ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠠᠷᠪᠠᠨ ᠵᠢᠷᠭᠤᠳᠤᠭᠠᠷ ᠬᠤᠭᠤᠴᠠᠭᠠᠨ ᠤ ︽ᠳᠤᠭᠤᠷ ᠤᠨ ᠠᠶᠠᠯᠭᠤ︾ ᠬᠤᠨᠳᠠᠭᠠᠳᠤ ᠤᠷᠠᠨ ᠤᠩᠰᠢᠯᠭ᠎ᠠ ᠶᠢᠨ ᠤᠷᠤᠯᠳᠤᠭᠠᠨ ᠠᠮᠵᠢᠯᠳᠠ ᠲᠠᠢ ᠶᠠᠪᠤᠬᠳᠠᠪᠠ
ᠨᠡᠶᠢᠲᠡᠯᠡᠭᠰᠡᠨ ᠴᠠᠭ᠄
2020/12/15
    ᠦᠨᠳᠦᠰᠦᠳᠡᠨ ᠤ ᠪᠦᠯᠬᠦᠮᠳᠡᠯ ᠢ ᠠᠬᠢᠭᠤᠯᠵᠦ᠂ ᠰᠤᠷᠤᠭᠴᠢᠳ ᠤᠨ ᠰᠤᠷᠤᠯᠴᠠᠯᠭ᠎ᠠ ᠶᠢᠨ ᠢᠳᠡᠪᠬᠢᠵᠢᠯ ᠢ ᠳᠠᠶᠢᠴᠢᠯᠠᠵᠦ᠂ ᠨᠤᠮ ᠵᠤᠬᠢᠶᠠᠯ ᠤᠡᠭᠰᠢᠬᠤ ᠤᠷᠮ᠎ᠠ ᠪᠠᠬ᠎ᠠ ᠶᠢ ᠨᠢ ᠬᠦᠭᠵᠢᠭᠡᠵᠦ᠂ ᠶᠡᠷᠦ ᠶᠢᠨ ᠴᠠᠭ ᠲᠤ ᠪᠠᠨ ᠰᠤᠩᠭᠤᠳᠠᠭ ᠰᠢᠯᠦᠭ ᠵᠤᠬᠢᠶᠠᠯ ᠴᠡᠭᠡᠵᠢᠯᠡᠬᠦ ᠳᠠᠳᠬᠠᠯ ᠲᠠᠢ ᠪᠤᠯᠭᠠᠬᠤ ᠶᠢᠨ ᠳᠦᠯᠦᠭᠡ 12 ᠰᠠᠷ ᠎ᠠ ᠶᠢᠨ 12 ᠤᠨ ᠦᠳᠡ ᠶᠢᠨ ᠬᠤᠶᠢᠨ᠎ᠡ᠂ ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠤᠷᠠᠯᠢᠭ ᠤᠨ ᠤᠷᠳᠤᠨ ᠳᠤ ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠠᠷᠪᠠᠨ ᠵᠢᠷᠭᠤᠳᠤᠭᠠᠷ ᠬᠤᠭᠤᠴᠠᠭᠠᠨ ᠤ ︽ᠳᠤᠭᠤᠷ ᠤᠨ ᠠᠶᠠᠯᠭᠤ︾ ᠬᠤᠨᠳᠡᠭᠠᠳᠥ ᠤᠷᠠᠨ ᠤᠡᠭᠰᠢᠯᠭ᠎ᠠ ᠶᠢᠨ ᠤᠷᠤᠯᠳᠤᠭᠠᠨ ᠶᠠᠪᠤᠬᠳᠠᠪᠠ᠃
    ᠤᠷᠤᠯᠳᠤᠭᠠᠨ ᠳᠤ ᠮᠤᠩᠭᠤᠯ ᠬᠤᠪᠴᠠᠰᠤ ᠵᠠᠰᠠᠯ ᠢᠶᠠᠷ ᠢᠶᠠᠨ ᠭᠤᠶᠤᠯᠠᠭᠰᠠᠨ᠂ ᠴᠠᠭ ᠦᠶ᠎ᠡ ᠶᠢᠨ ᠴᠤᠭ ᠵᠢᠪᠬᠤᠭ᠎ᠠ ᠪᠠᠳᠠᠷᠠᠭᠰᠠᠨ 41 ᠨᠡᠷᠡᠰ ᠤᠷᠤᠯᠳᠤᠭᠴᠢ ᠢᠳᠡᠪᠬᠢᠯᠡᠨ ᠤᠷᠤᠯᠴᠠᠵᠦ᠂ ︽ᠴᠢᠬᠢᠨ ᠤ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠬᠡᠯᠡ᠂ ᠴᠢᠩ ᠵᠤᠷᠢᠭᠳᠤ ᠡᠪᠦᠭᠡᠳ ᠳᠡᠭᠡᠳᠦᠰ ᠤᠨ ᠮᠢᠨᠢ ᠦᠪ ᠡᠷᠳᠡᠨᠢ︾ ᠭᠡᠭᠴᠢ ᠪᠠᠷ ︽ᠮᠤᠩᠭᠤᠯ ᠬᠡᠯᠡ︾᠂ ︽ᠠᠽᠢᠶ᠎ᠡ ᠶᠢᠨ ᠪᠠᠷᠳᠠᠮᠨᠠᠯ︾᠂ ︽ᠡᠬᠡ ᠶᠢᠨ ᠰᠡᠳᠬᠢᠯ︾᠂ ︽ᠵᠠᠯᠠᠭᠤ ᠳᠡᠭᠦᠦ ᠨᠠᠷ ᠲᠤ ᠪᠠᠨ ᠬᠦᠷᠭᠡᠬᠦ ᠰᠢᠯᠦᠭ︾ ︽ᠴᠢᠩᠭᠢᠰ︾᠂ ︽ᠮᠠᠯᠴᠢᠨ︾ ᠵᠡᠷᠭᠡ ᠰᠢᠯᠦᠭ ᠤᠳ ᠢᠶᠠᠨ ᠬᠦᠭᠵᠢᠮ ᠬᠠᠪᠰᠤᠷᠭᠠᠵᠦ᠂ ᠡᠭᠡᠰᠢᠭ ᠰᠠᠶᠢᠬᠠᠨ ᠳᠦᠷᠦᠯᠬᠢ ᠬᠡᠯᠡ ᠪᠠᠷ ᠢᠶᠠᠨ ᠤᠷᠤᠰᠤᠮ᠎ᠠ ᠳᠤᠳᠤ᠂ ᠤᠷᠮ᠎ᠠ ᠰᠡᠳᠭᠢᠯᠭᠡ ᠪᠢᠯᠬᠠᠮ᠎ᠠ ᠰᠢᠯᠦᠭᠯᠡᠵᠠᠢ᠃ ᠴᠡᠭᠡᠵᠢᠯᠡᠭᠰᠡᠨ ᠰᠢᠯᠦᠭ ᠤᠨ ᠮᠦᠷ ᠪᠠᠳᠠᠭ ᠲᠤ ᠦᠭᠡᠳᠡ ᠡᠰᠡᠷᠡᠭ᠂ ᠡᠷᠡᠭᠦᠯ ᠰᠠᠷᠠᠭᠤᠯ ᠤᠳᠬ᠎ᠠ ᠰᠠᠨᠠᠭ᠎ᠠ ᠠᠴᠢᠶᠠᠯᠠᠭᠳᠠᠵᠦ᠂ ᠤᠷᠤᠯᠳᠤᠭᠠᠨ ᠤ ᠳᠤᠮᠳᠠ ᠳᠠᠭᠤᠤ ᠵᠠᠪᠰᠠᠷᠯᠠᠵᠦ ᠤᠷᠤᠯᠳᠤᠭᠠᠨ ᠤ ᠳᠠᠯᠠᠪᠤᠷ ᠨᠡᠩ ᠬᠦᠷ ᠬᠦᠭᠵᠢᠶᠠᠨ ᠢᠶᠠᠷ ᠪᠢᠯᠬᠠᠵᠦ ᠤᠷᠤᠯᠳᠤᠭᠴᠢ ᠵᠢᠴᠢ ᠦᠵᠡᠭᠴᠢᠳ ᠤᠨ ᠤᠷᠮ᠎ᠠ ᠪᠠᠬ᠎ᠠ ᠶᠢ ᠰᠡᠷᠭᠦᠭᠡᠭᠰᠡᠨ ᠪᠠᠶᠢᠨ᠎ᠠ᠃
    ᠤᠷᠤᠯᠳᠤᠭᠠᠨ ᠳᠤ᠂ ᠸᠠᠩ ᠽᠸᠡᠭ ᠷᠦᠡᠭ ᠤᠨ ᠤᠡᠭᠰᠢᠠᠠᠰᠠᠨ ︽ᠵᠦᠪᠬᠡᠨ ᠮᠤᠩᠭᠤᠯ ᠳᠠᠭᠠᠨ ᠵᠢᠷᠭᠠᠳᠠᠭ︾ ᠳᠡᠷᠢᠭᠦᠨ ᠨᠡᠷᠡᠰ ᠲᠤ ᠳᠤᠳᠤᠷᠠᠵᠦ᠂ ᠳᠤᠭᠴᠢᠨ᠂ ᠠᠰᠬᠠᠨ᠂ ᠰᠠᠷᠠᠨᠴᠢᠮᠡᠭ ᠨᠠᠷ ᠬᠤᠶᠠᠳᠤᠭᠠᠷ ᠨᠡᠷᠡᠰ ᠲᠤ ᠤᠷᠤᠵᠦ᠂ ᠯᠠᠨ ᠯᠠᠨ᠂ ᠬᠦᠳᠡᠭᠡ᠂ ᠠᠶᠤᠩᠭ᠎ᠠ ᠨᠠᠷ ᠭᠤᠷᠪᠠᠳᠤᠭᠠᠷ ᠨᠡᠷᠡᠰ ᠲᠤ ᠤᠷᠤᠵᠦ ᠳᠤᠰ ᠳᠤᠰ ᠱᠠᠩᠨᠠᠯ ᠬᠦᠬᠢᠭᠦᠯᠦᠯ ᠬᠦᠷᠳᠡᠵᠦ᠂ ᠪᠤᠰᠤᠳ ᠤᠷᠤᠯᠳᠤᠭᠴᠢ ᠴᠦ ᠮᠦᠨ ᠴᠦ ᠰᠢᠯᠢᠳᠡᠭ ᠰᠤᠷᠤᠭᠴᠢᠳ ᠤᠨ ᠱᠠᠩᠨᠠᠯ ᠬᠦᠷᠳᠡᠵᠦ᠂ ᠬᠢᠨᠠᠬᠴᠢ ᠪᠠᠭᠰᠢ ᠵᠢᠴᠢ ᠬᠠᠮᠳᠤ ᠨᠠᠶᠢᠵᠠ ᠨᠠᠷ ᠤᠨ ᠢᠶᠠᠨ ᠦᠨᠳᠦᠷ ᠦᠨᠡᠯᠡᠯᠳᠡ ᠶᠢ ᠤᠯᠵᠠᠢ᠃
 
ᠢᠷᠡᠯᠲᠡ᠄ ᠬᠢᠩᠭᠠᠨ ᠤ ᠮᠣᠩᠭᠤᠯ ᠬᠡᠯᠡᠨ ᠤ ᠰᠣᠨᠢᠨ ᠮᠡᠳᠡᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号