︵ᠦᠭᠦᠯᠡᠯᠭᠡ︶ | | — ᠦᠨᠡᠭᠡ ᠶᠢ ᠬᠦᠮᠦᠰ ᠬᠤᠯᠵᠢᠨ ᠭᠡᠳᠡᠭ᠂ ᠭᠡᠳᠡᠯ᠎ᠡ ᠬᠦᠮᠦᠰ ᠲᠡᠭᠦᠨ ᠠᠴᠠ ᠳᠠᠪᠠᠨ᠎ᠠ | | ● ᠪᠠᠶᠠᠨᠬᠦᠤ | | ᠬᠤᠷᠢᠮᠯᠠᠭᠠᠳ ᠬᠤᠶᠠᠷ ᠵᠢᠯ ᠤᠨ ᠨᠢᠭᠤᠷ ᠢ ᠦᠵᠡᠭᠰᠡᠨ ᠦᠨᠦᠬᠢ ᠡᠷ᠎ᠡ ᠶᠢᠨ ᠠᠮᠢᠳᠤᠷᠠᠯ ᠠᠬᠤᠢ ᠨᠡᠯᠢᠶᠡᠳ | ᠵᠦᠭᠰᠢᠷᠡᠭᠰᠡᠨ ᠳᠤ ᠪᠠᠨ ᠬᠦᠭᠰᠡᠵᠦ᠂ ᠬᠡᠣᠬᠡᠳ ᠠᠪᠬᠤ ᠰᠠᠨᠠᠭ᠎ᠠ ᠣᠷᠣᠵᠦ᠂ ᠬᠡᠭᠡᠨᠴᠢᠷ ᠪᠦᠰᠡᠭᠦᠢ ᠶᠢᠨ ᠢᠶᠠᠨ ᠬᠡᠪᠡᠯᠢ | ᠲᠠᠶᠢᠰᠢ ᠬᠠᠷᠠᠭ᠎ᠠ ᠰᠢᠯᠵᠢᠭᠦᠯᠪᠡ᠃ ᠡᠬᠡᠨᠡᠷ᠄ ︽ᠵᠠᠯᠠᠭᠤ ᠡᠷᠢᠨ ᠳᠤ ᠵᠠᠪᠳᠤᠵᠤ ᠨᠢᠭᠡ ᠵᠤᠭᠠᠴᠠᠭᠠᠳ ᠮᠡᠳᠡᠶ᠎ᠡ︾ | ᠭᠡᠬᠦ ᠳᠤ ᠡᠷ᠎ᠡ ᠨᠢ᠄ ︽ᠵᠠ᠂ ᠣᠶᠢᠷ᠎ᠠ ᠬᠠᠪᠢ ᠪᠠᠷ ᠣᠷᠢᠶᠠᠵᠤ ᠢᠷᠡᠶ᠎ᠡ︾ ᠭᠡᠭᠰᠡᠭᠡᠷ ᠣᠷᠴᠢᠮ ᠬᠤᠯᠠᠶᠢᠭᠠᠴᠢ | ᠬᠢᠮᠤᠰᠤᠴᠢᠨ ᠰᠠᠮᠠᠭᠤᠷᠠᠵᠤ ᠭᠡᠷᠰᠡᠤᠯᠡᠬᠦ ᠦᠭᠡᠢ ᠪᠤᠯ ᠪᠤᠯᠬᠤ ᠦᠭᠡᠢ ᠭᠡᠳ ᠵᠤᠷᠪᠤᠰ ᠴᠠᠭᠠᠰᠤᠨ ᠳᠤ᠂ ︽ᠡᠷᠬᠢᠮ ᠲᠠ | ᠦᠷᠯᠦᠭᠡ ᠦᠳᠡᠰᠢ ᠴᠤ ᠬᠠᠮᠢᠶ᠎ᠠ ᠦᠭᠡᠢ ᠦᠭᠡᠶᠢᠭᠦᠤ ᠮᠢᠨᠦ ᠦᠷᠦᠭᠡᠨ ᠳᠤ ᠢᠷᠡᠪᠡᠯ ᠡᠭᠦᠳᠡ ᠶᠢ ᠪᠠᠬᠢ ᠳᠠᠷᠤᠭᠠᠳ | ᠶᠠᠪᠤᠭᠠᠷᠠᠢ᠂ ᠦᠯᠮᠡᠢ ᠦᠨᠳᠡᠯᠵᠡᠨ ᠢᠷᠡᠭᠰᠡᠨ ᠳᠤ ᠴᠢᠨᠢ ᠦᠴᠦᠬᠡᠨ ᠪᠣᠯᠪᠠᠴᠤ ᠮᠢᠩᠭᠠᠨ ᠵᠣᠭᠤᠰ ᠢ ᠵᠤᠷᠪᠤᠰ | ᠴᠠᠭᠠᠰᠤ ᠲᠠᠢ ᠬᠠᠮᠳᠣ ᠲᠠᠯᠪᠢᠯ᠎ᠠ᠂ ᠡᠷᠢᠶᠡᠯ ᠦᠭᠡᠢ ᠬᠠᠷᠮᠠᠯᠠᠭᠠᠷᠠᠢ︾ ᠬᠡᠮᠡᠨ ᠳᠡᠷᠢ ᠲᠡᠭᠰᠢ ᠪᠢᠴᠢᠭᠡᠳ ᠪᠠᠭ᠋ᠠᠨ | ᠰᠡᠳᠭᠢᠵᠤ᠂ ᠵᠠᠯᠭᠠᠭᠠᠳ ︽ᠡᠮᠦᠨ᠎ᠡ ᠠᠰᠠᠷ ᠤᠨ ᠬᠡᠳᠦᠳᠤᠭᠡᠷ ᠨᠢᠭᠡᠴᠢ ᠶᠢᠨ ᠠᠯᠢ ᠠᠯᠢ ᠨᠣᠮᠧᠷᠳᠤ ᠪᠠᠶᠠᠨ ᠡᠷᠦᠬᠡ᠂ | ᠪᠡᠯᠡᠨ ᠵᠣᠭᠤᠰ ᠲᠠᠢ ᠮᠦᠷᠳᠡᠭᠡᠨ ᠭᠠᠵᠠᠷ ᠤᠨ ᠳᠡᠰ ᠤᠨ ᠳᠠᠷᠤᠭ᠎ᠠ ᠪᠢᠰᠢ ᠪᠣᠯ ᠰᠠᠯᠠᠭᠠᠨ ᠳᠠᠷᠤᠭ᠎ᠠ᠂ ᠡᠰᠡᠬᠦᠯ᠎ᠡ | ᠬᠦᠳᠡᠭᠡ ᠠᠴᠠ ᠰᠢᠨᠡᠬᠡᠨ ᠰᠢᠯᠵᠢᠵᠦ ᠰᠠᠭᠤᠷᠢᠰᠢᠭᠰᠠᠨ ᠠᠯᠪᠠᠨ ᠭᠠᠵᠠᠷ ᠤᠨ ᠲᠣᠮᠤᠭᠠᠲᠡᠳ᠂ ᠠᠬᠤ ᠴᠤ ᠪᠠᠶᠢᠷᠢ | ᠰᠠᠭᠤᠷᠢ ᠲᠠᠢ ᠠᠯᠪᠠᠳᠠᠨ ᠤ ᠲᠣᠭᠤᠷᠢᠭ︾ ᠭᠡᠵᠦ ᠤᠭᠰᠠᠷᠠᠭᠤᠯᠵᠤ ᠪᠢᠴᠢᠬᠦ ᠶᠢ ᠬᠢᠴᠢᠶᠡᠨ᠎ᠡ᠃ | ᠬᠤᠷᠢᠮ ᠤᠨ ᠬᠠᠯᠠᠭᠤᠨ ᠳᠤ ᠪᠠᠨ ᠪᠠᠶᠢᠬᠤ ᠬᠤᠶᠠᠷ ᠬᠤᠶᠢᠨ᠎ᠠ ᠡᠮᠦᠨ᠎ᠡ ᠬᠤᠳᠠ ᠬᠦᠳᠡᠭᠡ ᠦᠯᠡᠳᠡᠭᠡᠯ ᠦᠭᠡᠢ | ᠲᠣᠭᠤᠷᠢᠵᠤ ᠭᠦᠢᠴᠡᠭᠡᠳ᠂ ᠰᠡᠭᠦᠵᠢ ᠰᠠᠵᠢᠨ ᠠᠷᠠᠢ ᠴᠢᠮᠠᠢ ᠡᠭᠦᠳᠡᠨ ᠲᠦᠯᠬᠢᠭᠦᠷ ᠢᠶᠠᠨ ᠠᠳᠬᠤᠪᠠ᠃ | ᠡᠷ᠎ᠡ ᠨᠦᠬᠦᠷ ᠨᠢ ᠨᠠᠮᠵᠢᠭᠤᠯ ᠣᠷᠣ ᠳᠤ ᠪᠠᠨ ᠭᠠᠷᠤᠮᠠᠭᠴᠠ ᠬᠠᠮᠠᠷ ᠬᠤᠷᠬᠢᠷᠠᠭᠤᠯᠤᠨ ᠤᠨᠳᠠᠵᠤ ᠠᠮᠵᠢᠪᠠ᠃ | ᠡᠬᠡᠨᠡᠷ ᠨᠢ ᠡᠭᠦᠷᠴᠦ ᠲᠡᠭᠦᠷᠦᠭᠰᠡᠨ ᠡᠨᠡ ᠲᠡᠷᠡ ᠪᠠᠨ ᠲᠢᠭᠯᠡᠵᠦ᠂ ᠡᠩᠬᠦᠷ ᠭᠠᠵᠠᠷ ᠡᠮᠦᠰᠴᠤ ᠵᠡᠭᠦᠭᠰᠡᠨ ᠢᠶᠠᠨ | ᠬᠦᠷᠳᠡᠯ᠎ᠡ ᠤᠬᠢᠶᠠᠵᠤ ᠴᠡᠪᠡᠷᠯᠡᠭᠡᠳ᠂ ᠤᠷᠳᠤ ᠰᠢᠭ᠋ ᠨᠢᠭᠡ ᠠᠮᠢᠰᠬᠤᠨ᠂ ᠤᠰᠤ ᠰᠠᠪᠠᠯᠠᠵᠤ ᠤᠮᠳᠠ ᠲᠠᠷᠤᠬᠤ ᠪᠠᠷ | ᠨᠢᠳᠦ ᠪᠡᠯᠴᠢᠭᠡᠬᠦ ᠬᠤᠷᠤᠮ ᠰᠢᠷᠡᠭᠡᠨ ᠳᠡᠭᠡᠷ᠎ᠡ ᠣᠪᠣᠭ᠎ᠠ ᠵᠤᠭᠤᠰ ᠲᠣᠷᠭᠠᠨ ᠮᠡᠯᠮᠡᠢ ᠳᠤ ᠨᠢ ᠳᠤᠰᠪᠠ᠃ ᠨᠠᠷᠢᠨ | ᠠᠵᠢᠭᠯᠠᠪᠠᠯ᠂ ︽ᠨᠠᠶᠢᠵᠢ ᠬᠡᠮᠡᠷ ᠨᠢᠩᠵᠢᠨ ᠰᠡᠳᠬᠢᠯ ᠲᠠᠢ ᠲᠠᠨ ᠳᠤ ᠵᠢᠷᠦᠬᠡᠨ ᠭᠤᠤᠯ ᠠᠴᠠ ᠭᠦᠨ ᠲᠠᠯᠠᠷᠬᠠᠵᠤ | ᠪᠠᠶᠢᠨᠡᠮ᠃ ᠲᠠᠨᠢᠯᠴᠠᠭᠤᠯᠤᠭᠰᠠᠨ ᠡᠭᠦᠳᠡᠨ ᠴᠢᠨᠢ ᠲᠠᠳᠠᠭᠠᠯᠵᠠᠯ ᠦᠭᠡᠢ ᠬᠦᠷᠬᠦ ᠶᠢ ᠤᠮᠠᠷᠳᠠᠭᠰᠠᠨ ᠦᠭᠡᠢ ᠨᠢ ᠦᠨᠡᠨ᠃ | ᠦᠭᠭᠢᠶᠡᠮᠦᠷᠴᠢ ᠰᠡᠳᠭᠢᠯ ᠤᠨ ᠬᠠᠷᠢᠭᠤ ᠳᠤ ᠦᠴᠦᠬᠡᠨ ᠲᠡᠳᠦᠢ ᠵᠣᠭᠤᠰ ᠦᠯᠡᠳᠡᠭᠡᠨ ᠦᠭᠭᠦᠯ᠎ᠡ᠃ | ᠠᠯᠠᠭ ᠨᠢᠳᠦ ᠡᠷᠢᠶᠡᠯᠵᠡᠵᠦ᠂ ᠠᠷᠪᠠᠳᠤ ᠶᠢᠨ ᠲᠠᠪᠢᠰᠭᠡᠷ ᠢ ᠠᠬᠢᠨ ᠲᠠᠬᠢᠨ ᠯᠠᠪᠯᠠᠭᠰᠠᠨ ᠳᠤ ᠠᠷᠪᠠᠨ ᠲᠦᠮᠡ | ᠠᠰ ᠪᠠᠶᠢᠬᠤ ᠶᠢ ᠠᠨᠳᠠᠬᠤ ᠦᠭᠡᠢ ᠠᠵᠢᠵᠦ ᠵᠠᠪᠳᠤᠪᠠ᠃ ᠪᠣᠷᠤ ᠵᠢᠷᠦᠬᠡ ᠨᠢ ᠪᠣᠯᠭᠢᠨ᠂ ᠪᠣᠳᠤᠯ ᠤᠨ ᠪᠦᠵᠦᠩᠬᠡᠢ ᠨᠢ | ᠪᠦᠵᠢᠭᠰᠡᠨ ᠪᠦᠰᠡᠭᠦᠢ ᠮᠠᠨᠢ ᠪᠦᠳᠦᠭᠦᠨ ᠣᠯᠵᠠ ᠳᠤ ᠤᠭᠯᠤ ᠦᠰᠦᠷᠴᠤ ᠪᠣᠷᠪᠢ ᠨᠢ ᠱᠠᠯᠠ ᠬᠦᠷᠴᠤ ᠵᠠᠪᠳᠤᠯ ᠦᠭᠡᠢ | ᠬᠤᠨᠤᠭ ᠤᠨ ᠦᠷᠦᠭᠡᠨ ᠳᠤ ᠪᠠᠨ ᠬᠡᠢ ᠲᠠᠳᠠᠭᠤᠯᠤᠨ ᠣᠷᠤᠭᠠᠳ ᠡᠨᠡ ᠬᠦ ᠪᠠᠶᠠᠷ ᠪᠠᠶᠠᠰᠤᠯ ᠢ ᠬᠤᠪᠢᠶᠠᠯᠴᠠᠵᠤ᠂ | ᠰᠠᠭᠤᠵᠤ ᠶᠠᠷᠢᠵᠤ ᠶᠠᠩᠰᠢᠪᠠᠯ ᠢᠯᠡᠭᠦᠴᠡ ᠰᠢᠭ ᠰᠠᠨᠠᠭᠳᠠᠵᠠᠢ᠂ ᠦᠨᠤᠬᠢ ᠬᠤᠶᠠᠷ ᠲᠤ᠃ | ᠳᠠᠷᠠᠭ᠎ᠠ ᠡᠳᠦᠷ ᠤᠨ ᠦᠳᠡ ᠠᠯᠳᠠ ᠪᠠᠷ ᠦᠨᠦᠬᠢ ᠬᠤᠯᠠᠭᠠᠶᠢᠴᠢ ᠦᠨᠵᠢᠬᠦ ᠵᠡᠭᠦᠳᠦᠨ ᠳᠤ ᠪᠠᠨ ᠦᠷᠭᠡᠯᠡᠵᠦ | ᠠᠬᠤ ᠳᠤ᠂ ᠲᠠᠩᠨᠠᠵᠤ ᠢᠷᠡᠭᠰᠡᠨ ᠴᠠᠭᠳᠠᠭ᠎ᠠ ᠳᠤ ᠭᠠᠪᠠᠯᠠᠭᠳᠠᠪᠠ᠃ | ᠦᠨᠡᠨ ᠢ ᠨᠢ ᠣᠯᠵᠤ᠂ ᠦᠴᠢᠭ ᠢ ᠠᠪᠬᠤ ᠪᠠᠷ᠂ ᠴᠠᠭᠳᠠᠭ᠎ᠠ ᠨᠠᠷ ᠤᠨ ᠡᠳᠦᠷ ᠰᠦᠨᠢ ᠦᠭᠡᠢ | ᠦᠬᠦᠰᠢᠷᠡᠳᠡᠯᠡ ᠰᠢᠭᠦᠬᠦ ᠡᠭᠡᠯᠵᠢᠯᠡᠯ ᠳᠤ᠂ ᠦᠨᠦᠬᠢ ᠬᠤᠯᠠᠭᠠᠶᠢᠴᠢ ᠡᠴᠦᠰ ᠲᠤ ᠪᠠᠨ ᠦᠴᠢᠯᠭᠡ ᠶᠢᠨ ᠴᠠᠭᠠᠰᠤᠨ ᠳᠤ | ᠦᠪᠡᠷ ᠤᠨ ᠨᠡᠷ᠎ᠡ ᠪᠠᠨ ᠡᠷᠬᠡ ᠦᠭᠡᠢ ᠬᠠᠳᠠᠪᠠ᠃ ᠭᠡᠳᠡᠯ᠎ᠡ᠂ ᠡᠨᠡ ᠬᠦ ᠡᠷ᠎ᠡ ᠡᠮ᠎ᠡ ᠬᠤᠶᠠᠷ ᠤᠨ ᠭᠡᠷ ᠲᠤ ᠣᠷᠤᠭᠰᠠᠨ | ᠤᠴᠢᠷ ᠢᠶᠠᠨ ᠦᠴᠢᠭ ᠤᠨ ᠦᠭᠡᠨ ᠳᠤ ᠣᠷᠬᠢᠨ᠂ ᠦᠷᠦᠴᠡᠨ ᠳᠤ ᠪᠠᠨ ᠨᠢᠭᠤᠬᠤ ᠶᠢ ᠲᠠᠰᠤ ᠪᠣᠳᠣᠵᠠᠢ᠃ | ︽ᠪᠠᠶᠠᠷ ᠬᠡᠳᠦᠷᠡᠪᠡᠯ ᠪᠠᠷᠴᠢᠳ ᠪᠣᠯᠤᠨ᠎ᠠ︾ ᠭᠡᠳᠡᠭᠴᠢᠯᠡᠨ ᠠᠷᠪᠠᠨ ᠲᠦᠮᠡ ᠶᠢ ᠠᠳᠬᠤᠨ ᠳᠤ ᠪᠠᠨ | ᠣᠷᠤᠭᠤᠯᠤᠭᠰᠠᠨ ᠡᠷ᠎ᠡ ᠡᠮ᠎ᠡ ᠬᠤᠶᠠᠭᠤᠯᠠ ᠭᠡᠨᠡᠳᠲᠡ ᠰᠡᠭᠡᠰᠬᠢᠨ᠂ ᠬᠤᠯᠠᠭᠠᠶᠢᠴᠢ ᠪᠠᠷᠢᠭᠳᠠᠭᠰᠠᠭᠠᠷ ᠬᠠᠤᠯᠢ ᠶᠢᠨ | ᠭᠠᠵᠠᠷ ᠬᠤᠪᠬᠤ ᠬᠦᠨᠳᠦᠷᠪᠡᠯ ᠪᠠᠷᠠᠭᠰᠠᠨ ᠬᠡᠷᠡᠭ ᠪᠣᠯᠤᠨ᠎ᠠ ᠭᠡᠵᠤ ᠪᠠᠷᠤᠭᠯᠠᠭᠠᠳ ᠬᠤᠭᠤᠯᠠ ᠢᠳᠡᠭᠡᠳ ᠠᠮᠳᠠ ᠦᠭᠡᠢ | ᠂ ᠬᠤᠨᠤᠬᠤ ᠣᠷᠤᠨ ᠳᠤ ᠪᠠᠨ ᠨᠦᠢᠷ ᠦᠭᠡᠢ ᠪᠣᠯᠵᠤ᠂ ᠵᠤᠪᠠᠯᠠᠩ ᠤᠨ ᠳᠠᠪᠠᠯᠭᠠᠨ ᠳᠤ ᠲᠡᠭᠳᠡᠵᠦ᠂ ᠵᠦᠳᠡᠭᠦᠷᠢ ᠶᠢᠨ | ᠲᠠᠮᠤ ᠶᠢᠨ ᠡᠭᠦᠳᠡᠨ ᠳᠤ ᠬᠦᠯᠢᠭᠡᠯᠵᠡᠯᠡ᠃ | ᠦᠴᠢᠭ ᠢ ᠠᠪᠤᠭᠰᠠᠨ ᠴᠠᠭᠳᠠᠭ᠎ᠠ ᠨᠠᠷ ᠤᠨ ᠦᠷᠭᠦᠯᠵᠢᠯᠡᠬᠦ ᠠᠵᠢᠯ ᠶᠡᠷᠦ ᠵᠤᠭᠰᠤᠭ᠎ᠠ ᠦᠭᠡᠢ᠃ ᠡᠮᠦᠨ᠎ᠡ | ᠠᠰᠠᠷ ᠲᠤ ᠰᠢᠯᠵᠢᠵᠦ ᠶᠠᠪᠤᠯ᠎ᠠ᠃ | ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠬᠢᠨ ᠱᠠᠯᠠᠪᠳᠡᠨ ᠰᠢᠢᠳᠪᠦᠷᠢᠯᠡᠬᠦ | ᠴᠢᠬᠤᠯᠠ ᠲᠠᠢ ᠲᠤᠯᠠ A ᠲᠣᠭᠤᠷᠢᠭ ᠲᠤ ᠰᠠᠭᠤᠭ᠎ᠠ ᠠ᠊ ᠳᠠᠷᠤᠭ᠎ᠠ ᠶᠢᠨ ᠠᠯᠪᠠᠨ ᠭᠡᠷ ᠲᠤ ᠬᠦᠷᠬᠦ ᠨᠢ ᠲᠤᠯᠭᠠᠮ | ᠱᠠᠭᠠᠷᠳᠠᠭᠳᠠᠪᠠ᠃ | ᠡᠨᠡ ᠬᠦ ᠠ᠊ ᠳᠠᠷᠤᠭ᠎ᠠ ᠶᠢᠨ ᠭᠡᠷ ᠤᠨ ᠨᠢᠭᠤᠴᠠ ᠲᠠᠪᠰᠠᠭ ᠠᠴᠠ ᠬᠦᠮᠦᠰ ᠢ ᠰᠣᠴᠢᠭᠠᠮᠠᠷ ᠵᠣᠭᠤᠰ | ᠰᠢᠭᠦᠷᠡᠭᠰᠡᠨ ᠬᠡᠷᠡᠭ ᠵᠠᠷᠭᠤ ᠬᠦᠨᠳᠦ ᠲᠣᠯᠠ ᠬᠦᠯ ᠲᠠᠯᠪᠢᠵᠠᠭᠠᠨ ᠣᠴᠢᠵᠠᠭᠠᠪᠠ᠃ | ︽ᠠ᠊ ᠳᠠᠷᠤᠭ᠎ᠠ ᠲᠠ ᠮᠢᠨᠢ ᠲᠠᠪᠠᠳᠠᠢ ᠰᠠᠭᠤᠵᠤ ᠲᠠᠭᠠᠳᠠᠢ ᠠᠵᠢᠯᠯᠠᠵᠤ ᠪᠠᠶᠢᠨ᠎ᠠ ᠤᠤ︖︾ ᠭᠡᠪᠡᠯ ︽ | ᠵᠦᠭᠡᠷ᠂ ᠵᠦᠭᠡᠷ᠃ ᠣᠷᠴᠢᠮ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠠᠭ᠋ᠬᠤ ᠭᠡᠳ ᠶᠠᠭᠠᠷᠡᠤ᠂ ᠲᠠ ᠨᠠᠷ ᠴᠢᠨᠢ | ︖︾ ᠭᠡᠵᠦ ᠯᠠᠪᠯᠠᠪᠠᠯ ︽ᠬᠤᠳᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ | ᠪᠢᠳᠡ ᠠᠰᠠᠭᠤᠵᠦ ᠰᠤᠷᠠᠭᠯᠠᠬᠤ ᠶᠠᠪᠤᠳᠠᠯ ᠲᠤᠬᠢᠭᠠᠳ ᠢᠷᠡᠪᠡ︾ ᠭᠡᠯᠡ᠃ | ᠠ᠊ ᠳᠠᠷᠤᠭ᠎ᠠ ᠬᠡᠮᠡᠭᠴᠢ ᠠᠯᠪᠠᠨ ᠰᠠᠭᠤᠳᠠᠯ ᠳᠤ ᠪᠠᠨ ᠯᠠᠷᠵᠠᠳᠠᠶᠢᠬᠠᠨ ᠰᠠᠭᠤᠭ᠎ᠠ ᠴᠦᠨᠳᠦᠭᠡᠷ ᠭᠡᠳᠡᠰᠦ᠂ | ᠴᠦᠭᠳᠦ᠋ᠢᠭᠰᠡᠨ ᠴᠢᠷᠠᠢ ᠲᠠᠢ ᠡᠷ᠎ᠡ᠃ ᠤᠴᠢᠷ ᠢ ᠰᠤᠨᠤᠰᠤᠩᠭᠤᠳᠠ᠂ ᠰᠡᠳᠭᠢᠯ ᠲᠠᠯᠪᠢᠨ ᠰᠣᠨᠤᠰᠬᠤ ᠪᠠᠷ ᠠᠪᠠᠷᠢᠯᠠᠵᠤ | ᠠᠭᠰᠠᠨ ᠠᠴᠠ ᠭᠡᠨᠡᠳᠳᠡ ︽ᠬᠤᠸᠠᠰ᠂ ᠬᠤᠸᠠᠰ︾ ᠭᠡᠳᠡᠯ᠎ᠡ ᠢᠨᠢᠶᠡᠭᠡᠳ᠂ ︽ᠬᠠᠤᠯᠢᠴᠢᠳ ᠲᠠ | ᠬᠤᠤᠳᠤᠣᠭᠤᠷᠠᠭᠰᠠᠨ ᠦᠭᠡᠢ ᠪᠣᠯ ᠠᠰᠳᠠᠭᠠᠨ ᠬᠦᠮᠦᠨ ᠢ ᠠᠪᠤᠨ ᠡᠷᠢᠴᠢᠬᠡᠯᠡ ᠭᠡᠵᠤ ᠮᠡᠳᠡ︕ ᠨᠠᠰᠤᠨ ᠲᠣᠷᠰᠢᠳᠠ | ᠨᠠᠮ ᠳᠤ ᠪᠠᠨ ᠴᠢᠭᠡᠴᠢ ᠰᠢᠳᠤᠷᠭᠤ ᠵᠢᠳᠭᠦᠭᠰᠡᠨ ᠪᠢ᠂ ᠬᠤᠨᠢᠨ ᠮᠢᠬ᠎ᠠ ᠶᠢ ᠬᠤᠳᠤᠭᠤᠳᠤ ᠰᠤᠨᠳᠠᠯ᠎ᠠ ᠢᠳᠡᠭᠰᠡᠨ ᠨᠢ | ᠦᠨᠡᠨ᠂ ᠬᠡᠬᠡᠯᠢ ᠬᠠᠭ᠋ᠤᠣᠯᠢ ᠳᠤ ᠨᠢ ᠬᠤᠷᠤᠭᠤ ᠲᠦᠷᠢᠭᠰᠡᠨ ᠦᠭᠡᠢ ᠶᠢ ᠬᠠᠷᠠᠬᠤ ᠨᠢᠳᠦ ᠲᠠᠢ ᠬᠦᠮᠦᠰ᠂ ᠬᠠᠨᠢ | ᠨᠦᠬᠦᠳ ᠮᠢᠨᠢ ᠪᠦᠷ ᠮᠡᠳᠡᠨ᠎ᠡ ᠰᠢᠤ︕︾ ᠭᠡᠰᠡᠨ ᠳᠤ ︽ᠬᠤᠯᠡᠭᠠᠶᠢᠴᠢ ᠶᠢᠨ ᠦᠴᠢᠭᠯᠡᠭᠰᠡᠨ ᠭᠡᠷᠡᠴᠢ ᠪᠤᠢ︾ | ᠭᠡᠰᠡᠨ ᠳᠤ ︽ᠮᠣᠭᠠᠢ ᠶᠢᠨ ᠡᠷᠢᠶᠡᠨ ᠨᠢ ᠭᠠᠳᠠᠨ᠎ᠠ ᠪᠠᠨ᠂ ᠬᠦᠮᠦᠨ ᠤ ᠡᠷᠢᠶᠡᠨ ᠨᠢ ᠳᠤᠳᠤᠷ᠎ᠠ ᠪᠠᠨ︾ ᠭᠡᠳᠡᠭ ᠢ | ᠲᠠᠨᠤᠰ ᠮᠡᠳᠡᠬᠦ ᠪᠠᠶᠢᠯᠭᠦᠢ᠃ | ᠡᠭᠦᠳᠡᠨ ᠳᠤ ᠨᠢ ᠬᠦᠷᠦᠭᠡᠳ ᠦᠷᠦᠭᠡᠰᠦ ᠲᠠᠢ ᠦᠭᠡᠨ ᠳᠤ ᠬᠠᠳᠬᠤᠭᠳᠠᠭᠰᠠᠨ ᠬᠠᠤᠯᠢᠴᠢᠳ ᠮᠠᠨᠢ ︽ᠠ᠂ | ᠲᠡᠶᠢᠮᠦ᠂ ᠲᠡᠶᠢᠮᠦ᠃ ᠮᠡᠳᠡᠯ᠎ᠡ᠂ ᠮᠡᠳᠡᠯ᠎ᠡ︾ ᠭᠡᠭᠰᠡᠭᠡᠷ ᠴᠢᠷᠠᠢ ᠨᠢᠯᠴᠢᠬᠢᠭᠦᠯᠦᠨ ᠴᠦᠷᠬᠡᠯᠡᠵᠤ ᠢᠷᠡᠭᠰᠡᠨ | ᠮᠦᠷ ᠢᠶᠠᠷ ᠢᠶᠠᠨ ᠪᠣᠴᠠᠪᠠ᠃ | ᠳᠠᠷᠠᠭ᠎ᠠ ᠡᠳᠦᠷ ᠤᠨ ᠰᠦᠨᠢ ᠨᠢ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ | ᠨᠦᠭᠦᠬᠡ ᠲᠣᠭᠤᠶᠢᠯᠠᠩ ᠤᠨ ᠨᠦᠬᠦᠳ ᠬᠠᠷ᠎ᠠ ᠪᠦᠷᠦᠢ ᠪᠠᠷ A ᠰᠠᠯᠠᠭᠠᠨ ᠳᠠᠷᠤᠭ᠎ᠠ ᠶᠢᠨ ᠦᠷᠦᠭᠡᠨ ᠳᠤ ᠴᠢᠮᠡᠭᠡ | ᠢᠮᠡᠭᠡ ᠦᠭᠡᠢ ᠰᠢᠭᠤᠳ ᠲᠠᠯᠪᠢᠭᠠᠳ ᠤᠴᠢᠪᠠ᠃ ︽ᠠᠯᠢ ᠡᠳᠦᠷ ᠶᠠᠮᠠᠷ ᠴᠠᠭ ᠲᠤ ᠡᠷᠬᠢᠮ ᠲᠠᠨ ᠤ ᠭᠡᠷ ᠤᠨ | ᠬᠤᠷᠭᠤ ᠠᠪᠳᠠᠷ᠎ᠠ ᠠᠴᠠ ᠬᠡᠳᠦᠨ ᠠᠷᠪᠠᠨ ᠲᠦᠮᠡᠨ ᠲᠦᠭᠦᠷᠢᠭ ᠬᠢᠮᠤᠰᠤᠯᠠᠪᠠ ᠬᠡᠮᠡᠨ ᠬᠡᠷᠡᠭ ᠤᠨ ᠰᠡᠵᠢᠭᠳᠡᠨ ᠠᠮᠠᠨ | ᠦᠴᠢᠭ ᠦᠭᠪᠡ︾ ᠭᠡᠪᠡᠯ A ᠰᠠᠯᠠᠭᠠᠨ ᠳᠠᠷᠤᠭ᠎ᠠ ᠠᠪᠤᠨ ᠳᠤᠣᠷ᠎ᠠ ᠨᠢ ᠴᠢᠷᠠᠢ ᠪᠠᠷᠦ᠋ᠢᠵᠤ᠂ ᠠᠶᠠᠭ᠎ᠠ ᠲᠠᠢ | ᠱᠦᠯᠦ ᠪᠠᠨ ᠲᠠᠱ ᠭᠡᠳᠡᠯ᠎ᠡ ᠲᠠᠯᠪᠢᠭᠠᠳ ︽ᠨᠠᠳᠠ ᠳᠤ ᠡᠶᠢᠮᠦᠷᠬᠦᠤ ᠤᠷᠤᠭᠤᠳᠠᠭᠰᠠᠨ ᠤᠴᠢᠷ ᠣᠭᠳᠤ ᠦᠭᠡᠢ᠃ | ᠶᠠᠮᠠᠷ ᠶᠠᠷᠰᠢᠭ ᠲᠠᠢ ᠤᠯᠤᠰ ᠪᠤᠢ᠂ ᠶᠠᠷᠳᠠᠭ ︵ᠶᠠᠳᠠᠭᠤ︶ ᠨᠠᠳᠠ ᠶᠠᠩᠵᠤᠣᠷ ᠠᠴᠠ ᠦᠭᠡᠷ᠎ᠡ ᠶᠠᠭᠤᠮ᠎ᠠ ᠠᠯᠠᠭ᠎ᠠ᠃ | ᠲᠠ ᠪᠤᠷᠤᠭᠤ ᠡᠭᠦᠳᠡ ᠶᠢ ᠲᠣᠭᠰᠢᠴᠢᠬᠠᠪᠠ︾ ᠭᠡᠵᠡᠢ᠃ ︽ᠡᠳ᠋ ᠮᠦᠩᠭᠦᠨ ᠤ ᠬᠤᠬᠢᠷᠠᠭᠤᠯᠤᠯ ᠲᠠᠢ ᠪᠠᠶᠢᠭᠠᠳ | ᠬᠡᠯᠡᠬᠦ ᠦᠭᠡᠢ ᠴᠢᠨᠢ︖ ᠪᠠᠰᠠ ᠨᠢᠭᠡᠨ ᠪᠤᠷᠤᠭᠤ ᠡᠰᠢᠯᠡᠭᠰᠡᠨ ᠰᠦᠬᠡ᠂ ᠪᠣᠷᠤᠩᠬᠤᠢ ᠨᠤᠮᠳᠡᠨ ᠪᠢᠯᠢᠤ︖︾ | ᠬᠡᠮᠡᠭᠰᠡᠭᠡᠷ ᠤᠷᠮ᠎ᠡ ᠦᠭᠡᠶᠢᠬᠡᠨ ᠡᠭᠡᠪᠡ᠃ | ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠲᠠᠢ ᠠᠭᠤᠯᠵᠠᠭᠰᠠᠨ ᠦᠨᠦᠬᠢ | ᠬᠤᠶᠠᠷ ᠳᠠᠷᠤᠭ᠎ᠠ᠂ ᠲᠡᠷᠡ ᠦᠶ᠎ᠡ ᠠᠴᠠ ᠡᠬᠢᠯᠡᠨ ᠰᠠᠨᠠᠭ᠎ᠠ ᠰᠡᠳᠭᠢᠯ ᠠᠯᠮᠠᠶᠢᠷᠠᠵᠤ᠂ ᠬᠡᠪᠳᠡᠨ ᠤᠨᠳᠡᠨ ᠪᠤᠳᠤᠯ ᠤᠨ | ᠳᠠᠷᠤᠭᠠᠰᠤ ᠨᠡᠮᠡᠭᠳᠡᠨ᠂ ᠪᠦᠰᠡᠭᠦᠢ ᠬᠡᠤᠬᠡᠳ ᠨᠢ ᠪᠦᠭᠴᠢᠮ ᠣᠷᠴᠢᠨ ᠳᠤ ᠪᠦᠬᠦᠭᠳᠡᠨ᠂ ᠦᠴᠢᠯᠭᠡ ᠦᠭᠭᠦᠭᠰᠡᠨ | ᠬᠤᠯᠠᠭᠠᠶᠢᠴᠢ ᠶᠢ ᠪᠣᠳᠤᠭᠰᠠᠭᠠᠷ ᠳᠣᠳᠤᠷ᠎ᠠ ᠨᠢ ᠪᠣᠴᠠᠯᠵᠤ ᠢᠷᠡᠨ᠂ ᠬᠦᠯ ᠳᠡᠪᠢᠰᠴᠤ ᠬᠦᠮᠦᠬᠡᠢ ᠵᠠᠭᠤᠨ ᠬᠤᠷᠤᠰᠴᠤ᠂ | ᠪᠣᠯᠬᠤ ᠳᠤ ᠬᠦᠷᠪᠡᠯ ᠪᠦᠯᠢ ᠪᠠᠷ ᠨᠢ ᠰᠦᠨᠦᠭᠡᠬᠦ ᠪᠣᠳᠤᠯᠭ᠎ᠠ ᠪᠠᠶᠢᠪᠠᠴᠤ ᠪᠦᠭᠬᠦᠵᠦ ᠲᠠᠩᠨᠠᠬᠤ ᠡᠳᠡᠭᠡᠳ ᠲᠤ | ᠰᠡᠷᠡᠭᠳᠡᠪᠡᠯ ᠪᠠᠷᠠᠭᠰᠠᠨ ᠬᠡᠷᠡᠭ ᠪᠣᠯᠳᠠᠭ ᠢ ᠪᠠᠷᠤᠭᠴᠠᠯᠠᠵᠤ ᠪᠠᠶᠢᠪᠠ᠃ | ᠠᠯᠪᠠᠨ ᠪᠠᠶᠢᠭᠤᠯᠭ᠎ᠠ ᠳᠤ ᠪᠠᠨ ᠠᠩᠬ᠎ᠠ ᠲᠤᠰᠬᠠᠢ ᠲᠡᠷᠭᠡ ᠪᠠᠷ ᠬᠦᠷᠭᠡᠵᠦ ᠲᠣᠰᠴᠤ ᠪᠠᠶᠢᠭᠰᠠᠨ ᠠᠴᠠ ᠡᠨᠡ | ᠤᠴᠢᠷ ᠶᠠᠭᠤ ᠮᠠᠭᠠᠳ ᠭᠡᠵᠦ ᠰᠡᠵᠢᠭ ᠠᠪᠴᠤ ᠶᠠᠪᠠᠭᠠᠨ ᠢᠶᠠᠷ ᠨᠠᠭᠠᠰᠢ ᠴᠠᠭᠠᠰᠢ ᠶᠠᠪᠤᠬᠤ ᠪᠣᠯᠵᠤ᠂ ᠡᠨᠡ ᠴᠤ | ᠭᠠᠶᠢᠭᠤᠢ ᠭᠡᠵᠤ ᠳᠣᠳᠤᠷ᠎ᠠ ᠪᠠᠨ ᠪᠣᠳᠤᠨ᠎ᠠ᠃ ᠰᠠᠯᠪᠤᠷᠢ ᠵᠡᠭᠡᠯᠢ ᠪᠠᠷ ᠶᠠᠪᠤᠬᠰᠠᠨ ᠴᠤ ᠵᠦᠷᠢᠭᠡᠳ ᠭᠠᠷᠬᠤ ᠤᠯᠣᠰ | ᠬᠤᠷᠤᠭᠤ ᠪᠠᠷ ᠵᠢᠭᠠᠬᠤ ᠡᠰᠡᠪᠡᠯ ᠬᠤᠪᠴᠢ ᠦᠭᠡ ᠪᠠᠷ ᠲᠠᠭᠠᠷᠢᠵᠦ ᠪᠠᠶᠢᠬᠤ ᠮᠡᠲᠤ ᠰᠠᠨᠠᠭᠳᠠᠵᠤ᠂ ᠠᠵᠢᠬᠤ ᠨᠢᠳᠦ ᠨᠢ | ᠠᠰᠳᠠᠭᠠᠨ᠂ ᠠᠯᠬᠤᠵᠤ ᠭᠢᠰᠭᠢᠬᠦ ᠨᠢ ᠦᠭᠡᠷᠡᠳᠡᠵᠤ ᠡᠬᠢᠯᠡᠪᠡ᠃ ᠡᠷᠦᠬᠡ ᠭᠡᠷ ᠲᠤ ᠪᠠᠨ ᠣᠷᠤᠪᠠᠯ ᠦᠭᠡ ᠳᠠᠭᠤᠨ | ᠴᠦᠭᠡᠷᠡᠵᠤ᠂ ᠤᠨᠳᠠᠬᠤ ᠵᠡᠭᠦᠳᠦᠨ ᠳᠤ ᠪᠠᠨ ᠦᠷᠭᠦᠵᠦ ᠪᠣᠰᠬᠤ ᠬᠡᠮᠵᠢᠶᠡᠨ ᠳᠤ ᠬᠦᠷᠴᠡᠢ᠃ | ᠨᠢᠭᠡ ᠮᠡᠳᠡᠬᠦ ᠳᠤ᠂ ︽ᠵᠢᠭᠡᠭᠦᠨ ᠪᠣᠷᠤᠭᠠᠨ ᠤ ᠳᠠᠷᠠᠭ᠎ᠠ ᠬᠦᠢᠳᠡᠨ ᠬᠢᠷᠠᠭᠤ ᠤᠨᠠᠬᠤ︾ ᠭᠡᠭᠴᠢ ᠪᠠᠷ | ᠬᠤᠳᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠬᠠᠷᠢᠭᠤ | ᠮᠡᠳᠡᠭᠦᠯᠦᠯᠳᠡ ᠶᠢᠨ ᠬᠤᠷᠠᠯ ᠳᠤ ᠰᠠᠭᠤ ᠭᠡᠰᠡᠨ ᠴᠢᠮᠡᠭᠡ ᠶᠢ ᠲᠣᠰᠤᠭᠰᠠᠨ ᠪᠠᠶᠢᠨ᠎ᠠ᠃ ᠡᠨᠡ ᠬᠤᠶᠠᠷ ᠤᠨ ᠬᠤᠪᠳᠤᠯ | ᠵᠢᠷᠦᠬᠡᠨ ᠤ ᠴᠣᠬᠢᠯᠭ᠎ᠠ ᠴᠢᠩᠭᠠᠷᠠᠵᠤ᠂ ᠬᠤᠷᠠᠯ ᠤᠨ ᠲᠠᠯᠠᠪᠠᠢ ᠳᠤ ᠭᠠᠪᠠᠯᠠᠭᠳᠠᠴᠢᠬᠠᠮᠣ ᠭᠡᠵᠤ ᠤᠴᠢᠷ ᠤᠨ ᠡᠮᠦᠨ᠎ᠡ | ᠬᠤᠶᠢᠨ᠎ᠠ ᠶᠢ ᠲᠤᠩᠭᠠᠵᠤ᠂ ᠬᠡᠷᠡᠭ ᠤᠨ ᠬᠦᠨᠳᠦ ᠬᠦᠩᠭᠡᠨ ᠢ ᠭᠦᠨ ᠰᠡᠳᠭᠢᠵᠦ᠂ ᠬᠠᠶᠠ ᠬᠤᠷᠠᠯ ᠤᠨ ᠴᠠᠭ ᠠᠴᠠ | ᠵᠠᠪᠰᠢᠨ ᠪᠡᠶ᠎ᠡ ᠪᠠᠨ ᠲᠤᠰᠢᠶᠠᠬᠤ ᠪᠣᠳᠤᠯ ᠴᠤ ᠲᠠᠷᠢᠬᠢᠨ ᠳᠤ ᠨᠢ ᠲᠦᠳᠡᠭᠡᠨ ᠬᠠᠷᠪᠤᠨ ᠤᠷᠤᠭᠰᠠᠨ ᠠᠵᠢ᠃ | ᠬᠤᠷᠠᠯ ᠤᠨ ᠲᠠᠯᠠᠪᠠᠢ ᠨᠠᠮ ᠵᠢᠮᠬᠡᠨ᠃ ᠬᠤᠷᠤᠬᠠᠢ ᠶᠠᠪᠤᠵᠦ ᠪᠠᠳᠠᠭᠠᠨ᠎ᠠ ᠣᠩᠨᠡᠬᠦ ᠴᠤ ᠣᠯᠵᠤ ᠰᠤᠨᠤᠰᠤᠮᠠᠷ | ᠣᠭᠳᠤᠬᠠᠨ ᠴᠤ ᠠᠨᠢᠷ ᠴᠢᠮᠡᠭᠡ ᠦᠭᠡᠢ ᠨᠢ ᠭᠠᠶᠢᠬᠠᠯᠳᠠᠢ᠃ ᠬᠤᠷᠠᠯ ᠳᠤ ᠰᠠᠭᠠᠳᠠᠭᠰᠠᠳ ᠤᠨ ᠵᠠᠷᠢᠮ ᠨᠢ ᠮᠠᠳᠠᠶᠢᠵᠤ | ᠮᠡᠯᠴᠡᠶᠢᠨ ᠰᠠᠭᠤᠵᠤ᠂ ᠬᠠᠶᠠ ᠨᠢᠭᠡ ᠨᠢ ᠬᠠᠮᠠᠷ ᠤᠨ ᠦᠵᠦᠭᠦᠷ ᠢᠶᠠᠨ ᠬᠠᠷᠠᠵᠤ ᠰᠠᠭᠤᠨ᠎ᠠ᠃ | ᠬᠤᠷᠠᠯ ᠤᠨ ᠭᠤᠤᠯ ᠰᠠᠭᠤᠳᠠᠯ ᠳᠤ ᠰᠠᠭᠤᠭᠰᠠᠨ ᠳᠠᠷᠤᠭ᠎ᠠ᠄ | ᠰᠠᠭᠤᠳᠠᠯ ᠳᠤ ᠪᠠᠨ ᠰᠠᠭᠤᠷᠢ ᠠᠯᠳᠠᠮ᠎ᠠ ᠬᠤᠶᠠᠷ ᠳᠠᠷᠤᠭ᠎ᠠ ᠮᠢᠨᠢ ᠴᠢᠷᠠᠢ ᠳᠤ ᠪᠠᠨ ᠦᠯᠦ ᠮᠡᠳᠡᠭᠳᠡᠮ᠎ᠡ | ᠠᠭᠰᠠᠨ ᠴᠤ ᠴᠡᠭᠡᠵᠢᠨ ᠳᠤ ᠪᠠᠨ ᠠᠮᠢ ᠲᠠᠮᠡᠴᠡᠵᠦ ᠪᠠᠶᠢᠯ᠎ᠠ᠃ | ᠵᠣᠯ ᠢᠶᠠᠷ ᠵᠠᠭᠠᠮᠠᠳᠠᠭᠰᠠᠨ ᠦᠭᠡᠢ ᠦᠨᠦᠬᠢ ᠬᠤᠶᠠᠷ ᠳᠠᠷᠤᠭ᠎ᠠ ᠪᠣᠷᠬᠠᠨ ᠳᠤ ᠪᠠᠨ ᠵᠠᠯᠪᠠᠷᠢᠵᠤ᠂ | ᠪᠣᠶᠠᠨ ᠳᠤ ᠪᠠᠨ ᠳᠠᠭᠠᠳᠬᠠᠵᠤ᠂ ᠬᠤᠷᠠᠯ ᠤᠨ ᠡᠭᠦᠳᠡᠨ ᠪᠣᠱᠤᠭ᠎ᠠ ᠶᠢ ᠠᠷᠠᠢ ᠭᠡᠵᠤ ᠭᠢᠰᠭᠢᠬᠦ ᠦᠶᠡᠰ᠂ ᠪᠡᠶ᠎ᠡ ᠶᠢᠨ | ᠬᠦᠯᠦᠰᠦ ᠪᠡᠯᠬᠦᠭᠡᠰᠦ ᠶᠢ ᠨᠢ ᠲᠠᠭᠠᠨ ᠪᠡᠯᠴᠢᠵᠦ᠂ ᠪᠤᠷᠪᠢ ᠪᠠᠨ ᠵᠦᠳᠡᠭᠦᠤ ᠴᠢᠷᠴᠦ ᠠᠯᠪᠠᠨ ᠭᠡᠷ ᠲᠤ ᠪᠠᠨ | ᠣᠷᠤᠩᠭᠤᠳᠠ ᠳᠡᠭᠡᠷ᠎ᠡ ᠨᠢᠭᠡ ᠠᠮᠢᠰᠬᠤᠯ ᠰᠦᠢᠯᠠᠪᠠ᠃ | ︽ᠰᠦᠬᠡ ᠳᠠᠯᠠᠶᠢᠭᠰᠠᠨ ᠴᠢᠯᠦᠭᠡᠨ᠎ᠡ ᠦᠬᠡᠷ ᠠᠮᠠᠷᠠᠬᠤ ᠭᠡᠭᠴᠢ︾ ᠪᠠᠷ ᠭᠤᠷᠪᠠ ᠬᠤᠨᠤᠭ ᠴᠢᠮᠡᠭᠡ ᠢᠮᠡᠭᠡ | ᠦᠭᠡᠢ᠂ ᠰᠤᠯᠠ ᠰᠠᠭᠤᠵᠤ ᠰᠤᠭᠤᠯᠳᠤᠷ ᠶᠠᠪᠤᠭᠰᠠᠨ ᠡᠳᠡ ᠨᠡᠷ ᠬᠡᠨᠡᠳᠳᠡ ᠦᠳᠡ ᠶᠢᠨ ᠬᠤᠶᠢᠨᠠᠬᠢ ᠭᠤᠷᠪᠠᠨ | ᠴᠠᠭ ᠲᠤ ᠬᠤᠳᠠ ᠶᠢᠨ ᠵᠠᠰᠠᠭ ᠵᠠᠬᠢᠷᠭᠠᠨ ᠤ ᠶᠡᠭᠡ ᠬᠤᠷᠠᠯ ᠤᠨ ᠲᠠᠩᠬᠢᠮ ᠳᠤ ᠨᠠᠮ ᠤᠨ ᠭᠡᠰᠢᠭᠦᠳ ᠤᠨ | ᠦᠷᠭᠡᠳᠭᠡᠭᠰᠡᠨ ᠬᠤᠷᠠᠯ ᠲᠠᠢ ᠭᠡᠬᠦ ᠤᠳᠠᠰᠤ ᠶᠢ ᠤᠭᠵᠣᠮᠬᠠᠨ ᠲᠣᠰᠪᠠ᠃ | ᠪᠠᠯᠠᠳᠠᠵᠤ ᠪᠠᠴᠢᠮᠳᠠᠭᠰᠠᠨ ᠤᠯᠤᠰ ᠪᠠᠷᠢᠵᠤ ᠲᠠᠯᠪᠢᠬᠤ ᠪᠠᠨ ᠠᠯᠳᠠᠵᠤ᠂ ᠪᠠᠭ᠋ᠠᠨ ᠴᠤ ᠬᠤᠵᠢᠭᠳᠠᠯ ᠦᠭᠡᠢ | ᠬᠤᠷᠠᠯ ᠤᠨ ᠭᠠᠵᠠᠷ ᠦᠰᠦᠭᠡᠢ ᠵᠠᠯᠭᠠᠯᠳᠤᠨ ᠬᠦᠷᠵᠡᠭᠡᠪᠡ᠃ | ᠬᠤᠷᠠᠯ ᠡᠬᠢᠯᠡᠩᠭᠦᠳᠡ ᠬᠤᠳᠠ ᠶᠢᠨ ᠨᠠᠮ ᠤᠨ ᠬᠤᠷᠢᠶᠠᠨ ᠤ ᠰᠠᠬᠢᠯᠭ᠎ᠠ ᠪᠠᠳᠣ ᠪᠠᠶᠢᠴᠠᠭᠠᠬᠤ ᠬᠤᠷᠢᠶ᠎ᠠ ᠬᠢᠨᠡᠨ | ᠪᠠᠶᠢᠴᠠᠭᠠᠬᠤ ᠵᠦᠪᠯᠡᠯ ᠤᠨ ᠠᠯᠪᠠᠨ ᠪᠢᠴᠢᠭ ᠢ ᠲᠤᠩᠬᠠᠭᠯᠠᠪᠠ᠃ | ᠪᠢᠴᠢᠭ ᠲᠤ᠄ ︽ᠠᠯᠢ ᠨᠢᠭᠡᠴᠢ ᠶᠢᠨ ᠬᠡᠨ ᠁ ᠠᠷᠠᠳ ᠤᠨ ᠠᠴᠤᠭ ᠬᠦᠯᠦᠰᠦ ᠶᠢ ᠬᠤᠨᠵᠢᠵᠤ᠂ | ᠠᠯᠪᠠᠨ ᠤ ᠵᠤᠭᠤᠰ ᠢ ᠱᠠᠮᠰᠢᠭᠰᠠᠨ ᠪᠠ ᠬᠤᠪᠢᠨ ᠤ ᠭᠡᠷ ᠲᠤ ᠨᠢ ᠬᠤᠯᠠᠭᠠᠶᠢᠴᠢ ᠣᠷᠤᠵᠤ ᠬᠠᠮᠤᠭ ᠪᠠᠶᠢᠭᠰᠠᠨ ᠢ ᠨᠢ | ᠴᠦᠯᠪᠡᠵᠤ᠂ ᠠᠯᠪᠠᠨ ᠠᠴᠠ ᠠᠵᠢᠯᠳᠡᠨ ᠲᠤᠮᠢᠯᠠᠵᠤ ᠠᠰᠠᠭᠤᠵᠤ ᠰᠤᠷᠠᠭᠯᠠᠵᠤ ᠪᠠᠶᠢᠬᠤ ᠳᠤ ᠠᠵᠢᠯ ᠢ ᠬᠠᠮᠵᠢᠵᠤ ᠠᠮᠠᠨ | ᠦᠴᠢᠯᠭᠡ ᠴᠤ ᠦᠭᠡᠢ ᠦᠩᠭᠡᠷᠠᠬᠦᠯᠪᠡ᠃ ᠡᠨᠡ ᠪᠦᠬᠦᠨ ᠢ ᠪᠢᠳᠡ ᠪᠠᠳᠣ ᠭᠡᠷᠡᠴᠢ᠂ ᠪᠡᠯᠡᠳᠭᠡᠯ ᠲᠠᠢ ᠬᠢᠭᠰᠡᠨ ᠶᠤᠮ᠃ | ᠭᠡᠳᠡᠯ᠎ᠡ᠂ ᠵᠠᠷᠢᠮ ᠬᠦᠮᠦᠰ ᠵᠣᠷᠢᠭᠤᠳᠠ ᠪᠠᠷ ᠵᠦᠷᠢᠴᠡᠵᠤ᠂ ᠵᠢᠭᠤᠳᠠᠵᠤ ᠵᠠᠶᠢᠯᠠᠬᠤ ᠪᠤᠳᠤᠯ ᠲᠠᠢ ᠪᠠᠶᠢᠪᠠ᠃ ᠡᠮᠦᠨ᠎ᠡ | ᠬᠡᠳᠦᠨ ᠡᠳᠦᠷ ᠤᠨ ᠴᠠᠭ ᠲᠤ ᠪᠡᠶ᠎ᠡ ᠪᠠᠨ ᠲᠤᠰᠢᠶᠠᠭᠰᠠᠨ ᠪᠣᠯ ᠶᠠᠯ᠎ᠠ ᠨᠢ ᠬᠦᠩᠭᠡᠨ ᠪᠣᠯᠤᠨ᠎ᠠ᠃︾ | ᠤᠳᠠᠯ ᠦᠭᠡᠢ ᠦᠪᠴᠢ ᠬᠤᠶᠠᠭᠯᠠᠭᠰᠠᠨ ᠴᠠᠭᠳᠠᠭ᠎ᠠ ᠨᠠᠷ ᠠᠯᠬᠤᠮ ᠳᠠᠷᠠᠭ᠎ᠠ ᠲᠠᠢ ᠤᠷᠤᠵᠤ ᠢᠷᠡᠭᠡᠳ | ᠤᠷᠤ ᠶᠢᠨ ᠨᠣᠮᠧᠷ ᠢ ᠵᠢᠭᠠᠵᠤ ᠳᠣᠬᠢᠭᠠᠳ᠂ ᠰᠠᠭᠤᠳᠠᠯ ᠠᠴᠠ ᠨᠢ ᠰᠤᠭᠤ ᠲᠠᠳᠠᠨ ᠮᠥᠷᠯᠡᠭᠦᠯᠦᠨ ᠵᠢᠭᠰᠠᠭᠠᠵᠤ | ᠬᠦᠳᠦᠯᠦᠨ ᠭᠠᠷᠪᠠ᠃ ᠡᠳᠡ ᠨᠡᠷ ᠤᠨ ᠳᠤᠮᠳᠠ ᠡᠬᠢᠨ ᠳᠤ ᠲᠤᠷᠠᠳᠤᠭᠰᠠᠨ ᠬᠤᠶᠠᠷ ᠴᠤ ᠪᠠᠭᠳᠠᠪᠠ᠃ | ᠵᠣᠬᠢᠶᠠᠭᠴᠢ ᠶᠢᠨ ᠬᠠᠶ᠋ᠢᠭ᠄ ᠬᠤᠷᠴᠢᠨ ᠪᠠᠷᠡᠭᠤᠨ ᠭᠠᠷᠣᠨ ᠡᠮᠦᠨᠡᠳᠤ ᠬᠤᠰᠢᠭᠤᠨ ᠤ ᠪᠠᠭᠰᠢ ᠶᠢᠨ | ᠬᠦᠭᠵᠢᠯᠳᠡ ᠶᠢᠨ ᠲᠦᠪ |