢᠤ᠃ ᠬᠤᠨᠢ᠂ ᠪᠡᠴᠢ᠂ ᠨᠣᠬᠠᠢ ᠡᠳᠦᠷ ᠢ ᠬᠡᠰᠢᠭ ᠡᠳᠦᠷ ᠭᠡᠵᠤ ᠬᠤᠷᠠᠭ᠎ᠠ ᠢᠰᠢᠭᠡ ᠶᠢ ᠴᠢᠮᠬᠢᠬᠦ | ᠦᠭᠡᠢ ᠬᠤᠷᠢᠭ᠎ᠠ ᠴᠡᠭᠡᠷ ᠲᠠᠢ ᠶᠠᠪᠤᠳᠠᠭ ᠮᠦᠷᠳᠡᠭᠡᠨ ᠲᠠᠬᠢᠶ᠎ᠠ ᠡᠳᠦᠷ ᠪᠣᠯᠤᠨ ᠲᠠᠤᠯᠠᠢ ᠡᠳᠦᠷ ᠢ ᠰᠤᠩᠭᠤᠨ | ᠴᠢᠮᠬᠢᠭᠦᠷ ᠢᠶᠠᠨ ᠶᠠᠪᠤᠭᠳᠠᠭᠤᠯᠳᠠᠭ ᠤᠯᠠᠮᠵᠢᠯᠠᠯ ᠲᠠᠢ᠃ ᠤᠴᠢᠷ ᠨᠢ ᠲᠠᠬᠢᠶ᠎ᠠ ᠪᠣᠯ ᠬᠤᠷᠤᠬᠠᠢ ᠰᠢᠪᠠᠵᠢ ᠢᠳᠡᠳᠡᠭ᠂ | ᠲᠠᠤᠯᠠᠢ ᠪᠣᠯ ᠬᠦᠩᠭᠡᠨ ᠰᠤᠪᠳᠠᠭ ᠭᠦᠶᠦᠳᠡᠭ ᠲᠤᠯᠠ ᠪᠡᠯᠭᠡ ᠲᠡᠮᠪᠡᠷᠢᠯ ᠲᠠᠢ ᠭᠡᠵᠤ ᠦᠵᠡᠨ᠂ ᠴᠢᠮᠬᠢᠭᠳᠡᠭᠰᠡᠨ ᠰᠣᠮᠠᠯ | ᠤᠭᠤᠳᠠ ᠨᠢ ᠰᠣᠶᠤᠩᠭᠠᠳᠤᠬᠤ ᠦᠭᠡᠢ᠂ ᠦᠳᠦ ᠲᠦᠷᠦᠬᠦ ᠦᠭᠡᠢ᠂ ᠬᠦᠯ ᠬᠦᠩᠭᠡᠨ ᠪᠤᠶᠢᠵᠢᠬᠤ ᠶᠢ ᠪᠡᠯᠭᠡᠰᠢᠶᠡᠵᠤ᠂ | ᠴᠢᠬᠢᠭᠯᠢᠭ ᠡᠳᠦᠷ ᠴᠢᠮᠬᠢᠵᠤ ᠰᠠᠭᠤᠳᠠᠭ᠃ | ᠦᠤᠭᠡ ᠲᠡᠤᠬᠡ ᠠᠴᠠ ᠡᠰᠢ ᠲᠠᠢ᠂ ᠦᠳᠡᠷᠢ ᠲᠠᠢ ᠨᠣᠮ ᠳᠤ ᠲᠡᠮᠳᠡᠭᠯᠡᠵᠦ ᠢᠷᠡᠭᠰᠡᠨ ᠠᠭᠤᠣ ᠮᠣᠩᠭᠤᠯ ᠤᠨ | ᠮᠠᠯᠵᠢᠬᠤ ᠰᠣᠶᠤᠯ ᠤᠨ ᠦᠪ᠂ ᠮᠠᠷᠳᠠᠭᠳᠠᠰᠢ ᠦᠭᠡᠢ ᠪᠣᠯᠪᠠᠰᠤᠨ ᠠᠮᠢᠳᠤᠷᠠᠯ ᠭᠡᠭᠴᠢ ᠡᠨᠡ ᠠᠪᠠᠢ᠃ | ᠲᠡᠭᠷᠢ ᠴᠡᠯᠮᠡᠩᠬᠡᠨ ᠴᠢᠭᠢᠭ ᠲᠠᠳᠠᠭᠰᠠᠨ ᠲᠤᠩᠭᠠᠯᠠᠭ ᠨᠠᠮᠵᠢᠭᠤ ᠨᠢᠭᠡᠨ ᠡᠳᠦᠷ ᠤᠨ ᠬᠠᠷ᠎ᠠ ᠦᠷᠯᠦᠭᠡ ᠬᠤᠯᠪᠤᠭ᠎ᠠ | ᠴᠢᠮᠡᠭᠡ ᠠᠪᠤᠭᠰᠠᠨ ᠬᠠᠪᠤᠷᠵᠢᠶ᠎ᠠ ᠬᠠᠪᠢ ᠶᠢᠨ ᠬᠢᠨ᠂ ᠬᠠᠨᠢ ᠨᠠᠶᠢᠵᠠ ᠨᠠᠷ ᠨᠢ ᠬᠢᠳᠤᠭ᠎ᠠ ᠡᠰᠭᠡᠭᠦᠷ ᠠᠪᠤᠨ᠂ | ᠬᠤᠣᠰᠪᠠᠶᠠᠷ ᠤᠨ ᠬᠤᠨᠢᠨ ᠬᠡᠪᠳᠡᠷᠢ ᠶᠢᠨ ᠬᠠᠪᠢ ᠬᠤᠷᠠᠨ ᠴᠤᠭᠯᠠᠷᠠᠵᠤ᠂ ᠬᠤᠷᠠᠭ᠎ᠠ ᠢᠰᠢᠭᠡ ᠶᠢ ᠴᠢᠮᠬᠢᠬᠦ ᠠᠳᠠᠯ | ᠬᠢᠳᠡᠯ ᠳᠤ ᠪᠦᠵᠢᠭᠯᠡᠨ ᠰᠢᠷᠭᠤᠪᠠᠢ᠃ | ᠴᠤᠭ ᠵᠤᠯᠢ ᠪᠠᠳᠠᠷᠠᠭᠰᠠᠨ ᠡᠰᠭᠡᠭᠦᠷᠴᠢᠳ ᠮᠠᠨᠢ ᠡᠷ᠎ᠡ ᠬᠤᠷᠠᠭ᠎ᠠ ᠡᠷᠡᠮᠡᠭ ᠢᠰᠢᠭᠡ ᠨᠦᠭᠦᠳ ᠢ ᠵᠠᠬ᠎ᠠ ᠳᠠᠷᠠᠭᠠᠯᠠᠨ | ᠠᠪᠤᠨ ᠳᠣᠤᠷ᠎ᠠ ᠨᠢ ᠲᠠᠷᠤᠵᠤ ᠪᠠᠷᠢᠨ᠂ ᠲᠣᠷᠭᠠᠨ ᠢᠷᠳᠦ ᠡᠰᠭᠡᠭᠦᠷ ᠢᠶᠠᠷ ᠪᠦᠭᠡᠷᠡᠨ ᠠᠷᠠᠰᠤ ᠶᠢ ᠡᠰᠭᠡᠵᠤ᠂ ᠬᠦᠬᠡᠷᠡᠨ | ᠴᠠᠶᠢᠷᠠᠭᠠᠳ ᠪᠤᠮᠪᠠᠯᠵᠠᠨ ᠭᠠᠷᠬᠤ ᠦᠨᠳᠡᠭᠡ ᠶᠢ ᠦᠨᠳᠦᠰᠦ ᠲᠠᠢ ᠨᠢ ᠰᠤᠭᠤ ᠲᠠᠳᠠᠨ ᠠᠪᠴᠤ᠂ ᠰᠠᠯᠬᠢᠨ ᠳᠤ | ᠰᠡᠪᠳᠦᠬᠦ ᠠᠴᠠ ᠪᠣᠯᠭᠤᠮᠵᠢᠯᠡᠨ ᠢᠤᠳ᠋ ᠡᠮ ᠢ ᠲᠦᠷᠬᠢᠨ ᠲᠦᠷᠬᠢᠭᠡᠳ ᠲᠠᠯᠪᠢᠵᠤ ᠶᠠᠪᠤᠭᠤᠯᠤᠨ᠎ᠠ᠃ ᠬᠤᠤᠰᠪᠠᠶᠠᠷ | ᠭᠤᠸᠠᠢ᠄ | — ᠤᠤᠬᠠᠢ᠂ ᠡᠨᠡ ᠣᠷᠤᠢ ᠶᠢᠨ ᠠᠷᠢᠬᠢᠨ ᠳᠤ ᠣᠷᠬᠤᠳᠠᠢ ᠬᠡᠮᠡᠷ ᠰᠢᠮ᠎ᠡ ᠲᠡᠵᠢᠭᠡᠯ ᠲᠠᠢ ᠵᠠᠭᠤᠰᠢ ᠭᠠᠷᠭᠠᠨ᠎ᠠ | ᠰᠢᠤ ᠭᠡᠮᠡᠨ ᠰᠠᠪᠠ ᠲᠦᠭᠦᠷᠡᠩ ᠰᠢᠨᠠᠭᠠᠨ ᠬᠤᠷᠤᠬᠠᠢ ᠰᠢᠭ᠋ ᠪᠦᠭᠡᠷᠡᠩᠬᠡᠢ ᠦᠨᠳᠡᠭᠡ ᠶᠢ ᠬᠠᠷᠠᠭᠠᠳ ᠮᠢᠰᠢᠪᠡᠯᠵᠡᠨᠡ᠃ | ᠰᠢᠷᠡᠭᠡ ᠵᠠᠰᠠᠭᠰᠠᠨ ᠰᠦᠨᠢ ᠶᠢᠨ ᠳᠠᠶᠢᠯᠠᠯᠭ᠎ᠠ ᠳᠤ᠂ ᠰᠣᠭᠳᠤᠭᠤ ᠨᠢᠳᠦ ᠪᠠᠷ ᠰᠠᠶᠢᠮᠠᠶᠢᠨ ᠬᠠᠷᠠᠬᠤ ᠰᠤᠮᠢᠶ᠎ᠠ᠄ | — ᠮᠠᠷᠭᠠᠰᠢ ᠬᠠᠷᠢᠨ ᠮᠠᠰᠢᠵᠠᠪ ᠤᠨ ᠪᠣᠯᠪᠠ ᠭᠡᠰᠡᠨ ᠦᠭᠡᠨ ᠳᠤ ᠭᠠᠷ ᠦᠵᠦᠭᠦᠷ ᠵᠠᠷᠤᠭᠳᠠᠬᠤ ᠵᠠᠯᠠᠭᠤ | ᠪᠡᠷᠢᠶᠡᠳ ᠣᠴᠢᠷ ᠤᠨ ᠭᠤᠭᠴᠤᠭ᠎ᠠ᠂ ᠣᠨᠢᠰᠤᠭ᠎ᠠ ᠶᠢᠨ ᠣᠭᠤᠰᠤᠷ ᠢ ᠣᠯᠬᠤ ᠦᠭᠡᠢ ᠡᠭᠡᠳᠡᠢ ᠪᠤᠣᠳᠠᠢ ᠪᠣᠯᠵᠤ᠂ | ᠭᠡᠨᠡᠳᠳᠡ ᠨᠢᠳᠦ ᠲᠣᠳᠦ᠋ᠢᠵᠤ ᠠᠮᠠ ᠨᠢ ᠠᠩᠭᠠᠯᠵᠠᠭᠰᠠᠨ ᠳᠤ᠂ ᠬᠤᠤᠰᠪᠠᠶᠠᠷ ᠡᠪᠦᠭᠡᠨ ᠦᠭᠡ ᠶᠢᠨ ᠵᠢᠯᠤᠭᠤ ᠶᠢ | ᠵᠠᠯᠠᠵᠤ᠂ ᠦᠭᠦᠯᠡᠪᠤᠷᠢ ᠶᠢᠨ ᠤᠳᠬ᠎ᠠ ᠶᠢ ᠵᠠᠰᠠᠨ᠂ ᠮᠠᠰᠢᠵᠠᠪ ᠤᠨ ᠬᠢᠨ ᠡᠨᠡ ᠬᠠᠪᠤᠷ ᠡᠷ᠎ᠡ ᠬᠤᠷᠠᠭ᠎ᠠ ᠬᠡᠳᠦᠢ ᠲᠤᠰᠪᠠ | ︖ ᠭᠡᠪᠡᠯ᠄ | — ᠭᠤᠷᠪᠠᠨ ᠵᠠᠭᠤ ᠭᠠᠷᠤᠢ ᠬᠤᠳᠠᠯᠠᠪᠠ ᠭᠡᠯᠡ᠃ | ᠠᠷᠢᠬᠢ ᠴᠤ ᠠᠬᠤ ᠶᠠᠪᠤᠭᠳᠠᠵᠤ᠂ ᠠᠳᠠᠯ ᠴᠤ ᠠᠭᠠᠵᠢᠮ ᠰᠢᠯᠤᠭᠤᠬᠠᠨ ᠢᠷᠡᠪᠡ᠃ ᠨᠠᠩᠵᠢᠳ ᠲᠤ | ᠠᠪᠢᠶᠠᠰ ᠲᠠᠢ ᠨᠢᠭᠡ ᠨᠢ ᠠᠪᠤᠨ ᠠᠪᠤᠨ ᠬᠦᠨᠳᠦᠷᠴᠤ᠂ ᠨᠠᠷᠢᠨ ᠬᠢᠴᠡ ᠲᠠᠢ ᠵᠠᠭᠤᠰᠢᠨ ᠳᠤ ᠠᠪᠬᠠᠯᠵᠢ ᠰᠠᠶᠢᠳᠠᠢ ᠨᠢ | ᠰᠢᠮᠡᠨ ᠰᠢᠮᠡᠨ ᠲᠠᠮᠰᠢᠶᠠᠯᠠᠨ ᠭᠦᠵᠡᠭᠡᠯᠡᠨᠡ᠃ | ᠡᠷᠳᠡᠨ ᠠᠴᠠ ᠪᠢᠷᠠᠭᠤ᠂ ᠬᠤᠷᠠᠭ᠎ᠠ ᠶᠢᠨ ᠪᠦᠭᠡᠷ᠎ᠡ ᠶᠢ ᠤᠰᠤ ᠪᠣᠶᠤ ᠰᠦ ᠳᠤ ᠴᠢᠨᠠᠵᠤ ᠪᠤᠯᠭᠤᠭᠰᠠᠨ ᠱᠦᠯᠦ | ᠰᠦᠮᠦᠰᠦ ᠶᠢ ᠪᠦᠯᠢᠶᠡᠨ ᠪᠠᠶᠢᠬᠤ ᠳᠤᠨᠢ ᠰᠢᠷᠭᠤᠯᠵᠢ ᠶᠢᠨ ᠡᠭᠦᠷ ᠤᠨ ᠠᠮᠠᠰᠠᠷ ᠰᠦᠷᠴᠢᠵᠤ᠂ ᠬᠤᠨᠢᠨ ᠰᠦᠷᠦᠭ ᠢᠶᠠᠨ | ᠰᠢᠷᠭᠤᠯᠵᠢ ᠰᠢᠭ᠋ ᠦᠢ ᠣᠯᠠᠨ ᠦᠷᠡᠵᠢᠬᠦ ᠶᠢ ᠪᠡᠯᠭᠡᠳᠡᠬᠦ ᠤᠯᠠᠮᠵᠢᠯᠠᠯ ᠢ ᠣᠢ ᠲᠤᠢ ᠳᠠᠭᠠᠨ ᠲᠣᠭᠳᠠᠭᠠᠵᠤ ᠢᠷᠡᠭᠰᠡᠨ | ᠬᠤᠨᠢᠴᠢᠳ ᠪᠤᠢ ᠮᠦᠷᠳᠡᠭᠡᠨ ᠴᠢᠨᠠᠭᠠᠳ ᠠᠭᠰᠢᠵᠤ ᠠᠪᠴᠢᠭᠰᠠᠨ ᠬᠤᠨᠢ᠂ ᠪᠢᠷᠠᠭᠤᠨ ᠪᠦᠭᠡᠷ᠎ᠡ ᠶᠢ ᠬᠠᠯᠠᠭᠤᠨ | ᠨᠣᠭᠤᠭ᠎ᠠ ︵ᠯᠠᠵᠤᠣ︶ ᠶᠢᠨ ᠨᠤᠨᠳᠠᠭ ᠲᠤ ᠲᠦᠷᠦᠵᠦ ᠢᠳᠡᠳᠡᠭ ᠤᠵᠤᠭᠤᠷ ᠤᠨ ᠵᠤᠷᠰᠢᠯ ᠪᠠᠶᠢᠳᠠᠭ ᠡ ᠭᠡᠵᠤ | ᠰᠡᠴᠡᠷᠬᠡᠤ ᠨᠢᠭᠡᠨ ᠤ ᠬᠠᠭᠤᠴᠢᠯᠠᠬᠤ ᠶᠢ ᠰᠣᠨᠤᠰᠤᠮᠠᠷ ᠨᠢᠭᠡ ᠨᠢ ᠰᠡᠳᠭᠢᠯ ᠲᠠᠯᠪᠢᠨ ᠰᠣᠨᠤᠰᠤᠨ᠎ᠠ᠃ | ᠰᠦᠷᠦᠭ ᠤᠨ ᠢᠶᠠᠨ ᠳᠡᠷᠭᠡᠳᠡ ᠢᠰᠭᠢᠷᠦᠭᠰᠡᠨ ᠮᠠᠯᠴᠢᠨ ᠬᠦᠮᠦᠨ ᠤ ᠪᠡᠯᠡᠨ ᠰᠡᠴᠡᠷᠬᠡᠯ ᠳᠤᠭᠤᠯᠳᠠᠬᠤ ᠳᠤ᠂ | ᠰᠦᠨ ᠤ ᠲᠦᠰᠦᠷᠭᠡ ᠱᠠᠭᠢᠭᠤᠯᠤᠭᠰᠠᠨ ᠰᠠᠭᠠᠯᠢᠴᠢᠨ ᠪᠦᠰᠡᠭᠦᠢ ᠶᠢᠨ ᠪᠠᠭ᠋ᠠᠷᠬᠠᠯ ᠤᠨ ᠤᠶᠠᠩᠭ᠎ᠠ ᠵᠠᠯᠭᠠᠯᠳᠦᠨ ᠢᠷᠡᠨᠡᠮ᠃ | | ᠨᠠᠶᠢᠷ ᠨᠠᠮᠪᠠᠭ᠎ᠠ ᠲᠠᠢ ᠶᠠᠪᠤᠭᠳᠠᠵᠤ᠂ ᠨᠠᠭᠠᠨ᠎ᠠ ᠨᠢ ᠨᠠᠩᠰᠠᠯᠮ᠎ᠠ ᠪᠦᠰᠡᠭᠦᠢ ᠶᠢᠨ ᠨᠠᠮᠪᠠ ᠲᠠᠢ ᠬᠤᠭᠤᠯᠠᠢ ᠪᠠᠷ | ᠡᠷᠭᠦᠵᠦ ᠡᠯᠭᠦᠭᠰᠡᠨ ︽ᠬᠠᠪᠤᠷ ᠴᠠᠭ ᠤᠨ ᠬᠠᠯᠢᠭᠤᠨ ᠭᠠᠯᠠᠭᠤ︾ ᠭᠡᠬᠦ ᠠᠷᠠᠳ ᠤᠨ ᠳᠠᠭᠤᠣ ᠨᠠᠶᠢᠷ ᠲᠤ ᠬᠦᠭ | ᠨᠡᠮᠡᠵᠤ᠂ ᠨᠠᠩᠵᠢᠳ ᠲᠤ ᠬᠦᠴᠦ ᠨᠠᠮᠡᠭᠳᠡᠨ ᠴᠣᠤᠷᠢᠶᠠᠳᠤᠨᠠ᠃ | ᠬᠠᠪᠤᠷ ᠤᠨ ᠬᠢᠨ ᠤ ᠴᠠᠭ ᠲᠤᠨᠢ ᠬᠤᠩᠭᠤᠷ ᠬᠠᠯᠢᠭᠤᠨ ᠭᠠᠯᠠᠭᠤ | ᠬᠠᠩᠭᠢᠨᠠᠳᠠᠯ᠎ᠠ ᠳᠣᠩᠭᠤᠳᠤᠬᠤᠶᠠ ᠠ ᠬᠦᠢ ᠰᠣᠨᠤᠰᠤᠯᠳᠠᠢ ᠰᠠᠶᠢᠬᠠᠨ ᠪᠣᠢ | ᠬᠠᠨᠢ ᠨᠦᠬᠦᠷ ᠤᠨ ᠠᠬ᠎ᠠ ᠲᠡᠭᠦᠤ ᠬᠠᠯᠠᠮᠵᠢᠳᠠᠢ ᠶᠠᠪᠤᠬᠤ ᠨᠢ ᠰᠠᠶᠢᠬᠠᠨ | ᠡᠨᠡ ᠮᠡᠳᠦ ᠨᠠᠶᠢᠷ ᠢ ᠦᠵᠡᠯᠳᠠᠢ ᠶᠤ᠋ ᠰᠠᠶᠢᠬᠠᠨ ᠪᠣᠢ᠃ | ᠵᠤᠨ ᠤ ᠬᠢᠨ ᠤ ᠴᠠᠭ ᠲᠤᠨᠢ ᠵᠦᠯᠭᠡᠨ ᠤ ᠨᠣᠭᠤᠭᠠᠨ ᠦᠩᠭᠡ | ᠵᠤᠭᠠᠴᠠᠵᠤ ᠨᠠᠭᠠᠳᠪᠠᠰᠤ ᠵᠢᠷᠭᠠᠯᠳᠠᠢ ᠶᠤ᠋ ᠰᠠᠶᠢᠬᠠᠨ ᠪᠣᠢ᠃ | ᠵᠢᠷᠦᠮ ᠶᠣᠰᠤᠨ ᠤ ᠠᠬ᠎ᠠ ᠲᠡᠭᠦᠤ ᠨᠠᠶᠢᠷᠯᠠᠬᠤᠶᠠ ᠰᠠᠶᠢᠬᠠᠨ | ᠡᠨᠡ ᠮᠡᠳᠦ ᠵᠢᠷᠭᠠᠯ ᠨᠠᠶᠢᠷ ᠢ ᠦᠵᠡᠯᠳᠡᠢ ᠶᠤ᠋ ᠰᠠᠶᠢᠬᠠᠨ ᠪᠣᠢ᠃᠂᠂᠂᠂ | — ᠬᠦᠭᠰᠢᠨ ᠡ ᠪᠣᠯᠵᠠᠢ ᠭᠡᠬᠦ ᠶᠢ ᠬᠦᠯᠢᠶᠡᠯ ᠦᠭᠡᠢ᠂ ᠬᠦᠯᠴᠦᠭᠦᠷᠡᠵᠦ ᠢᠷᠡᠨ᠎ᠡ᠂ ᠬᠦᠯᠦᠷᠡᠵᠤ ᠶᠠᠪᠤᠨ᠎ᠠ᠂ | ᠭᠡᠷ ᠤᠨ ᠡᠵᠡᠨ ᠬᠤᠤᠰᠪᠠᠶᠠᠷ ᠨᠢ ᠰᠣᠭᠳᠤᠴᠢᠬᠠᠪᠠ᠃ ᠬᠦᠰᠡᠷ ᠲᠦᠭᠦᠷᠡᠩ ᠬᠦᠨᠳᠡᠯᠡᠨ ᠬᠡᠪᠳᠡᠭᠡ ᠰᠠᠭᠰᠠᠭᠤ | ᠠᠷᠢᠬᠢᠴᠢᠨ᠂ ᠬᠦᠷᠢᠶ᠎ᠡ ᠪᠠᠭᠳᠠᠮ᠎ᠠ ᠦᠭᠡᠢ ᠤᠬᠰᠢᠯᠭᠠ ᠶᠢᠨ ᠲᠠᠭᠤᠨ᠂ ᠬᠦᠰᠡᠷ ᠲᠦᠭᠦᠷᠡᠩ ᠵᠠᠵᠢᠯᠪᠤᠷᠢ᠂ | ᠪᠦᠭᠡᠯᠵᠢᠰᠦ ᠶᠢᠨ ᠦᠨᠦᠷ ᠰᠡᠩᠭᠢᠨᠡᠭᠦᠯᠦᠭᠰᠡᠨ ᠰᠤᠭᠳᠣᠭᠤ ᠡᠷᠡᠰ ᠣᠨᠳᠤᠢ ᠰᠤᠨᠳᠤᠢ᠃ | ᠮᠠᠷᠭᠠᠰᠢ ᠨᠢ ᠤᠯᠠᠪᠢᠷ ᠲᠤᠶᠠᠭ᠎ᠠ ᠶᠢᠨ ᠰᠣᠪᠤᠷᠠᠯ ᠢᠶᠠᠷ ᠬᠠᠨᠢ ᠪᠤᠯᠭᠠᠭᠰᠠᠨ᠂ ᠬᠦᠯᠦᠰᠦᠨ ᠳᠤᠨᠢ ᠰᠫᠢᠷᠲ | ᠰᠢᠩᠭᠡᠭᠰᠡᠨ ᠡᠰᠭᠡᠭᠦᠷᠴᠢᠳ ᠪᠣᠯᠵᠤᠭ᠎ᠠ ᠣᠷᠬᠢᠭᠰᠠᠨ ᠶᠣᠰᠤᠭᠠᠷ ᠬᠠᠮᠵᠢᠵᠤ ᠡᠯᠭᠦᠬᠦ ᠬᠠᠪᠰᠤᠷᠤᠭ᠎ᠠ ᠬᠦᠴᠦ | ᠵᠠᠯᠭᠠᠬᠤ ᠪᠠᠷ ᠮᠠᠰᠢᠵᠠᠪ ᠤᠨ ᠳᠤ ᠪᠦᠭᠡᠮᠨᠡᠷᠡᠪᠡ᠃ | ᠮᠠᠰᠢᠵᠠᠪ ᠤᠨ ᠭᠡᠷᠭᠡᠢ ᠠᠵᠢᠭ ᠪᠠᠵᠢᠭ ᠠᠯᠳᠠᠵᠤ᠄ | — ᠴᠢᠮᠡᠭᠡ ᠴᠤ ᠦᠭᠡᠢ᠂ ᠢᠮᠡᠭᠡ ᠴᠤ ᠦᠭᠡᠢ ᠭᠡᠳ ᠮᠠᠰᠢᠵᠠᠪ ᠢᠶᠠᠨ ᠬᠠᠷᠠᠨ ᠭᠠᠷ ᠨᠣᠬᠤᠯᠠᠨ ᠵᠤᠭᠰᠤᠨ᠎ᠠ᠃ | ᠮᠠᠰᠢᠵᠠᠪ᠄ | — ᠬᠤᠨᠢᠨ ᠪᠦᠭᠡᠷ᠎ᠡ ᠠᠪᠬᠤ ᠳᠤ ᠬᠤᠷᠸ᠎ᠠ ᠶᠢ ᠳᠣᠷᠭᠢᠭᠤᠯᠤᠨ᠎ᠠ ᠤᠤ︖ ᠬᠤᠷᠳᠤᠨ ᠴᠠᠢ ᠲᠠᠯᠪᠢᠵᠤ᠂ | ᠬᠠᠪᠢᠷᠭ᠎ᠠ ᠭᠠᠷᠭ᠎ᠠ︕ ᠬᠤᠮᠢᠵᠦ ᠲᠡᠭᠦᠰᠪᠡᠯ ᠪᠦᠭᠦᠳᠡ ᠶᠢ ᠬᠤᠨᠢᠨ ᠤᠭᠤᠴᠠᠨ ᠳᠤ ᠰᠠᠭᠤᠯᠭᠠᠶ᠎ᠠ᠃ ᠬᠡᠤᠬᠡᠳ ᠢ | ᠭᠠᠴᠠᠭᠠᠨ ᠤ ᠴᠢᠯᠦᠭᠡᠳᠦ ᠲᠡᠯᠭᠡᠭᠦᠷ ᠲᠤ ᠶᠠᠪᠤᠭᠤᠯᠵᠤ᠂ ᠬᠤᠷᠴᠠ ᠠᠮᠳᠠᠳᠠᠢ ᠬᠠᠭᠤᠷᠤᠯᠭ᠎ᠠ ᠶᠢᠨ ᠨᠣᠭᠤᠭ᠎ᠠ᠂ | ᠬᠤᠷᠳᠤᠨ ᠬᠠᠯᠠᠰᠠᠬᠤ ᠬᠦᠴᠦᠳᠡᠢ ᠠᠷᠢᠬᠢ ᠠᠴᠠ ᠨᠢᠵᠢᠭᠡᠳ ᠰᠢᠯ ᠠᠪᠴᠢᠷᠠᠭᠤᠯ︕ | — ᠠᠮᠳᠠᠳᠤ ᠫᠢᠸᠣ᠋ ᠠᠪᠬᠤ ᠪᠠᠨ ᠮᠠᠷᠳᠠᠴᠢᠬᠠᠪᠡᠤ︖ ᠭᠡᠪᠡᠯ᠄ | — ᠠᠶᠢᠷᠠᠭ ᠪᠠᠶᠢᠭᠰᠠᠨ ᠴᠠᠭ ᠲᠤ ᠶᠠᠭᠤᠨ ᠤ ︽ᠨᠣᠮᠤᠬᠠᠨ ᠰᠢᠷ᠎ᠠ︾᠂ ︽ᠵᠦᠭᠡᠯᠡᠨ ᠴᠠᠭᠠᠨ︾ ᠭᠡᠳᠡᠭ | ᠴᠢᠨᠢ ᠬᠡᠷᠡᠭ ᠴᠤ ᠦᠭᠡᠢ ᠤᠮᠳᠠ᠂ ᠬᠡᠪᠡᠯᠢ ᠳᠤ ᠰᠢᠩᠭᠡᠬᠦ ᠦᠭᠡᠢ ᠤᠮᠳᠠᠭᠠᠨ᠃ | — ᠡᠯᠳᠡᠪ ᠤᠨ ᠦᠭᠡ ᠪᠠᠨ ᠡᠪ ᠢ ᠨᠢ ᠠᠵᠢᠵᠤ ᠶᠠᠩᠰᠢᠵᠤ ᠪᠠᠢ ᠭᠡᠳ ᠮᠠᠰᠢᠵᠠᠪ ᠭᠤᠸᠠᠢ ᠰᠡᠩᠳᠡᠭᠦᠤ | ᠮᠡᠩᠳᠡᠭᠦᠤ ᠬᠤᠷᠮᠤᠢ ᠰᠢᠭᠤᠵᠤ ᠬᠠᠨᠴᠤᠢ ᠰᠢᠮᠠᠯᠠᠨ ᠭᠠᠷᠪᠠ᠃ | ᠬᠤᠷᠠᠭ᠎ᠠ ᠢᠰᠢᠭᠡ ᠶᠢ ᠬᠠᠰᠢᠶᠠᠯᠠᠵᠤ ᠠᠮᠵᠢᠪᠠ᠃ ᠬᠤᠷᠴᠠ ᠡᠰᠭᠡᠭᠦᠷ ᠭᠢᠯᠠᠯᠵᠠᠵᠤ ᠢᠷᠡᠪᠡ᠃ | ᠬᠤᠷᠠᠭ᠎ᠠ ᠨᠤᠭᠤᠳ ᠬᠦᠮᠦᠬᠡᠢ ᠵᠠᠭᠤᠵᠤ ᠲᠡᠰᠴᠤ ᠶᠠᠳᠠᠨ᠂ ᠢᠰᠢᠭᠡ ᠨᠦᠭᠦᠳ ᠡᠷ᠎ᠡ ᠶᠢᠨ ᠬᠢᠷᠢ ᠪᠠᠷ ᠳᠠᠭᠤ ᠠᠯᠳᠠᠪᠠ᠃ | | — ᠪᠠᠷᠠᠭᠰᠠᠨ ᠬᠡᠷᠡᠭ ᠡ᠂ ᠪᠠᠶᠢᠭᠰᠠᠨ ᠢᠶᠠᠨ ᠠᠯᠳᠠᠴᠢᠬᠠᠪᠠ ᠭᠡᠳ ᠡᠷ᠎ᠡ ᠪᠣᠯᠤᠭᠰᠠᠨ ᠳᠠᠭᠠᠨ ᠭᠡᠮᠰᠢᠵᠤ᠂ | ᠡᠷᠯᠢᠰᠡ ᠬᠤᠪᠢᠯᠤᠭᠰᠠᠨ ᠳᠠᠭᠠᠨ ᠭᠤᠮᠤᠷᠬᠠᠨᠠ᠃ | ᠬᠤᠨᠤᠭᠰᠢᠵᠤ ᠪᠦᠳᠦᠭᠦᠷᠡᠭᠰᠡᠨ ᠬᠤᠷᠠᠭ᠎ᠠ᠂ ᠬᠤᠩᠬᠢᠯᠵᠠᠵᠤ ᠠᠯᠢᠶᠠᠷᠬᠠᠭᠰᠠᠨ ᠢᠰᠢᠭᠡ ᠨᠦᠭᠦᠳ ᠢ ᠳᠠᠩᠴᠤ | ᠬᠦᠭᠡᠷᠦᠬᠦ᠋ᠢᠯᠡᠵᠦ᠂ ᠲᠠᠩᠳᠠ ᠦᠷᠦ ᠡᠪᠡᠳᠴᠤ ᠰᠠᠭᠤᠮᠠᠷ ᠡ᠃ ᠶᠣᠰᠤᠳᠠᠢ᠂ ᠪᠦᠭᠡᠷ᠎ᠡ ᠶᠢ ᠪᠠᠨ ᠪᠦᠯᠢᠭᠦᠷᠴᠢᠨ ᠳᠤ | ᠲᠤᠰᠢᠶᠠᠵᠤ᠂ ᠪᠦᠬᠦᠯᠢ ︵ᠰᠢᠭᠦᠰᠦ︶ ᠶᠢ ᠪᠠᠨ ᠪᠦᠭᠦᠳᠡ ᠳᠤ ᠡᠷᠭᠦᠬᠦ ᠭᠡᠭᠴᠢ ᠡᠭᠦᠨ ᠢ ᠬᠡᠯᠡᠬᠦ ᠠᠵᠤᠭᠤ᠃ | ᠭᠢᠯᠠᠯᠵᠠᠮ᠎ᠠ ᠦᠰᠦ᠂ ᠭᠠᠷᠠᠬᠠᠨ ᠨᠢᠳᠦ ᠲᠠᠢ᠂ ᠭᠠᠷ ᠲᠤ ᠠᠮᠠᠷ ᠪᠠᠷᠢᠭᠳᠠᠬᠤ ᠦᠭᠡᠢ ᠬᠤᠷᠠᠭ᠎ᠠ ᠢᠰᠢᠭᠡ ᠶᠢ | ᠬᠤᠴᠠ᠂ ᠤᠬᠤᠨ᠎ᠠ ᠪᠠᠷ ᠲᠠᠯᠪᠢᠵᠤ᠂ ᠬᠤᠷ ᠲᠠᠷᠭᠤ ᠠᠪᠤᠭᠤᠯᠵᠤ ᠬᠤᠨᠢᠨ ᠰᠦᠷᠦᠭ ᠢᠶᠠᠨ ᠦᠨᠢᠷᠰᠢᠭᠦᠯᠦᠨ | ᠦᠷᠡᠵᠢᠭᠦᠯᠬᠦ ᠪᠠᠷ ᠦᠯᠡᠳᠡᠭᠡᠨ᠎ᠡ᠃ | ᠴᠢᠮᠬᠢᠭᠦᠷ ᠤᠷᠤᠭᠰᠢᠳᠠᠢ ᠶᠠᠪᠤᠭᠳᠠᠵᠤ᠂ ᠳᠣᠭᠤᠶᠢᠯᠠᠨ ᠵᠠᠰᠠᠭᠰᠠᠨ ᠴᠠᠭᠠᠨ ᠢᠳᠡᠭᠡ ᠲᠠᠢ ᠴᠠᠢ ᠶᠢᠨ ᠰᠢᠷᠡᠭᠡ ᠠᠴᠠ | ᠲᠣᠭᠠᠳᠠᠢ ᠰᠦᠩ ᠲᠦᠰᠢᠭᠰᠡᠨ ᠳᠦᠷᠢᠮᠳᠦ ᠳᠠᠶᠢᠯᠠᠯᠭ᠎ᠠ ᠶᠢᠨ ᠰᠢᠷᠡᠭᠡᠨ ᠳᠤ ᠡᠳᠦᠷᠵᠢᠨ ᠲᠡᠪᠵᠢᠵᠤ ᠴᠦᠬᠦᠭᠰᠡᠨ | ᠡᠰᠭᠡᠭᠦᠷᠴᠢᠳ ᠮᠢᠨᠢ ᠮᠠᠬᠠᠷᠠᠨ ᠮᠠᠭᠰᠢᠪᠠ᠃ | ᠵᠣᠬᠢᠶᠠᠭᠴᠢ᠄ ᠄ ● ᠪᠠᠶᠠᠨᠬᠦᠤ | ᠵᠤᠬᠢᠶᠠᠭᠴᠢ ᠶᠢᠨ ᠬᠠᠶ᠋ᠢᠭ᠄ ᠡᠮᠦᠨᠡᠳᠦ ᠬᠤᠰᠢᠭᠤᠨ ᠤ ᠪᠠᠭᠰᠢ ᠶᠢᠨ ᠲᠠᠪᠳᠡᠨ ᠪᠤᠯᠪᠠᠰᠤᠷᠠᠬᠤ ᠰᠤᠷᠭᠠᠭᠤᠯᠢ |