| — ᠵᠦᠪᠯᠠᠯᠳᠤ ᠬᠤᠯᠪᠤᠭᠠᠳᠤ ᠤᠯᠤᠰ ᠤᠨ ᠤᠯᠠᠭᠠᠨ ᠴᠡᠷᠢᠭ ᠬᠢᠩᠭᠠᠨ ᠠᠶᠢᠮᠠᠭ ᠢ ᠲᠦᠷᠢᠮᠠᠭᠡᠶᠢᠯᠠᠨ ᠡᠵᠡᠷᠬᠡᠭᠰᠡᠨ | ᠶᠠᠫᠤᠨ ᠤ ᠭᠤᠸᠠᠨ ᠳ᠋ᠦᠩ ᠵᠢᠶᠦ᠋ᠨ ᠴᠡᠷᠢᠭ ᠢ ᠤᠰᠠᠳᠬᠠᠭᠰᠠᠨ ᠦᠩᠭᠡᠷᠡᠯᠳᠡ | ︿ᠠᠭᠤᠯᠭ᠎ᠠ ᠶᠢᠨ ᠲᠤᠪᠴᠢ﹀ ᠵᠤᠬᠢᠶᠠᠭᠴᠢ ᠠᠴᠠ ᠪᠦᠬᠦ ᠲᠠᠯᠠᠭᠡᠢ ᠶᠢᠨ ᠴᠤᠷ ᠤᠨ ᠭᠠᠭᠴᠠ ᠡᠷᠭᠡ ᠪᠠᠶᠢᠷᠢᠳᠤ | ᠵᠤᠬᠢᠶᠠᠯ — ᠵᠦᠪᠯᠠᠯᠳᠤ ᠶᠢᠨ ᠤᠯᠠᠭᠠᠨ ᠴᠡᠷᠢᠭ ᠤᠨ ᠶᠠᠷᠤᠩᠬᠡᠢ ᠱᠲ᠋ᠠᠪ ᠤᠨ ᠲᠠᠷᠤᠭ᠎ᠠ | ︵ᠵᠦᠪᠯᠠᠯᠳᠤ︶ ᠰᠢᠶ᠋ᠸ · ᠮᠠ · ᠱᠵᠢᠶᠧᠮᠢᠶᠠᠨᠺᠧ ᠶᠢᠨ | ︽ᠲᠠᠶᠢᠨ ᠤ ᠴᠠᠭ ᠦᠶ᠎ᠠ ᠶᠢᠨ ᠶᠠᠷᠤᠩᠭᠡᠢ ᠱᠲ᠋ᠠᠪ ᠤᠨ ᠭᠠᠵᠠᠷ︾ ᠭᠡᠬᠦ ᠵᠤᠬᠢᠶᠠᠯ ᠠᠴᠠ ᠬᠠᠩᠭᠠᠭᠰᠠᠨ ᠦᠨᠡᠨ | ᠪᠤᠳᠠᠳᠠᠢ ᠮᠠᠲᠧᠷᠢᠶᠠᠯ ᠢ ᠦᠨᠳᠤᠰᠤᠯᠠᠵᠤ᠂ ᠵᠦᠪᠯᠠᠯᠳᠤ ᠬᠤᠯᠪᠤᠭᠠᠳᠤ ᠤᠯᠤᠰ ᠤᠨ ᠤᠯᠠᠭᠠᠨ ᠴᠡᠷᠢᠭ ᠤᠨ ᠦᠪᠤᠷ | ᠮᠤᠩᠭᠤᠯ ᠤᠨ ᠬᠢᠩᠭᠠᠨ ᠠᠶᠢᠮᠠᠭ ᠢ ᠲᠦᠷᠢᠮᠠᠭᠡᠶᠢᠯᠠᠨ ᠡᠵᠡᠷᠬᠡᠭᠰᠡᠨ ᠶᠠᠫᠤᠨ ᠤ ᠭᠤᠸᠠᠨ ᠳ᠋ᠦᠩ ᠵᠢᠶᠦ᠋ᠨ ᠴᠡᠷᠢᠭ ᠤᠨ | 107 ᠳ᠋ᠤᠭᠠᠷ ᠨᠢᠭᠡᠳᠭᠡᠯ ᠳ᠋ᠢᠸᠢᠽᠢ ᠶᠢᠨ 5 ᠲᠦᠮᠡ ᠢᠯᠠᠬᠦᠤ ᠬᠦᠮᠦᠨ ᠢ ᠤᠰᠠᠳᠬᠠᠵᠤ᠂ ᠬᠢᠩᠭᠠᠨ ᠠᠶᠢᠮᠠᠭ ᠢ | ᠴᠢᠯᠦᠭᠡᠯᠡᠭᠰᠡᠨ ᠪᠦᠬᠦ ᠶᠠᠪᠤᠴᠠ ᠶᠢ ᠪᠦᠷᠢᠨ ᠬᠦᠢᠴᠡᠳ ᠦᠨᠡᠨ ᠪᠤᠳᠠᠳᠠᠢ ᠲᠡᠮᠳᠡᠭᠯᠡᠨ ᠲᠤᠭᠠᠴᠢᠭᠰᠠᠨ ᠶᠤᠮ᠃ ᠡᠨᠡ | ᠬᠤᠭᠤᠴᠠᠭᠠᠨ ᠤ ᠰᠤᠨᠢᠨ ᠤ ᠲᠤᠰ ᠨᠢᠭᠤᠷ ᠲᠤ ︽ᠬᠢᠩᠭᠠᠨ ᠠᠶᠢᠮᠠᠭ ᠤᠨ ᠬᠢᠯᠢ ᠲᠤᠳᠤᠷ᠎ᠠ ᠶᠠᠪᠤᠭᠳᠠᠭᠰᠠᠨ ᠶᠢᠰᠤ | ᠤᠳᠠᠭᠠᠨ ᠤ ᠪᠠᠶᠢᠯᠳᠤᠭᠠᠨ︾ ᠢ ᠰᠤᠩᠭᠤᠵᠤ ᠨᠠᠶᠢᠳᠡᠯᠠᠯᠠ᠃ ᠠᠩᠬᠠᠷᠤᠨ ᠤᠩᠰᠢᠮᠤ⁈ | 1945 ᠤᠨ ᠤ 8 ᠰᠠᠷ᠎ᠠ ᠶᠢᠨ 9 — 15 ᠤ ᠡᠳᠤᠷ ᠪᠤᠯᠳᠠᠯ᠎ᠠ᠂ ᠵᠦᠪᠯᠠᠯᠳᠤ ᠬᠤᠯᠪᠤᠭᠠᠳᠤ ᠤᠯᠤᠰ ᠤᠨ | ᠤᠯᠠᠭᠠᠨ ᠴᠡᠷᠢᠭ ᠬᠠᠭᠤᠷᠮᠠᠭ ᠮᠠᠨᠵᠤ ᠶᠢᠨ ᠬᠢᠩᠭᠠᠨ ᠡᠮᠤᠨᠡᠳᠤ ᠮᠤᠵᠢ ᠶᠢᠨ ᠪᠠᠷᠠᠭᠤᠨ ᠬᠤᠷᠴᠢᠨ ᠡᠮᠤᠨᠡᠳᠤ | ᠬᠤᠰᠢᠭᠤᠨ ᠤ ︵ᠤᠳᠤ ᠶᠢᠨ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤ︶ ᠬᠢᠯᠢ ᠲᠤᠳᠤᠷ᠎ᠠ ᠶᠠᠫᠤᠨ ᠤ | ᠭᠤᠸᠠᠨ ᠳ᠋ᠦᠩ ᠵᠢᠶᠦ᠋ᠨ ᠴᠡᠷᠢᠭ ᠲᠠᠢ ᠶᠢᠰᠤ ᠤᠳᠠᠭ᠎ᠠ ᠠᠳᠠᠯᠢ ᠪᠤᠰᠤ ᠭᠡᠮᠵᠢᠶᠠᠨ ᠤ ᠪᠠᠶᠢᠯᠳᠤᠭᠠᠨ ᠬᠢᠪᠠ᠃ | ᠷᠡᠰᠢᠶᠠᠨ ᠤ ᠪᠠᠬᠢᠯᠠᠯᠳᠠ ᠶᠢᠨ ᠪᠠᠶᠢᠯᠳᠤᠭᠠᠨ | ᠢᠷᠭᠡᠨ ᠤᠯᠤᠰ ᠤᠨ 20 ᠳ᠋ᠤᠭᠠᠷ ᠤᠨ ︵1931︶ ᠠᠴᠠ ᠬᠤᠶᠢᠰᠢ᠂ ᠶᠠᠫᠤᠨ ᠤ ᠭᠤᠸᠠᠨ ᠳ᠋ᠦᠩ | ᠵᠢᠶᠦ᠋ᠨ ᠴᠡᠷᠢᠭ ᠤᠨ ᠭᠤᠷᠪᠠᠳᠤᠭᠠᠷ ᠹᠷᠤᠨᠲ ᠤᠨ ᠭᠤᠤᠯ ᠴᠡᠷᠢᠭ ᠤᠨ 107 ᠳ᠋ᠤᠭᠠᠷ ᠳ᠋ᠢᠸᠢᠽᠢ ᠬᠠᠭᠤᠷᠮᠠᠭ | ᠮᠠᠨᠵᠤ ᠶᠢᠨ ᠬᠢᠩᠭᠠᠨ ᠡᠮᠤᠨᠡᠳᠤ ᠬᠤᠪᠢᠶᠠᠷᠢ ᠮᠤᠵᠢ ᠶᠢᠨ ᠪᠠᠷᠠᠭᠤᠨ ᠬᠤᠷᠴᠢᠨ ᠡᠮᠤᠨᠡᠳᠤ ᠬᠤᠰᠢᠭᠤᠨ ︵ᠤᠳᠤ ᠶᠢᠨ | ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤ︶ ᠤ ᠷᠠᠰᠢᠶᠠᠨ ᠤᠷᠤᠨ ᠳᠤ ᠰᠠᠭᠤᠵᠤ᠂ ᠭᠡᠳᠤᠨ ᠠᠷᠪᠠᠨ | ᠺᠢᠯᠤᠮᠧᠳ᠋ᠷ ᠤᠨ ᠰᠠᠷᠭᠡᠶᠢᠯᠠᠯᠳᠠ ᠶᠢᠨ ᠪᠠᠬᠢᠯᠠᠯᠳᠠ ᠪᠠᠶᠢᠭᠤᠯᠪᠠ᠃ 107 ᠳ᠋ᠤᠭᠠᠷ ᠳ᠋ᠢᠸᠢᠽᠢ ᠶᠢᠨ 5 ᠲᠦᠮᠠᠨ ᠶᠠᠫᠤᠨ | ᠴᠡᠷᠢᠭ ᠤᠨ ᠤᠯᠠᠩᠬᠢ ᠨᠢ ᠷᠠᠰᠢᠶᠠᠨ ᠤ ᠬᠢᠯᠢ ᠳᠤ ︵ᠴᠦᠭᠡᠨ ᠪᠦᠯᠦᠭ ᠨᠢ ᠰᠤᠯᠤᠨ᠂ ᠴᠠᠷᠠᠰᠤᠨ ᠵᠠᠷᠭᠡ ᠭᠠᠵᠠᠷ ᠲᠤ | ᠰᠠᠭᠤᠵᠠᠢ︶ ᠰᠠᠭᠤᠵᠤ ᠪᠠᠶᠢᠪᠠ᠃ ᠢᠷᠭᠡᠨ ᠤᠯᠤᠰ ᠤᠨ 34 ᠳ᠋ᠤᠭᠡᠷ ᠤᠨ ︵1945 ᠤᠨ︶ ᠤ 8 ᠰᠠᠷ᠎ᠠ ᠶᠢᠨ | 9 ᠤ ᠡᠳᠤᠷ ᠤᠨ ᠬᠠᠷ᠎ᠠ ᠡᠷᠳᠡ ᠲᠡᠭ ᠴᠠᠭ 30 ᠮᠢᠨᠦ᠋ᠲ ᠲᠤ ᠵᠦᠪᠯᠠᠯᠳᠤ ᠶᠢᠨ ᠭᠠᠳᠠᠷ ᠪᠠᠶᠢᠭᠠᠯ ᠹᠷᠤᠨᠲ ᠤᠨ | ᠴᠡᠷᠢᠭ ᠤᠨ 