︽ᠲᠠᠯᠡᠬᠡᠢ ᠶᠢᠨ ᠪᠦᠮᠪᠦᠷᠴᠡᠭ ᠲᠡᠭᠡᠷᠡᠬᠢ ᠲᠤᠷ᠎ᠠ ᠶᠢᠨ ᠬᠤᠶᠠᠷ ᠭᠠᠵᠠᠷ ᠤᠨ ᠵᠠᠢ ᠨᠢ ᠨᠢᠭᠡ ᠬᠤᠶᠠᠷ ᠮᠧᠳ᠋ᠷ ᠠᠴᠠ | ᠠᠷᠠᠢ ᠬᠡᠳᠦᠷᠡᠬᠦ ᠦᠭᠡᠢ︾ ᠭᠡᠵᠤ ᠭᠠᠵᠠᠷ ᠵᠦᠢ ᠶᠢᠨ ᠪᠠᠭᠰᠢ ᠮᠠᠨᠢ ᠬᠠᠨᠠᠨ ᠳᠤ ᠡᠯᠭᠦᠭᠡᠰᠦᠳᠡᠢ ᠲᠡᠯᠡᠬᠡᠢ ᠶᠢᠨ | ᠭᠠᠵᠠᠷ ᠤᠨ ᠵᠢᠷᠤᠭ ᠢ ᠵᠢᠭᠠᠭᠠᠳ ᠰᠡᠴᠡᠯᠡᠨᠡ᠃ ᠡᠭᠦᠨ ᠢ ᠰᠤᠨᠤᠰᠤᠩᠭᠤᠳᠠ᠂ ᠬᠤᠭᠤᠷ ᠤᠨ ᠦᠯᠢᠭᠡᠷ ᠲᠤ ᠬᠡᠯᠡᠳᠡᠭ | ︽ᠲᠩᠷᠢ ᠲᠡᠭᠡᠷᠡᠬᠢ ᠨᠢᠭᠡ ᠡᠳᠦᠷ ᠨᠢ ᠭᠠᠵᠠᠷ ᠲᠡᠭᠡᠷᠡᠬᠢ ᠨᠢᠭᠡ ᠵᠢᠯ︾ ᠭᠡᠬᠦ ᠦᠭᠡ ᠶᠢ ᠰᠠᠨᠠᠭᠠᠨ ᠳᠤ ᠤᠷᠤᠪᠠ᠃ | ᠬᠤᠵᠢᠮ ᠰᠡᠭᠦᠯ ᠳᠤ ᠨᠢ ᠠᠶᠢᠨᠰᠲ᠋ᠠᠨ ᠤ ᠬᠠᠷᠢᠴᠠᠩᠭᠤᠢ ᠤᠨᠤᠯ ᠭᠡᠳᠡᠭ ᠢ ᠰᠤᠨᠤᠰᠤᠭᠠᠳ ᠡᠨᠡ ᠭᠤᠷᠪᠠᠨ ᠵᠦᠢᠯ ᠨᠢ | ᠬᠤᠭᠤᠷᠤᠨᠳᠤ ᠪᠠᠨ ᠶᠠᠮᠠᠷ ᠨᠢᠭᠡᠨ ᠬᠤᠯᠪᠤᠭ᠎ᠠ ᠲᠠᠢ ᠴᠦ ᠶᠤᠮ ᠤᠤ︖ ᠭᠡᠵᠤ ᠪᠤᠳᠤᠬᠤ ᠪᠤᠯᠪᠠ᠃ ᠲᠡᠭᠡᠭᠰᠡᠨ ᠠᠴᠠ | ᠪᠢ ᠰᠢᠨᠵᠢᠯᠡᠬᠦ ᠤᠬᠠᠭᠠᠨ ᠳᠤ ᠲᠤᠷ᠎ᠠ ᠪᠠᠬ᠎ᠠ ᠲᠠᠢ ᠪᠤᠯᠵᠤ ᠡᠬᠢᠯᠡᠪᠡ᠂ ᠮᠢᠨᠦ ᠰᠢᠨᠵᠢᠯᠡᠬᠦ ᠤᠬᠠᠭᠠᠨ ᠤ ᠪᠠᠭᠰᠢ ᠪᠣᠯ | ᠶᠠᠷᠢᠶᠠᠨ ᠦᠭᠡᠢ ᠭᠠᠵᠠᠷ ᠵᠦᠢ ᠶᠢᠨ ᠪᠠᠭᠰᠢ ᠮᠢᠨᠢ ᠪᠤᠯᠬᠤ ᠠᠴᠠ ᠪᠢᠰᠢ ᠬᠠᠷᠢᠨ ᠠᠶᠢᠨᠰᠲ᠋ᠠᠨ ᠪᠢᠰᠢ ᠶᠤᠮ᠂ | ᠠᠶᠢᠨᠰᠲ᠋ᠠᠨ ᠪᠣᠯ ᠨᠠᠮ᠎ᠠ ᠠᠴᠠ ᠬᠡᠳᠦ ᠬᠤᠯᠠ ᠮᠦᠷᠳᠡᠭᠡᠨ ᠬᠡᠳᠦ ᠡᠷᠳᠡᠨ ᠤ ᠤᠷᠤᠰᠢᠬᠤᠢ᠃ ᠭᠡᠪᠡᠴᠦ ᠲᠡᠭᠦᠨ ᠤ | ᠬᠠᠷᠢᠴᠠᠩᠭᠤᠢ ᠤᠨᠤᠯ ᠢ ᠦᠨᠳᠦᠰᠦᠯᠡᠪᠡᠯ ᠲᠡᠷᠡ ᠮᠦᠨ ᠨᠠᠮ᠎ᠠ ᠠᠴᠠ ᠲᠤᠩ ᠤᠶᠢᠷᠠᠬᠠᠨ ᠤᠷᠤᠰᠢᠬᠤᠢ ᠪᠠᠶᠢᠪᠠᠯ | ᠲᠠᠭᠠᠷᠠᠨ᠎ᠠ᠃ ᠪᠢ ᠤᠳᠤ ᠶᠠᠮᠠᠷ ᠴᠦ ᠠᠰᠠᠭᠤᠳᠠᠯ ᠢ ᠪᠦᠷ ᠢᠩᠬᠢᠵᠦ ︽ᠰᠢᠨᠵᠢᠯᠡᠬᠦ ᠤᠬᠠᠭᠠᠨᠴᠢ︾ ᠤᠪᠤᠷ ᠢᠶᠠᠷ | ᠰᠡᠳᠬᠢᠬᠦ ᠪᠤᠯᠤᠬᠰᠠᠨ ᠶᠤᠮ᠃ ᠲᠡᠭᠡᠭᠰᠡᠨ ᠠᠴᠠ ᠤᠯᠠᠨ ᠠᠷᠪᠢᠨ ᠬᠡᠪᠰᠢᠭᠰᠡᠨ ᠤᠬᠠᠬᠳᠠᠬᠤᠨ ᠢ ᠴᠦ ᠰᠢᠨ᠎ᠠ ᠪᠠᠷ | ᠲᠠᠨᠢᠵᠦ ᠡᠬᠢᠯᠡᠵᠡᠢ᠃ | ᠰᠦᠨᠢ ᠲᠦᠯᠢ ᠪᠣᠯ ᠴᠠᠭ ᠤᠨ ᠤᠬᠠᠮᠰᠠᠷ ᠲᠡᠳᠦᠢ᠂ ᠦᠭᠡᠷ᠎ᠠ ᠪᠠᠷ ᠬᠡᠯᠡᠪᠡᠯ ᠲᠡᠷᠡ ᠨᠢ ᠴᠠᠭ ᠤᠨ ᠵᠡᠭᠦᠦ ᠶᠢᠨ | ᠵᠢᠭᠠᠯᠳᠠ ᠲᠤᠭ᠎ᠠ ᠨᠢ ᠰᠦᠨᠢ ᠶᠢᠨ ᠠᠷᠪᠠᠨ ᠬᠤᠶᠠᠷ ᠴᠠᠭ ᠤᠨ ᠨᠠᠭᠠᠭᠤᠷ ᠴᠠᠭᠠᠭᠤᠷ ᠪᠠᠶᠢᠬᠤ ᠶᠢ ᠵᠢᠭᠠᠭᠰᠠᠨ | ᠤᠬᠠᠬᠳᠠᠬᠤᠨ ᠮᠥᠨ᠂ ᠭᠡᠪᠡᠴᠦ ᠲᠡᠭᠦᠨ ᠤ ᠡᠴᠢᠨ᠎ᠡ ᠴᠠᠭᠠᠨ᠎ᠠ ᠨᠢ ᠬᠦᠮᠦᠨ ᠠᠮᠢᠳᠠᠨ ᠬᠦᠯ ᠦᠢᠮᠡᠭᠡᠨ ᠢᠶᠠᠨ | ᠬᠤᠷᠢᠶᠠᠵᠤ ᠲᠤᠭ ᠨᠦᠢᠷ ᠲᠤ ᠪᠠᠨ ᠤᠷᠤᠬᠤ᠂ ᠲᠡᠯᠡᠬᠡᠢ ᠶᠡᠷᠳᠢᠨᠴᠦ ᠫᠠᠳ ᠬᠠᠷᠠᠩᠭᠤᠢ ᠪᠤᠯᠬᠤ᠂ ᠬᠤᠳᠠ ᠵᠡᠭᠡᠯᠢ | ᠡᠯᠦᠢ ᠬᠤᠯᠤᠢ ᠪᠤᠯᠬᠤ ᠭᠡᠬᠦ ᠮᠡᠳᠦ ᠶᠢᠨ ᠠᠭᠤᠯᠭ᠎ᠠ ᠲᠠᠭᠠᠯᠳᠤᠵᠤ ᠪᠠᠶᠢᠬᠤ ᠨᠢ ᠵᠢᠮ᠎ᠡ ᠶᠤᠰᠤ ᠪᠤᠯᠵᠤ ᠬᠡᠪᠰᠢᠵᠡᠢ᠃ | ᠡᠶᠢᠮᠦ ᠠᠴᠠ ᠰᠦᠨᠢ ᠲᠦᠯᠢ ᠶᠢ ᠤᠶᠢᠯᠠᠭᠠᠬᠤ ᠬᠦᠮᠦᠨ ᠬᠠᠷᠢᠴᠠᠩᠭᠤᠢ ᠴᠦᠬᠡᠨ ᠪᠠᠶᠢᠳᠠᠭ᠃ ᠡᠨᠡᠬᠦ ᠴᠦᠬᠡᠨ | ᠲᠤᠭᠠᠨ ᠤ ᠬᠦᠮᠦᠰ ᠤᠨ ᠲᠤᠳᠤᠷ᠎ᠠ ᠮᠢᠨᠦ ᠲᠠᠨᠢᠳᠠᠭ ᠬᠦᠮᠦᠨ ᠨᠢ ᠨᠡᠩ ᠴᠦᠬᠡᠨ ᠲᠤᠭ᠎ᠠ ᠶᠢ ᠡᠵᠡᠯᠡᠳᠡᠭ᠂ ᠡᠨᠡ ᠨᠡᠩ | ᠴᠦᠬᠡᠨ ᠲᠤᠭᠠᠨ ᠤ ᠲᠤᠲᠤᠷ᠎ᠠ ᠨᠢ ᠮᠠᠵᠢᠶᠠᠩ ᠲᠤᠬᠯᠠᠳᠠᠭ ᠬᠦᠮᠦᠨ ᠨᠢ ᠶᠡᠭᠡᠩᠬᠢ ᠲᠤᠭ᠎ᠠ ᠶᠢ ᠡᠵᠡᠯᠡᠳᠡᠭ ᠶᠤᠮ᠂ | ᠲᠡᠶᠢᠮᠦ ᠮᠦᠷᠳᠡᠭᠡᠨ ᠡᠨᠡᠬᠦ ᠶᠡᠭᠡᠩᠬᠢ ᠲᠤᠭ᠎ᠠ ᠨᠢ ᠪᠠᠷᠤᠭ ᠪᠦᠷ ᠮᠤᠩᠭᠤᠯ ᠬᠦᠮᠦᠨ ᠪᠢᠯᠡ᠃ | ᠨᠠᠳᠠ ᠳᠤ ᠬᠤᠶᠠᠷ ᠮᠠᠵᠢᠶᠠᠩ ᠤᠨ ᠪᠠᠭᠰᠢ ᠪᠤᠢ᠃ ᠲᠡᠭᠦᠨ ᠤ ᠨᠢᠭᠡ ᠨᠢ ᠲᠡᠷᠭᠡᠨ ᠡ᠊ᠨᠳᠡᠯ ᠢᠶᠠᠷ | ᠳ᠋ᠧᠪᠠᠵᠠᠨ ᠳᠤ ᠪᠠᠨ ᠮᠤᠷᠳᠠᠵᠠᠢ᠂ ᠨᠦᠭᠦᠬᠡ ᠨᠢ ᠤᠳᠤ ᠬᠢᠨᠳᠡᠨ ᠤ ᠮᠤᠬᠤᠷ ᠰᠠᠬᠢᠵᠤ ᠰᠠᠭᠤᠨ᠎ᠠ᠃ ᠬᠤᠶᠠᠷ ᠰᠠᠶᠢᠨ | ᠪᠠᠭᠰᠢ ᠲᠠᠢ ᠮᠦᠷᠳᠡᠭᠡᠨ ᠦᠪᠡᠷ ᠢᠶᠠᠨ ᠰᠢᠨᠳᠠᠷᠠᠯ ᠦᠭᠡᠢ ᠴᠢᠷᠮᠠᠶᠢᠭᠰᠠᠨ ᠠᠴᠠ ᠤᠳᠠᠯ ᠦᠭᠡᠢ ᠤᠯᠠᠨ ᠤ ᠳᠤᠮᠳᠠ ᠪᠠᠨ | ᠤᠳᠤ ᠪᠤᠯᠵᠤ᠂ ᠤᠷᠤᠢ ᠤᠷᠤᠢ ᠤᠷᠤ ᠶᠢ ᠨᠢ ᠨᠢᠭᠡ ᠡᠵᠡᠯᠡᠬᠦ ᠪᠤᠯᠤᠬᠰᠠᠨ ᠪᠠᠶᠢᠵᠠᠢ᠃ ᠮᠠᠵᠢᠶᠠᠩ ᠤᠨ ᠰᠢᠷᠡᠭᠡᠨ ᠠᠴᠠ | ᠪᠠᠭᠤᠭᠠᠳ ᠭᠡᠷ ᠲᠤ ᠪᠠᠨ ᠬᠠᠷᠢᠬᠤ ᠵᠠᠢ ᠪᠣᠯ ᠲᠠᠷᠤᠢ ᠰᠦᠨᠢ ᠲᠦᠯᠢ ᠶᠢᠨ ᠵᠠᠢ ᠮᠦᠨ᠂ ᠲᠡᠷᠡ ᠵᠠᠢ ᠨᠢ ᠤᠷᠤᠨ ᠤ ᠵᠠᠢ | ᠮᠦᠷᠳᠡᠭᠡᠨ ᠴᠠᠭ ᠤᠨ ᠵᠠᠢ᠃ ᠲᠤᠭ ᠨᠦᠢᠷ ᠲᠤ ᠪᠠᠶᠢᠭ᠎ᠠ ᠬᠦᠮᠦᠰ ᠡᠨᠡᠬᠦ ᠵᠠᠢ ᠶᠢᠨ ᠤᠬᠠᠮᠰᠠᠷ ᠬᠡᠷᠬᠢᠨ ᠪᠠᠶᠢᠵᠤ | ᠴᠢᠳᠠᠬᠤ ᠪᠤᠢ︖ ᠵᠦᠪᠬᠡᠨ ᠰᠦᠨᠢ ᠲᠦᠯᠢ ᠶᠢᠨ ᠮᠠᠵᠢᠶᠠᠩᠴᠢᠳ ᠯᠡ ᠰᠠᠶ᠋ᠢ ᠡᠭᠦᠨ ᠢ ᠤᠶᠢᠯᠠᠭᠠᠨ᠎ᠠ᠃ | ᠮᠠᠵᠢᠶᠠᠩ ᠤᠨ ᠰᠢᠷᠡᠭᠡᠨ ᠳᠤ ᠰᠠᠭᠤᠬᠰᠠᠨ ᠲᠡᠷᠡ ᠰᠦᠨᠢ ᠠᠴᠠ ᠮᠢᠨᠦ ᠰᠦᠨᠢ ᠲᠦᠯᠢ ᠬᠡᠳᠦᠨ ᠴᠠᠭ ᠬᠤᠶᠢᠰᠢᠯᠠᠵᠤ᠂ | ᠠᠮᠢᠳᠤ ᠪᠤᠳᠠᠰ ᠤᠨ ᠡᠷᠬᠢᠯᠳᠡ ᠶᠢᠨ ᠴᠠᠭ ᠴᠦ ᠤᠤᠯ ᠬᠢ ᠠᠴᠠ ᠪᠠᠨ ᠬᠤᠶᠢᠰᠢᠯᠠᠵᠠᠢ᠃ | ᠮᠠᠵᠢᠶᠠᠩ ᠤᠨ ᠰᠢᠷᠡᠭᠡᠨ ᠲᠡᠭᠡᠷᠡᠬᠢ ᠬᠤᠶᠠᠷ ᠬᠦᠮᠦᠨ ᠤ ᠬᠤᠭᠤᠷᠤᠨᠳᠤᠬᠢ ᠬᠠᠮᠤᠭ ᠬᠤᠯᠠ ᠵᠠᠢ ᠪᠣᠯ ᠮᠧᠳ᠋ᠷ ᠵᠠᠢ | ᠶᠤᠮ᠃ ᠲᠡᠷᠡ ᠨᠢ ᠲᠡᠯᠡᠬᠡᠢ ᠲᠡᠭᠡᠷᠡᠬᠢ ᠬᠠᠮᠤᠭ ᠪᠠᠭ᠎ᠠ ᠲᠠᠶᠢᠨ ᠤ ᠲᠠᠯᠠᠪᠤᠷ᠂ ᠲᠡᠶᠢᠰᠤᠨ ᠠᠴᠠ ᠪᠠᠨ ᠬᠠᠮᠤᠭ ᠤᠶᠢᠷ᠎ᠠ | ᠵᠠᠢ ᠲᠠᠢ ᠲᠠᠶᠢᠨ ᠤ ᠲᠠᠯᠠᠪᠤᠷ ᠮᠦᠨ᠃ ᠭᠡᠪᠡᠴᠦ ᠡᠨᠡᠬᠦ ᠮᠧᠳ᠋ᠷᠬᠠᠨ ᠵᠠᠢ ᠳᠤ ᠲᠦᠷᠪᠡᠨ ᠲᠤᠯᠤᠭᠠᠢ ᠵᠤᠬᠰᠤᠭ᠎ᠠ ᠵᠠᠢ | ᠦᠭᠡᠢ ᠠᠷᠭ᠎ᠠ ᠮᠡᠭᠡ ᠪᠠᠰᠢᠯᠭᠠᠵᠤ ᠨᠦᠭᠦᠭᠡ ᠭᠤᠷᠪᠠ ᠪᠠᠨ ᠭᠠᠯᠠᠯᠠᠨ ᠤᠨᠠᠭᠠᠬᠤ ᠶᠢ ᠭᠤᠷᠢᠳᠠᠨᠠ᠂ ᠲᠡᠳᠡᠨ ᠤ | ᠰᠠᠭᠤᠬᠰᠠᠨ ᠵᠠᠢ ᠨᠢ ᠬᠡᠳᠦ᠋ᠢᠪᠡᠷ ᠮᠧᠳ᠋ᠷᠬᠠᠨ ᠵᠠᠢ ᠪᠤᠯᠪᠠᠴᠤ ᠦᠨᠡᠨ ᠳᠤ ᠪᠠᠨ ᠲᠡᠷᠡ ᠨᠢ ᠬᠤᠶᠠᠷ ᠤᠯᠤᠰ ᠭᠦᠷᠦᠨ ᠤ | ᠵᠠᠢ ᠲᠠᠢ ᠠᠳᠠᠯᠢᠬᠠᠨ ᠬᠤᠯᠠ ᠶᠤᠮ᠂ ᠴᠢ ᠵᠠᠯᠠᠭᠤᠷᠳᠤ ᠰᠤᠮᠤ ᠪᠠᠨ ᠲᠡᠭᠦᠨ ᠤ ᠵᠦᠭ ᠤᠨᠢᠯᠠᠬᠤ ᠳᠤ ᠲᠡᠷᠡ ᠬᠠᠷᠢᠨ | ᠴᠢᠨᠦ ᠵᠦᠭ ᠴᠦᠮ᠎ᠡ ᠶᠢᠨ ᠵᠡᠪᠰᠡᠭ ᠢᠶᠠᠨ ᠪᠠᠵᠠᠭᠠᠵᠤ ᠰᠠᠭᠤᠨ᠎ᠠ᠃ ᠮᠠᠵᠢᠶᠠᠩ ᠤᠨ ᠰᠢᠷᠡᠭᠡ ᠪᠣᠯ ︽ᠲᠠᠶᠢᠨ ᠪᠠ ᠡᠩᠬᠡ | ︾᠂ ︽ᠡᠪᠦᠭᠡᠨ ᠪᠠ ᠲᠠᠯᠠᠢ︾᠂ ︽ᠤᠯᠠᠭᠠᠨ ᠤ ᠬᠢᠨ ᠪᠠ ᠬᠠᠷ᠎ᠠ ᠶᠢᠨ ᠬᠢᠨ︾ ᠮᠦᠨ᠂ ᠮᠦᠨ ᠴᠦ ᠪᠠᠰᠠ ︽ | ᠤᠯᠠᠭᠠᠨ ᠠᠰᠠᠷ ᠤᠨ ᠵᠠᠭᠦᠳᠦ︾ ᠪᠤᠶᠤ ︽ᠤᠯᠠᠭᠠᠨ᠎ᠠ ᠤᠬᠢᠯᠠᠬᠤ ᠲᠢᠩᠬᠢᠮ︾ ᠮᠦᠨ᠂ ᠭᠡᠪᠡᠴᠦ ᠲᠡᠷᠡ ᠨᠢ | ᠶᠠᠭᠠᠬᠢᠬᠰᠠᠨ ᠴᠦ ︽ᠮᠤᠩᠭᠤᠯ ᠤᠨ ᠨᠢᠭᠤᠴᠠ ᠲᠤᠪᠴᠢᠶᠠᠨ︾ ᠪᠤᠶᠤ ︽ᠬᠦᠬᠡ ᠰᠤᠳᠤᠷ︾ ᠪᠢᠰᠢ ᠶᠤᠮ᠃ | ᠠᠶᠢᠨᠰᠲ᠋ᠠᠨ ᠤ ᠬᠠᠷᠢᠴᠠᠩᠭᠤᠢ ᠤᠨᠤᠯ ᠪᠤᠶᠤ ᠠᠯᠵᠠᠭᠤ ᠮᠢᠨᠦ ᠠᠮᠢᠳᠤᠷᠠᠯ ᠤᠨ ᠤᠨᠤᠯ ᠢᠶᠠᠷ ᠦᠵᠡᠭᠰᠡᠨ ᠴᠦ | ᠮᠧᠳ᠋ᠷ ᠵᠠᠢ ᠪᠣᠯ ᠵᠦᠪᠬᠡᠨ ᠠᠯᠳᠠ ᠲᠠᠯᠢᠮ ᠵᠠᠢ ᠪᠢᠰᠢ ᠶᠤᠮ᠃ ︽ᠬᠠᠮᠤᠭ ᠬᠤᠯᠠ ᠵᠠᠢ ᠪᠣᠯ ᠰᠡᠳᠬᠢᠯ ᠤᠨ ᠵᠠᠢ︾ | ᠭᠡᠰᠡᠨ ᠰᠡᠴᠡᠯᠡᠯ ᠪᠤᠢ᠂ ᠮᠢᠨᠦ ᠪᠤᠳᠤᠬᠤ ᠪᠠᠷ ︽ᠬᠠᠮᠤᠭ ᠬᠤᠯᠠ ᠵᠠᠢ ᠪᠣᠯ ᠲᠠᠨᠢᠯᠳᠠ ᠶᠢᠨ ᠵᠠᠢ ᠮᠦᠨ︾᠃ ᠡᠷᠳᠡᠨ ᠤ | ᠭᠷᠧᠭ ᠤᠨ ᠭᠦᠨ ᠤᠬᠠᠭᠠᠨᠳᠠᠨ ᠰᠤᠺᠠᠷᠠᠲ᠋ᠧᠰ᠂ ᠬᠢᠨᠳᠠᠨ ᠰᠠᠬᠢᠬᠴᠢ ᠶᠢᠨ ᠠᠪᠴᠢᠷᠠᠵᠤ ᠦᠭᠭᠦᠭᠰᠡᠨ ᠬᠤᠤᠷᠳᠤ ᠡᠮ ᠢ | ᠤᠤᠭᠤᠭᠠᠳ ᠦᠬᠦᠬᠦ ᠪᠠᠨ ᠬᠦᠯᠢᠶᠡᠵᠦ ᠪᠠᠶᠢᠬᠤ ᠳᠤ ᠪᠠᠨ ᠪᠤᠰᠤᠳ ᠲᠤ ᠨᠢᠭᠡ ᠠᠮᠢᠳᠤ ᠲᠠᠬᠢᠶ᠎ᠠ ᠦᠷᠢᠳᠡᠵᠦ | ᠪᠠᠶᠢᠬᠰᠠᠨ ᠢ ᠲᠦᠯᠦᠵᠦ ᠦᠭᠭᠦ ᠶᠢ ᠱᠠᠪᠢ ᠳᠤ ᠪᠠᠨ ᠨᠠᠶᠢᠳᠠᠵᠤ ᠪᠠᠶᠢᠵᠠᠢ ᠭᠡᠨ᠎ᠡ᠃ ᠲᠡᠷᠡ ᠮᠦᠴᠡ ᠳᠤ ᠦᠬᠦᠯ | ᠨᠢᠭᠡᠨᠳᠡ ᠲᠡᠭᠦᠨ ᠤ ᠬᠠᠵᠠᠭᠤᠳᠠ ᠢᠷᠡᠭᠡᠳ ᠪᠠᠶᠢᠵᠠᠢ᠂ ᠦᠬᠦᠯ ᠬᠢᠭᠡᠳ ᠲᠡᠭᠦᠨ ᠤ ᠬᠤᠭᠤᠷᠤᠨᠳᠤ ᠵᠦᠪᠬᠡᠨ ᠮᠧᠳ᠋ᠷ | ᠲᠠᠯᠢᠮ ᠤᠨ ᠵᠠᠶᠢᠳᠠᠭᠤ ᠪᠤᠯᠤᠭᠠᠳ ᠪᠠᠶᠢᠵᠠᠢ᠂ ᠭᠡᠪᠡᠴᠦ ᠲᠡᠭᠦᠨ ᠤ ᠦᠬᠦᠯ ᠳᠤ ᠬᠠᠨᠳᠤᠬᠰᠠᠨ ᠤᠪᠤᠷ ᠨᠢ ᠬᠤᠶᠠᠷ | ᠮᠢᠩᠭ᠎ᠠ ᠭᠠᠷᠤᠢ ᠵᠢᠯ ᠤᠨ ᠲᠠᠷᠠᠭᠠᠬᠢ ᠦᠨᠦᠳᠦᠷ ᠬᠦᠷᠳᠡᠯ᠎ᠡ ᠬᠦᠮᠦᠰ ᠲᠤ ᠮᠠᠬᠳᠠᠬᠳᠠᠨ ᠦᠨᠡᠯᠡᠭᠳᠡᠭᠰᠡᠭᠡᠷ ᠪᠠᠶᠢᠨ᠎ᠠ᠂ | ᠦᠨᠡᠨ ᠳᠤ ᠪᠠᠨ ᠰᠤᠺᠠᠷᠠᠲ᠋ᠧᠰ ᠦᠬᠦᠬᠡ ᠦᠭᠡᠢ ᠶᠤᠮ᠂ ᠲᠡᠷᠡ ᠦᠬᠦᠯ ᠪᠠ ᠠᠮᠢᠳᠤ ᠶᠢᠨ ᠬᠤᠭᠤᠷᠤᠨᠳᠤᠬᠢ ᠮᠧᠳ᠋ᠷ | ᠲᠠᠯᠢᠮ ᠵᠠᠢ ᠶᠢ ᠬᠢᠵᠠᠭᠠᠷ ᠦᠭᠡᠢ ᠤᠷᠳᠤᠳᠬᠠᠵᠤ ᠦᠨᠢ ᠮᠦᠩᠬᠡ ᠶᠢᠨ ᠵᠠᠢ ᠪᠤᠯᠭᠠᠵᠤ ᠴᠢᠳᠠᠵᠠᠢ᠂ ᠲᠡᠭᠦᠨ ᠤ | ᠪᠠᠷᠢᠮᠳᠠᠯᠠᠬᠰᠠᠨ ᠰᠢᠨᠵᠢᠯᠡᠬᠦ ᠤᠬᠠᠭᠠᠨᠴᠢ ᠭᠦᠨ ᠤᠬᠠᠭᠠᠨ ᠤ ᠵᠤᠷᠢᠭ ᠰᠠᠨᠠᠭ᠎ᠠ ᠨᠢ ᠬᠠᠷᠢᠴᠠᠩᠭᠤᠢ ᠤᠬᠤᠷ ᠵᠠᠢ ᠶᠢ | ᠬᠠᠷᠢᠴᠠᠯᠠᠰᠢᠭᠦᠢ ᠠᠭᠤᠳᠠᠮ ᠤᠬᠳᠠᠷᠭᠤᠢ ᠪᠤᠯᠭᠠᠵᠤ ᠴᠢᠳᠠᠵᠠᠢ᠃ ᠦᠬᠦᠯ ᠠᠴᠠ ᠬᠡᠨ ᠴᠦ ᠵᠠᠶᠢᠯᠠᠵᠤ ᠴᠢᠳᠠᠬᠤ ᠦᠭᠡᠢ | ᠶᠤᠮ᠂ ᠭᠡᠪᠡᠴᠦ ᠬᠦᠮᠦᠨ ᠪᠦᠬᠦᠨ ᠤ ᠦᠬᠦᠯ ᠤᠨ ᠲᠤᠬᠠᠢ ᠤᠬᠠᠮᠰᠠᠷ ᠨᠢ ᠡᠷᠡᠰ ᠤᠨᠳᠤᠤ ᠪᠠᠶᠢᠳᠠᠭ᠂ ᠤᠨᠴᠠᠭᠠᠶᠢᠯᠠᠨ | ᠡᠷᠡᠭᠦᠯ ᠮᠠᠬᠠᠪᠤᠳ ᠲᠠᠢ ᠮᠦᠷᠳᠡᠭᠡᠨ ᠵᠠᠯᠠᠭᠤ ᠢᠳᠡᠷ ᠨᠠᠰᠤᠨ ᠳᠤ ᠪᠠᠨ ᠪᠠᠶᠢᠬᠤ ᠬᠦᠮᠦᠨ ᠳᠤ ᠦᠬᠦᠯ ᠭᠡᠳᠡᠭ | ᠤᠬᠠᠬᠳᠠᠬᠤᠨ ᠦᠨᠳᠦᠰᠦᠨ ᠳᠤ ᠪᠠᠨ ᠪᠠᠶᠢᠳᠠᠭ ᠦᠭᠡᠢ ᠶᠤᠮ᠂ ᠡᠨᠡ ᠲᠤᠬᠠᠢ ᠺᠤᠯᠤᠮᠪᠢᠶ᠎ᠠ ᠶᠢᠨ ᠠᠯᠳᠠᠷᠳᠤ | ᠵᠤᠬᠢᠶᠠᠯᠴᠢ ᠭᠠᠷᠰᠢᠶᠠ ᠊ ᠮᠠᠷᠺᠠᠰ ︽ᠵᠠᠭᠤᠨ ᠵᠢᠯ ᠤᠨ ᠭᠠᠭᠴᠠᠭᠠᠷᠳᠠᠯ︾ ᠬᠡᠮᠡᠬᠦ ᠷᠤᠮᠠᠨ ᠳᠤ ᠪᠠᠨ ᠲᠤᠩ ᠦᠨᠡᠨᠴᠢ | ᠲᠤᠳᠤᠷᠬᠠᠢ ᠪᠠᠷ᠄ ︽ᠠᠪᠤ ᠡᠵᠢ ᠴᠢᠨᠢ ᠴᠢᠮ᠎ᠠ ᠶᠢ ᠦᠬᠦᠯ ᠠᠴᠠ ᠬᠠᠯᠬᠠᠯᠠᠳᠠᠭ᠃ ᠲᠡᠶᠢᠮᠦ ᠤᠴᠢᠷ ᠠᠴᠠ ᠦᠬᠦᠯ | ᠪᠤᠯᠤᠨ ᠴᠢᠨᠤ ᠲᠤᠮᠳᠠ ᠦᠯᠦ ᠦᠵᠡᠭᠳᠡᠬᠦ ᠨᠢᠭᠡᠨ ᠶᠠᠭᠤᠮ᠎ᠠ ᠤᠷᠤᠰᠢᠵᠤ ᠪᠠᠶᠢᠬᠤ ᠮᠡᠳᠦ ᠰᠠᠨᠠᠬᠳᠠᠳᠠᠭ᠃ ᠠᠪᠤ ᠡᠵᠢ | ᠴᠢᠨᠢ ᠨᠠᠰᠤ ᠪᠠᠷᠠᠬᠰᠠᠨ ᠤ ᠬᠤᠶᠢᠨ᠎ᠠ ᠴᠢ ᠰᠠᠶ᠋ᠢ ᠡᠳᠡᠭᠡᠷ ᠲᠠᠢ ᠨᠢᠭᠤᠷ ᠲᠤᠯᠭᠠᠷᠠᠳᠠᠭ᠃ ᠡᠮᠦᠨ᠎ᠡ ᠨᠢ ᠴᠢᠨᠦ ᠤᠯᠵᠤ | ᠬᠠᠷᠠᠳᠠᠭ ᠦᠬᠦᠯ ᠪᠣᠯ ᠬᠡᠶᠢᠰᠪᠤᠷᠢ ᠵᠦᠢᠯ ᠶᠤᠮ᠃ ᠲᠦᠷᠦᠯ ᠰᠠᠳᠤᠨ᠂ ᠨᠠᠶᠢᠵᠠ ᠨᠦᠭᠦᠳ ᠁ ᠤᠨ ᠦᠬᠦᠯ ᠤᠨ | ᠨᠦᠯᠦᠭᠡ ᠨᠢ ᠴᠢᠮ᠎ᠠ ᠳᠤ ᠰᠢᠭᠤᠳ ᠮᠡᠳᠡᠷᠡᠭᠳᠡᠬᠦ ᠦᠭᠡᠢ᠃ ᠬᠠᠮᠤᠭ ᠤᠨ ᠲᠤᠳᠤᠨᠤ ᠬᠦᠮᠦᠰ ᠴᠢᠨᠢ ᠴᠢᠨᠤ ᠠᠮᠢ | ᠨᠠᠰᠤᠨ ᠤ ᠦᠷᠳᠡᠭ ᠤᠨ ᠦᠵᠡᠯ ᠢ ᠨᠦᠯᠦᠭᠡᠯᠡᠨ᠎ᠡ︾ ᠭᠡᠵᠤ ᠦᠭᠦᠯᠡᠭᠰᠡᠨ ᠪᠠᠶᠢᠨ᠎ᠠ᠃ | ᠮᠢᠨᠦ ᠮᠠᠵᠢᠶᠠᠩ ᠤᠨ ᠪᠠᠭᠰᠢ ᠶᠢᠨ ᠨᠢᠭᠡ ᠨᠢ ᠲᠡᠷᠭᠡᠨ ᠡ᠊ᠨᠳᠡᠯ ᠢᠶᠠᠷ ᠦᠬᠦᠭᠰᠡᠨ ᠶᠤᠮ᠂ ᠦᠬᠦᠬᠦ ᠠᠴᠠ ᠡᠮᠦᠨ᠎ᠡ | ᠰᠦᠨᠢ ᠨᠢ ᠰᠦᠨᠢ ᠲᠦᠯᠢ ᠦᠭᠡᠢ ᠰᠦᠨᠢ ᠶᠤᠮ᠂ ᠵᠠᠭᠤ ᠭᠠᠷᠤᠢ ᠭᠠᠵᠠᠷ ᠤᠨ ᠠᠯᠤᠰ ᠲᠠᠬᠢ ᠬᠦᠳᠡᠭᠡ ᠪᠠᠭᠤᠭᠠᠳ | ᠨᠢᠬᠡ ᠰᠦᠨᠢ ᠶᠢ ᠮᠠᠵᠢᠶᠠᠩᠳᠠᠭᠠᠳ ᠦᠩᠭᠡᠷᠡᠭᠰᠡᠨ ᠪᠠᠭᠰᠢ ᠮᠢᠨᠢ ᠲᠡᠷᠭᠡ ᠪᠠᠨ ᠪᠠᠷᠢᠵᠤ ᠪᠠᠶᠢᠭᠠᠳ ᠤᠨᠳᠠᠭᠠᠳ | ᠤᠷᠬᠢᠬᠰᠡᠨ ᠪᠠᠶᠢᠯᠳᠠᠢ᠂ ᠠᠷᠦ ᠦᠪᠦᠷ ᠠᠴᠠ ᠨᠢ ᠶᠠᠮᠠᠷ ᠴᠦ ᠲᠡᠷᠭᠡ ᠢᠷᠡᠭᠡ ᠦᠭᠡᠢ ᠪᠠᠷ ᠲᠡᠷᠭᠡ ᠪᠠᠨ ᠵᠠᠮ ᠤᠨ | ᠬᠠᠵᠠᠭᠤ ᠶᠢᠨ ᠭᠠᠩᠭ᠎ᠠ ᠤᠷᠤᠭᠤ ᠲᠤᠩᠭᠤᠶᠢᠯᠭᠠᠵᠤ ᠰᠡᠭᠡᠭᠡ ᠲᠠᠢ ᠰᠡᠭᠡᠭᠡ ᠦᠭᠡᠢ ᠬᠡᠪᠳᠡᠵᠦ ᠪᠠᠶᠢᠬᠰᠠᠨ ᠢ ᠵᠠᠮ ᠤᠨ | ᠬᠦᠮᠦᠨ ᠤᠯᠵᠤ ᠬᠠᠷᠠᠭᠠᠳ ᠡᠮᠨᠡᠯᠭᠡ ᠳᠤ ᠬᠦᠷᠭᠡᠭᠰᠡᠨ᠃ ᠪᠢ ᠴᠢᠮᠡᠭᠡ ᠰᠤᠨᠤᠰᠤᠭᠠᠳ ᠡᠮᠨᠡᠯᠭᠡ ᠳᠤ ᠬᠦᠷᠬᠦ ᠳᠤ ᠲᠡᠷᠡ | ᠮᠦᠨ ᠪᠠᠰᠠ ᠠᠮᠢᠰᠬᠤᠭ᠎ᠠ ᠲᠠᠢ ᠪᠠᠶᠢᠬᠰᠠᠨ᠂ ᠭᠡᠪᠡᠴᠦ ᠦᠬᠦᠯ ᠨᠢᠭᠡᠨᠳᠡ ᠲᠡᠭᠦᠨ ᠠᠴᠠ ᠮᠧᠳ᠋ᠷ ᠵᠠᠢ ᠪᠢᠰᠢ᠂ ᠲᠦᠭᠡ | ᠰᠦᠭᠦᠮ ᠵᠠᠢ ᠪᠤᠯᠤᠭᠠᠳ ᠪᠠᠶᠢᠵᠠᠢ᠂ ᠪᠢᠳᠡ ᠪᠦᠭᠦᠳᠡᠭᠡᠷ ᠲᠡᠭᠦᠨ ᠤ ᠠᠮᠢ ᠰᠢᠩᠭᠡᠬᠦ ᠶᠢ ᠬᠦᠯᠢᠶᠡᠵᠦ ᠪᠠᠶᠢᠪᠠ᠂ ᠡᠭᠦᠨ ᠢ | ᠮᠢᠨᠦ ᠬᠤᠪᠢ ᠠᠴᠠ ᠠᠪᠴᠤ ᠬᠡᠯᠡᠪᠡᠯ ᠰᠤᠺᠠᠷᠠᠲ᠋ᠧᠰ ᠬᠤᠤᠷᠳᠤ ᠡᠮ ᠤᠤᠭᠤᠭᠠᠳ ᠠᠮᠢ ᠰᠢᠩᠭᠡᠬᠦ ᠶᠢ ᠱᠠᠪᠢ ᠨᠠᠷ ᠨᠢ | ᠨᠢᠯᠪᠤᠰᠤ ᠲᠠᠢ ᠬᠦᠯᠢᠶᠡᠵᠦ ᠪᠠᠶᠢᠬᠤ ᠲᠠᠢ ᠲᠦᠰᠦᠭᠡᠳᠡᠢ ᠶᠤᠮ᠂ ᠵᠦᠪᠬᠡᠨ ᠪᠢ ᠨᠢᠯᠪᠤᠰᠤ ᠤᠨᠠᠭᠠᠭ᠎ᠠ ᠦᠭᠡᠢ ᠲᠠᠳᠤᠢ᠃ | ᠰᠤᠺᠠᠷᠠᠲ᠋ᠧᠰ ᠨᠢᠭᠡ ᠨᠠᠰᠤᠨ ᠳᠤ ᠪᠠᠨ ᠨᠤᠮ ᠵᠤᠬᠢᠶᠠᠯ ᠪᠢᠴᠢᠭᠡ ᠦᠭᠡᠢ᠂ ᠱᠠᠪᠢ ᠨᠠᠷ ᠨᠢ ᠲᠡᠭᠦᠨ ᠤ ᠨᠠᠰᠤᠨ | ᠲᠤᠷᠰᠢᠳᠠ ᠶᠢᠨ ᠬᠡᠯᠡᠭᠰᠡᠨ ᠬᠢᠭᠰᠡᠨ ᠢ ᠨᠢ ᠬᠤᠷᠢᠶᠠᠩᠭᠤᠶᠢᠯᠠᠨ ᠲᠡᠮᠳᠡᠭᠯᠡᠵᠦ ᠬᠤᠵᠢᠮ ᠤᠨ ᠬᠦᠮᠦᠨ ᠳᠤ ᠭᠦᠨ | ᠤᠬᠠᠭᠠᠨ ᠤ ᠮᠤᠨᠳᠠᠭ ᠦᠪ ᠢ ᠦᠯᠡᠳᠡᠭᠡᠵᠦ ᠦᠭᠭᠦᠭᠰᠡᠨ ᠪᠠᠶᠢᠨ᠎ᠠ᠂ ᠮᠢᠨᠦ ᠮᠠᠵᠢᠶᠠᠩ ᠤᠨ ᠪᠠᠭᠰᠢ ᠮᠢᠨᠢ ᠴᠦ ᠮᠦᠨ | ᠨᠢᠭᠡ ᠵᠤᠬᠢᠶᠠᠯ ᠨᠤᠮ ᠪᠢᠴᠢᠵᠦ ᠦᠯᠡᠳᠡᠭᠡᠭᠡ ᠦᠭᠡᠢ᠂ ᠡᠨᠡ ᠲᠠᠯ᠎ᠠ ᠪᠠᠷ ᠰᠤᠺᠠᠷᠠᠲ᠋ᠧᠰ ᠲᠠᠢ ᠵᠢᠭᠠᠬᠠᠨ ᠲᠦᠰᠦᠭᠡᠳᠡᠢ᠂ | ᠭᠡᠪᠡᠴᠦ ᠪᠢ ᠱᠠᠪᠢ ᠨᠢ ᠪᠤᠯᠤᠬᠰᠠᠨ ᠤ ᠬᠤᠪᠢ ᠠᠴᠠ ᠲᠡᠭᠦᠨ ᠤ ᠮᠠᠵᠢᠶᠠᠩ ᠤᠨ ᠤᠨᠤᠯ ᠤᠬᠠᠭᠠᠨ ᠢ ᠨᠢ ᠲᠡᠪᠳᠡᠷ | ᠨᠤᠮ ᠪᠤᠯᠭᠠᠵᠤ ᠴᠢᠳᠠᠭ᠎ᠠ ᠦᠭᠡᠢ᠂ ᠡᠨᠡ ᠲᠠᠯ᠎ᠠ ᠪᠠᠷ ᠰᠤᠺᠠᠷᠠᠲ᠋ᠧᠰ ᠠᠴᠠ ᠢᠯᠭᠠᠬᠳᠠᠨ᠎ᠠ᠃ ᠪᠠᠭᠰᠢ ᠮᠢᠨᠢ ᠭᠡᠨᠡᠳᠳᠡ | ᠨᠠᠰᠤ ᠪᠠᠷᠠᠬᠰᠠᠨ ᠨᠢ ᠨᠠᠳᠠ ᠵᠦᠪᠬᠡᠨ ︽ᠭᠡᠨᠡᠳᠳᠡ︾ ᠶᠢᠨ ᠰᠠᠨᠠᠬᠳᠠᠬᠰᠠᠨ ᠠᠴᠠ ᠪᠢᠰᠢ ᠬᠠᠷᠢᠨ ᠦᠬᠦᠯ ᠨᠢ | ᠨᠠᠳᠠ ᠶᠢ ᠡᠮᠢᠶᠡᠯᠭᠡᠵᠦ ᠴᠢᠳᠠᠭ᠎ᠠ ᠦᠭᠡᠢ᠂ ᠭᠠᠷᠰᠢᠶᠠ ᠊ ᠮᠠᠷᠺᠠᠰ ᠤᠨ ᠬᠡᠯᠡᠭᠰᠡᠨ ᠰᠢᠭ ᠢᠶᠠᠷ ᠨᠠᠳᠠ ᠬᠠᠷᠠᠬᠳᠠᠬᠰᠠᠨ | ᠦᠬᠦᠯ ᠨᠢ ᠵᠦᠪᠬᠡᠨ ︽ᠬᠡᠶᠢᠰᠪᠦᠷᠢ ᠵᠦᠢᠯ ᠶᠤᠮ︾ ᠪᠢ ᠡᠮᠦᠨ᠎ᠡ ᠠᠭᠤᠯᠠᠨ ᠳᠠᠬᠢ ᠬᠡᠬᠦᠷ ᠰᠢᠳᠠᠭᠠᠬᠤ ᠲᠠᠯᠠᠪᠠᠢ ᠳᠤ | ᠲᠤᠭ᠎ᠠ ᠦᠭᠡᠢ ᠤᠯᠠᠨ ᠣᠴᠢᠵᠤ ᠠᠷᠪᠢᠨ ᠬᠦᠮᠦᠨ ᠢ ᠨᠦᠭᠦᠭᠡ ᠶᠢᠷᠳᠢᠨᠴᠦ ᠳᠤ ᠨᠢ ᠮᠤᠷᠳᠠᠭᠤᠯᠤᠬᠰᠠᠨ ᠪᠠᠶᠢᠨ᠎ᠠ᠂ | ᠡᠭᠦᠨ ᠳᠤ ᠤᠯᠠᠩᠬᠢ ᠨᠢ ᠪᠦᠷ ᠨᠠᠶᠢᠵᠠ ᠨᠦᠭᠦᠳ ᠤᠨ ᠲᠤᠳᠤᠨᠤ ᠬᠦᠮᠦᠰ ᠨᠢ ᠪᠤᠯᠬᠤ ᠠᠴᠠ ᠪᠢᠰᠢ ᠦᠪᠡᠷ ᠤᠨ | ᠲᠤᠳᠤᠨᠤ ᠬᠦᠮᠦᠰ ᠪᠠᠶᠢᠬᠰᠠᠨ ᠦᠭᠡᠢ ᠪᠤᠯᠬᠤᠷ ᠦᠬᠦᠯ ᠠᠴᠠ ᠮᠦᠨ ᠡᠮᠢᠶᠡᠬᠦ ᠰᠡᠳᠬᠢᠯ ᠤᠷᠤᠭ᠎ᠠ ᠦᠭᠡᠢ ᠶᠠᠪᠤᠵᠤ | ᠪᠠᠶᠢᠬᠰᠠᠨ᠂ ᠭᠡᠪᠡᠴᠦ 2013 ᠤᠨ ᠤ ᠡᠪᠦᠯ ᠠᠪᠤ ᠮᠢᠨᠢ ᠪᠤᠷᠬᠠᠨ ᠪᠤᠯᠵᠤ ᠮᠤᠷᠳᠠᠬᠰᠠᠨ ᠠᠴᠠ ᠦᠬᠦᠯ ᠭᠡᠳᠡᠭ | ᠶᠠᠭᠤᠮ᠎ᠠ ᠮᠠᠨ ᠤ ᠬᠠᠵᠠᠭᠤ ᠳᠤ ᠪᠠᠶᠢᠨ᠎ᠠ ᠭᠡᠰᠡᠨ ᠤᠬᠠᠬᠳᠠᠬᠤᠨ ᠤᠶᠢᠯᠠᠭᠠᠯᠳᠠ ᠲᠠᠢ ᠪᠤᠯᠵᠤ ᠡᠬᠢᠯᠡᠵᠡᠢ᠃ ᠲᠡᠭᠦᠨ ᠤ | ᠲᠠᠷᠠᠭ᠎ᠠ ᠬᠠᠭᠠᠰ ᠵᠢᠯ ᠪᠤᠯᠤᠭ᠎ᠠ ᠦᠭᠡᠢ ᠪᠠᠷ ᠨᠠᠳᠠ ᠠᠴᠠ ᠨᠢᠭᠡᠯᠡ ᠨᠠᠰᠤ ᠠᠬ᠎ᠠ ᠪᠤᠯᠬᠤ ᠬᠤᠶᠠᠳᠤᠭᠠᠷ ᠠᠬ᠎ᠠ ᠮᠢᠨᠢ | ᠴᠦ ᠲᠦᠴᠢᠨ ᠲᠠᠪᠤᠬᠠᠨ ᠨᠠᠰᠤᠳᠠᠢ ᠳᠤ ᠪᠠᠨ ᠡᠪᠡᠳᠴᠢᠨ ᠢᠶᠠᠷ ᠨᠠᠰᠤ ᠪᠠᠷᠠᠬᠰᠠᠨ ᠨᠢ ᠨᠠᠳᠠ ᠶᠢ ᠨᠡᠩ ᠡᠮᠢᠶᠡᠯᠭᠡᠵᠡᠢ᠃ | ᠲᠡᠭᠡᠭᠰᠡᠨ ᠠᠴᠠ ᠬᠦᠮᠦᠨ ᠤ ᠠᠮᠢᠳᠤᠷᠠᠯ ᠤᠨ ᠲᠤᠬᠠᠢ ᠨᠡᠩ ᠤᠯᠠᠨ ᠪᠤᠳᠤᠬᠤ ᠪᠤᠯᠵᠤ᠂ ᠦᠩᠭᠡᠷᠡᠭᠰᠡᠨ ᠤ ᠮᠡᠳᠦ ᠶᠠᠭᠤ | ᠴᠦ ᠪᠤᠳᠤᠬᠤ ᠦᠭᠡᠢ ᠴᠠᠳᠳᠠᠯ᠎ᠠ ᠢᠳᠡᠵᠦ᠂ ᠬᠠᠭᠠᠷᠠᠳᠠᠯ᠎ᠠ ᠪᠠᠶᠠᠷᠯᠠᠵᠤ ᠴᠢᠳᠠᠬᠤ ᠦᠭᠡᠢ ᠪᠤᠯᠵᠠᠢ᠃ | ᠲᠡᠭᠦᠨ ᠤ ᠲᠠᠷᠠᠭ᠎ᠠ ᠨᠢ ᠲᠡᠮᠡᠢ ᠤᠳᠠᠯ ᠦᠭᠡᠢ ᠮᠢᠨᠦ ᠨᠦᠭᠦᠭᠡ ᠨᠢᠬᠡ ᠮᠠᠵᠢᠶᠠᠩ ᠤᠨ ᠪᠠᠭᠰᠢ ᠮᠠᠨᠢ ᠮᠠᠵᠢᠶᠠᠩ | ᠨᠠᠭᠠᠳᠬᠤ ᠳᠤ ᠪᠠᠨ ᠬᠤᠷᠰᠢᠵᠤ ᠰᠠᠭᠤᠬᠰᠠᠨ ᠬᠤᠶᠠᠷ ᠬᠦᠮᠦᠨ ᠢ ᠰᠡᠷᠡᠭᠡᠳ᠂ ᠬᠤᠨᠵᠢᠬᠳᠠᠬᠰᠠᠨ ᠵᠤᠭᠤᠰ ᠢᠶᠠᠨ | ᠪᠤᠴᠠᠭᠠᠨ ᠠᠪᠬᠤ ᠭᠡᠵᠤ ᠪᠤᠤᠳᠠᠤ ᠡᠷᠬᠢᠭᠦᠯᠵᠦ ᠨᠢᠭᠡ ᠶᠢᠨ ᠬᠢᠨᠢ ᠲᠦᠷᠪᠡᠨ ᠬᠤᠷᠤᠭᠤ ᠶᠢ ᠲᠠᠰᠤ ᠴᠠᠪᠴᠢᠭᠠᠳ | ᠬᠢᠨᠳᠠᠨ ᠳᠤ ᠤᠷᠤᠬᠰᠠᠨ ᠴᠢᠮᠡᠭᠡ ᠲᠤᠭᠤᠯᠳᠠᠯ᠎ᠠ᠃ ᠬᠡᠰᠡᠭ ᠬᠤᠭᠤᠴᠠᠭ᠎ᠠ ᠦᠩᠭᠡᠷᠡᠭᠡᠳ ᠪᠢ ᠲᠡᠭᠦᠨ ᠢ | ᠪᠤᠯᠭᠤᠭᠠᠬᠤ ᠪᠠᠷ ᠬᠢᠨᠳᠠᠨ ᠳᠤ ᠬᠦᠷᠪᠠ᠃ ᠲᠤᠰᠠᠭᠠᠷᠯᠠᠬᠤ ᠰᠢᠯ ᠬᠡᠷᠡᠮ ᠤᠨ ᠨᠠᠭᠠᠨ᠎ᠠ ᠴᠠᠭᠠᠨ᠎ᠠ ᠰᠠᠭᠤᠯᠴᠠᠬᠰᠠᠨ | ᠪᠢᠳᠡ ᠬᠤᠶᠠᠷ ᠤᠨ ᠵᠠᠢ ᠮᠦᠨ ᠮᠧᠳ᠋ᠷᠬᠠᠨ ᠵᠠᠢ ᠶᠤᠮ᠂ ᠭᠡᠪᠡᠴᠦ ᠡᠨᠡ ᠵᠠᠢ ᠪᠣᠯ ᠬᠦᠷᠦᠰᠢ ᠦᠭᠡᠢ ᠬᠤᠯᠠ ᠵᠠᠢ | ᠪᠤᠯᠬᠤ ᠨᠢ ᠶᠠᠷᠢᠶᠠᠨ ᠦᠭᠡᠢ᠂ ᠲᠦᠢᠮᠤᠭ ᠪᠤᠯᠤᠬᠰᠠᠨ ᠭᠡᠵᠢᠭᠡ ᠨᠢ ᠪᠦᠬᠦᠨ ᠢᠶᠠᠷ ᠢᠶᠠᠨ ᠴᠠᠶᠢᠵᠤ᠂ ᠶᠠᠷᠢᠯᠴᠠᠭᠤᠷ | ᠠᠳᠬᠤᠬᠰᠠᠨ ᠭᠠᠷ ᠨᠢ ᠮᠠᠵᠢᠶᠠᠩ ᠰᠠᠪᠠᠵᠤ ᠪᠠᠶᠢᠬᠰᠠᠨ ᠬᠦᠴᠦ ᠴᠢᠳᠠᠯ ᠢᠶᠠᠨ ᠨᠢᠭᠡᠮᠦᠰᠦᠨ ᠠᠯᠳᠠᠬᠰᠠᠨ ᠰᠢᠤᠬᠠᠨ | ᠬᠠᠷᠠᠬᠳᠠᠵᠤ᠂ ᠬᠤᠶᠠᠷ ᠨᠢᠳᠦ ᠨᠢ ᠬᠠᠷᠠᠮᠰᠠᠯ ᠪᠠ ᠭᠤᠷᠢ ᠲᠠᠰᠤᠷᠠᠯ ᠢᠶᠠᠨ ᠨᠢᠭᠤᠵᠤ ᠴᠢᠳᠠᠰᠢ ᠦᠭᠡᠢ ᠬᠠᠷᠠᠬᠳᠠᠭᠤᠯᠵᠤ | ᠪᠠᠶᠢᠯ᠎ᠠ᠃ ᠲᠡᠭᠡᠬᠦ ᠮᠦᠷᠳᠡᠭᠡᠨ ᠶᠠᠷᠢᠯᠴᠠᠭᠤᠷ ᠤᠨ ᠴᠠᠭᠠᠨ᠎ᠠ ᠠᠴᠠ ᠲᠡᠷᠡ ᠮᠠᠨᠢ ᠬᠢᠳᠠᠳ ᠢᠶᠠᠷ ᠠᠶᠢᠯᠠᠳᠬᠤ | ᠪᠤᠯᠤᠬᠰᠠᠨ ᠨᠢ ᠭᠠᠶᠢᠬᠠᠯᠳᠠᠢ᠂ ᠲᠡᠭᠦᠨ ᠤ ᠲᠦᠷᠦᠯᠬᠢ ᠶᠢᠨ ᠬᠦᠰᠢᠭᠦᠨ ᠬᠠᠳᠠᠭᠤ ᠬᠡᠯᠡ ᠨᠢ ᠤᠳᠤ ᠬᠢᠳᠡᠳ ᠦᠭᠡ ᠶᠢ | ᠬᠦᠨᠳᠡᠢ ᠲᠤᠭᠤᠯᠠᠩ ᠢᠶᠠᠷ ᠠᠷᠠᠢ ᠴᠢᠷᠠᠢ ᠡᠪᠯᠡᠭᠦᠯᠦᠨ ᠶᠠᠷᠢᠨ᠎ᠠ᠂ ᠮᠤᠩᠭᠤᠯ ᠢᠶᠠᠷ ᠶᠠᠷᠢᠵᠤ ᠪᠤᠯᠬᠤ ᠦᠭᠡᠢ ᠭᠡᠰᠡᠨ | ᠬᠢᠨᠳᠠᠨ ᠤ ᠲᠤᠬᠳᠠᠭᠠᠯ ᠢ ᠲᠡᠷᠡ ᠡᠪᠳᠡᠵᠦ ᠡᠰᠡ ᠴᠢᠳᠠᠨ᠎ᠠ᠂ ᠲᠡᠭᠦᠨ ᠢ ᠬᠡᠯᠡᠬᠦ ᠠᠴᠠ ᠴᠠᠰᠢ᠂ ᠮᠢᠨᠦ ᠬᠠᠵᠠᠭᠤ ᠳᠤ | ᠰᠦᠷᠵᠢᠨ ᠲᠦᠷᠢᠯᠡᠵᠦ ᠵᠤᠬᠰᠤᠬᠰᠠᠨ ᠴᠠᠬᠳᠠᠭ᠎ᠠ᠂ ᠨᠠᠮ᠎ᠠ ᠶᠢ ᠪᠠᠰᠠ ᠬᠢᠳᠠᠳ ᠢᠶᠠᠷ ᠶᠠᠷᠢᠬᠤ ᠶᠢ ᠱᠠᠭᠠᠷᠳᠠᠨ᠎ᠠ᠃ | ᠠᠷᠪᠠᠨ ᠬᠡᠳᠦᠨ ᠵᠢᠯ ᠬᠠᠮᠳᠤ ᠠᠵᠢᠯᠯᠠᠵᠤ᠂ ᠬᠠᠮᠳᠤ ᠪᠠᠶᠠᠷᠯᠠᠯᠳᠤᠨ᠂ ᠴᠤᠬᠭᠠᠷ ᠰᠤᠬᠳᠤᠵᠤ᠂ ᠢᠨᠢᠶᠡᠳᠦ ᠪᠠᠶᠠᠷ᠂ | ᠭᠤᠨᠢᠭ ᠪᠤᠬᠢᠨᠢᠳᠤᠯ ᠢᠶᠠᠨ ᠬᠠᠮᠳᠤ ᠬᠤᠪᠢᠶᠠᠯᠴᠠᠵᠤ ᠶᠠᠪᠤᠬᠰᠠᠨ ᠠᠬ᠎ᠠ ᠲᠡᠭᠦᠦ ᠬᠤᠶᠠᠭᠤᠯᠠ ᠤᠳᠤ ᠰᠢᠯ ᠬᠡᠷᠡᠮ ᠤᠨ | ᠬᠤᠶᠠᠷ ᠲᠠᠯ᠎ᠠ ᠠᠴᠠ ᠡᠭᠡ ᠬᠡᠯᠡ ᠪᠠᠷ ᠢᠶᠠᠨ ᠪᠢᠰᠢ᠂ ᠡᠭᠡᠯ ᠬᠡᠯᠡ ᠪᠠᠷ ᠡ᠊ᠨᠳᠡ ᠲᠡᠨᠳᠡ ᠡᠳᠡᠢ ᠪᠡᠳᠡᠢ ᠶᠠᠷᠢᠨ᠎ᠠ᠃ ᠪᠢ | ᠨᠠᠷᠠᠨ ᠤ ᠲᠤᠤᠷ᠎ᠠ ᠡᠷᠬᠡ ᠴᠢᠯᠦᠭᠡ ᠲᠠᠢ ᠶᠠᠪᠤᠵᠤ ᠪᠠᠶᠢᠭ᠎ᠠ ᠪᠤᠯᠪᠠᠴᠤ ᠬᠢᠨᠳᠡᠨ ᠳᠤ ᠰᠠᠭᠤᠭ᠎ᠠ ᠲᠡᠭᠦᠨ ᠢ ᠬᠠᠷᠠᠭᠠᠳ | ᠬᠤᠶᠢᠬ᠎ᠠ ᠪᠤᠰᠴᠤ ᠦᠪᠡᠷ ᠢᠶᠠᠨ ᠬᠢᠨᠳᠠᠨ ᠳᠤ ᠰᠠᠭᠤᠬᠰᠠᠨ ᠰᠢᠭ᠋ ᠰᠠᠨᠠᠬᠳᠠᠵᠤ ᠶᠠᠭᠤ ᠪᠦᠬᠦᠨ ᠨᠢ ᠨᠠᠳᠠ ᠠᠴᠠ | ᠵᠠᠶᠢᠳᠠᠵᠤ ᠬᠤᠯᠠᠳᠠᠬᠰᠠᠨ ᠮᠡᠳᠦ ᠪᠤᠳᠤᠬᠳᠠᠵᠠᠢ᠃ ᠪᠢᠳᠡ ᠬᠤᠶᠠᠷ ᠤᠨ ᠬᠤᠭᠤᠷᠤᠨᠳᠤᠬᠢ ᠨᠢᠭᠡ ᠮᠧᠳ᠋ᠷ ᠵᠠᠢ ᠪᠣᠯ | ᠬᠤᠶᠠᠷ ᠶᠢᠷᠳᠢᠨᠴᠦ ᠶᠢᠨ ᠵᠠᠢ ᠪᠤᠯᠵᠠᠢ᠃ ᠠᠶᠢᠨᠰᠲ᠋ᠠᠨ ᠤ ᠤᠨᠤᠯ ᠳᠤ ᠲᠤᠬᠤᠪᠠᠯ᠂ ᠡᠨᠡᠬᠦ ᠬᠠᠷᠢᠴᠠᠩᠭᠤᠢ ᠤᠶᠢᠷ᠎ᠠ | ᠵᠠᠢ ᠨᠢ ᠬᠠᠷᠢᠴᠠᠯᠠᠰᠢᠭᠦᠢ ᠬᠤᠯᠠ ᠵᠠᠢ ᠪᠤᠯᠤᠬᠰᠠᠨ ᠪᠠᠶᠢᠨ᠎ᠠ᠃ ᠬᠤᠯᠠ ᠪᠤᠯᠤᠬᠰᠠᠨ ᠮᠦᠷᠳᠡᠭᠡᠨ ᠬᠦᠮᠦᠨ | ᠲᠦᠷᠦᠯᠬᠢᠳᠡᠨ ᠤ ᠨᠡᠶᠢᠳᠡ ᠬᠡᠷᠡᠭᠯᠡᠳᠡᠭ ᠮᠧᠳ᠋ᠷ᠂ ᠺᠢᠯᠤᠮᠧᠳ᠋ᠷ ᠢᠶᠠᠷ ᠢᠯᠡᠳᠭᠡᠬᠦ ᠶᠢᠨ ᠠᠷᠭ᠎ᠠ ᠦᠭᠡᠢ ᠪᠤᠯᠵᠤ᠂ ᠠᠷᠪᠠᠨ | ᠲᠠᠪᠤᠨ ᠵᠢᠯ ᠢᠶᠠᠷ ᠢᠯᠡᠳᠭᠡᠬᠦ ᠪᠤᠯᠵᠠᠢ᠂ ᠦᠭᠡᠷ᠎ᠡ ᠪᠠᠷ ᠬᠡᠯᠡᠪᠡᠯ ᠲᠡᠷᠡ ᠪᠢᠳᠡ ᠬᠤᠶᠠᠷ ᠤᠨ ᠵᠠᠢ ᠪᠣᠯ ᠠᠷᠪᠠᠨ ᠲᠠᠪᠤᠨ | ᠵᠢᠯ ᠤᠨ ᠵᠠᠢ᠂ ᠡᠨᠡ ᠨᠢ ᠵᠦᠪᠬᠡᠨ ᠴᠠᠭ ᠤᠨ ᠵᠠᠢ ᠪᠢᠰᠢ ᠬᠠᠷᠢᠨ ᠤᠷᠤᠨ ᠤ ᠵᠠᠢ ᠶᠤᠮ᠂ ᠶᠠᠭ ᠤᠳᠤᠨ ᠤᠷᠤᠨ ᠤ | ᠰᠤᠳᠤᠯᠭᠠᠳᠠᠳ ᠭᠠᠷᠠᠭ ᠤᠳᠤᠨ ᠤ ᠬᠤᠭᠤᠷᠤᠨᠳᠤᠬᠢ ᠵᠠᠢ ᠶᠢ ᠬᠡᠮᠵᠢᠬᠦ ᠳᠤ ᠪᠠᠨ ᠭᠡᠷᠡᠯ ᠵᠢᠯ ᠢᠶᠠᠷ ᠬᠡᠮᠵᠢᠭᠦᠷ ᠨᠢᠭᠡᠴᠡ | ᠪᠤᠯᠭᠠᠵᠤ ᠪᠠᠶᠢᠭ᠎ᠠ ᠲᠠᠢ ᠠᠳᠠᠯᠢᠬᠠᠨ ᠤᠳᠬ᠎ᠠ ᠲᠠᠢ᠃ ᠬᠦᠮᠦᠨ ᠤ ᠠᠮᠢᠳᠤᠷᠠᠯ ᠪᠣᠯ ᠵᠦᠪᠬᠡᠨ ᠵᠠᠢ ᠶᠢᠨ ᠤᠬᠠᠮᠰᠠᠷ | ᠶᠤᠮ᠃ ᠲᠡᠷᠡ ᠵᠠᠢ ᠨᠢ ᠴᠠᠭ ᠤᠨ ᠵᠠᠢ᠂ ᠤᠷᠤᠨ ᠤ ᠵᠠᠢ᠂ ᠰᠡᠳᠬᠢᠯ ᠤᠨ ᠵᠠᠢ᠂ ᠲᠠᠨᠢᠯᠳᠠ ᠶᠢᠨ ᠵᠠᠢ᠃ ᠲᠡᠶᠢᠮᠦ ᠠᠴᠠ | ᠬᠦᠮᠦᠰ ᠵᠠᠢ ᠪᠠᠷ ᠬᠦᠮᠦᠨ ᠤ ᠰᠢᠯᠢᠳᠡᠭ ᠪᠠ ᠪᠠᠭᠤᠷᠠᠢ ᠶᠢ ᠬᠡᠮᠵᠢᠶᠡᠯᠡᠬᠦ ᠲᠤᠷᠠᠳᠠᠢ ᠪᠠᠶᠢᠳᠠᠭ᠃ ᠰᠢᠯᠭᠠᠯᠳᠠ ᠶᠢᠨ | ᠲᠠᠯᠠᠪᠤᠷ ᠲᠤ ᠨᠡᠷᠡᠰ ᠤᠨ ᠳ᠋ᠤᠭᠠᠷ᠂ ᠤᠯᠤᠬᠰᠠᠨ ᠬᠤᠪᠢ ᠪᠠᠷ ᠵᠠᠢ ᠬᠤᠪᠢᠶᠠᠵᠤ᠂ ᠲᠠᠮᠢᠷ ᠤᠨ ᠤᠷᠤᠯᠳᠤᠭᠠᠨ ᠳᠤ ᠮᠦᠨ | ᠴᠠᠭ ᠤᠨ ᠵᠠᠢ᠂ ᠡᠮᠤᠨ᠎ᠠ ᠬᠤᠶᠢᠨᠠᠬᠢ ᠲᠠᠷᠠᠭᠠᠯᠠᠯ ︵ᠤᠷᠤᠨ ᠤ ᠵᠠᠢ︶ ᠢᠶᠠᠷ ᠰᠢᠯᠢᠳᠡᠭ ᠪᠠ ᠪᠠᠭᠤᠷᠠᠢ ᠶᠢ ᠬᠡᠮᠵᠢᠶᠡᠯᠡᠳᠡᠭ | ᠃ ᠮᠤᠩᠭᠤᠯᠴᠤᠳ ᠬᠠᠮᠤᠭ ᠰᠠᠶᠢᠨ ᠨᠠᠶᠢᠵᠠ ᠪᠠᠨ ︽ᠦᠶ᠎ᠡ ᠵᠠᠢ ᠦᠭᠡᠢ ᠨᠠᠶᠢᠵᠠ︾ ᠭᠡᠵᠤ ᠬᠡᠯᠡᠳᠡᠭ᠂ ᠮᠢᠨᠦ | ᠦᠵᠡᠬᠦ ᠪᠠᠷ ᠡᠨᠡᠬᠦ ᠵᠠᠢ ᠨᠢ ᠲᠡᠭᠡᠷᠡᠬᠢ ᠲᠦᠷᠪᠡᠨ ᠵᠠᠢ ᠶᠢ ᠪᠦᠷ ᠪᠠᠭᠳᠠᠭᠠᠨ ᠬᠡᠯᠡᠭᠰᠡᠨ ᠵᠠᠢ ᠪᠤᠯᠤᠨ᠎ᠠ᠂ ᠠᠮᠢᠳᠤᠷᠠᠬᠤ | ᠴᠠᠭ᠂ ᠭᠠᠵᠠᠷ ᠤᠷᠤᠨ ᠵᠢᠴᠢ ᠬᠠᠶᠢᠷ᠎ᠠ ᠰᠡᠳᠬᠢᠯ᠂ ᠲᠠᠨᠢᠯᠳᠠ ᠤᠬᠠᠮᠰᠠᠷ ᠨᠢ ᠦᠨᠳᠦᠰᠦᠨ ᠳᠤ ᠪᠠᠨ ᠵᠦᠷᠢᠶ᠎ᠡ ᠵᠠᠢ | ᠪᠠᠶᠢᠳᠠᠭ ᠦᠭᠡᠢ ᠪᠣᠯ ᠲᠤᠳᠤᠨᠤ ᠨᠠᠶᠢᠵᠠ᠂ ᠰᠠᠶᠢᠨ ᠠᠨᠳᠠ ᠪᠤᠯᠤᠯᠴᠠᠳᠠᠭ᠃ ᠭᠡᠪᠡᠴᠦ ᠡᠭᠦᠨ ᠤ ᠡᠰᠡᠷᠭᠦ ᠪᠤᠯᠤᠬᠰᠠᠭᠠᠷ | ᠨᠢᠭᠡ ᠨᠢᠭᠡ ᠪᠠᠨ ᠪᠠᠭᠳᠠᠭᠠᠵᠤ ᠴᠢᠳᠠᠰᠢ ᠦᠭᠡᠢ ᠪᠤᠯᠵᠤ ᠡ᠊ᠨᠳᠠ ᠦᠵᠡᠨ ᠱᠤᠭᠤᠳᠪᠤᠷᠢᠯᠠᠳᠠᠭ ᠪᠠᠶᠢᠬᠤ ᠦᠭᠡᠢ ᠤᠤ︖ | ᠡᠨᠡ ᠨᠢ ᠪᠢᠳᠡᠨ ᠳᠤ ᠪᠠᠭᠳᠠᠭᠠᠮᠵᠢ ᠶᠢᠨ ᠵᠠᠢ ᠬᠡᠳᠦᠷᠬᠡᠢ ᠢᠪᠴᠤᠤ ᠪᠠᠶᠢᠳᠠᠭ ᠠᠴᠠ ᠪᠤᠯᠤᠬᠰᠠᠨ ᠶᠤᠮ᠂ ᠬᠦᠮᠦᠨ | ᠬᠦᠮᠦᠨ ᠤ ᠬᠤᠭᠤᠷᠤᠨᠳᠤ ᠵᠠᠢ ᠵᠦᠷᠢᠶ᠎ᠡ ᠦᠭᠡᠢ ᠪᠠᠶᠢᠬᠤ ᠪᠤᠯᠤᠯᠴᠠᠭ᠎ᠠ ᠦᠭᠡᠢ ᠶᠤᠮ᠂ ᠬᠡᠷᠪᠡ ᠨᠢᠭᠡ | ᠦᠨᠳᠦᠰᠦᠳᠡᠨ ᠳᠤ ᠪᠠᠭᠳᠠᠭᠠᠮᠵᠢ ᠶᠢᠨ ᠵᠠᠢ ᠪᠠᠶᠢᠬᠤ ᠦᠭᠡᠢ ᠪᠣᠯ ᠲᠡᠷᠡ ᠦᠨᠳᠦᠰᠦᠳᠡᠨ ᠨᠢ ᠦᠪᠡᠷ ᠢᠶᠠᠨ ᠴᠦ | ᠪᠠᠭᠳᠠᠬᠤ ᠵᠠᠢ ᠦᠭᠡᠢ ᠪᠤᠯᠬᠤ ᠬᠡᠮᠵᠢᠶᠡᠨ ᠳᠤ ᠬᠦᠷᠦᠨ᠎ᠡ᠃ ᠬᠦᠮᠦᠨ ᠬᠦᠮᠦᠨ ᠤ ᠬᠤᠭᠤᠷᠤᠨᠳᠤᠬᠢ ᠬᠠᠮᠤᠭ ᠬᠤᠯᠠ | ᠵᠠᠢ ᠶᠢ ᠪᠢᠳᠡ ᠡᠷᠢᠵᠦ ᠰᠤᠷᠠᠪᠠᠯ ᠵᠤᠬᠢᠨ᠎ᠠ᠂ ᠲᠡᠷᠡ ᠬᠠᠮᠤᠭ ᠬᠤᠯᠠ ᠵᠠᠢ ᠨᠢ ᠪᠢᠳᠡᠨ ᠳᠤ ᠬᠠᠮᠤᠭ ᠲᠤᠮᠤ | ᠪᠠᠭᠳᠠᠭᠠᠮᠵᠢ ᠶᠢ ᠤᠯᠭᠤᠵᠤ᠂ ᠬᠠᠮᠤᠭ ᠶᠡᠭᠡ ᠬᠦᠴᠦᠨ ᠵᠤᠷᠢᠭ ᠢ ᠬᠠᠩᠭᠠᠵᠤ ᠦᠭᠳᠡᠭ᠃ ᠪᠢᠳᠡᠨ ᠠᠴᠠ ᠬᠠᠮᠤᠭ | ᠬᠤᠯᠠ ᠵᠠᠶᠢᠳᠠᠢ ᠪᠠᠶᠢᠭ᠎ᠠ ᠬᠦᠮᠦᠰ ᠪᠣᠯ ᠪᠢᠳᠡᠨ ᠤ ᠬᠠᠷᠠᠯᠳᠠ ᠮᠦᠨ᠂ ᠲᠡᠭᠦᠨ ᠠᠴᠠ ᠬᠠᠮᠤᠭ ᠤᠶᠢᠷᠠᠬᠠᠨ ᠵᠠᠢ ᠶᠢ | ᠲᠡᠮᠡᠴᠡᠨ ᠤᠯᠬᠤ ᠶᠢ ᠦᠪᠡᠷ ᠤᠨ ᠢᠶᠠᠨ ᠵᠤᠷᠢᠯᠭ᠎ᠠ ᠪᠠᠶᠢᠯᠭᠠᠪᠠᠰᠤ ᠵᠤᠬᠢᠨ᠎ᠠ᠃ ᠡᠬᠦᠨ ᠲᠠᠢ ᠠᠳᠠᠯᠢ ᠪᠠᠷ ᠬᠠᠮᠤᠭ | ᠲᠠᠪᠰᠢᠬᠰᠠᠨ ᠦᠨᠳᠦᠰᠦᠳᠡᠨ ᠠᠴᠠ ᠬᠠᠮᠤᠭ ᠤᠶᠢᠷᠠᠬᠠᠨ ᠵᠠᠢ ᠶᠢ ᠲᠡᠮᠡᠴᠡᠨ ᠤᠯᠬᠤ ᠨᠢ ᠪᠢᠳᠡᠨ ᠤ ᠵᠤᠷᠢᠯᠭ᠎ᠠ ᠪᠠ | ᠬᠠᠷᠢᠭᠤᠴᠠᠯᠭ᠎ᠠ ᠪᠠᠶᠢᠪᠠᠯ ᠲᠠᠭᠠᠷᠠᠨ᠎ᠠ᠃ ᠬᠠᠷᠠᠮᠰᠠᠯᠳᠠᠢ ᠨᠢ ᠪᠢᠳᠡᠨ ᠤ ᠤᠯᠠᠩᠬᠢ ᠨᠢ ᠲᠡᠭᠡᠵᠦ ᠬᠢᠳᠡᠭ ᠦᠭᠡᠢ | ᠮᠦᠷᠳᠡᠭᠡᠨ ᠲᠡᠭᠡᠵᠦ ᠪᠤᠳᠤᠳᠠᠭ ᠴᠦ ᠦᠭᠡᠢ ᠪᠠᠶᠢᠵᠤ᠂ ᠵᠠᠷᠢᠮ ᠨᠢ ᠰᠢᠭᠤᠳ ︽ᠲᠠᠬᠢᠮ ᠳᠤ ᠪᠠᠨ ᠬᠦᠷᠬᠦ ᠦᠭᠡᠢ | ᠭᠠᠷ ᠢᠶᠠᠨ ᠲᠩᠷᠢ ᠦᠭᠡᠳᠡ ᠰᠠᠷᠪᠠᠶᠢᠨ᠎ᠠ︾ ᠭᠡᠵᠤ ᠢᠷᠪᠠᠶᠢᠳᠠᠭ᠂ ᠮᠦᠨ ᠵᠠᠷᠢᠮ ᠨᠢ ︽ᠨᠤᠬᠠᠢ ᠬᠤᠴᠠᠬᠤ ᠪᠠᠷ ᠢᠶᠠᠨ | ᠬᠤᠴᠠᠵᠤ᠂ ᠲᠡᠮᠡᠭᠡ ᠶᠠᠪᠤᠬᠤ ᠪᠠᠷ ᠢᠶᠠᠨ ᠶᠠᠪᠤᠨ᠎ᠠ︾ ᠭᠡᠵᠤ ᠡᠷᠳᠡᠶᠢᠳᠡᠭ᠃ ᠡᠨᠡ ᠪᠣᠯ ᠬᠦᠮᠦᠰ ᠤᠨ ᠬᠤᠭᠤᠷᠤᠨᠳᠦᠬᠢ | ᠵᠦᠷᠢᠶ᠎ᠠ ᠮᠦᠨ᠂ ᠵᠦᠷᠢᠶ᠎ᠡ ᠠᠴᠠ ᠵᠠᠢ ᠡᠭᠦᠰᠴᠦ᠂ ᠵᠦᠷᠢᠶ᠎ᠡ ᠨᠢ ᠶᠡᠭᠡᠰᠬᠦ ᠲᠤᠳᠤᠮ ᠵᠠᠢ ᠨᠢ ᠬᠤᠯᠠᠳᠠᠳᠠᠭ᠃ | ᠤᠶᠢᠷᠡᠳᠬᠤ ᠵᠠᠢ ᠬᠢᠵᠠᠭᠠᠷ ᠲᠠᠢ ᠪᠠᠶᠢᠬᠰᠠᠨ ᠴᠦ ᠬᠤᠯᠠᠳᠬᠤ ᠵᠠᠢ ᠪᠣᠯ ᠬᠢᠵᠠᠭᠠᠷ ᠦᠭᠡᠢ ᠶᠤᠮ᠂ ᠪᠤᠰᠤᠳ ᠠᠴᠠ | ᠪᠢᠳᠡ ᠬᠢᠵᠠᠭᠠᠷ ᠦᠭᠡᠢ ᠵᠠᠶᠢᠳᠠᠬᠰᠠᠭᠠᠷ ᠪᠠᠶᠢᠪᠠᠯ ᠦᠪᠡᠷ ᠢᠶᠠᠨ ᠠᠶᠠᠨᠳᠠᠭᠠᠨ ᠠᠷᠢᠯᠳᠠᠭ ᠲᠡᠭᠦᠰᠭᠡᠯ᠃ | ᠲᠡᠭᠡᠷᠡᠭᠡᠨ ᠪᠢ ᠲᠧᠯᠧᠢᠰ ᠲᠡᠭᠡᠷ᠎ᠡ ᠠᠴᠠ ᠲᠦᠪᠡᠳᠴᠦᠳ ᠤᠨ ᠠᠯᠤᠰ ᠲᠤ ᠬᠢᠯᠠᠯᠵᠠᠬᠤ ᠮᠦᠩᠬᠡ ᠶᠢᠨ ᠴᠠᠰᠤᠳᠤ | ᠤᠷᠬᠢᠯ ᠪᠤᠶᠤ ᠪᠤᠳᠠᠯᠠᠩ ᠤᠨ ᠤᠷᠳᠤᠨ ᠳᠤ ᠪᠠᠨ ᠬᠦᠷᠬᠦ ᠪᠠᠷ ᠬᠡᠳᠦᠨ ᠵᠠᠭᠤᠨ ᠮᠢᠩᠭᠠᠨ ᠭᠠᠵᠠᠷ ᠤᠨ ᠠᠯᠤᠰ ᠠᠴᠠ | ᠤᠨᠠᠵᠤ ᠰᠤᠨᠳᠠᠯ᠎ᠠ ᠮᠦᠷᠭᠦᠵᠦ ᠶᠠᠪᠤᠵᠤ ᠪᠠᠶᠢᠭ᠎ᠠ ᠶᠢ ᠬᠠᠷᠠᠭᠠᠳ᠂ ︽ᠬᠦᠷᠢᠶ᠎ᠡ ᠵᠤᠬᠰᠤᠵᠤ ᠪᠠᠶᠢᠨ᠎ᠠ᠂ ᠪᠢ ᠶᠠᠪᠤᠵᠤ | ᠪᠠᠶᠢᠨ᠎ᠠ︾ ᠭᠡᠰᠡᠨ ᠶᠤᠬᠳᠠ ᠦᠯᠢᠭᠡᠷ ᠢ ᠠᠶᠠᠨᠳᠠᠭᠠᠨ ᠰᠠᠨᠠᠵᠤ ᠤᠯᠪᠠ᠃ ᠨᠢᠭᠡ ᠠᠯᠬᠤᠮ ᠠᠯᠬᠤᠪᠠᠯ ᠨᠢᠭᠡ | ᠮᠦᠷᠭᠦᠵᠤ ᠶᠠᠪᠤᠭ᠎ᠠ ᠨᠢᠭᠡᠨ ᠮᠦᠷᠭᠦᠯᠴᠢᠨ ᠲᠠᠢ ᠲᠤᠬᠢᠶᠠᠯᠳᠤᠬᠰᠠᠨ ᠵᠠᠮ ᠤᠨ ᠬᠦᠮᠦᠨ᠂ ᠲᠡᠭᠦᠨ ᠤ ᠬᠦᠷᠢᠶ᠎ᠡ ᠳᠤ | ᠬᠦᠷᠬᠦ ᠭᠡᠵᠤ ᠪᠠᠶᠢᠭ᠎ᠠ ᠶᠢ ᠰᠤᠷᠠᠬᠯᠠᠵᠤ ᠮᠡᠳᠡᠭᠡᠳ᠄ ︽ᠬᠦᠷᠢᠶ᠎ᠠ ᠲᠡᠶᠢᠮᠦ ᠬᠤᠯᠠ᠂ ᠲᠠ ᠢᠩᠬᠢᠵᠦ ᠶᠠᠪᠤᠭᠠᠳ | ᠬᠡᠵᠢᠶ᠎ᠡ ᠬᠦᠷᠬᠦ ᠪᠤᠢ︖︾ ᠭᠡᠰᠡᠨ ᠳᠤ ᠨᠦᠭᠦᠭᠡ ᠮᠦᠷᠭᠦᠯᠴᠢᠨ᠄ ︽ᠬᠦᠷᠢᠶ᠎ᠡ ᠵᠤᠬᠰᠤᠵᠤ ᠪᠠᠶᠢᠨ᠎ᠠ᠂ ᠪᠢ ᠶᠠᠪᠤᠵᠤ | ᠪᠠᠶᠢᠨ᠎ᠠ᠂ ᠯᠠᠪ ᠬᠦᠷᠦᠯᠭᠦᠢ︾ ᠭᠡᠰᠡᠨ ᠭᠡᠨ᠎ᠡ᠃ ᠲᠤᠬᠠᠢ ᠶᠢᠨ ᠦᠶ᠎ᠡ ᠳᠤ ᠬᠦᠷᠢᠶ᠎ᠡ ︵ᠣᠳᠣ ᠶᠢᠨ ᠤᠯᠠᠭᠠᠨᠪᠠᠭᠠᠳᠤᠷ | ᠬᠤᠳᠠ︶ ᠪᠣᠯ ᠮᠤᠩᠭᠤᠯᠴᠤᠳ ᠤᠨ ᠰᠦᠨᠡᠰᠦ ᠶᠢ ᠲᠠᠯᠠᠯᠤᠭᠰᠠᠨ ᠪᠤᠷᠬᠠᠨ ᠤ ᠤᠷᠤᠨ ᠰᠠᠨ᠂ ᠲᠡᠨᠳᠡ ᠬᠦᠷᠴᠦ | ᠪᠤᠷᠬᠠᠨ ᠯᠠᠮᠠ ᠳᠤ ᠮᠦᠷᠭᠦᠬᠦ ᠨᠢ ᠤᠯᠠᠨ ᠬᠦᠮᠦᠨ ᠤ ᠬᠦᠰᠡᠯ ᠵᠡᠭᠦᠳᠦᠨ ᠪᠤᠯᠵᠤ ᠪᠠᠶᠢᠵᠠᠢ᠃ ᠲᠤᠰ ᠦᠯᠢᠭᠡᠷ ᠨᠢ | ᠲᠤᠬᠠᠢ ᠶᠢᠨ ᠴᠠᠭ ᠦᠶ᠎ᠡ ᠶᠢᠨ ᠨᠢᠭᠡ ᠴᠤᠮᠬᠠᠳᠬᠠᠯ ᠵᠢᠷᠤᠭ ᠪᠤᠯᠤᠬᠰᠠᠨ ᠪᠠᠶᠢᠨ᠎ᠠ᠃ ᠲᠤᠰ ᠦᠯᠢᠭᠡᠷ ᠨᠢ ᠲᠡᠷᠡ | ᠮᠦᠷᠭᠦᠯᠴᠢᠨ ᠲᠠᠢ ᠬᠠᠷᠭᠤᠬᠰᠠᠨ ᠵᠠᠮ ᠤᠨ ᠬᠦᠮᠦᠨ ᠤ ᠵᠤᠬᠰᠤᠯᠳᠠ ᠠᠴᠠ ᠮᠦᠷᠭᠦᠯᠴᠢᠨ ᠤ ᠲᠡᠨᠡᠭᠰᠢᠬᠦᠦ | ᠠᠵᠢᠯᠯᠠᠭ᠎ᠠ ᠶᠢ ᠬᠤᠱᠤᠩᠨᠠᠬᠰᠠᠨ ᠰᠠᠨᠠᠭ᠎ᠠ ᠨᠢ ᠲᠦᠯᠬᠢᠭᠦᠦ ᠪᠠᠶᠢᠷᠢ ᠶᠢ ᠡᠵᠡᠯᠡᠬᠦ ᠪᠤᠯᠪᠠᠴᠤ ᠡᠭᠦᠨ ᠠᠴᠠ ᠴᠢᠨᠠᠬᠰᠢ | ᠢᠳᠡᠭᠡᠯ ᠪᠢᠰᠢᠷᠡᠯ᠂ ᠵᠤᠷᠢᠭ ᠰᠦᠰᠦ ᠬᠡᠬᠦ ᠮᠡᠳᠦ ᠨᠡᠩ ᠤᠯᠠᠨ ᠶᠠᠭᠤᠮ᠎ᠠ ᠶᠢ ᠪᠤᠳᠤᠨ ᠤᠯᠵᠤ ᠪᠤᠯᠤᠨ᠎ᠠ᠂ ᠲᠡᠷᠡ ᠨᠢ | ᠨᠠᠮ᠎ᠠ ᠶᠢ ︽ᠬᠦᠨᠳᠦ ᠬᠡᠮᠡᠨ ᠪᠤᠤ ᠴᠦᠬᠦ ᠡᠷᠭᠦᠪᠡᠰᠦ ᠲᠠᠭᠠᠶᠤ᠂ ᠬᠤᠯᠡ ᠬᠡᠮᠡᠨ ᠪᠤᠤ ᠴᠦᠬᠦ ᠶᠠᠪᠤᠪᠠᠰᠤ ᠬᠦᠷᠦᠶᠦ︾ | ᠬᠡᠭᠦ ᠴᠢᠩᠬᠢᠰ ᠤᠨ ᠰᠤᠷᠭᠠᠯ ᠢ ᠰᠠᠨᠠᠭᠠᠨ ᠳᠤ ᠤᠷᠤᠭᠤᠯᠵᠠᠢ᠃ ᠨᠢᠭᠡᠨ ᠵᠤᠷᠢᠯᠳᠠ ᠳᠤ ᠬᠦᠷᠬᠦ ᠭᠡᠰᠡᠨ ᠲᠡᠮᠡᠤᠯᠤᠯ ᠪᠣᠯ | ᠡᠷᠬᠢᠮ ᠨᠠᠨᠳᠢᠨ ᠶᠤᠮ᠂ ᠵᠤᠷᠢᠯᠳᠠ ᠦᠭᠡᠢ ᠠᠮᠢᠳᠤᠷᠠᠯ ᠪᠣᠯ ᠲᠠᠷᠤᠢ ᠲᠠᠮᠠᠤᠯᠤᠯ ᠦᠭᠡᠢ ᠠᠮᠢᠳᠤᠷᠠᠯ ᠮᠥᠨ᠂ ᠬᠠᠷᠠᠯᠳᠠ | ᠦᠭᠡᠢ ᠠᠶᠠᠯᠠᠯ ᠮᠥᠨ᠃ ᠭᠠᠵᠠᠷ ᠵᠦᠢ ᠶᠢᠨ ᠪᠠᠭᠰᠢ ᠶᠢᠨ ᠮᠢᠨᠢ ᠬᠡᠯᠡᠳᠡᠭ ᠰᠢᠭ ᠢᠶᠠᠷ ᠭᠠᠵᠠᠷ ᠤᠨ ᠵᠢᠷᠤᠭ ᠲᠡᠭᠡᠷ᠎ᠡ | ᠦᠵᠡᠪᠡᠯ ᠬᠦᠷᠢᠶ᠎ᠠ ︵ᠤᠯᠠᠭᠠᠨᠪᠠᠭᠠᠳᠤᠷ ᠬᠤᠳᠠ︶ ᠲᠡᠳᠦᠢ ᠯᠡ ᠬᠤᠯᠠ ᠪᠢᠰᠢ᠂ ᠲᠡᠷᠭᠡ ᠮᠠᠰᠢᠨ ᠲᠠᠢ ᠳᠠᠪᠬᠢᠬᠤ | ᠪᠤᠶᠤ ᠨᠢᠰᠳᠡᠭ ᠶᠤᠮ ᠪᠣᠯ ᠬᠡᠳᠦᠬᠡᠨ ᠡᠳᠦᠷ᠂ ᠡᠳᠦᠬᠡᠨ ᠴᠠᠭ ᠤᠨ ᠬᠤᠭᠤᠷᠤᠨᠳᠤ ᠬᠦᠷᠬᠦ ᠭᠠᠵᠠᠷ᠃ ᠬᠡᠷᠪᠡ ᠲᠡᠷᠡ | ᠮᠦᠷᠭᠦᠯᠴᠢᠨ ᠤᠳᠤ ᠪᠠᠶᠢᠬᠰᠠᠨ ᠪᠣᠯ ᠮᠠᠰᠢᠨ᠂ ᠨᠢᠰᠭᠡᠯ ᠳᠤ ᠰᠠᠭᠤᠭᠠᠳ ᠤᠯᠠᠭᠠᠨᠪᠠᠭᠠᠳᠤᠷ ᠲᠤ ᠲᠤᠤᠷᠠᠬᠠᠨ ᠬᠦᠷᠬᠦ | ᠴᠦ ᠪᠤᠯᠪᠠᠤ ᠬᠡᠰᠡᠨ ᠲᠠᠭᠠᠪᠤᠷᠢ ᠰᠡᠵᠢᠭᠯᠡᠯ ᠲᠠᠢ ᠪᠤᠯᠤᠯ᠎ᠠ᠃ ᠣᠳᠣ ᠪᠣᠯ ᠴᠠᠭ ᠪᠠ ᠤᠷᠤᠨ ᠵᠠᠢ ᠬᠢᠵᠠᠭᠠᠷ ᠦᠭᠡᠢ | ᠪᠤᠭᠤᠨᠢᠰᠤᠬᠰᠠᠨ ᠴᠠᠭ ᠦᠶ᠎ᠡ ᠪᠤᠯᠬᠤ ᠰᠠᠨ᠂ ᠡᠨᠡ ᠪᠣᠯ ᠬᠦᠮᠦᠨ ᠲᠦᠷᠦᠯᠳᠡᠨ ᠤ ᠠᠭᠤᠤ ᠶᠡᠭᠡ ᠲᠠᠪᠰᠢᠯᠳᠠ ᠮᠦᠨ᠂ | ᠲᠠᠪᠰᠢᠬᠰᠠᠨ ᠦᠨᠳᠦᠰᠦᠳᠡᠨ ᠤ ᠡᠭᠦᠳᠦᠨ ᠪᠦᠳᠦᠭᠡᠭᠰᠡᠨ ᠪᠠ ᠪᠦᠳᠦᠭᠡᠵᠦ ᠪᠠᠶᠢᠭ᠎ᠠ ᠭᠦᠭᠵᠢᠯᠳᠡ ᠶᠢᠨ ᠦᠷ᠎ᠡ | ᠪᠦᠳᠦᠮᠵᠢ ᠮᠥᠨ᠃ ᠭᠡᠪᠡᠴᠦ ᠲᠡᠯᠡᠬᠡᠢ ᠶᠢᠨ ᠰᠡᠭᠡᠷ ᠨᠢᠷᠤᠭᠤ ᠬᠡᠮᠡᠭᠳᠡᠭᠰᠡᠨ ᠬᠦᠭᠡᠨᠠᠭᠤᠷ ᠲᠦᠪᠡᠳ ᠤᠨ ᠦᠨᠳᠦᠷᠯᠢᠭ | ᠲᠡᠭᠡᠷ᠎ᠡ ᠡᠨᠡᠬᠦ ᠴᠠᠭ ᠪᠠ ᠵᠠᠢ ᠨᠢ ᠬᠠᠷᠠᠬᠠᠨ ᠬᠤᠪᠢᠷᠠᠭ᠎ᠠ ᠦᠭᠡᠢ ᠬᠡᠯᠳᠡᠢ᠂ ᠲᠡᠳᠡ ᠮᠦᠯᠬᠦᠬᠦ᠂ ᠮᠦᠷᠭᠦᠬᠦ᠂ ᠤᠨᠠᠬᠤ᠂ | ᠰᠤᠨᠤᠬᠤ ᠪᠠᠨ ᠬᠠᠶᠠᠭ᠎ᠠ ᠦᠭᠡᠢ᠃ ᠲᠡᠳᠡ ᠡᠨᠡ ᠲᠠᠯ᠎ᠠ ᠪᠠᠷ ᠢᠶᠠᠨ ᠤᠮᠠᠷᠠᠳᠤ ᠶᠢᠨ ᠦᠨᠳᠦᠷᠯᠢᠭ ᠲᠤ ᠰᠠᠭᠤᠭ᠎ᠠ | ᠪᠢᠳᠡᠨ ᠠᠴᠠ ᠢᠯᠭᠠᠬᠳᠠᠨ᠎ᠠ᠂ ᠦᠨᠡᠨ ᠳᠤ ᠪᠠᠨ ᠲᠡᠷᠡ ᠨᠢ ᠢᠯᠭᠠᠭ᠎ᠠ ᠪᠢᠰᠢ ᠬᠠᠷᠢᠨ ᠵᠦᠷᠢᠶ᠎ᠠ ᠪᠤᠯᠬᠤ ᠶᠤᠮ᠃ | ᠵᠦᠷᠢᠶ᠎ᠡ ᠪᠠᠶᠢᠪᠠᠯ ᠵᠠᠢ ᠯᠠᠪᠳᠠᠢ ᠪᠠᠶᠢᠨ᠎ᠠ᠂ ᠲᠡᠷᠡ ᠵᠠᠢ ᠨᠢ ᠪᠤᠳᠠᠳᠠᠢ ᠪᠤᠶᠤ ᠬᠡᠶᠢᠰᠪᠤᠷᠢ ᠪᠠᠷ ᠤᠷᠤᠰᠢᠳᠠᠭ᠃ ᠵᠠᠢ ᠪᠠᠷ | ᠰᠢᠯᠢᠳᠡᠭ ᠪᠤᠶᠤ ᠪᠠᠭᠤᠷᠠᠢ᠂ ᠲᠠᠪᠰᠢᠬᠰᠠᠨ ᠪᠤᠶᠤ ᠬᠤᠴᠤᠷᠤᠩᠭᠤᠢ ᠶᠢ ᠪᠠᠷᠢᠮᠵᠢᠶᠠᠯᠠᠳᠠᠭ ᠲᠤᠷᠠᠳᠠᠢ ᠬᠦᠮᠦᠰ ᠠᠴᠠ | ᠠᠰᠠᠭᠤᠬᠤ ᠨᠢ᠄ ︽ᠡᠨᠡ ᠬᠤᠶᠠᠷ ᠦᠨᠳᠦᠷᠯᠢᠭ ᠤᠨ ᠬᠡᠨ ᠨᠢ ᠰᠢᠯᠢᠳᠡᠭ᠂ ᠠᠯᠢ ᠨᠢ ᠪᠠᠭᠤᠷᠠᠢ ᠪᠤᠯᠬᠤ ᠪᠣᠯ︖︾ | ᠰᠢᠨᠵᠢᠯᠡᠬᠦ ᠤᠬᠠᠭᠠᠨ ᠬᠦᠭᠵᠢᠵᠦ ᠴᠠᠭ ᠪᠠ ᠤᠷᠤᠨ ᠵᠠᠢ ᠶᠢᠨ ᠤᠬᠠᠬᠳᠠᠬᠤᠨ ᠰᠢᠨᠡᠳᠦᠨ ᠬᠤᠪᠢᠷᠠᠵᠤ | ᠤᠬᠳᠠᠷᠭᠤᠢ ᠪᠠᠷ ᠭᠡᠰᠦᠭᠡ ᠬᠦᠮᠦᠨ ᠨᠢ ᠭᠠᠵᠠᠷ ᠲᠡᠭᠡᠷᠡᠬᠢ ᠬᠦᠮᠦᠰ ᠲᠠᠢ ᠨᠢᠭᠤᠷᠳᠠᠨ ᠶᠠᠷᠢᠯᠴᠠᠵᠤ ᠴᠢᠳᠠᠬᠤ ᠪᠤᠯᠵᠠᠢ᠃ | ᠦᠴᠦᠭᠡᠳᠦᠷ ᠲᠠᠯᠠᠢ ᠶᠢᠨ ᠲᠡᠷᠳᠡᠭᠡ ᠦᠢᠯᠠᠳᠪᠦᠷᠢᠯᠡᠭᠰᠡᠨ ᠠᠮᠳᠠᠳᠤ ᠵᠠᠭᠤᠰᠢ ᠶᠢ ᠦᠨᠤᠳᠤᠷ ᠲᠠᠯᠠᠢ ᠶᠢᠨ ᠡᠨᠡᠳᠡᠭᠡ | ᠵᠤᠭᠤᠬᠯᠠᠵᠤ ᠲᠡᠶᠢᠯᠬᠦ ᠪᠤᠯᠵᠠᠢ᠃ ᠡᠨᠡ ᠪᠣᠯ ᠲᠡᠯᠡᠬᠡᠶᠢᠴᠢᠯᠡᠯ ᠮᠥᠨ᠂ ᠭᠠᠵᠠᠷ ᠵᠦᠢ ᠶᠢᠨ ᠪᠠᠭᠰᠢ ᠬᠡᠯᠡᠳᠡᠭ ᠮᠧᠳ᠋ᠷ | ᠵᠠᠢ ᠶᠢᠨ ᠤᠶᠢᠯᠠᠭᠠᠬᠳᠠᠬᠤᠨ ᠮᠥᠨ᠂ ᠠᠶᠢᠨᠰᠲ᠋ᠠᠨ ᠤ ᠬᠠᠷᠢᠴᠠᠩᠭᠤᠢ ᠶᠢᠨ ᠤᠨᠤᠯ ᠤᠨ ᠪᠡᠶᠡᠯᠡᠯ ᠮᠦᠨ᠃ ᠲᠡᠭᠡᠪᠡᠯ | ᠮᠤᠩᠭᠤᠯᠴᠤᠳ ᠪᠢᠳᠡᠨ ᠤ ᠰᠡᠡᠳᠬᠢᠯ ᠤᠨ ᠵᠠᠢ᠂ ᠲᠠᠨᠢᠯᠳᠠ ᠶᠢᠨ ᠵᠠᠢ᠂ ᠬᠤᠰᠢᠭᠤ ᠨᠤᠳᠤᠭ ᠤᠨ ᠵᠠᠢ᠂ ᠬᠡᠯᠡ | ᠠᠶᠠᠯᠭᠤ ᠶᠢᠨ ᠵᠠᠢ᠂ ᠮᠠᠵᠢᠶᠠᠩ ᠤᠨ ᠰᠢᠷᠡᠭᠡᠨ ᠲᠡᠭᠡᠷᠡᠬᠢ ᠵᠠᠢ ᠁ ᠨᠤᠭᠤᠳ ᠢ ᠬᠡᠷᠬᠢᠨ ᠬᠤᠪᠢᠷᠠᠭᠠᠪᠠᠯ ᠵᠤᠬᠢᠬᠤ | ᠪᠣᠯ︖ ᠤᠶᠢᠷᠡᠳᠬᠤ ᠵᠠᠢ ᠬᠢᠵᠠᠭᠠᠷ ᠲᠠᠢ ᠪᠠᠶᠢᠬᠰᠠᠨ ᠴᠦ ᠬᠤᠯᠠᠳᠬᠤ ᠵᠠᠢ ᠪᠣᠯ ᠬᠢᠵᠠᠭᠠᠷ ᠦᠭᠡᠢ ᠶᠤᠮ᠂ | ᠬᠤᠭᠤᠷᠤᠨᠳᠤ ᠪᠠᠨ ᠪᠢᠳᠡ ᠬᠢᠵᠠᠭᠠᠷ ᠦᠭᠡᠢ ᠵᠠᠶᠢᠳᠠᠬᠰᠠᠭᠠᠷ ᠪᠠᠶᠢᠪᠠᠯ ᠦᠪᠡᠷ ᠢᠶᠠᠨ ᠠᠶᠠᠨᠳᠠᠭᠠᠨ ᠠᠷᠢᠯᠳᠠᠭ ᠲᠡᠭᠦᠰᠭᠡᠯ | ᠃ | ᠵᠣᠬᠢᠶᠠᠭᠴᠢ᠄ ● ᠬᠦᠢᠳᠡᠨᠪᠤᠯᠠᠭ | ᠵᠤᠬᠢᠶᠠᠬᠴᠢ ᠶᠢᠨ ᠬᠠᠶ᠋ᠢᠬ᠄ ᠵᠠᠯᠠᠶᠢᠳ ᠬᠤᠰᠢᠭᠤᠨ ᠤ ᠵᠤᠭᠠᠴᠠᠯ ᠤᠨ ᠲᠤᠪᠴᠢᠶ᠎ᠠ |