ᠪᠤᠭᠤᠳᠠᠢ ᠶᠢᠨ ᠦᠷ᠎ᠠ ᠬᠠᠳᠠᠭᠠᠯᠠᠬᠤ᠄ ᠴᠡᠪᠡᠷ ᠳᠦᠩᠰᠡ ᠶᠢᠨ ᠰᠠᠪᠠ ᠵᠡᠷᠭᠡ ᠪᠠᠨ ᠰᠠᠯᠬᠢ ᠨᠡᠪᠳᠡᠷᠡᠬᠦ ᠭᠠᠵᠠᠷ | ᠳᠠᠯᠪᠢᠵᠥ᠂ ᠳᠤᠤᠷ᠎ᠠ ᠬᠡᠰᠡᠭ ᠲᠤᠨᠢ 5 — 7 ᠰᠡᠨᠲ᠋ᠢᠮᠧᠲᠷ ᠵᠤᠵᠠᠭᠠᠨ ᠬᠠᠭᠤᠷᠠᠢ ᠦᠨᠡᠰᠤ ᠳᠡᠪᠢᠰᠴᠤ ᠳᠡᠭᠡᠷ᠎ᠠ ᠨᠢ | ᠬᠠᠳᠠᠭᠤᠯᠢᠬ ᠰᠢᠬ ᠴᠠᠭᠠᠰᠤ ᠳᠡᠪᠢᠰᠤᠨᠠ᠃ ᠢᠩᠬᠢᠭᠰᠡᠨ ᠤ ᠳᠠᠷᠠᠭ᠎ᠠ ᠬᠠᠳᠠᠭᠠᠬᠰᠠᠨ ᠪᠤᠭᠤᠳᠠᠢ ᠶᠢᠨ ᠦᠷ᠎ᠠ ᠪᠠᠨ | ᠰᠠᠪᠠᠯᠠᠵᠥ ᠠᠮᠠᠰᠠᠷ ᠠᠴᠠ ᠨᠢ 6 — 8 ᠰᠡᠨᠲ᠋ᠢᠮᠧᠲᠷ ᠤᠨ ᠭᠠᠵᠠᠷ ᠦᠯᠡᠳᠡᠭᠡᠵᠥ ᠪᠤᠭᠤᠳᠠᠢ ᠶᠢᠨ ᠦᠷ᠎ᠠ ᠶᠢᠨ | ᠳᠡᠭᠡᠷ᠎ᠠ ᠳᠠᠬᠢᠨ ᠬᠠᠳᠠᠭᠤᠯᠢᠬ ᠰᠢᠬ ᠴᠠᠭᠠᠰᠤ ᠪᠦᠳᠡᠭᠡᠵᠥ᠂ ᠬᠠᠭᠤᠷᠠᠢ ᠦᠨᠡᠰᠤ ᠬᠢᠵᠥ ᠳᠦᠭᠦᠷᠭᠡᠨᠠ᠂ ᠢᠩᠭᠢᠭᠰᠡᠨ ᠤ | ᠳᠠᠷᠠᠭ᠎ᠠ ᠰᠦᠯᠢᠶᠤᠤ ᠪᠠᠷ ᠠᠮᠠᠰᠠᠷ ᠢ ᠨᠢ ᠪᠦᠳᠡᠭᠡᠵᠥ ᠳᠠᠯᠪᠢᠨ᠎ᠠ᠃ ᠡᠨᠡ ᠠᠷᠭ᠎ᠠ ᠨᠢ ᠴᠢᠬᠢᠭᠳᠡᠬᠦ᠂ ᠬᠤᠷᠤᠬᠠᠢᠢᠳᠠᠬᠤ | ᠶᠢ ᠰᠡᠷᠭᠡᠶᠢᠯᠡᠬᠦ ᠪᠠᠷ ᠳᠤᠩ ᠰᠠᠶᠢᠨ ᠪᠦᠭᠡᠳ ᠦᠷ᠎ᠠ ᠶᠢᠨ ᠰᠤᠶᠤᠭᠠᠯᠠᠬᠤ ᠨᠤᠷᠮ᠎ᠠ ᠦᠨᠳᠤᠷ᠂ ᠨᠢᠯᠬ᠎ᠠ ᠴᠢᠬᠢ ᠶᠢᠨ | ᠣᠷᠭᠤᠯᠳᠠ ᠨᠢ ᠰᠠᠶᠢᠨ᠃ | ᠠᠮᠳᠠᠳᠤ ᠳᠦᠮᠦᠰᠤ ᠪᠠ ᠳᠦᠮᠦᠰᠤ ᠶᠢᠨ ᠦᠷ᠎ᠠ ᠬᠠᠳᠠᠭᠠᠯᠠᠬᠤ᠄ ᠳᠤᠯᠠᠭᠠᠨ ᠢ ᠬᠠᠮᠠᠭᠠᠯᠠᠬᠤ ᠪᠠᠷ ᠰᠠᠶᠢᠨ | ᠦᠷᠦᠭᠡ ᠶᠢᠨ ᠭᠠᠵᠠᠷ ᠳᠡᠭᠡᠷ᠎ᠠ ᠨᠢᠭᠡ ᠳᠠᠪᠬᠤᠷ ᠡᠪᠡᠰᠤᠨ ᠳᠡᠪᠢᠰᠭᠡᠷ ᠳᠠᠪᠢᠰᠴᠤ᠂ ᠰᠤᠩᠭᠤᠵᠥ ᠭᠠᠷᠭᠠᠬᠰᠠᠨ | ᠠᠮᠳᠠᠳᠤ ᠳᠦᠮᠦᠰᠤ ᠪᠠ ᠳᠦᠮᠦᠰᠤ ᠶᠢᠨ ᠦᠷ᠎ᠠ ᠪᠠᠨ ᠣᠪᠤᠭᠠᠯᠠᠵᠥ ᠳᠠᠯᠪᠢᠵᠥ ᠬᠠᠭᠤᠷᠠᠢ ᠦᠨᠡᠰᠤ ᠪᠠᠷ ᠪᠦᠬᠦᠨ ᠢ | ᠪᠦᠳᠡᠭᠡᠵᠥ ᠳᠠᠯᠪᠢᠨ᠎ᠠ᠃ ᠡᠨᠡ ᠨᠢ ᠬᠤᠯᠤᠭᠠᠨ᠎ᠠ ᠢᠳᠡᠬᠦ ᠠᠴᠠ ᠰᠡᠷᠭᠡᠶᠢᠯᠡᠬᠦ ᠶᠢᠨ ᠬᠠᠮᠳᠤ 5 — 6 ᠰᠠᠷ᠎ᠠ | ᠬᠠᠳᠠᠭᠠᠯᠠᠵᠥ ᠳᠡᠶᠢᠯᠤᠨ᠎ᠠ᠃ | ᠰᠢᠨ᠎ᠠ ᠰᠤᠷᠭᠤᠬ ᠯᠠᠵᠤᠤ ᠶᠢ ᠬᠠᠳᠠᠭᠠᠯᠠᠬᠤ᠄ ᠴᠡᠪᠡᠷ ᠰᠠᠪᠠᠨ ᠳᠤᠳᠤᠷ᠎ᠠ 7 — 10 ᠰᠡᠨᠲ᠋ᠢᠮᠧᠲᠷ | ᠵᠤᠵᠠᠭᠠᠨ ᠬᠠᠭᠤᠷᠠᠢ ᠦᠨᠡᠰᠤ ᠳᠡᠪᠢᠰᠴᠤ ᠳᠠᠬᠢᠨ ᠬᠠᠳᠠᠭᠤᠯᠢᠬ ᠰᠢᠬ ᠴᠠᠭᠠᠰᠤ ᠳᠡᠪᠢᠰᠴᠤ᠂ ᠰᠢᠷᠬ᠎ᠠ ᠰᠤᠷᠪᠢ ᠦᠭᠡᠢ | ᠰᠢᠨ᠎ᠠ ᠰᠤᠷᠭᠤᠬ ᠯᠠᠵᠤᠤ ᠪᠠᠨ ᠨᠢᠭᠡ ᠳᠠᠪᠬᠤᠷ ᠳᠠᠯᠪᠢᠪᠠᠯ ᠨᠢᠭᠡ ᠳᠠᠪᠬᠤᠷ ᠦᠨᠡᠰᠤ ᠪᠦᠳᠡᠭᠡᠵᠥ᠂ ᠬᠠᠮᠤᠬ ᠤᠨ | ᠳᠡᠭᠡᠷ᠎ᠠ ᠳᠠᠯ᠎ᠠ ᠶᠢᠨ ᠦᠨᠡᠰᠤ ᠶᠢᠨ ᠵᠤᠵᠠᠭᠠᠨ ᠤ ᠬᠡᠮᠵᠢᠶ᠎ᠠ ᠶᠢ 10 — 15 ᠰᠡᠨᠲ᠋ᠢᠮᠧᠲᠷ ᠪᠠᠶᠢᠯᠭᠠᠵᠥ᠂ ᠰᠡᠷᠢᠬᠦᠨ | ᠭᠠᠵᠠᠷ ᠳᠠᠯᠪᠢᠪᠠᠯ 3 ᠰᠠᠷ᠎ᠠ ᠬᠠᠳᠠᠭᠠᠯᠠᠵᠥ ᠳᠡᠶᠢᠯᠤᠨ᠎ᠠ᠃ |