12 ᠳ᠋ᠤᠭᠠᠷ ᠠᠭᠠᠷ ᠤᠨ ᠴᠡᠷᠢᠭ ᠤᠨ 1400 ᠨᠢᠰᠭᠡᠯ ᠷᠠᠰᠢᠶᠠᠨ᠂ ᠰᠤᠯᠤᠨ᠂ ᠬᠠᠶᠢᠯᠠᠷ ᠵᠠᠷᠭᠡ | ᠭᠠᠵᠠᠷ ᠤᠳ ᠢ ᠲᠠᠯᠪᠡᠴᠢᠵᠤ᠂ ᠲᠠᠷᠠᠭ᠎ᠠ ᠨᠢ 39 ᠳ᠋ᠤᠭᠡᠷ ᠠᠷᠮᠢ ︵9 ᠶᠠᠪᠠᠭᠠᠨ ᠴᠡᠷᠢᠭ ᠤᠨ ᠳ᠋ᠢᠸᠢᠽᠢ᠂ 1 ᠲᠠᠩᠺᠳᠤ | ᠳ᠋ᠢᠸᠢᠽᠢ᠂ 2 ᠲᠠᠩᠺᠳᠤ ᠪᠠᠷᠢᠭᠠᠳᠠ ︿ᠯᠢᠤᠢ﹀ ᠪᠠᠭᠳᠠᠨ᠎ᠠ︶᠂ 53 ᠳ᠋ᠤᠭᠠᠷ ᠠᠷᠮᠢ ︵6 ᠶᠠᠪᠠᠭᠠᠨ ᠴᠡᠷᠢᠭ ᠤᠨ | ᠳ᠋ᠢᠸᠢᠽᠢ᠂ 1 ᠰᠢᠬᠦᠷᠳᠤ ᠴᠡᠷᠢᠭ ᠤᠨ ᠳ᠋ᠢᠸᠢᠽᠢ︶᠂ ᠰᠢᠳᠠᠷ ᠴᠡᠷᠢᠭ ᠤᠨ 6 ᠲᠠᠩᠺᠳᠤ ᠠᠷᠮᠢ ︵2 | ᠮᠤᠲ᠋ᠤᠷᠴᠢᠯᠠᠭᠰᠠᠨ ᠶᠠᠪᠠᠭᠠᠨ ᠴᠡᠷᠢᠭ ᠤᠨ ᠳ᠋ᠢᠸᠢᠽᠢ᠂ 1 ᠪᠠᠷᠢᠭᠠᠳᠠ᠂ 5 ᠲᠠᠩᠺᠳᠤ ᠪᠠᠷᠢᠭᠠᠳᠠ᠂ 6 | ᠮᠧᠬᠠᠨᠢᠭᠵᠢᠭᠤᠯᠤᠭᠰᠠᠨ ᠪᠠᠷᠢᠭᠠᠳᠠ ᠪᠠᠭᠳᠠᠨ᠎ᠠ︶ ᠷᠠᠰᠢᠶᠠᠨ ᠤ ᠪᠠᠬᠢᠯᠡᠯᠳᠠ ᠶᠢᠨ ᠤᠷᠤᠨ ᠳᠤ ᠲᠠᠭᠠᠷᠢᠯᠳᠠ ᠬᠢᠪᠠ᠃ | ᠭᠠᠵᠠᠷ ᠤᠨ ᠪᠠᠶᠢᠴᠠ ᠨᠢ ᠪᠤᠳᠤᠯᠢᠶᠠᠨ ᠲᠠᠢ ᠲᠤᠯᠠ ᠵᠦᠪᠯᠠᠯᠳᠤ ᠬᠤᠯᠪᠤᠭᠠᠳᠤ ᠤᠯᠤᠰ ᠤᠨ ᠤᠯᠠᠭᠠᠨ ᠴᠡᠷᠢᠭ ᠤᠨ | ᠤᠷᠤᠭᠰᠢᠯᠠᠯᠳᠠ ᠤᠳᠠᠭᠠᠨ ᠪᠠᠶᠢᠪᠠ᠃ ᠢᠩᠬᠢᠭᠡᠳ ᠨᠢᠭᠡ ᠰᠠᠯᠠᠭ᠎ᠠ ᠴᠡᠷᠢᠭ ᠢᠶᠠᠷ ᠶᠠᠫᠤᠨ ᠴᠡᠷᠢᠭ ᠢ ᠬᠤᠷᠢᠭᠯᠠᠨ | ᠬᠤᠷᠭᠤᠭᠤᠵᠤ᠂ ᠭᠤᠤᠯ ᠴᠡᠷᠢᠭ ᠨᠢ ᠲᠤᠭᠤᠷᠢᠭᠤ ᠪᠠᠷ ᠮᠠᠨᠳᠤ ᠶᠢᠨ ᠵᠢᠯᠠᠭ᠎ᠠ ᠶᠢᠨ ᠬᠠᠪᠢ ᠪᠠᠷ ᠤᠷᠤᠪᠠ᠃ 39 | ᠳ᠋ᠤᠭᠡᠷ ᠠᠷᠮᠢ ᠶᠢᠨ 2 ᠳ᠋ᠢᠸᠢᠽᠢ ᠷᠠᠰᠢᠶᠠᠨ ᠤᠷᠤᠨ ᠤ ᠢᠷᠪᠢᠰ ᠤᠨ ᠵᠦᠭ ᠪᠠᠬᠢᠯᠠᠯᠳᠠ ᠰᠢᠪᠳᠤᠯᠵᠤ᠂ ᠶᠠᠫᠤᠨ | ᠴᠡᠷᠢᠭ ᠤᠨ ᠠᠷᠤ ᠳᠤ ᠲᠤᠭᠤᠷᠢᠨ ᠭᠠᠷᠴᠤ᠂ ᠷᠠᠰᠢᠶᠠᠨ ᠤ ᠶᠠᠫᠤᠨ ᠴᠡᠷᠢᠭ ᠢ ᠪᠦᠰᠠᠯᠠᠨ ᠴᠤᠬᠢᠪᠠ᠃ | ᠮᠢᠩ ᠱᠦᠢ ᠦᠷᠳᠡᠭᠡ ᠶᠢᠨ ᠪᠠᠶᠢᠯᠳᠤᠭᠠᠨ | ᠢᠷᠭᠡᠨ ᠤᠯᠤᠰ ᠤᠨ 34 ᠳ᠋ᠤᠭᠡᠷ ᠤᠨ ᠤ ︵1945 ᠤᠨ︶ 8 ᠰᠠᠷ᠎ᠠ ᠶᠢᠨ 11 ᠤ ᠡᠳᠤᠷ ᠤᠨ ᠦᠳᠡᠰᠢ᠂ | ᠶᠠᠫᠤᠨ ᠴᠡᠷᠢᠭ ᠤᠨ 107 ᠳ᠋ᠤᠭᠠᠷ ᠨᠢᠭᠡᠳᠭᠡᠯ ᠳ᠋ᠢᠸᠢᠽᠢ ᠶᠢᠨ ᠨᠢᠭᠡᠳᠤᠭᠡᠷ ᠰᠠᠯᠪᠤᠷᠢ ᠠᠩᠬᠢ ᠵᠠᠷᠯᠢᠭ ᠶᠤᠰᠤᠭᠠᠷ ᠦ᠋ | ᠴᠠ ᠭᠸᠤ ᠤᠷᠤᠨ ᠠᠴᠠ ᠰᠤᠯᠤᠨ ᠵᠦᠭ ᠤᠬᠤᠷᠢᠵᠤ᠂ ᠡᠮᠤᠨ᠎ᠠ ᠰᠠᠷᠭᠡᠶᠢᠯᠠᠯᠳᠠ ᠶᠢ ᠡᠬᠦᠷᠭᠡᠯᠡᠭᠰᠡᠨ ᠶᠡᠭᠡ ᠠᠩᠬᠢ ᠶᠢᠨ | 1000 ᠭᠠᠷᠤᠢ ᠬᠦᠮᠦᠨ ᠲᠠᠮᠤᠷ ᠵᠠᠮ ᠤᠨ ᠱᠤᠭᠤᠮ ᠢ ᠲᠠᠭᠠᠨ ᠲᠦᠷᠭᠡᠨ ᠶᠠᠪᠤᠵᠤ 60 ᠺᠢᠯᠤᠮᠧᠳ᠋ᠷ ᠤᠬᠤᠷᠢᠭᠠᠳ | ᠮᠢᠩ ᠱᠦᠢ ᠲᠡᠷᠭᠡᠨ ᠦᠷᠳᠡᠭᠡ ᠬᠦᠷᠬᠦ ᠦᠶ᠎ᠠ ᠳᠤ ᠭᠡᠨᠡᠳᠳᠡ ᠮᠠᠨᠳᠤ ᠶᠢᠨ ᠵᠢᠯᠠᠭᠠᠨ ᠠᠴᠠ ᠪᠦᠰᠠᠯᠠᠵᠤ ᠢᠷᠡᠭᠰᠡᠨ | ᠨᠢᠭᠡ ᠰᠠᠯᠠᠭ᠎ᠠ ᠵᠦᠪᠯᠡᠯᠳᠤ ᠬᠤᠯᠪᠤᠭᠠᠳᠤ ᠤᠯᠤᠰ ᠤᠨ ᠤᠯᠠᠭᠠᠨ ᠴᠡᠷᠢᠭ ᠲᠠᠢ ᠶᠠᠭ ᠲᠠᠭᠠᠷᠢᠯᠳᠤᠪᠠ᠃ ᠵᠦᠪᠯᠡᠯᠳᠤ | ᠬᠤᠯᠪᠤᠭᠠᠳᠤ ᠤᠯᠤᠰ ᠤᠨ ᠤᠯᠠᠭᠠᠨ ᠴᠡᠷᠢᠭ ᠤᠷᠢᠳᠠᠪᠠᠷ ᠭᠠᠯᠳᠤ ᠲᠡᠷᠭᠡᠨ ᠦᠷᠳᠡᠭᠡ ᠪᠤᠯᠤᠨ ᠮᠢᠩ ᠱᠦᠢ ᠶᠢᠨ ᠵᠠᠬᠦᠨ | ᠠᠭᠤᠯᠠ ᠵᠠᠷᠭᠡ ᠠᠰᠢᠭᠳᠠᠢ ᠭᠠᠵᠠᠷ ᠤᠨ ᠪᠠᠶᠢᠴᠠ ᠶᠢ ᠪᠤᠯᠢᠶᠠᠨ ᠡᠵᠡᠯᠠᠵᠤ᠂ ᠶᠠᠫᠤᠨ ᠴᠡᠷᠢᠭ ᠵᠦᠭ ᠰᠢᠷᠦᠬᠦᠨ | ᠭᠠᠯᠯᠠᠭᠰᠠᠨ ᠳᠤ ᠶᠠᠫᠤᠨ ᠴᠡᠷᠢᠭ ᠠᠷᠭ᠎ᠠ ᠪᠤᠰᠤ ᠪᠠᠷᠠᠭᠤᠨ ᠠᠭᠤᠯᠠᠨ ᠳᠤ ᠠᠪᠠᠷᠢᠨ ᠭᠠᠷᠴᠤ ᠠᠮᠢ ᠲᠠᠮᠠᠴᠠᠨ | ᠡᠰᠡᠷᠬᠦᠴᠡᠪᠡ᠃ ᠪᠠᠶᠢᠯᠳᠤᠭᠠᠨ ᠲᠤᠩ ᠰᠢᠷᠦᠬᠦᠨ ᠶᠠᠪᠤᠭᠳᠠᠵᠤ᠂ ᠨᠢᠭᠡ ᠰᠦᠨᠢ ᠨᠢᠭᠡ ᠡᠳᠤᠷ ᠦᠷᠬᠦᠯᠵᠢᠯᠠᠵᠤ᠂ | ᠶᠠᠫᠤᠨ ᠴᠡᠷᠢᠭ 400 ᠭᠠᠷᠤᠢ ᠬᠦᠮᠦᠨ ᠰᠢᠷᠬᠠᠳᠤᠵᠤ ᠦᠬᠦᠭᠡᠳ ᠢᠨᠳᠠᠷ ᠵᠦᠭ ᠲᠤᠳᠠᠭᠠᠬᠤ ᠳᠠᠭᠠᠨ ᠵᠦᠪᠯᠡᠯᠳᠤ ᠶᠢᠨ | ᠴᠡᠷᠢᠭ ᠲᠤ ᠨᠠᠭᠡᠮᠵᠢᠯᠠᠨ ᠪᠦᠰᠠᠯᠡᠭᠳᠠᠵᠤ᠂ 1500 ᠢᠯᠠᠬᠦᠤ ᠬᠦᠮᠦᠨ ᠵᠠᠪᠰᠡᠭ ᠢᠶᠠᠨ ᠬᠠᠶᠠᠵᠤ ᠪᠠᠭᠤᠵᠤ ᠦᠭᠪᠠ᠃ | ᠵᠦᠪᠯᠠᠯᠳᠤ ᠶᠢᠨ ᠤᠯᠠᠭᠠᠨ ᠴᠡᠷᠢᠭ ᠵᠦᠪᠭᠡᠨ 30 ᠬᠦᠮᠦᠨ ᠦᠬᠦᠵᠤ ᠰᠢᠷᠬᠠᠳᠤᠭᠰᠠᠨ ᠶᠤᠮ᠃ | ᠹᠧᠩ ᠯᠢᠨ ᠲᠠᠪᠠᠭᠠᠨ ᠤ ᠪᠠᠶᠢᠯᠳᠤᠭᠠᠨ | ᠹᠧᠩ ᠯᠢᠨ ᠲᠠᠪᠠᠭ᠎ᠠ ᠪᠤᠯ ᠪᠠᠷᠠᠭᠤᠨ ᠬᠤᠷᠴᠢᠨ ᠡᠮᠤᠨᠡᠳᠤ ᠬᠤᠰᠢᠭᠤᠨ ︵ᠤᠳᠤ ᠶᠢᠨ ᠬᠤᠷᠴᠢᠨ ᠪᠠᠷᠠᠭᠤᠨ | ᠭᠠᠷᠤᠨ ᠡᠮᠤᠨᠡᠳᠤ ᠬᠤᠰᠢᠭᠤ︶ ᠤ ᠰᠤᠯᠤᠨ ᠪᠠᠯᠭᠠᠰᠤᠨ ᠤ ᠬᠢᠵᠠᠭᠠᠷ ᠲᠤ ᠪᠤᠢ᠃ 8 ᠰᠠᠷ᠎ᠠ ᠶᠢᠨ 11 ᠤ ᠡᠳᠤᠷ ᠤᠨ | 14 ᠴᠠᠭ ᠤᠨ ᠦᠶ᠎ᠠ ᠪᠠᠷ᠂ ᠵᠦᠪᠯᠠᠯᠳᠤ ᠶᠢᠨ ᠴᠡᠷᠢᠭ ᠤᠨ ᠬᠤᠰᠢᠭᠤᠴᠢ ᠴᠡᠷᠢᠭ ᠠᠩᠬᠢ ᠶᠢᠨ 400 ᠭᠠᠷᠤᠢ | ᠬᠦᠮᠦᠨ᠂ 10 ᠭᠠᠷᠤᠢ ᠲᠠᠩᠺ ᠮᠢᠩ ᠱᠦᠢ ᠠᠴᠠ ᠰᠤᠯᠤᠨ ᠵᠦᠭ ᠤᠷᠤᠭᠰᠢᠯᠠᠵᠤ᠂ ᠹᠧᠩ ᠯᠢᠨ ᠲᠠᠪᠠᠭ᠎ᠠ ᠬᠦᠷᠬᠦ | ᠦᠶ᠎ᠠ ᠳᠤ ᠤᠷᠢᠳᠠᠪᠠᠷ ᠠᠭᠤᠯᠠᠨ ᠤ ᠤᠭᠠᠯᠵᠠᠨ ᠵᠠᠮ ᠤᠨ ᠠᠰᠢᠭᠳᠠᠢ ᠪᠠᠶᠢᠷᠢ ᠶᠢ ᠡᠵᠡᠯᠡᠭᠰᠡᠨ ᠶᠠᠫᠤᠨ ᠴᠡᠷᠢᠭ ᠤᠨ | ᠬᠤᠷᠢᠭᠯᠠᠯᠳᠠ ᠳᠤ ᠤᠴᠠᠷᠠᠪᠠ᠃ ᠵᠦᠪᠯᠡᠯᠳᠤ ᠶᠢᠨ ᠴᠡᠷᠢᠭ ᠲᠠᠩᠺ ᠪᠤᠯᠤᠨ ᠭᠠᠯᠳᠤ ᠫᠤᠤ ᠪᠠᠷ ᠶᠠᠫᠤᠨ ᠴᠡᠷᠢᠭ ᠤᠨ | ᠵᠦᠭ ᠭᠠᠯᠯᠠᠪᠠ᠃ ᠪᠠᠶᠢᠯᠳᠤᠭᠠᠨ ᠤ ᠲᠤᠮᠳᠠ ᠶᠠᠫᠤᠨ ᠴᠡᠷᠢᠭ ᠪᠠᠰᠠ ᠲᠠᠪᠰᠡᠭ ᠠᠴᠠ ᠭᠡᠳᠤᠨ ᠵᠠᠭᠤᠨ ᠬᠦᠮᠦᠨ᠂ | ᠠᠷᠪᠠᠭᠠᠳ ᠭᠠᠯᠳᠤ ᠫᠤᠤ ᠲᠠᠢ ᠲᠤᠰᠠᠯᠠᠬᠤ ᠴᠡᠷᠢᠭ ᠨᠠᠮᠠᠵᠤ ᠬᠤᠷᠢᠭᠯᠠᠨ ᠴᠤᠬᠢᠬᠤ ᠪᠠᠶᠢᠯᠳᠤᠭᠠᠨ ᠳᠤ ᠤᠷᠤᠯᠴᠠᠭᠰᠠᠨ | ᠪᠤᠯᠪᠠᠴᠤ ᠵᠦᠪᠯᠡᠯᠳᠤ ᠶᠢᠨ ᠴᠡᠷᠢᠭ ᠤᠨ ᠲᠠᠰᠤᠷᠠᠯᠳᠠ ᠦᠭᠡᠢ ᠰᠢᠷᠦᠬᠦᠨ ᠲᠠᠭᠠᠷᠢᠯᠳᠠ ᠶᠢ ᠬᠤᠷᠢᠭᠯᠠᠵᠤ ᠲᠠᠶᠢᠯᠬᠦ | ᠦᠭᠡᠢ ᠪᠠᠶᠢᠪᠠ᠃ ᠪᠠᠶᠢᠯᠳᠤᠭᠠᠨ 7 ᠴᠠᠭ ᠦᠷᠬᠦᠯᠵᠢᠯᠠᠵᠤ᠂ ᠶᠠᠫᠤᠨ ᠴᠡᠷᠢᠭ ᠤᠭᠠᠯᠵᠠᠨ ᠵᠠᠮ ᠤᠨ ᠪᠠᠬᠢᠯᠠᠯᠳᠠ ᠪᠠᠨ | ᠬᠠᠶᠠᠵᠤ᠂ ᠰᠤᠯᠤᠨ ᠤ ᠡᠮᠤᠨᠡᠬᠢ ᠯᠢᠶᠠᠨ ᠹᠧᠩ ᠲᠤᠰᠬᠤᠨ ᠵᠦᠭ ᠲᠤᠳᠠᠭᠠᠪᠠ᠃ ᠵᠦᠪᠯᠡᠯᠳᠤ ᠶᠢᠨ ᠴᠡᠷᠢᠭ | ᠢᠯᠠᠯᠳᠠ ᠶᠢᠨ ᠡᠷᠴᠢᠨ ᠲᠠᠭᠡᠷ᠎ᠠ ᠪᠠᠨ ᠨᠠᠭᠡᠮᠵᠢᠯᠠᠨ ᠰᠦᠨᠦᠭᠡᠵᠤ ᠪᠠᠶᠢᠪᠠ᠃ ᠪᠠᠶᠢᠯᠳᠤᠭᠠᠨ ᠤ ᠲᠤᠮᠳᠠ ᠶᠠᠫᠤᠨ ᠴᠡᠷᠢᠭ | 350 ᠭᠠᠷᠤᠢ ᠬᠦᠮᠦᠨ ᠦᠬᠦᠵᠤ ᠰᠢᠷᠬᠠᠳᠤᠭᠠᠳ 7 ᠮᠠᠰᠢᠨ ᠲᠡᠷᠭᠡ᠂ ᠠᠷᠪᠠᠭᠠᠳ ᠭᠠᠯᠳᠤ ᠫᠤᠤ ᠰᠦᠢᠳᠪᠡ᠃ | ᠰᠤᠯᠤᠨ ᠤ ᠭᠠᠯᠳᠤ ᠲᠡᠷᠭᠡᠨ ᠦᠷᠳᠡᠭᠡᠨ ᠤ ᠪᠠᠶᠢᠯᠳᠤᠭᠠᠨ | 8 ᠰᠠᠷ᠎ᠠ ᠶᠢᠨ 12 ᠤᠨ ᠡᠳᠤᠷ ᠤᠨ ᠦᠳᠡ ᠶᠢᠨ ᠡᠮᠤᠨ᠎ᠠ ᠵᠦᠪᠯᠠᠯᠳᠤ ᠶᠢᠨ ᠤᠯᠠᠭᠠᠨ ᠴᠡᠷᠢᠭ ᠤᠨ ᠶᠠᠪᠠᠭᠠᠨ | ᠴᠡᠷᠢᠭ ᠤᠨ 94 ᠳ᠋ᠤᠭᠡᠷ ᠠᠷᠮᠢ ᠶᠢᠨ 124 ᠳ᠋ᠤᠭᠡᠷ ᠳ᠋ᠢᠸᠢᠽᠢ ᠶᠢᠨ ᠬᠤᠰᠢᠭᠤᠴᠢ ᠴᠡᠷᠢᠭ ᠠᠩᠬᠢ᠂ 206 ᠳ᠋ᠤᠭᠠᠷ | ᠲᠡᠩᠺᠳᠤ ᠪᠠᠷᠢᠭᠠᠳᠠ ᠶᠢᠨ ᠨᠢᠭᠡ ᠬᠤᠪᠢᠶᠠᠷᠢ ᠠᠩᠬᠢ ᠶᠢᠨ ᠬᠠᠮᠵᠢᠯᠴᠠᠭ᠎ᠠ ᠲᠤᠤᠷ᠎ᠠ ᠤᠷᠤᠭᠰᠢᠯᠠᠬᠤ ᠶᠢᠨ ᠲᠤᠮᠳᠠ ᠪᠠᠨ | ᠶᠠᠫᠤᠨ ᠴᠡᠷᠢᠭ ᠤᠨ 107 ᠳ᠋ᠤᠭᠠᠷ ᠨᠢᠭᠡᠳᠭᠡᠯ ᠳ᠋ᠢᠸᠢᠽᠢ ᠶᠢᠨ ᠰᠠᠭᠤᠭ᠎ᠠ ᠴᠢᠬᠤᠯᠠ ᠪᠠᠯᠭᠠᠰᠤ ᠰᠤᠯᠤᠨ ︵ᠤᠳᠤ ᠶᠢᠨ | ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤᠨ ᠤ ᠰᠤᠯᠤᠨ ᠪᠠᠯᠭᠠᠰᠤ︶ ᠢ ᠲᠠᠭᠠᠷᠢᠭᠰᠠᠨ ᠳᠤ ᠤᠷᠢᠳᠠᠪᠠᠷ | ᠪᠠᠬᠢᠯᠠᠯᠳᠠ ᠡᠵᠡᠯᠡᠭᠰᠡᠨ ᠶᠠᠫᠤᠨ ᠴᠡᠷᠢᠭ ᠤᠨ ᠡᠷᠠᠰ ᠴᠢᠩᠭ᠎ᠠ ᠬᠤᠷᠢᠭᠯᠠᠯᠳᠠ ᠳᠤ ᠤᠴᠠᠷᠠᠵᠤ᠂ ᠵᠦᠪᠯᠠᠯᠳᠤ ᠶᠢᠨ ᠴᠡᠷᠢᠭ | ᠲᠠᠭᠠᠷᠢᠯᠳᠠ ᠪᠠᠨ ᠵᠤᠭᠰᠤᠵᠤ ᠲᠦᠷ ᠤᠬᠤᠷᠢᠪᠠ᠃ ᠲᠤᠰ ᠡᠳᠤᠷ ᠤᠨ ᠦᠳᠡ ᠶᠢᠨ ᠬᠤᠶᠢᠨ᠎ᠠ ᠵᠦᠪᠯᠠᠯᠳᠤ ᠶᠢᠨ | ᠴᠡᠷᠢᠭ ᠲᠠᠬᠢᠨ ᠬᠦᠴᠤᠨ ᠢᠶᠠᠨ ᠵᠤᠬᠢᠶᠠᠨ ᠪᠠᠶᠢᠭᠤᠯᠵᠤ᠂ 124 ᠳ᠋ᠤᠭᠡᠷ ᠳ᠋ᠢᠸᠢᠽᠢ ᠪᠤᠯᠤᠨ 206 ᠳ᠋ᠤᠭᠠᠷ ᠲᠠᠩᠺᠳᠤ | ᠪᠠᠷᠢᠭᠠᠳᠠ ᠪᠠᠷᠠᠭᠤᠨ ᠲᠠᠯ᠎ᠠ ᠠᠴᠠ᠂ 39 ᠳ᠋ᠤᠭᠡᠷ ᠨᠢᠭᠡᠳᠭᠡᠯ ᠠᠷᠮᠢ ᠶᠢᠨ ᠡᠮᠤᠨ᠎ᠠ ᠰᠠᠯᠪᠤᠷᠢ ᠠᠩᠬᠢ ᠶᠢᠨ ᠰᠢᠳᠠᠷ | ᠶᠠᠪᠠᠭᠠᠨ ᠴᠡᠷᠢᠭ ᠤᠨ 5 ᠳ᠋ᠤᠭᠠᠷ ᠠᠷᠮᠢ ᠶᠢᠨ 17 ᠳ᠋ᠤᠭᠠᠷ ᠳ᠋ᠢᠸᠢᠽᠢ᠂ 91 ᠳ᠋ᠤᠭᠡᠷ ᠳ᠋ᠢᠸᠢᠽᠢ ᠪᠤᠯᠤᠨ 61 ᠳ᠋ᠤᠭᠡᠷ | ᠲᠠᠩᠺᠳᠤ ᠳ᠋ᠢᠸᠢᠽᠢ ᠡᠮᠤᠨ᠎ᠠ ᠲᠠᠯ᠎ᠠ ᠠᠴᠠ ᠬᠠᠮᠳᠤᠷᠠᠨ ᠬᠦᠴᠤᠳᠠᠢ ᠲᠠᠭᠠᠷᠢᠬᠤ ᠶᠢᠨ ᠬᠠᠮᠳᠤ ᠵᠦᠪᠯᠡᠯᠳᠤ ᠶᠢᠨ | ᠠᠭᠠᠷ ᠤᠨ ᠴᠡᠷᠢᠭ ᠤᠨ ᠲᠠᠯᠪᠠᠴᠢᠬᠦ ᠨᠢᠰᠭᠡᠯ ᠪᠤᠯᠤᠨ ᠲᠠᠭᠠᠷᠢᠭᠴᠢ ᠨᠢᠰᠭᠡᠯ ᠡᠭᠡᠯᠵᠢᠯᠠᠨ ᠲᠠᠯᠪᠡᠴᠢᠵᠤ᠂ ᠭᠠᠵᠠᠷ | ᠲᠠᠭᠡᠷᠡᠬᠢ ᠴᠡᠷᠢᠭ ᠠᠩᠬᠢ ᠲᠠᠢ ᠬᠠᠮᠵᠢᠯᠴᠠᠨ ᠪᠠᠶᠢᠯᠳᠤᠪᠠ᠃ ᠡᠨᠡ ᠪᠤᠯ ᠲᠠᠶᠢᠨ ᠡᠬᠢᠯᠡᠭᠰᠡᠨ ᠠᠴᠠ ᠨᠠᠰᠢᠬᠢ 39 | ᠳ᠋ᠤᠭᠡᠷ ᠨᠢᠭᠡᠳᠭᠡᠯ ᠠᠷᠮᠢ ᠠᠩᠬ᠎ᠠ ᠤᠳᠠᠭ᠎ᠠ᠂ ᠪᠠᠰᠠ ᠬᠠᠮᠤᠭ ᠰᠠᠬᠦᠯᠴᠢ ᠶᠢᠨ ᠨᠢᠭᠡ ᠤᠳᠠᠭᠠᠨ ᠤ ᠭᠠᠵᠠᠷ ᠪᠠ | ᠠᠭᠠᠷ ᠢᠶᠠᠷ ᠵᠡᠷᠭᠡᠪᠡᠷ ᠪᠠᠶᠢᠯᠳᠤᠭᠰᠠᠨ ᠶᠡᠭᠡ ᠪᠢᠩᠲ᠋ᠤᠸᠠᠨ ᠤ ᠪᠠᠬᠢᠯᠠᠯᠳᠠ ᠡᠪᠳᠡᠬᠦ ᠲᠠᠶᠢᠯᠠᠯᠳᠤᠭᠠᠨ ᠪᠤᠯᠬᠤ ᠶᠤᠮ᠃ | ᠲᠤᠰ ᠲᠠᠶᠢᠯᠠᠯᠳᠤᠭᠠᠨ ᠳᠤ ᠶᠠᠫᠤᠨ ᠴᠡᠷᠢᠭ ᠤᠨ 3000 ᠢᠯᠠᠬᠦᠤ ᠬᠦᠮᠦᠨ ᠢ ᠠᠯᠠᠵᠤ ᠰᠢᠷᠬᠠᠳᠤᠭᠤᠯᠵᠤ | ᠤᠯᠵᠠᠯᠠᠭᠰᠠᠨ ᠶᠤᠮ᠃ | ᠰᠢ ᠺᠸᠤ ᠶᠢᠨ ᠭᠠᠯᠳᠤ ᠲᠠᠷᠭᠡᠨ ᠦᠷᠳᠡᠭᠡᠨ ᠤ ᠪᠠᠶᠢᠯᠳᠤᠭᠠᠨ | 8 ᠰᠠᠷ᠎ᠠ ᠶᠢᠨ 12 ᠤᠨ ᠡᠳᠤᠷ ᠤᠨ ᠰᠢᠷ᠎ᠠ ᠪᠦᠷᠦᠢ ᠶᠢᠨ ᠦᠶ᠎ᠠ ᠳᠤ ᠷᠠᠰᠢᠶᠠᠨ ᠤ ᠪᠠᠬᠢᠯᠡᠯᠳᠡ ᠳᠤ ᠪᠠᠶᠢᠭᠰᠠᠨ | ᠶᠠᠫᠤᠨ ᠴᠡᠷᠢᠭ ᠤᠨ 90 ᠳ᠋ᠤᠭᠡᠷ ᠬᠤᠯᠪᠤᠭᠠᠳᠤ ᠠᠩᠬᠢ ᠶᠢᠨ ᠭᠤᠤᠯ ᠴᠡᠷᠢᠭ 3 ᠴᠤᠪᠤᠭ᠎ᠠ ᠡᠩᠨᠡᠭᠡ ᠬᠤᠪᠢᠶᠠᠨ | ᠨᠢᠭᠡᠳᠭᠡᠯ ᠳ᠋ᠢᠸᠢᠽᠢ ᠶᠢᠨ ᠰᠧᠯᠢᠩᠪᠦ᠋ ᠪᠠᠶᠢᠭ᠎ᠠ ᠦ᠋ ᠴᠠ ᠭᠸᠤ ᠶᠢᠨ ᠪᠠᠭᠢᠯᠠᠯᠳᠠ ᠵᠦᠭ ᠤᠬᠤᠷᠢᠨ ᠰᠢᠯᠵᠢᠪᠠ᠃ | ᠡᠮᠤᠨ᠎ᠠ 2 ᠴᠤᠪᠤᠭ᠎ᠠ ᠡᠩᠨᠡᠭᠡ 8 ᠰᠠᠷ᠎ᠠ ᠶᠢᠨ 13 ᠤ ᠡᠳᠤᠷ ᠤᠨ ᠦᠳᠡ ᠶᠢᠨ ᠬᠤᠶᠢᠨ᠎ᠠ ᠵᠤᠷᠢᠭᠰᠠᠨ ᠭᠠᠵᠠᠷ ᠲᠠᠭᠠᠨ | ᠠᠮᠤᠷ ᠲᠦᠪᠰᠢᠨ ᠬᠦᠷᠦᠭᠰᠡᠨ ᠪᠤᠯᠪᠠᠴᠤ ᠠᠷᠤ ᠶᠢᠨ ᠬᠠᠶᠢᠭᠤᠯ ᠪᠤᠯᠤᠭᠰᠠᠨ 3 ᠳ᠋ᠤᠭᠠᠷ ᠴᠤᠪᠤᠭ᠎ᠠ ᠡᠩᠨᠡᠭᠡ ︵ | ᠶᠠᠪᠠᠭᠠᠨ ᠴᠡᠷᠢᠭ ᠤᠨ ᠬᠤᠶᠠᠳᠤᠭᠠᠷ ᠶᠡᠭᠡ ᠠᠩᠬᠢ ᠪᠠᠷ ᠭᠤᠤᠯᠯᠠᠭᠰᠠᠨ ᠴᠡᠷᠢᠭ︶ ᠦ᠋ ᠴᠠ ᠭᠸᠤ ᠠᠴᠠ ᠵᠦᠪᠭᠡᠨ 10 | ᠺᠢᠯᠤᠮᠧᠳ᠋ᠷ ᠤᠨ ᠵᠠᠶᠢᠳᠠᠢ ᠨᠦᠭᠡᠨᠳᠠᠢ ᠲᠠᠷᠭᠡᠨ ᠦᠷᠳᠡᠭᠡ ᠶᠢᠨ ᠤᠢᠢᠷᠠᠯᠴᠠᠭ᠎ᠠ ᠬᠦᠷᠬᠦ ᠦᠶ᠎ᠠ ᠳᠤ ᠭᠡᠨᠡᠳᠳᠡ | ᠵᠦᠪᠯᠡᠯᠳᠤ ᠶᠢᠨ ᠨᠢᠭᠡᠨ ᠰᠠᠯᠠᠭ᠎ᠠ ᠴᠡᠷᠢᠭ ᠲᠠᠢ ᠲᠠᠭᠠᠷᠠᠯᠳᠤᠵᠤ᠂ ᠬᠤᠶᠠᠷ ᠴᠠᠭ ᠰᠢᠬᠠᠮ ᠰᠢᠷᠦᠬᠦᠨ ᠲᠤᠯᠤᠯᠳᠤᠵᠤ᠂ | ᠶᠠᠫᠤᠨ ᠴᠡᠷᠢᠭ ᠤᠨ ᠬᠠᠭᠠᠰ ᠢᠯᠠᠬᠦᠤ ᠨᠢ ᠦᠬᠦᠵᠤ ᠰᠢᠷᠬᠠᠳᠤᠪᠠ᠃ ᠦᠬᠦᠵᠤ ᠰᠢᠷᠬᠠᠳᠤᠭᠰᠠᠨ ᠬᠦᠮᠦᠨ ᠤ | ᠲᠤᠭ᠎ᠠ ᠨᠢ ᠲᠠᠪᠤ᠂ ᠵᠢᠷᠭᠤᠭᠠᠨ ᠵᠠᠭᠤ ᠬᠦᠷᠪᠡ᠃ ᠡᠯ᠎ᠠ ᠲᠤᠮᠳᠠ ᠠᠩᠬᠢ ᠪᠦᠷᠢ ᠨᠢ ᠬᠠᠷᠢᠯᠴᠠᠨ ᠬᠤᠯᠪᠤᠭ᠎ᠠ | ᠬᠠᠷᠢᠴᠠᠭ᠎ᠠ ᠲᠠᠰᠤᠷᠠᠵᠤ᠂ ᠦᠬᠦᠵᠤ ᠰᠢᠷᠬᠠᠳᠤᠭᠰᠠᠨ ᠬᠦᠮᠦᠨ ᠢᠶᠠᠨ ᠬᠠᠶᠢᠬᠤᠷᠬᠤ ᠶᠢᠨ ᠲᠡᠩᠭᠡᠭᠡ ᠦᠭᠡᠢ ᠪᠦᠷ | ᠲᠠᠶᠢᠨ ᠤ ᠲᠠᠯᠠᠪᠤᠷ ᠠᠴᠠ ᠲᠤᠳᠠᠭᠠᠨ ᠭᠠᠷᠴᠤ᠂ ᠦ᠋ ᠴᠠ ᠭᠸᠤ ᠵᠦᠭ ᠲᠤᠳᠠᠭᠠᠪᠠ᠃ ᠶᠠᠫᠤᠨ ᠴᠡᠷᠢᠭ ᠤᠨ 90 ᠳ᠋ᠤᠭᠡᠷ | ᠬᠤᠯᠪᠤᠭᠠᠳᠤ ᠠᠩᠬᠢ ᠶᠢᠨ ᠭᠤᠤᠯ ᠴᠡᠷᠢᠭ ᠦ᠋ ᠴᠠ ᠭᠸᠤ ᠳᠤ ᠬᠦᠷᠬᠦ ᠠᠴᠠ ᠡᠮᠤᠨᠡᠬᠢ ᠰᠦᠨᠢ 107 ᠳ᠋ᠤᠭᠠᠷ | ᠨᠢᠭᠡᠳᠭᠡᠯ ᠳ᠋ᠢᠸᠢᠽᠢ ᠤᠨ ᠲᠠᠷᠤᠭ᠎ᠠ ᠠᠨ ᠪᠦ᠋ ᠰᠢᠶᠤᠤ ᠢ ᠨᠢᠭᠡᠨᠳᠠ ᠭᠤᠤᠯ ᠴᠡᠷᠢᠭ ᠢᠶᠠᠨ ᠲᠠᠭᠠᠭᠤᠯᠤᠨ ᠵᠠᠬᠦᠨᠰᠢ | ᠤᠬᠤᠷᠢᠪᠠ᠃ ᠭᠠᠭᠴᠠᠬᠦ ᠤᠷᠤᠭᠰᠢᠯᠠᠬᠤ ᠶᠡᠭᠡ ᠠᠩᠬᠢ ᠪᠤᠯᠤᠨ ᠫᠤᠤᠳᠤ ᠴᠡᠷᠢᠭ ᠤᠨ ᠬᠤᠯᠪᠤᠭᠠᠳᠤ ᠠᠩᠬᠢ ᠶᠢᠨ | ᠭᠤᠷᠪᠠᠳᠤᠭᠠᠷ ᠶᠡᠭᠡ ᠠᠩᠬᠢ ᠯᠠ ᠦᠯᠠᠳᠠᠵᠤ ᠰᠠᠭᠤᠭᠠᠳ ᠵᠠᠷᠯᠢᠭ ᠬᠦᠯᠢᠶᠠᠵᠤ ᠪᠠᠶᠢᠪᠠ᠃ | ᠶᠠᠫᠤᠨ ᠤ ᠶᠠᠪᠠᠭᠠᠨ ᠴᠡᠷᠢᠭ ᠤᠨ 90 ᠳ᠋ᠤᠭᠡᠷ ᠬᠤᠯᠪᠤᠭᠠᠳᠤ ᠠᠩᠬᠢ ᠶᠢᠨ ᠲᠠᠷᠤᠭ᠎ᠠ ᠼᠤᠤ ᠲᠢᠶᠠᠨ ᠵᠧᠩ ᠢ | ᠱᠤᠤᠽᠦ᠋ᠸᠧ ᠨᠢᠭᠡᠳᠭᠡᠯ ᠳ᠋ᠢᠸᠢᠽᠢ ᠶᠢᠨ ᠲᠠᠷᠤᠭ᠎ᠠ ᠶᠢᠨ ᠴᠡᠬᠢᠯᠭᠠᠨ ᠮᠡᠳᠡᠭᠡ ᠶᠢᠨ ᠵᠠᠷᠯᠢᠭ ᠢ ᠤᠯᠤᠭᠠᠳ ᠦ᠋ ᠴᠠ | ᠭᠸᠤ ᠳᠤ ᠪᠠᠶᠢᠭ᠎ᠠ ᠲᠡᠭᠡᠷ᠎ᠠ ᠲᠤᠷᠠᠳᠤᠭᠰᠠᠨ ᠦᠯᠡᠳᠡᠭᠳᠡᠯ ᠴᠡᠷᠢᠭ ᠨᠦᠭᠦᠳ ᠢᠶᠠᠨ ᠨᠠᠶᠢᠯᠠᠬᠦᠯᠦᠨ ᠵᠢᠯᠤᠭᠤᠳᠴᠤ᠂ | ᠨᠢᠭᠡᠳᠭᠡᠯ ᠳ᠋ᠢᠸᠢᠽᠢ ᠶᠢᠨ ᠠᠷᠤ ᠶᠢᠨ ᠬᠠᠶᠢᠭᠤᠯ ᠪᠤᠯᠵᠤ ᠬᠤᠶᠢᠰᠢ ᠤᠬᠤᠷᠢᠪᠠ᠃ 8 ᠰᠠᠷ᠎ᠠ ᠶᠢᠨ 13 ᠤ ᠡᠳᠤᠷ ᠤᠨ | ᠰᠦᠨᠢ 90 ᠳ᠋ᠤᠭᠡᠷ ᠬᠤᠯᠪᠤᠭᠠᠳᠤ ᠴᠡᠷᠢᠭ ᠦ᠋ ᠴᠠ ᠭᠸᠤ ᠠᠴᠠ ᠵᠠᠬᠦᠨᠰᠢ ᠤᠬᠤᠷᠢᠬᠤ ᠳᠠᠭᠠᠨ ᠰᠢ ᠺᠸᠤ ᠦᠷᠳᠡᠭᠡᠨ ᠤ | ᠤᠷᠴᠢᠮ ᠭᠡᠨᠡᠳᠳᠡ ᠵᠦᠪᠯᠠᠯᠳᠤ ᠶᠢᠨ ᠤᠯᠠᠭᠠᠨ ᠴᠡᠷᠢᠭ ᠤᠨ 39 ᠳ᠋ᠤᠭᠡᠷ ᠨᠢᠭᠡᠳᠭᠡᠯ ᠠᠷᠮᠢ ᠶᠢᠨ ᠰᠢᠳᠠᠷ ᠶᠠᠪᠠᠭᠠᠨ | ᠴᠡᠷᠢᠭ ᠤᠨ 5 ᠳ᠋ᠤᠭᠠᠷ ᠠᠷᠮᠢ ᠶᠢᠨ ᠡᠮᠤᠨ᠎ᠠ ᠰᠠᠯᠪᠤᠷᠢ ᠠᠩᠬᠢ ᠶᠢᠨ ᠭᠡᠨᠡᠳᠳᠡ ᠶᠢᠨ ᠲᠠᠭᠠᠷᠢᠯᠳᠠ ᠳᠤ ᠤᠴᠠᠷᠠᠵᠤ᠂ | ᠰᠢᠷᠦᠬᠦᠨ ᠲᠤᠯᠤᠯᠳᠤᠭᠠᠨ ᠡᠬᠦᠰᠪᠡ᠃ ᠶᠠᠫᠤᠨ ᠴᠡᠷᠢᠭ ᠲᠤᠮᠳᠠ ᠠᠩᠬᠢ ᠪᠦᠷᠢ ᠳᠡᠭᠡᠨ ᠪᠦᠷ ᠠᠮᠢ ᠴᠦᠯᠡᠭᠰᠡᠳ ᠢᠶᠠᠷ | ᠪᠦᠷᠢᠯᠳᠦᠭᠰᠡᠨ ︽ᠤᠨᠴᠠᠭᠠᠢ ᠲᠠᠭᠠᠷᠢᠬᠤ ᠠᠩᠬᠢ︾ ᠭᠡᠵᠤ ᠵᠤᠬᠢᠶᠠᠨ ᠪᠠᠶᠢᠭᠤᠯᠤᠭᠠᠳ ᠰᠦᠨᠢ ᠶᠢᠨ ᠬᠠᠷᠠᠩᠭᠤᠢ ᠶᠢ | ᠠᠰᠢᠭᠯᠠᠨ ᠵᠦᠪᠯᠡᠯᠳᠤ ᠶᠢᠨ ᠲᠠᠩᠺ ᠶᠢ ᠲᠠᠭᠠᠷᠢᠵᠤ ᠲᠡᠯᠪᠡᠴᠢᠭᠰᠡᠨ ᠪᠤᠯᠪᠠᠴᠤ ᠤᠯᠠᠩᠬᠢ ᠨᠢ ᠰᠦᠨᠦᠭᠡᠭᠳᠡᠪᠡ᠃ ᠲᠠᠷᠠᠭ᠎ᠠ | ᠡᠳᠤᠷ ᠤᠨ ᠦᠳᠡ ᠶᠢᠨ ᠡᠮᠤᠨ᠎ᠠ 8 ᠴᠠᠭ ᠠᠴᠠ ᠦᠳᠡ ᠶᠢᠨ ᠬᠤᠶᠢᠨᠡᠬᠢ 6 ᠴᠠᠭ ᠪᠤᠯᠳᠠᠯ᠎ᠠ ᠲᠠᠰᠤᠷᠠᠯᠳᠠ ᠦᠭᠡᠢ | ᠲᠤᠯᠤᠯᠳᠤᠵᠤ᠂ ᠵᠦᠪᠯᠡᠯᠳᠤ ᠶᠢᠨ ᠤᠯᠠᠭᠠᠨ ᠴᠡᠷᠢᠭ ᠤᠨ ᠲᠠᠩᠺ᠂ ᠭᠠᠯᠳᠤ ᠫᠤᠤ ᠶᠢᠨ ᠫᠤᠤᠳᠠᠯᠭ᠎ᠠ ᠪᠤᠯᠤᠨ ᠠᠭᠠᠷ ᠤᠨ | ᠴᠡᠷᠢᠭ ᠤᠨ ᠨᠢᠰᠭᠡᠯ ᠤᠨ ᠡᠭᠡᠯᠵᠢᠯᠠᠨ ᠲᠠᠯᠪᠡᠴᠢᠬᠦ ᠪᠠ ᠰᠦᠷᠴᠢᠨ ᠬᠠᠷᠪᠤᠬᠤ ᠶᠢ ᠶᠠᠫᠤᠨ ᠴᠡᠷᠢᠭ ᠲᠠᠭᠠᠭᠠᠬᠤ ᠦᠭᠡᠢ | ᠪᠤᠯᠵᠤ ᠠᠷᠠᠢ ᠴᠢᠷᠠᠢ ᠡᠰᠡᠷᠬᠦᠴᠡᠵᠤ᠂ ᠴᠡᠷᠢᠭ ᠤᠨ ᠨᠤᠶᠠᠨ ᠪᠤᠯᠤᠨ ᠴᠡᠷᠢᠭ ᠤᠳ ᠤᠨ ᠦᠬᠦᠳᠡᠯ ᠨᠢ ᠡ᠊ᠨᠳᠡ ᠲᠠᠨᠳᠠ | ᠤᠪᠤᠭ᠎ᠠ ᠲᠤᠪᠤᠭ᠎ᠠ ᠪᠤᠯᠪᠠ᠃ ᠶᠠᠫᠤᠨ ᠴᠡᠷᠢᠭ ᠤᠨ ᠲᠤᠰ ᠬᠤᠯᠪᠤᠭᠠᠳᠤ ᠠᠩᠬᠢ ᠶᠢᠨ 7 ᠳ᠋ᠤᠭᠠᠷ ᠲᠤᠮᠳᠠ | ᠠᠩᠬᠢ ᠶᠢᠨ 200 ᠨᠠᠷᠠᠰ ᠴᠡᠷᠢᠭ ᠤᠨ ᠨᠤᠶᠠᠨ ᠪᠤᠯᠤᠨ ᠴᠡᠷᠢᠭ ᠤᠨ ᠠᠮᠢᠳᠤ ᠦᠯᠡᠳᠡᠭᠰᠡᠨ ᠨᠢ 20 ᠢᠯᠡᠬᠦᠭᠡᠨ | ᠬᠦᠮᠦᠨ ᠪᠠᠶᠢᠪᠠ᠃ ᠠᠭᠤᠯᠠᠨ ᠲᠡᠭᠡᠷ᠎ᠠ ᠠᠴᠠ ᠪᠠᠶᠢᠯᠳᠤᠭᠠᠨ ᠺᠤᠮᠠᠨᠳᠠᠯᠠᠵᠤ ᠪᠠᠶᠢᠭᠰᠠᠨ ᠶᠠᠫᠤᠨ ᠴᠡᠷᠢᠭ ᠤᠨ 90 ᠳ᠋ᠤᠭᠡᠷ | ᠬᠤᠯᠪᠤᠭᠠᠳᠤ ᠠᠩᠬᠢ ᠶᠢᠨ ᠴᠡᠷᠢᠭ ᠤᠨ ᠨᠤᠶᠠᠨ ᠼᠤᠤ ᠲᠢᠶᠠᠨ ᠱᠤᠤᠽᠦ᠋ᠸᠧ ᠮᠠᠰᠢ ᠡᠮᠭᠡᠨᠢᠵᠤ ᠪᠠᠶ᠎ᠠ ᠠᠴᠠ ᠪᠠᠨ | ᠭᠡᠵᠢᠶᠠᠳᠠ ᠰᠠᠯᠭᠠᠳᠠᠭ ᠦᠭᠡᠢ ᠲᠠᠭᠡᠷ᠎ᠠ ᠱᠠᠳᠤᠨ ᠤ ᠨᠤᠶᠠᠨ ᠤ ᠪᠠᠨ ᠭᠡᠰᠢᠭ ᠪᠤᠯᠭᠠᠨ ᠦᠭᠬᠦᠭᠰᠡᠨ ᠡᠪᠤᠷ ᠴᠠᠭ ᠢᠶᠠᠨ | ᠬᠠᠭ᠎ᠠ ᠰᠠᠪᠠᠭᠰᠠᠨ ᠤ ᠰᠠᠬᠦᠯᠠᠷ ᠪᠠᠶ᠎ᠠ ᠪᠠᠨ ᠬᠤᠤᠷᠯᠠᠵᠤ ᠶᠠᠯ᠎ᠠ ᠬᠦᠯᠢᠶᠠᠬᠦ ᠭᠡᠰᠡᠨ ᠳᠤ ᠪᠤᠰᠤᠳ ᠤᠨ ᠢᠳᠬᠠᠯ ᠢᠶᠠᠷ | ᠰᠠᠶ᠋ᠢ ᠠᠷᠭ᠎ᠠ ᠪᠤᠰᠤ ᠦᠷᠬᠦᠯᠵᠢᠯᠠᠨ ᠪᠠᠶᠢᠯᠳᠤᠭᠠᠨ ᠢᠶᠠᠨ ᠺᠤᠮᠠᠨᠳᠠᠯᠠᠵᠤ ᠪᠡᠷᠭᠡ ᠪᠠᠶᠢᠳᠠᠯ ᠠᠴᠠ ᠰᠠᠯᠬᠤ ᠪᠠᠷ ᠴᠢᠷᠮᠠᠶᠢᠪᠠ | ᠃ ᠲᠤᠰ ᠰᠦᠨᠢ ᠪᠠᠷᠠᠭᠠᠨ ᠡᠬᠦᠯᠠ ᠪᠦᠷᠬᠦᠵᠤ᠂ ᠲᠤᠭᠰᠢᠨ ᠪᠤᠷᠤᠭᠠᠨ ᠴᠢᠳᠬᠤᠯᠠᠵᠤ᠂ ᠼᠤᠤ ᠲᠢᠶᠠᠨ ᠱᠤᠤᠽᠦ᠋ᠸᠧ | 90 ᠳ᠋ᠤᠭᠡᠷ ᠬᠤᠯᠪᠤᠭᠠᠳᠤ ᠠᠩᠬᠢ ᠪᠠᠷ ᠭᠤᠤᠯᠯᠠᠭᠰᠠᠨ ᠠᠷᠤ ᠬᠠᠶᠢᠭᠤᠯ ᠤᠨ ᠴᠤᠪᠤᠭ᠎ᠠ ᠡᠩᠨᠡᠭᠡ ᠶᠢᠨ | ᠦᠯᠡᠳᠡᠭᠳᠡᠯ ᠢᠶᠠᠨ ᠲᠠᠭᠠᠭᠤᠯᠤᠨ ᠪᠤᠷᠤᠭᠠᠨ ᠤ ᠲᠤᠮᠳᠠᠭᠤᠷ ᠪᠦᠰᠡᠯᠡᠯᠳᠡ ᠠᠴᠠ ᠪᠦᠳᠤᠮᠵᠢᠳᠠᠢ ᠮᠤᠯᠳᠤᠷᠠᠵᠤ᠂ 14 ᠤ | ᠡᠳᠤᠷ ᠤᠨ ᠦᠳᠡ ᠶᠢᠨ ᠬᠤᠶᠢᠨ᠎ᠠ ᠡᠴᠡᠵᠤ ᠴᠤᠴᠠᠷᠠᠵᠤ ᠪᠠᠶᠢᠭᠠᠳ ᠰᠤᠯᠤᠨ ᠤ ᠪᠠᠷᠠᠭᠤᠨ ᠬᠤᠶᠢᠨᠡᠬᠢ ᠠᠭᠤᠯᠠᠨ | ᠬᠦᠨᠳᠠᠢ ᠳᠤ ᠬᠦᠷᠴᠤ᠂ ᠭᠤᠤᠯ ᠴᠡᠷᠢᠭ ᠲᠠᠢ ᠪᠠᠨ ᠨᠠᠶᠢᠯᠠᠪᠠ᠃ ᠲᠤᠰ ᠡᠳᠤᠷ ᠤᠨ ᠰᠦᠨᠢ ᠲᠤᠮᠳᠠ ᠰᠤᠯᠤᠨ ᠤ | ᠪᠠᠷᠠᠭᠤᠨ ᠠᠭᠤᠯᠠᠨ ᠳᠤ ᠪᠠᠶᠢᠭᠰᠠᠨ ᠶᠠᠫᠤᠨ ᠴᠡᠷᠢᠭ ᠲᠠᠪᠠᠭᠤᠯᠢᠭ ᠬᠦᠴᠤᠨ ᠪᠦᠬᠦᠢ ᠵᠦᠪᠯᠡᠯᠳᠤ ᠶᠢᠨ ᠴᠡᠷᠢᠭ ᠲᠤ | ᠪᠦᠰᠠᠯᠠᠨ ᠲᠠᠭᠠᠷᠢᠭᠳᠠᠵᠤ᠂ ᠶᠠᠪᠤᠬᠤ ᠵᠠᠮ ᠦᠭᠡᠢ ᠠᠷᠭ᠎ᠠ ᠮᠤᠬᠤᠷᠳᠠᠵᠤ᠂ 107 ᠳ᠋ᠤᠭᠠᠷ ᠨᠢᠭᠡᠳᠭᠡᠯ ᠳ᠋ᠢᠸᠢᠽᠢ ᠶᠢᠨ | ᠱᠲ᠋ᠠᠪ ᠤᠨ ᠲᠠᠷᠤᠭ᠎ᠠ ᠾᠧ ᠯᠠᠢ ᠹᠠᠨ ᠲᠠᠢ ᠳ᠋ᠠᠽᠦ᠋ᠸᠧ ᠮᠤᠷᠢᠨ ᠲᠡᠭᠡᠷ᠎ᠠ ᠪᠠᠨ ᠭᠠᠷ ᠫᠤᠤ ᠪᠠᠷ ᠢᠶᠠᠨ ᠪᠠᠶ᠎ᠠ ᠪᠠᠨ | ᠬᠤᠤᠷᠯᠠᠪᠠ᠃ | ᠶᠢᠨ ᠱᠠᠨ ᠲᠦᠨ ᠲᠤᠰᠬᠤᠨ ᠤ ᠪᠠᠶᠢᠯᠳᠤᠭᠠᠨ | ᠶᠢᠨ ᠱᠠᠨ ᠲᠦᠨ ᠪᠤᠯ ᠬᠤᠷᠢᠨ ᠰᠤᠮᠤ ᠶᠢᠨ ᠬᠢᠵᠠᠭᠠᠷ ᠲᠤ ᠪᠤᠢ᠃ 8 ᠰᠠᠷ᠎ᠠ ᠶᠢᠨ 12 ᠤᠨ ᠡᠳᠤᠷ᠂ | ᠶᠠᠫᠤᠨ ᠴᠡᠷᠢᠭ ᠤᠨ 400 ᠢᠯᠠᠬᠦᠤ ᠬᠦᠮᠦᠨ ᠬᠤᠷᠢᠨ ᠤ ᠶᠡᠭᠡ ᠬᠦᠬᠦᠷᠭᠡ ᠶᠢᠨ ᠤᠷᠴᠢᠮ ᠵᠦᠪᠯᠡᠯᠳᠤ ᠶᠢᠨ ᠠᠭᠠᠷ ᠤᠨ | ᠴᠡᠷᠢᠭ ᠤᠨ ᠲᠠᠯᠪᠡᠴᠢᠯᠳᠠ᠂ ᠰᠦᠷᠴᠢᠨ ᠬᠠᠷᠪᠤᠯᠳᠠ ᠳᠤ ᠠᠷᠪᠠᠭᠠᠳ ᠢᠯᠠᠬᠦᠤ ᠦᠬᠦᠳᠡᠯ ᠢᠶᠠᠨ ᠤᠷᠬᠢᠭᠠᠳ | ᠬᠤᠷᠢᠨ ᠤ ᠶᠡᠭᠡ ᠭᠤᠷᠪᠠᠨ ᠭᠡᠷ ᠤᠨ ᠬᠤᠶᠢᠳᠤ ᠠᠭᠤᠯᠠᠨ ᠤ ᠡᠩᠭᠡᠷ ᠲᠤ ᠤᠬᠤᠷᠢᠵᠤ ᠬᠦᠷᠦᠭᠡᠳ ᠪᠠᠬᠢᠯᠠᠯᠳᠠ | ᠮᠠᠯᠳᠠᠵᠤ ᠰᠠᠬᠢᠪᠠ᠃ ᠵᠦᠪᠯᠡᠯᠳᠤ ᠶᠢᠨ ᠠᠭᠠᠷ ᠤᠨ ᠴᠡᠷᠢᠭ ᠤᠨ ᠲᠤᠯᠤᠭᠠᠨ ᠡᠭᠴᠡ ᠨᠢᠰᠭᠡᠯ ᠠᠭᠠᠷ ᠢᠶᠠᠷ 200 | ᠢᠯᠠᠬᠦᠤ ᠬᠦᠮᠦᠨ ᠢ ᠭᠠᠵᠠᠷ ᠲᠤ ᠪᠠᠭᠤᠯᠭᠠᠭᠠᠳ ᠶᠡᠭᠡ ᠭᠤᠷᠪᠠᠨ ᠭᠡᠷ ᠤᠨ ᠪᠠᠷᠠᠭᠤᠨ ᠬᠤᠶᠢᠨ᠎ᠠ ᠠᠴᠠ ᠶᠠᠫᠤᠨ | ᠴᠡᠷᠢᠭ ᠤᠨ ᠪᠠᠬᠢᠯᠡᠯᠳᠡ ᠵᠦᠭ ᠲᠠᠭᠠᠷᠢᠯᠳᠠ ᠬᠢᠪᠠ᠃ ᠲᠤᠯᠤᠯᠳᠤᠭᠠᠨ 4 ᠴᠠᠭ ᠶᠠᠪᠤᠭᠳᠠᠵᠤ᠂ ᠶᠠᠫᠤᠨ ᠴᠡᠷᠢᠭ 50 | ᠭᠠᠷᠤᠢ ᠬᠦᠮᠦᠨ ᠰᠦᠨᠦᠭᠡᠭᠳᠡᠭᠡᠳ ᠶᠢᠨ ᠱᠠᠨ ᠲᠦᠨ ᠠᠶᠢᠯ ᠤᠨ ᠵᠠᠬᠦᠨ ᠠᠭᠤᠯᠠᠨ ᠳᠤ ᠤᠬᠤᠷᠢᠨ ᠭᠠᠷᠪᠠ᠃ | ᠵᠦᠪᠯᠡᠯᠳᠤ ᠶᠢᠨ ᠴᠡᠷᠢᠭ ᠨᠡᠭᠡᠮᠵᠢᠯᠠᠬᠦ ᠶᠢᠨ ᠲᠠᠭᠠᠤ ᠲᠠᠬᠢ ᠶᠢᠨ ᠠᠶᠢᠯ ᠤᠨ ᠬᠤᠶᠢᠳᠤ ᠠᠭᠤᠯᠠ ᠶᠢ ᠡᠵᠡᠯᠠᠪᠠ᠃ 13 ᠤ | ᠡᠳᠤᠷ ᠲᠤᠭᠰᠢᠨ ᠪᠤᠷᠤᠭᠠᠨ ᠴᠢᠳᠬᠤᠯᠠᠵᠤ ᠬᠤᠶᠠᠷ ᠲᠠᠯ᠎ᠠ ᠶᠢᠨ ᠴᠡᠷᠢᠭ ᠪᠤᠷᠤᠭᠠᠨ ᠤ ᠲᠤᠮᠳᠠ ᠰᠢᠷᠦᠬᠦᠨ | ᠲᠤᠯᠤᠯᠳᠤᠵᠤ ᠪᠠᠶᠢᠯ᠎ᠠ᠃ ᠰᠠᠬᠦᠯ ᠳᠤᠨᠢ ᠶᠠᠫᠤᠨ ᠴᠡᠷᠢᠭ ᠠᠷᠭ᠎ᠠ ᠪᠤᠰᠤ ᠮᠤᠷᠢ ᠪᠠᠷ ᠴᠢᠷᠦᠬᠦᠯᠬᠦ 21 ᠶᠡᠭᠡ ᠫᠤᠤ ᠪᠠᠨ | ᠤᠷᠬᠢᠭᠠᠳ ᠯᠢᠶᠠᠨ ᠾᠧ ᠲᠦᠨ ᠲᠤᠰᠬᠤᠨ ᠤ ᠬᠤᠶᠢᠳᠤ ᠵᠢᠯᠠᠭ᠎ᠠ ᠳᠤ ᠲᠤᠳᠠᠭᠠᠵᠤ ᠤᠷᠤᠪᠠ᠃ 14 ᠤ ᠦᠷ ᠤᠨ | ᠭᠡᠭᠡ ᠪᠠᠷ ᠵᠦᠪᠯᠠᠯᠳᠤ ᠶᠢᠨ ᠤᠯᠠᠭᠠᠨ ᠴᠡᠷᠢᠭ ᠶᠠᠷᠦᠩᠭᠡᠢ ᠲᠠᠭᠠᠷᠢᠯᠳᠠ ᠬᠢᠭᠰᠡᠨ ᠳᠤ ᠶᠠᠫᠤᠨ ᠤ ᠭᠤᠸᠠᠨ ᠳ᠋ᠦᠩ | ᠵᠢᠶᠦ᠋ᠨ ᠴᠡᠷᠢᠭ ᠤᠨ 800 ᠭᠠᠷᠤᠢ ᠬᠦᠮᠦᠨ ᠤ ᠤᠯᠠᠩᠬᠢ ᠨᠢ ᠰᠦᠨᠦᠭᠡᠭᠳᠡᠵᠤ᠂ ᠦᠯᠡᠳᠡᠭᠰᠡᠨ ᠨᠢ ᠤᠯᠵᠠᠯᠠᠭᠳᠠᠪᠠ᠃ | ᠰᠠᠨ ᠭᠤᠸᠠᠩ ᠱᠠᠨ ᠠᠭᠤᠯᠠᠨ ᠤ ᠲᠸᠤ ᠳ᠋ᠤᠤ ᠭᠸᠤ ᠵᠢᠯᠠᠭ᠎ᠠ ᠶᠢᠨ ᠪᠠᠶᠢᠯᠳᠤᠭᠠᠨ | ᠰᠠᠨ ᠭᠤᠸᠠᠩ ᠱᠠᠨ ᠠᠭᠤᠯᠠ ᠪᠤᠯ ᠷᠠᠰᠢᠶᠠᠨ ᠬᠤᠳᠠ ᠶᠢᠨ ᠬᠢᠵᠠᠭᠠᠷ ᠲᠤ ᠪᠠᠶᠢᠬᠤ ᠬᠢᠩᠭᠠᠨ ᠲᠠᠪᠠᠭᠠᠨ ᠤ | ᠭᠤᠤᠯ ᠨᠢᠷᠤᠭᠤᠨ ᠤ ᠨᠢᠭᠡ ᠨᠢ ᠶᠤᠮ᠃ ᠲᠠᠯᠠᠢ ᠶᠢᠨ ᠲᠦᠪᠰᠢᠨ ᠠᠴᠠ 1500 ᠮᠧᠳ᠋ᠷ ᠢᠯᠠᠬᠦᠤ ᠡᠷᠬᠦᠭᠳᠡᠵᠤ ᠪᠤᠢ᠃ | 8 ᠰᠠᠷ᠎ᠠ ᠶᠢᠨ 13 ᠤ ᠡᠳᠤᠷ ᠤᠨ 5 ᠴᠠᠭ ᠤᠨ ᠦᠶ᠎ᠠ ᠪᠠᠷ ᠶᠠᠫᠤᠨ ᠤ ᠭᠤᠸᠠᠨ ᠳ᠋ᠦᠩ ᠵᠢᠶᠦ᠋ᠨ ᠴᠡᠷᠢᠭ ᠤᠨ 300 | ᠬᠦᠮᠦᠨ ᠬᠤᠶᠠᠷ ᠶᠡᠭᠡ ᠫᠤᠤᠲ᠋ᠠᠢ ᠪᠠᠷ ᠷᠠᠰᠢᠶᠠᠨ᠂ ᠪᠠᠢ ᠯᠠᠩ ᠠᠴᠠ ᠤᠬᠤᠷᠢᠨ ᠰᠠᠨ ᠭᠤᠸᠠᠩ ᠱᠠᠨ ᠠᠭᠤᠯᠠ ᠶᠢᠨ | ᠬᠤᠶᠢᠳᠤ ᠡᠩᠭᠡᠷ ᠤᠨ ᠲᠸᠤ ᠳ᠋ᠤᠤ ᠭᠸᠤ ᠵᠢᠯᠠᠭ᠎ᠠ ᠶᠢᠨ ᠠᠮᠠᠰᠠᠷ ᠬᠦᠷᠬᠦ ᠳᠤ ᠨᠡᠭᠡᠮᠵᠢᠯᠠᠨ ᠢᠷᠡᠭᠰᠡᠨ ᠵᠦᠪᠯᠠᠯᠳᠤ ᠶᠢᠨ | ᠤᠯᠠᠭᠠᠨ ᠴᠡᠷᠢᠭ ᠲᠤ ᠬᠦᠢᠴᠡᠭᠳᠡᠵᠤ ᠠᠷᠭ᠎ᠠ ᠪᠤᠰᠤ ᠲᠠᠷᠠ ᠲᠤᠤᠷ᠎ᠠ ᠨᠢ ᠤᠭᠳᠤᠨ ᠲᠤᠯᠤᠯᠳᠤᠪᠠ᠃ ᠪᠠᠶᠢᠯᠳᠤᠭᠠᠨ 8 | ᠴᠠᠭ ᠤᠨ ᠦᠶ᠎ᠠ ᠠᠴᠠ ᠡᠬᠢᠯᠡᠵᠤ᠂ ᠵᠦᠪᠯᠡᠯᠳᠤ ᠶᠢᠨ ᠴᠡᠷᠢᠭ ᠠᠭᠠᠷ ᠢᠶᠠᠷ 2 ᠲᠠᠩᠺ ᠪᠠᠭᠤᠯᠭᠠᠵᠤ᠂ ᠪᠠᠶᠢᠯᠳᠤᠭᠠᠨ ᠳᠤ | ᠤᠷᠤᠯᠴᠠᠭᠰᠠᠨ ᠲᠠᠷᠤᠭ᠎ᠠ ᠪᠠᠶᠢᠯᠳᠤᠭᠴᠢ 400 ᠬᠦᠮᠦᠨ 3 ᠴᠠᠭ ᠰᠢᠷᠦᠬᠦᠨ ᠲᠤᠯᠤᠯᠳᠤᠵᠤ᠂ ᠶᠠᠫᠤᠨ ᠤ ᠭᠤᠸᠠᠨ | ᠳ᠋ᠦᠩ ᠵᠢᠶᠦ᠋ᠨ ᠴᠡᠷᠢᠭ ᠪᠤᠷᠤᠭᠤᠯᠤᠨ ᠲᠤᠳᠠᠭᠠᠪᠠ᠃ ᠪᠠᠶᠢᠯᠳᠤᠭᠠᠨ ᠤ ᠲᠤᠮᠳᠠ ᠶᠠᠫᠤᠨ ᠴᠡᠷᠢᠭ 100 ᠢᠯᠠᠬᠦᠤ | ᠬᠦᠮᠦᠨ ᠦᠬᠦᠵᠤ ᠰᠢᠷᠬᠠᠳᠤᠵᠤ᠂ ᠬᠤᠶᠠᠷ ᠶᠡᠭᠡ ᠫᠤᠤ ᠪᠠᠨ ᠭᠡᠭᠡᠪᠡ᠃ ᠵᠦᠪᠯᠠᠯᠳᠤ ᠶᠢᠨ ᠤᠯᠠᠭᠠᠨ ᠴᠡᠷᠢᠭ 30 | ᠭᠠᠷᠤᠢ ᠬᠦᠮᠦᠨ ᠦᠬᠦᠵᠤ ᠰᠢᠷᠬᠠᠳᠤᠪᠠ᠃ | ᠳ᠋ᠠᠱᠢᠵᠠᠢ ᠭᠠᠯᠳᠤ ᠲᠠᠷᠭᠡᠨ ᠦᠷᠳᠡᠭᠡᠨ ᠤ ᠪᠠᠶᠢᠯᠳᠤᠭᠠᠨ | ᠶᠠᠫᠤᠨ ᠤ ᠶᠠᠪᠠᠭᠠᠨ ᠴᠡᠷᠢᠭ ᠤᠨ 90 ᠳ᠋ᠤᠭᠡᠷ ᠬᠤᠯᠪᠤᠭᠠᠳᠤ ᠠᠩᠬᠢ ᠶᠢᠨ ᠭᠤᠷᠪᠠᠳᠤᠭᠠᠷ ᠶᠡᠭᠡ ᠠᠩᠬᠢ ᠪᠤᠯ | 107 ᠳ᠋ᠤᠭᠠᠷ ᠨᠢᠭᠡᠳᠭᠡᠯ ᠳ᠋ᠢᠸᠢᠽᠢ ᠶᠢᠨ ᠲᠠᠷᠤᠭ᠎ᠠ ᠠᠨ ᠪᠦ᠋ ᠰᠢᠶᠤᠤ ᠢ ᠶᠢᠨ ᠵᠠᠷᠯᠢᠭ ᠢᠶᠠᠷ ᠤᠷᠢᠳᠠᠪᠠᠷ ᠸᠠᠩ ᠤᠨ | ᠰᠦᠮ᠎ᠠ ︵ᠤᠯᠠᠭᠠᠨᠬᠤᠳᠠ︶ ᠵᠦᠭ ᠤᠬᠤᠷᠢᠭᠰᠠᠨ ᠴᠡᠷᠢᠭ ᠶᠤᠮ᠃ 8 ᠰᠠᠷ᠎ᠠ ᠶᠢᠨ 12 ᠤᠨ ᠡᠳᠤᠷ ᠤᠨ | ᠦᠳᠡ ᠶᠢᠨ ᠡᠮᠤᠨ᠎ᠠ 7 ᠴᠠᠭ ᠤᠨ ᠦᠶ᠎ᠠ ᠪᠠᠷ ᠬᠤᠶᠠᠷ ᠪᠤᠬ᠎ᠠ ᠲᠠᠷᠭᠡ ᠪᠠᠷ ᠴᠢᠷᠦᠬᠦᠯᠦᠭᠰᠡᠨ ᠴᠡᠷᠢᠭ ᠠᠷᠠᠳ | ᠬᠤᠯᠢᠯᠳᠤᠭᠰᠠᠨ ᠨᠢᠭᠡ ᠴᠤᠪᠤᠭ᠎ᠠ ᠭᠠᠯᠳᠤ ᠲᠠᠷᠭᠡ ᠷᠠᠰᠢᠶᠠᠨ ᠠᠴᠠ ᠬᠦᠳᠡᠯᠪᠡ᠃ ᠲᠠᠬᠦᠨ ᠳᠤ᠄ 8 ᠸᠠᠭᠤᠨ 700 | ᠬᠦᠮᠦᠨ᠂ ᠬᠠᠷ᠎ᠠ ᠠᠵᠢᠯᠴᠢᠨ 400 ᠬᠦᠮᠦᠨ᠂ ᠰᠤᠷᠤᠭᠴᠢ 300 ᠬᠦᠮᠦᠨ ᠨᠠᠶᠢᠳᠠ 1400 ᠬᠦᠮᠦᠨ ᠪᠤᠢ᠃ 6 | ᠪᠠᠷᠠᠭ᠎ᠠ ᠶᠢᠨ ᠲᠠᠷᠭᠡᠨ ᠳᠤ ᠰᠤᠮᠤ ᠲᠠᠷᠢ ᠲᠦᠬᠦᠷᠳᠡᠯ᠎ᠠ ᠲᠠᠭᠡᠭᠡᠪᠡ᠃ ᠭᠠᠯᠳᠤ ᠲᠡᠷᠭᠡ ᠳ᠋ᠠᠱᠢᠵᠠᠢ ᠦᠷᠳᠡᠭᠡᠨ ᠳᠤ | ᠬᠦᠷᠦᠭᠡᠳ ᠲᠡᠷᠭᠡ ᠵᠤᠭᠰᠤᠵᠤ ᠤᠰᠤ ᠨᠡᠮᠡᠪᠡ᠃ 8 ᠴᠠᠭ ᠤᠨ ᠦᠶ᠎ᠠ ᠪᠠᠷ ᠵᠦᠪᠯᠡᠯᠳᠤ ᠶᠢᠨ ᠤᠯᠠᠭᠠᠨ ᠴᠡᠷᠢᠭ ᠤᠨ | ᠬᠤᠰᠢᠭᠤᠴᠢ ᠴᠡᠷᠢᠭ 20 ᠭᠠᠷᠤᠢ ᠲᠡᠩᠺ᠂ ᠶᠠᠪᠠᠭᠠᠨ ᠴᠡᠷᠢᠭ 300 ᠢᠯᠠᠬᠦᠤ ᠬᠦᠮᠦᠨ ᠳ᠋ᠠᠱᠢᠵᠠᠢ ᠪᠠᠯᠭᠠᠰᠤᠨ ᠤ | ᠭᠠᠯᠳᠤ ᠲᠡᠷᠭᠡᠨ ᠦᠷᠳᠡᠭᠡᠨ ᠤ ᠤᠢᠢᠷᠠᠯᠴᠠᠭ᠎ᠠ ᠶᠢᠨ ᠮᠠᠩᠬᠠᠨ ᠠᠶᠢᠯ ᠳᠤ ᠬᠦᠷᠪᠡ᠃ ᠭᠠᠯᠳᠤ ᠲᠡᠷᠭᠡᠨ ᠲᠡᠭᠡᠷᠡᠬᠢ | ᠶᠠᠫᠤᠨ ᠴᠡᠷᠢᠭ ᠰᠠᠷᠠᠵᠤ ᠮᠡᠳᠡᠬᠦ ᠠᠴᠠ ᠡᠮᠤᠨ᠎ᠠ ᠵᠦᠪᠯᠠᠯᠳᠤ ᠶᠢᠨ ᠤᠯᠠᠭᠠᠨ ᠴᠡᠷᠢᠭ ᠤᠨ ᠲᠠᠩᠺ ᠲᠠᠷᠤᠢ ᠬᠤᠷᠢᠭᠯᠠᠨ | ᠫᠤᠤᠳᠠᠪᠠ᠃ ᠭᠱᠠᠨ ᠵᠠᠭᠤᠷ᠎ᠠ ᠪᠤᠬ᠎ᠠ ᠲᠡᠷᠭᠡ ᠫᠤᠤᠳᠠᠭᠳᠠᠨ ᠡᠪᠳᠠᠷᠠᠵᠤ᠂ ᠭᠠᠯᠳᠤ ᠲᠠᠷᠭᠡ ᠲᠡᠯᠪᠡᠴᠢᠭᠳᠡᠵᠤ ᠤᠷᠪᠠᠭᠠᠳ | ᠪᠠᠷᠠᠭᠠᠨ ᠤ ᠲᠡᠷᠭᠡᠨ ᠲᠡᠭᠡᠷᠡᠬᠢ ᠠᠭᠤᠯᠠ ᠮᠡᠳᠤ ᠤᠪᠤᠭᠠᠯᠠᠨ ᠲᠡᠭᠡᠭᠡᠭᠰᠡᠨ ᠰᠤᠮᠤ ᠲᠠᠷᠢ ᠵᠠᠯᠭ᠎ᠠ ᠵᠠᠯᠭᠠᠪᠠᠷ ᠲᠠᠯᠪᠡᠷᠡᠵᠤ᠂ | ᠲᠡᠭᠷᠢ ᠲᠤᠯᠤᠮ᠎ᠠ ᠭᠠᠯ ᠮᠠᠨᠳᠤᠪᠠ᠃ ᠶᠠᠫᠤᠨ ᠴᠡᠷᠢᠭ ᠰᠡᠩᠳᠡ ᠮᠡᠩᠳᠡ ᠸᠠᠭᠤᠨ ᠠᠴᠠ ᠦᠰᠦᠷᠤᠨ ᠭᠠᠷᠴᠤ | ᠲᠠᠷᠤᠢ ᠳᠤᠨᠢ ᠲᠠᠮᠤᠷ ᠵᠠᠮ ᠤᠨ ᠵᠡᠬᠦᠨ ᠠᠭᠤᠯᠠᠨ ᠤᠷᠤᠢ ᠶᠢ ᠡᠵᠡᠯᠠᠵᠤ ᠠᠮᠢ ᠲᠠᠮᠠᠴᠠᠨ ᠡᠴᠤᠰ ᠤᠨ ᠲᠡᠯᠴᠢᠯᠠᠯᠳᠠ | ᠬᠢᠪᠠ᠃ ᠬᠤᠶᠠᠷ ᠲᠠᠯ᠎ᠠ ᠪᠠᠷ ᠢᠶᠠᠨ 3 ᠴᠠᠭ ᠤᠨ ᠰᠢᠷᠦᠬᠦᠨ ᠪᠠᠶᠢᠯᠳᠤᠭᠠᠨ ᠬᠢᠵᠤ᠂ ᠪᠠᠶᠢᠯᠳᠤᠭᠠᠨ ᠲᠠᠭᠤᠰᠬᠤ | ᠦᠶ᠎ᠠ ᠳᠤ ᠶᠠᠫᠤᠨ ᠴᠡᠷᠢᠭ ᠪᠦᠬᠦᠨ ᠢᠶᠠᠷ ᠢᠶᠠᠨ ᠤᠰᠠᠳᠬᠠᠭᠳᠠᠪᠠ᠃ ᠡᠮᠭᠡᠨᠢᠯᠳᠠᠢ ᠨᠢ ᠲᠡᠷᠭᠡᠨ ᠲᠡᠭᠡᠷᠡᠬᠢ ᠬᠠᠷ᠎ᠠ | ᠠᠵᠢᠯᠴᠢᠨ ᠪᠤᠯᠤᠨ ᠰᠤᠷᠤᠭᠴᠢᠳ ᠤᠨ ᠤᠯᠠᠩᠬᠢ ᠨᠢ ᠦᠬᠦᠵᠤ ᠰᠢᠷᠬᠠᠳᠤᠭᠰᠠᠨ ᠪᠦᠭᠡᠳ ᠵᠦᠪᠯᠠᠯᠳᠤ ᠶᠢᠨ ᠤᠯᠠᠭᠠᠨ | ᠴᠡᠷᠢᠭ ᠴᠤ ᠪᠠᠰᠠ ᠦᠬᠦᠵᠤ ᠰᠢᠷᠬᠠᠳᠤᠵᠠᠢ᠃ | ᠭᠡᠭᠡᠨ ᠰᠦᠮ᠎ᠠ ᠶᠢᠨ ᠠᠷᠤ ᠶᠢᠨ ᠠᠭᠤᠯᠠ ᠶᠢᠨ ᠵᠢᠯᠠᠭᠠᠨ ᠤ ᠪᠠᠶᠢᠯᠳᠤᠭᠠᠨ | 8 ᠰᠠᠷ᠎ᠠ ᠶᠢᠨ 10 ᠤ ᠡᠳᠤᠷ᠂ ᠬᠠᠭᠤᠷᠮᠠᠭ ᠮᠠᠨᠵᠤ ᠶᠢᠨ ᠬᠢᠩᠭᠠᠨ ᠡᠮᠤᠨᠡᠳᠤ ᠬᠤᠪᠢᠶᠠᠷᠢ ᠮᠤᠵᠢ ᠶᠢᠨ | ᠪᠠᠷᠠᠭᠤᠨ ᠬᠤᠷᠴᠢᠨ ᠡᠮᠤᠨᠡᠳᠤ ᠬᠤᠰᠢᠭᠤᠨ ᠤ ᠸᠠᠩ ᠤᠨ ᠰᠦᠮ᠎ᠠ ᠵᠡᠭᠡᠯᠢ ︵ᠤᠳᠤ ᠶᠢᠨ ᠤᠯᠠᠭᠠᠨᠬᠤᠳᠠ︶ ᠳᠤ | ᠰᠠᠭᠤᠭ᠎ᠠ ᠶᠠᠫᠤᠨ ᠴᠡᠷᠢᠭ ᠪᠤᠯᠤᠨ ᠬᠠᠭᠤᠷᠮᠠᠭ ᠮᠠᠨᠵᠤ ᠶᠢᠨ ᠰᠠᠬᠢᠭᠤᠯ ᠴᠡᠷᠢᠭ 200 ᠢᠯᠠᠬᠦᠤ ᠬᠦᠮᠦᠨ ᠵᠢᠴᠢ | ᠲᠠᠳᠠᠨᠤᠰ ᠲᠤ ᠬᠠᠷᠢᠶᠠᠯᠠᠭᠳᠠᠬᠤ ᠱᠠᠳᠤᠨ ᠤ ᠬᠦᠮᠦᠨ ᠪᠤᠯᠤᠨ ᠭᠡᠷ ᠪᠦᠯᠢ ᠶᠢᠨ ᠨᠠᠶᠢᠳᠠ ᠮᠢᠩᠭ᠎ᠠ ᠢᠯᠠᠬᠦᠤ ᠬᠦᠮᠦᠨ | ᠶᠠᠫᠤᠨ ᠨᠤᠶᠠᠨ ᠴᠢᠶᠠᠨ ᠶᠧ ᠶᠢᠨ ᠲᠠᠭᠠᠭᠤᠯᠭ᠎ᠠ ᠪᠠᠷ ᠤᠯᠠᠭᠠᠨᠬᠤᠳᠠ ᠶᠢ ᠲᠠᠮᠵᠢᠨ ᠵᠠᠰᠠᠮᠠᠯ ᠵᠠᠮ ᠢ ᠲᠠᠭᠠᠵᠤ ᠡᠮᠤᠨᠡᠰᠢ | ᠤᠬᠤᠷᠢᠪᠠ᠃ 15 ᠤ ᠡᠳᠤᠷ ᠤᠨ ᠦᠷᠯᠦᠭᠡ ᠭᠡᠭᠡᠨ ᠰᠦᠮ᠎ᠠ ᠶᠢᠨ ᠠᠷᠤ ᠶᠢᠨ ᠠᠭᠤᠯᠠ ᠶᠢᠨ ᠵᠢᠯᠠᠭᠠᠨ ᠳᠤ ᠬᠦᠷᠬᠦ | ᠦᠶ᠎ᠠ ᠳᠤ ᠵᠦᠪᠯᠡᠯᠳᠤ ᠶᠢᠨ ᠤᠯᠠᠭᠠᠨ ᠴᠡᠷᠢᠭ ᠤᠨ ᠨᠡᠭᠡᠮᠵᠢᠯᠠᠬᠦ ᠴᠡᠷᠢᠭ ᠤᠨ 8 ᠲᠠᠩᠺ᠂ ᠭᠠᠯᠳᠤ ᠫᠤᠤ ᠶᠢᠨ | ᠫᠤᠤᠳᠠᠯᠭ᠎ᠠ ᠳᠤ ᠲᠠᠭᠠᠷᠢᠭᠳᠠᠪᠠ᠃ ᠮᠢᠩᠭ᠎ᠠ ᠢᠯᠡᠬᠦᠤ ᠬᠦᠮᠦᠨ ᠤ ᠡᠩᠨᠡᠭᠡ ᠲᠤᠳᠤᠷ᠎ᠠ 4/5 ᠠᠴᠠ ᠲᠡᠭᠡᠭᠰᠢᠬᠢ ᠬᠦᠮᠦᠰ | ᠭᠠᠷ ᠲᠠᠭᠠᠨ ᠵᠡᠪᠰᠡᠭ ᠦᠭᠡᠢ ᠪᠢᠯᠠ᠃ ᠵᠦᠪᠯᠠᠯᠳᠤ ᠶᠢᠨ ᠤᠯᠠᠭᠠᠨ ᠴᠡᠷᠢᠭ ᠤᠨ ᠲᠠᠩᠺ ᠤᠨ ᠭᠡᠨᠡᠳᠳᠡ ᠶᠢᠨ | ᠫᠤᠤᠳᠠᠯᠭ᠎ᠠ ᠳᠤ ᠬᠦᠮᠦᠰ ᠲᠦᠢᠯ ᠢᠶᠠᠷ ᠰᠤᠴᠢᠨ ᠭᠡᠯᠮᠡᠭᠳᠡᠵᠤ ᠲᠦᠷᠪᠡᠨ ᠵᠦᠭ ᠲᠤ ᠰᠠᠷᠨᠢᠨ ᠲᠤᠳᠠᠭᠠᠪᠠ᠃ ᠶᠠᠳᠠᠷᠠᠵᠤ | ᠴᠤᠴᠠᠷᠠᠭᠰᠠᠨ ᠭᠡᠷ ᠪᠦᠯᠢ ᠪᠤᠯᠤᠨ ᠨᠢᠯᠬ᠎ᠠ ᠪᠠᠭ᠎ᠠ ᠭᠡᠤᠭᠡᠳ ᠤᠳ ᠮᠤᠬᠤᠷᠳᠠᠬᠤ ᠳᠠᠭᠠᠨ ᠬᠠᠮᠳᠤ ᠪᠠᠷ ᠢᠶᠠᠨ ᠪᠠᠶ᠎ᠠ ᠪᠠᠨ | ᠬᠤᠤᠷᠯᠠᠭᠰᠠᠨ ᠨᠠᠯᠢᠶᠠᠳ ᠪᠠᠶᠢᠨ᠎ᠠ᠃ ᠡᠨᠡ ᠦᠶ᠎ᠠ ᠳᠤ ᠵᠦᠪᠯᠠᠯᠳᠤ ᠶᠢᠨ ᠤᠯᠠᠭᠠᠨ ᠴᠡᠷᠢᠭ ᠤᠨ ᠨᠢᠭᠡ ᠨᠢᠰᠭᠡᠯ | ᠲᠤᠷᠤᠭᠰᠢ ᠱᠤᠩᠭᠤᠨ ᠪᠠᠭᠤᠵᠤ ᠪᠤᠳᠠᠷᠠᠨ ᠰᠠᠷᠨᠢᠵᠤ ᠪᠠᠶᠢᠭ᠎ᠠ ᠬᠦᠮᠦᠰ ᠤᠨ ᠵᠦᠭ ᠫᠦᠯᠧᠮᠶᠤᠲ ᠢᠶᠠᠷ ᠰᠦᠷᠴᠢᠨ | ᠬᠠᠷᠪᠤᠵᠤ᠂ 8 ᠲᠠᠩᠺ ᠨᠢᠭᠡ ᠲᠠᠯ᠎ᠠ ᠪᠠᠷ ᠬᠦᠮᠦᠰ ᠤᠨ ᠵᠦᠭ ᠦᠷᠬᠦᠯᠵᠢᠯᠠᠨ ᠫᠤᠤᠳᠠᠵᠤ ᠪᠠᠶᠢᠪᠠ ᠁᠃ 2 | ᠴᠠᠭ ᠤᠨ ᠲᠠᠷᠠᠭ᠎ᠠ ᠵᠠᠰᠠᠮᠠᠯ ᠵᠠᠮ ᠪᠤᠯᠤᠨ ᠠᠭᠤᠯᠠᠨ ᠪᠠᠯ ᠢᠶᠠᠷ ᠭᠠᠵᠠᠷ ᠰᠠᠢ ᠦᠭᠡᠢ ᠦᠬᠦᠳᠡᠯ ᠲᠦᠬᠦᠷᠡᠵᠤ᠂ ᠮᠢᠩᠭ᠎ᠠ | ᠢᠯᠡᠭᠦᠤ ᠬᠦᠮᠦᠨ ᠪᠠᠷᠤᠭ ᠪᠦᠬᠦᠨ ᠢᠶᠠᠷ ᠢᠶᠠᠨ ᠦᠬᠦᠵᠤ ᠰᠢᠷᠬᠠᠳᠤᠪᠠ᠃ ᠵᠦᠪᠭᠡᠨ ᠴᠦᠭᠡᠨ ᠲᠤᠭᠠᠨ ᠤ ᠭᠡᠳᠤᠨ | ᠬᠦᠮᠦᠨ ᠰᠦᠨᠢ ᠶᠢᠨ ᠬᠠᠷᠠᠩᠭᠤᠢ ᠪᠤᠯᠬᠤ ᠦᠶ᠎ᠠ ᠳᠤ ᠦᠬᠦᠯ ᠤᠨ ᠠᠶᠤᠯ ᠠᠴᠠ ᠭᠡᠯᠳᠤᠷᠢᠪᠠ᠃ | ︵ᠹᠧᠩ ᠰᠢᠤᠸᠠᠢ ᠵᠦᠩ ᠵᠤᠬᠢᠶᠠᠵᠤ ᠬᠤᠤ ᠬᠠᠰᠪᠠᠭᠠᠨ᠎ᠠ ᠤᠷᠴᠢᠭᠤᠯᠪᠠ︶ |