1964 ᠤᠨ ᠳᠤ ᠶᠡᠭᠡ ᠰᠤᠷᠭᠠᠭᠤᠯᠢ ᠳᠤ ᠲᠠᠪᠰᠢᠬᠤ ᠰᠢᠯᠭᠠᠯᠳᠠ ᠶᠢ ᠡᠩᠬᠡ ᠠᠮᠤᠭᠤᠯᠠᠩ ᠤᠨ ᠠᠶᠠᠯᠠᠯ ᠤᠨ | ᠤᠷᠳᠤᠨ ᠳᠤ ᠬᠢᠭᠰᠡᠨ ᠠᠴᠠ ᠰᠡᠭᠦᠯᠡᠷ ᠲᠤᠰ ᠠᠶᠠᠯᠠᠯ ᠤᠨ ᠤᠷᠳᠤᠨ ᠤ ᠭᠤᠶᠤ ᠰᠠᠶᠢᠬᠠᠨ ᠪᠠᠷᠢᠯᠭ᠎ᠠ ᠪᠠ ᠲᠡᠤᠬᠡ ᠶᠢᠨ | ᠶᠠᠷᠢᠶ᠎ᠠ ᠲᠤᠮᠤᠭ ᠨᠢ ᠮᠢᠨᠤ ᠰᠤᠨᠢᠷᠬᠠᠯ ᠢ ᠶᠡᠭᠡ ᠲᠠᠳᠠᠵᠤ ᠠᠯᠢ ᠨᠢᠭᠡ ᠡᠳᠤᠷ ᠵᠠᠪᠰᠢᠶᠠᠨ ᠤᠯᠳᠠᠪᠠᠯ ᠲᠡᠷᠡ ᠪᠠᠷᠢᠯᠭ᠎ᠠ ᠶᠢ | ᠰᠠᠶᠢᠬᠠᠨ ᠰᠤᠨᠢᠷᠬᠠᠵᠤ ᠲᠤᠳᠤᠷᠠᠬᠢ ᠤᠴᠢᠷ ᠶᠠᠪᠤᠳᠠᠯ ᠢ ᠨᠢ ᠤᠶᠢᠯᠠᠭᠠᠶ᠎ᠠ ᠬᠡᠵᠤ ᠪᠤᠳᠤᠭᠰᠠᠭᠠᠷ ᠪᠠᠶᠢᠭᠰᠠᠨ ᠶᠤᠮ᠃ | ᠪᠢ ᠠᠵᠢᠯ ᠳᠤ ᠤᠷᠤᠵᠤ ᠠᠷᠪᠠᠨ ᠬᠡᠳᠤᠨ ᠵᠢᠯ ᠪᠤᠯᠤᠭᠰᠠᠨ ᠤ ᠲᠠᠷᠠᠭ᠎ᠠ 1975 ᠤᠨ ᠳᠤ ᠳ᠋ᠠᠪᠠᠨ ᠨᠢᠭᠡᠳᠤᠭᠡᠷ | ᠲᠤᠮᠳᠠᠳᠤ ᠰᠤᠷᠭᠠᠭᠤᠯᠢ ᠲᠠᠷᠤᠢ ᠮᠢᠨᠤ ᠡᠬᠡ ᠰᠤᠷᠭᠠᠭᠤᠯᠢ ᠳᠠᠭᠠᠨ ᠠᠵᠢᠯ ᠰᠢᠯᠵᠢᠵᠤ ᠢᠷᠡᠭᠰᠡᠨ ᠠᠴᠠ ᠰᠡᠭᠦᠯᠡᠷ | ᠬᠤᠰᠢᠭᠤᠨ ᠤ ᠬᠠᠷᠢᠶ᠎ᠠ ᠪᠠᠶᠢᠭᠤᠯᠤᠯᠭ᠎ᠠ ᠶᠢᠨ ᠬᠢᠨ ᠬᠤᠷᠠᠯ ᠬᠢᠬᠦ ᠭᠡᠪᠡᠯ ᠮᠦᠨ ᠯᠠ ᠡᠩᠬᠡ ᠠᠮᠤᠭᠤᠯᠠᠩ ᠤᠨ | ᠠᠶᠠᠯᠠᠯ ᠤᠨ ᠤᠷᠳᠤᠨ ᠤ ᠭᠤᠤᠯ ᠶᠡᠭᠡ ᠭᠡᠷ ᠲᠤ ᠬᠤᠷᠠᠯ ᠬᠢᠵᠤ ᠪᠠᠶᠢᠯ᠎ᠠ᠃ ᠡᠨᠡ ᠨᠢ ᠡᠩᠬᠡ ᠠᠮᠤᠭᠤᠯᠠᠩ ᠤᠨ | ᠠᠶᠠᠯᠠᠯ ᠤᠨ ᠤᠷᠳᠤᠨ ᠢ ᠰᠤᠨᠢᠷᠬᠠᠨ ᠤᠶᠢᠯᠠᠭᠠᠬᠤ ᠵᠠᠪᠰᠢᠶᠠᠨ ᠢ ᠨᠠᠳᠠᠳᠤ ᠤᠯᠭᠤᠭᠰᠠᠨ ᠶᠤᠮ᠃ ᠲᠡᠷᠡ ᠨᠢ ᠡᠮᠦᠨ᠎ᠡ | ᠲᠠᠯ᠎ᠠ ᠨᠢ ᠶᠡᠭᠡ ᠡᠭᠦᠳᠡ ᠪᠠ ᠬᠤᠶᠠᠳᠤᠭᠠᠷ ᠡᠭᠦᠳᠡ ᠬᠡᠭᠦ ᠬᠤᠶᠠᠷ ᠲᠠᠪᠬᠤᠷ ᠡᠭᠦᠳᠡᠨ ᠭᠡᠷ ᠲᠠᠢ᠃ ᠬᠤᠶᠠᠳᠤᠭᠠᠷ | ᠡᠭᠦᠳᠡᠨ ᠭᠡᠷ ᠠᠴᠠ ᠲᠤᠳᠤᠭᠰᠢ ᠪᠤᠯ ᠲᠦᠷᠪᠡᠨ ᠲᠠᠯ᠎ᠠ ᠪᠠᠷ ᠢᠶᠠᠨ ᠭᠡᠷ ᠪᠦᠬᠦᠨ ᠢ ᠵᠠᠯᠭᠠᠭᠰᠠᠨ ᠰᠠᠷᠠᠪᠴᠢᠨ ᠬᠡᠷᠡᠮ ᠲᠠᠢ | ᠂ ᠭᠤᠤᠯ ᠭᠡᠷ ᠤᠨ ᠰᠠᠭᠤᠷᠢ ᠨᠢ ᠪᠤᠰᠤᠳ ᠭᠡᠷ ᠠᠴᠠ ᠪᠠᠨ ᠨᠡᠯᠢᠶᠡᠳ ᠦᠨᠳᠤᠷ ᠪᠦᠭᠡᠳ ᠭᠡᠷ ᠤᠨ ᠬᠢᠨᠢ | ᠡᠭᠦᠳᠡᠨ ᠳᠤᠨᠢ ᠪᠠᠷᠤᠭ ᠠᠷᠪᠠᠨ ᠲᠡᠭᠰᠢ ᠲᠦᠷᠪᠡᠯᠵᠢᠨ ᠮᠧᠳ᠋ᠷ ᠲᠠᠯᠠᠪᠠᠢ ᠪᠦᠬᠦᠢ ᠭᠤᠤᠯ ᠭᠡᠷ ᠤᠨ ᠢᠶᠠᠨ ᠰᠠᠭᠤᠷᠢ ᠲᠠᠢ | ᠠᠳᠠᠯᠢ ᠲᠦᠷᠪᠡᠯᠵᠢᠨ ᠲᠠᠶᠢᠰᠠ ᠰᠢᠭ᠋ ᠲᠠᠯᠠᠪᠠᠢ ᠲᠠᠢ᠂ ᠲᠡᠭᠦᠨ ᠢ ᠨᠢ ᠴᠦᠮ ᠪᠤᠷᠵᠢᠨ ᠴᠢᠯᠠᠭᠤ ᠪᠠᠷ ᠬᠦᠪᠡᠭᠡ ᠶᠢ ᠨᠢ | ᠵᠡᠷᠬᠡᠯᠡᠵᠤ᠂ ᠲᠡᠭᠡᠷ᠎ᠡ ᠨᠢ ᠪᠦᠳᠦᠭᠦᠨ ᠬᠦᠬᠡ ᠦᠩᠬᠡᠳᠠᠢ ᠲᠤᠭᠤᠰᠬ᠎ᠠ ᠲᠡᠪᠢᠰᠴᠠᠢ᠃ ᠡᠩᠬᠡ ᠠᠮᠤᠭᠤᠯᠠᠩ ᠤᠨ | ᠠᠶᠠᠯᠠᠯ ᠤᠨ ᠤᠷᠳᠤᠨ ᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠲᠦᠷᠪᠡᠳᠦᠭᠡᠷ ᠦᠶ᠎ᠡ ᠶᠢᠨ ᠵᠠᠰᠠᠭ ᠲᠦᠷᠤ ᠶᠢᠨ | ᠵᠢᠶᠦ᠋ᠨ ᠸᠠᠩ ᠦᠷᠭᠦᠨ ︵1670-1720︶ ᠤ ᠦᠶ᠎ᠡ ᠳᠤ ᠪᠠᠶᠢᠭᠤᠯᠤᠭᠰᠠᠨ ᠪᠠᠶᠢᠨ᠎ᠠ᠃ | 1691 ᠤᠨ ᠳᠤ ᠦᠷᠭᠦᠨ ᠵᠢᠶᠦ᠋ᠨ ᠸᠠᠩ ᠡᠩᠬᠡ ᠠᠮᠤᠭᠤᠯᠠᠩ ᠬᠠᠭᠠᠨ ᠤ ᠬᠤᠶᠠᠳᠤᠭᠠᠷ ᠦᠬᠢᠨ ᠦᠯᠡᠮᠵᠢ | ᠬᠡᠮᠵᠢᠶᠡᠳᠤ ᠭᠦᠩᠵᠦ ᠲᠠᠢ ᠬᠤᠷᠢᠮᠯᠠᠵᠠᠢ᠃ ᠦᠷᠭᠦᠨ ᠵᠢᠶᠦ᠋ᠨ ᠸᠠᠩ ᠡᠩᠬᠡ ᠠᠮᠤᠭᠤᠯᠠᠩ ᠬᠠᠭᠠᠨ ᠪᠠᠭᠠᠷᠢᠨ ᠢᠶᠠᠷ | ᠠᠶᠠᠯᠠᠨ ᠢᠷᠡᠬᠦ ᠪᠤᠶᠤ ᠠᠪᠠ ᠠᠩᠨᠠᠯ ᠬᠢᠬᠦ ᠪᠠᠷ ᠢᠷᠡᠪᠡᠯ ᠲᠦᠭᠦᠮ ᠢ ᠪᠤᠳᠤᠵᠤ ᠲᠡᠭᠦᠨ ᠳᠤ ᠲᠤᠰᠬᠠᠶᠢᠯᠠᠨ | ᠠᠶᠠᠯᠠᠯ ᠤᠨ ᠤᠷᠳᠤᠨ ᠢ ᠪᠠᠶᠢᠭᠤᠯᠵᠤ ᠦᠭᠭᠦᠭᠰᠡᠨ ᠪᠠᠶᠢᠵᠠᠢ᠃ 1711 ᠤᠨ ᠳᠤ ᠳ᠋ᠠᠪᠠᠨ ᠳᠤ ᠡᠩᠬᠡ | ᠠᠮᠤᠭᠤᠯᠠᠩ ᠤᠨ ᠠᠶᠠᠯᠠᠯ ᠤᠨ ᠤᠷᠳᠤᠨ ᠢ ᠪᠠᠷᠢᠵᠤ ᠲᠠᠭᠤᠰᠬᠠᠵᠠᠢ᠃ 1715 ᠤᠨ ᠳᠤ ᠡᠩᠬᠡ ᠠᠮᠤᠭᠤᠯᠠᠩ | ᠬᠠᠭᠠᠨ ᠪᠠᠭᠠᠷᠢᠨ ᠳᠤ ᠢᠷᠡᠵᠦ ᠠᠪᠠᠯᠠᠬᠤ ᠳᠠᠭᠠᠨ ᠠᠶᠠᠯᠠᠯ ᠤᠨ ᠤᠷᠳᠤᠨ ᠳᠤ ᠲᠦᠷ ᠪᠠᠭᠤᠵᠤ᠂ ᠠᠶᠠᠯᠠᠯ ᠤᠨ | ᠤᠷᠳᠤᠨ ᠳᠤ ︽ᠠᠯᠳᠠᠨ ᠰᠠᠯᠠᠭ᠎ᠠ ᠮᠦᠴᠢᠷᠯᠡᠨ ᠲᠡᠯᠭᠡᠷᠡᠪᠡ︾ ᠭᠡᠬᠦ ᠢᠯᠡᠷᠬᠡᠶᠢᠯᠡᠯ ᠪᠢᠴᠢᠵᠦ ᠦᠭᠴᠡᠢ᠃ | ᠡᠩᠬᠡ ᠠᠮᠤᠭᠤᠯᠠᠩ ᠤᠨ ᠠᠶᠠᠯᠠᠯ ᠤᠨ ᠤᠷᠳᠤᠨ ᠤ ᠭᠤᠶᠢᠳᠠ ᠰᠠᠶᠢᠬᠠᠨ ᠦᠵᠡᠮᠵᠢ ᠨᠢ ᠪᠠᠭᠠᠷᠢᠨ ᠳᠠᠬᠢ | ᠲᠤᠬᠠᠢ ᠶᠢᠨ ᠦᠶ᠎ᠡ ᠶᠢᠨ ᠰᠦᠮ᠎ᠡ ᠬᠡᠶᠢᠳ ᠢ ᠭᠠᠷᠭᠠᠪᠠᠯ ᠲᠡᠭᠦᠨ ᠲᠠᠢ ᠲᠡᠩᠴᠡᠬᠦ ᠪᠠᠷᠢᠯᠭ᠎ᠠ ᠬᠡᠵᠤ ᠪᠠᠶᠢᠭᠰᠠᠨ ᠦᠭᠡᠢ᠃ | ᠭᠤᠤᠯ ᠤᠷᠳᠤᠨ ᠨᠢ ᠡᠮᠤᠨᠡᠰᠢ ᠬᠤᠶᠢᠰᠢ ᠠᠷᠪᠠᠨ ᠭᠤᠷᠪᠠᠨ ᠮᠧᠳ᠋ᠷ᠂ ᠵᠡᠭᠦᠨᠰᠢ ᠪᠠᠷᠠᠭᠤᠨᠰᠢ ᠬᠤᠷᠢᠨ ᠲᠠᠪᠤᠨ ᠮᠧᠲᠷ᠂ | ᠳ᠋ᠢᠶᠠᠮᠧᠲᠷ ᠨᠢ 0.42 ᠮᠧᠲᠷ ᠤᠨ ᠪᠦᠳᠦᠭᠦᠨ ᠲᠤᠯᠭᠠᠭᠤᠷ ᠲᠠᠢ᠂ ᠲᠤᠯᠭᠠᠭᠤᠷ ᠪᠦᠷᠢ ᠨᠢ ᠴᠦᠮ ᠯᠤᠤ | ᠤᠷᠢᠶᠠᠭᠰᠠᠨ ᠵᠢᠷᠤᠭ ᠲᠠᠢ᠂ ᠠᠳᠠᠭᠠᠷ ᠤᠨ ᠫᠠᠨᠰᠠ ᠨᠢ ᠴᠠᠭᠠᠨ ᠲᠤᠭᠤᠷᠤᠤ ᠶᠢᠨ ᠵᠢᠷᠤᠭ ᠲᠠᠢ᠂ ᠭᠡᠪᠡᠴᠦ ᠡᠳᠡᠭᠡᠷ | ᠵᠢᠷᠤᠭ ᠤᠳ ᠨᠢ ᠬᠡᠳᠤ ᠤᠳᠠᠭᠠᠨ ᠤ ᠵᠠᠰᠠᠯᠳᠠ ᠪᠠᠷ ᠲᠠᠮᠵᠢᠭᠠᠳ ᠵᠠᠷᠢᠮ ᠨᠢ ᠪᠦᠷ ᠦᠩᠭᠡ ᠨᠢ ᠬᠤᠪᠢᠷᠠᠭᠰᠠᠨ ᠪᠠᠶᠢᠨ᠎ᠠ | ᠃ ᠠᠶᠠᠯᠠᠯ ᠤᠨ ᠤᠷᠳᠤᠨ ᠳᠠᠬᠢ ᠪᠠᠰᠠ ᠨᠢᠭᠡᠨ ᠰᠢᠨ᠎ᠡ ᠢᠯᠡᠷᠡᠭᠦᠯᠤᠯᠳᠡ ᠭᠡᠪᠡᠯ ᠬᠦᠢᠳᠡᠨ ᠴᠠᠭ ᠤᠨ ᠭᠡᠷ ᠤᠨ | ᠲᠤᠯᠠᠭᠠᠯᠠᠬᠤ ᠲᠦᠬᠦᠭᠡᠷᠦᠮᠵᠢ ᠨᠢ ᠤᠷᠳᠤᠨ ᠤ ᠬᠢᠨᠢ ᠲᠤᠤᠷ᠎ᠡ ᠠᠴᠠ ᠨᠢ ᠲᠦᠯᠡᠳᠡᠭ ᠵᠤᠤᠬ᠎ᠠ᠂ ᠭᠡᠷ ᠤᠨ ᠲᠤᠤᠷᠠᠬᠢ | ᠬᠦᠨᠳᠡᠢ ᠶᠢ ᠴᠦᠮ ᠤᠷᠴᠢᠮ ᠤᠨ ᠵᠢᠯ ᠢᠯᠡᠷᠡᠭᠦᠯᠦᠭᠰᠡᠨ ᠪᠥᠭᠡᠳ ᠭᠠᠵᠠᠷ ᠲᠤᠤᠭᠤᠷ ᠨᠢ ᠭᠠᠯ ᠨᠢ ᠬᠠᠮᠢᠭᠠᠰᠢ | ᠶᠠᠪᠤᠭᠠᠳ ᠶᠠᠨᠲᠦ᠋ᠩ ᠨᠢ ᠬᠠᠮᠢᠭ᠎ᠠ ᠨᠢ ᠪᠠᠶᠢᠭᠰᠠᠨ ᠢ ᠮᠡᠳᠡᠵᠦ ᠭᠠᠷᠤᠭᠰᠠᠨ ᠦᠭᠡᠢ᠃ ᠲᠡᠷᠡᠬᠦ ᠪᠠᠷᠢᠯᠭ᠎ᠠ ᠶᠢᠨ ᠦᠵᠡᠮᠵᠢ | ᠭᠤᠶᠤ ᠰᠠᠶᠢᠬᠠᠨ᠂ ᠪᠠᠷᠢᠯᠭ᠎ᠠ ᠶᠢᠨ ᠶᠠᠰᠤ ᠴᠢᠨᠠᠷ ᠤᠨ ᠰᠠᠶᠢᠨ ᠨᠢ ᠲᠤᠬᠠᠢ ᠶᠢᠨ ᠦᠶ᠎ᠡ ᠶᠢᠨ ᠬᠦᠳᠡᠯᠮᠦᠷᠢᠴᠢᠨ ᠠᠷᠠᠳ | ᠲᠦᠮᠡᠨ ᠤ ᠰᠡᠴᠡᠨ ᠰᠡᠷᠭᠦᠯᠡᠩ ᠤᠶᠤᠨ ᠤᠬᠠᠭᠠᠨ᠂ ᠬᠦᠳᠡᠯᠮᠦᠷᠢᠴᠢ ᠬᠤᠶᠠᠷ ᠭᠠᠷ ᠤᠨ ᠬᠢᠨᠢ ᠤᠷᠠᠨ ᠪᠦᠳᠦᠭᠡᠯ | ᠪᠤᠯᠬᠤ ᠶᠤᠮ᠃ ᠮᠦᠨ ᠴᠤ ᠬᠤᠶᠢᠴᠢ ᠶᠢᠨ ᠬᠦᠮᠦᠰ ᠲᠡᠭᠡᠨ ᠦᠯᠡᠳᠡᠭᠡᠨ ᠦᠭᠭᠦᠭᠰᠡᠨ ᠲᠡᠤᠬᠡ ᠶᠢᠨ ᠦᠪ ᠬᠦᠷᠦᠩᠭᠡ | ᠪᠢᠯᠡ᠃ | ᠡᠩᠬᠡ ᠠᠮᠤᠭᠤᠯᠠᠩ ᠤᠨ ᠠᠶᠠᠯᠠᠯ ᠤᠨ ᠤᠷᠳᠤᠨ ᠢ ᠪᠠᠶᠢᠭᠤᠯᠬᠤ ᠳᠤ ᠤᠯᠠᠨ ᠠᠷᠪᠢᠨ ᠰᠢᠨᠵᠢᠭᠡᠴᠢ ᠦᠵᠡᠭᠡᠴᠢ᠂ | ᠯᠠᠮᠠ ᠬᠤᠸᠠᠷᠠᠭ᠂ ᠪᠠᠷᠢᠯᠭᠠᠴᠢᠨ᠂ ᠡᠷᠳᠡᠮᠳᠡᠨ ᠮᠡᠷᠭᠡᠳ ᠢ ᠵᠠᠯᠠᠵᠤ ᠲᠦᠰᠢᠯᠭᠡ ᠪᠤᠯᠤᠨ ᠬᠠᠷᠠᠴᠠ ᠶᠢ ᠶᠡᠭᠡᠳᠡ | ᠠᠩᠬᠠᠷᠤᠨ ᠨᠤᠳᠤᠭ ᠰᠤᠩᠭᠤᠵᠠᠢ᠃ ᠦᠭᠡᠳᠡ ᠡᠰᠡᠷᠡᠭ ᠠᠮᠤᠷ ᠠᠮᠤᠭᠤᠯᠠᠩ ᠪᠦᠷᠢᠳᠦᠭᠰᠡᠨ ᠨᠤᠳᠤᠭ ᠢ ᠰᠤᠩᠭᠤᠨ᠂ | ᠴᠠᠭᠠᠨ ᠮᠦᠷᠡᠨ ᠤ ᠤᠷᠤᠰᠬᠠᠯ ᠦᠪᠤᠷ ᠤᠷᠤᠭᠤ ᠴᠠᠶᠢᠯᠵᠠᠭᠰᠠᠨ᠂ ᠰᠢᠷ᠎ᠠ ᠰᠡᠷᠡᠭᠡᠳᠤ ᠶᠢᠨ ᠲᠡᠨᠵᠢᠨ ᠲᠡᠭᠡᠷ᠎ᠡ᠂ | ᠲᠠᠷᠬᠠᠨ ᠬᠠᠨ᠂ ᠪᠠᠶᠠᠨᠳᠤᠤᠪᠠᠢ ᠬᠤᠶᠠᠷ ᠬᠠᠶᠢᠷᠬᠠᠨ ᠢᠶᠠᠷ ᠲᠦᠰᠢᠯᠭᠡ ᠪᠤᠯᠭᠠᠨ᠂ ᠴᠠᠭᠠᠨ ᠮᠦᠷᠡᠨ᠂ ᠪᠠᠶᠠᠨ ᠮᠦᠷᠡᠨ ᠤ | ᠠᠭᠤᠯᠵᠠᠷ ᠢ ᠦᠩᠭᠡᠶᠢᠨ ᠪᠠᠷᠠᠯᠠᠵᠤ᠂ ᠶᠢᠰᠤᠨ ᠬᠠᠭᠠᠯᠭ᠎ᠠ ᠶᠢᠨ ᠰᠢᠨᠵᠢ ᠪᠦᠬᠦᠢ ᠴᠠᠭᠠᠨ ᠮᠦᠷᠡᠨ ᠤ ᠬᠤᠶᠠᠷ | ᠡᠷᠭᠢ ᠶᠢᠨ ᠮᠦᠷᠭᠦᠬᠦ ᠶᠢᠰᠤᠨ ᠬᠠᠳᠠ ᠨᠤᠭᠤᠳ ᠢᠶᠠᠷ ᠬᠠᠷᠠᠴᠠ ᠪᠤᠯᠭᠠᠨ ᠲᠤᠰ ᠤᠷᠳᠤᠨ ᠢ ᠪᠠᠶᠢᠭᠤᠯᠤᠭᠰᠠᠨ ᠪᠠᠶᠢᠨ᠎ᠠ | ᠃ | ᠲᠡᠳᠡᠭᠡᠷ ᠬᠠᠭᠠᠯᠭ᠎ᠠ ᠶᠢᠨ ᠰᠢᠨᠵᠢᠳᠠᠢ ᠬᠠᠳᠠ ᠨᠤᠭᠤᠳ ᠭᠡᠪᠡᠯ᠂ ᠮᠠᠨᠢᠳᠤ ᠪᠤᠯᠤᠨ ᠬᠡᠶᠢᠳ ᠤᠨ ᠪᠤᠯᠤᠩ ᠤᠨ | ᠬᠠᠳᠠ ᠨᠢᠭᠡᠳᠤᠭᠡᠷ ᠬᠠᠭᠠᠯᠭ᠎ᠠ᠂ ᠯᠠᠮᠠ ᠶᠢᠨ ᠤᠪᠤᠭ᠎ᠠ ᠬᠠᠳᠠ ᠪᠤᠯᠤᠨ ᠡᠩᠭᠡᠷ ᠬᠠᠳᠠ ᠬᠤᠶᠠᠳᠤᠭᠠᠷ ᠬᠠᠭᠠᠯᠭ᠎ᠠ᠂ | ᠪᠢᠴᠢᠭᠳᠦ ᠶᠢᠨ ᠬᠠᠳᠠ ᠪᠤᠯᠤᠨ ᠮᠠᠩᠬᠠᠳᠤ ᠶᠢᠨ ᠬᠠᠳᠠ ᠭᠤᠷᠪᠠᠳᠤᠭᠠᠷ ᠬᠠᠭᠠᠯᠭ᠎ᠠ᠂ ᠬᠠᠷ᠎ᠠ ᠱᠤᠷᠤᠩ ᠪᠤᠯᠤᠨ ᠭᠡᠭᠡᠨ | ᠱᠤᠷᠤᠩ ᠲᠦᠷᠪᠡᠳᠦᠭᠡᠷ ᠬᠠᠭᠠᠯᠭ᠎ᠠ᠂ ᠲᠠᠷᠬᠠᠨ ᠪᠤᠯᠤᠨ ᠮᠦᠷᠭᠦᠴᠡᠭ ᠲᠠᠪᠤᠳᠤᠭᠠᠷ ᠬᠠᠭᠠᠯᠭ᠎ᠠ᠂ ᠤᠨᠢᠳᠤ ᠱᠤᠷᠤᠩ | ᠪᠤᠯᠤᠨ ᠪᠠᠶᠠᠨᠬᠤᠰᠢᠭᠤ ᠵᠢᠷᠭᠤᠳᠤᠭᠠᠷ ᠬᠠᠭᠠᠯᠭ᠎ᠠ᠂ ᠲᠤᠯᠭ᠎ᠠ ᠠᠭᠤᠯᠠ ᠪᠤᠯᠤᠨ ᠴᠤᠭ ᠦᠨᠳᠤᠷ ᠲᠤᠯᠤᠳᠤᠭᠠᠷ | ᠬᠠᠭᠠᠯᠭ᠎ᠠ᠂ ᠪᠠᠷᠠᠭᠤᠨ ᠪᠢᠯᠡᠭᠦᠳᠠᠢ ᠪᠤᠯᠤᠨ ᠵᠡᠭᠦᠨ ᠪᠢᠯᠡᠭᠦᠳᠠᠢ ᠨᠠᠢᠮᠠᠳᠤᠭᠠᠷ ᠬᠠᠭᠠᠯᠭ᠎ᠠ᠂ ᠵᠠᠭᠠᠨ᠎ᠠ ︵ᠵᠠᠭᠠᠭ︶ ᠶᠢᠨ | ᠬᠤᠰᠢᠭᠤ ᠪᠤᠯᠤᠨ ᠬᠠᠳᠠᠳᠤ ᠶᠢᠰᠤᠳᠤᠭᠡᠷ ᠬᠠᠭᠠᠯᠭ᠎ᠠ ᠭᠡᠳᠡᠭ᠃ | ᠲᠡᠳᠡᠭᠡᠷ ᠶᠢᠰᠤᠨ ᠬᠠᠭᠠᠯᠭ᠎ᠠ ᠶᠢ ᠨᠢᠭᠡ ᠨᠢᠭᠡ ᠪᠠᠷ ᠲᠤᠷᠠᠳᠪᠠᠯ᠂ ᠳ᠋ᠠᠪᠠᠨ ᠤ ᠵᠡᠭᠦᠨ ᠡᠮᠤᠨ᠎ᠠ ᠪᠠᠶᠢᠭ᠎ᠠ ᠬᠡᠶᠢᠳ ᠤᠨ | ᠪᠤᠯᠤᠩ ᠤᠨ ᠠᠶᠢᠯ ᠤᠨ ᠠᠷᠤ ᠶᠢᠨ ᠬᠠᠳᠠ ︵ᠠᠶᠢᠯ ᠤᠨ ᠬᠠᠭᠤᠴᠢᠨ ᠰᠠᠭᠤᠴᠠ ᠨᠢ ᠨᠢᠭᠡᠨᠳᠡ ᠲᠡᠷᠡᠰᠤ ᠪᠤᠯᠤᠩ ᠤᠨ | ᠤᠰᠤᠨ ᠴᠦᠭᠦᠷᠤᠮ ᠳᠤ ᠤᠷᠤᠵᠠᠢ︶ ᠪᠤᠯᠤᠨ᠎ᠠ᠃ ᠬᠡᠶᠢᠳ ᠭᠡᠳᠡᠭ ᠨᠡᠷ᠎ᠡ ᠶᠢᠨ ᠲᠤᠬᠠᠢ ᠲᠤᠳᠤᠷᠬᠠᠢ ᠲᠠᠶᠢᠯᠪᠤᠷᠢᠯᠠᠯᠳᠠ | ᠦᠭᠡᠢ ᠪᠠᠶᠢᠭᠰᠠᠭᠠᠷ᠂ ᠭᠡᠪᠡᠴᠦ ᠮᠢᠨᠤ ᠰᠤᠨᠤᠰᠬᠠᠯ ᠢᠶᠠᠷ ᠭᠦᠷᠤᠨ ᠭᠦᠩᠵᠦ ᠰᠧᠪᠳᠠᠨ ᠸᠠᠩ ᠳᠤ ᠮᠤᠷᠳᠠᠵᠤ ᠢᠷᠡᠭᠰᠡᠨ | ᠲᠠᠷᠤᠢ ᠳᠠᠭᠠᠨ ᠬᠡᠶᠢᠳ ᠤᠨ ᠬᠠᠳᠠᠨ ᠤ ᠡᠩᠭᠡᠷ ᠪᠢᠴᠢᠬᠠᠨ ᠰᠦᠮ᠎ᠡ ᠪᠠᠷᠢᠵᠤ ᠲᠠᠬᠢᠯ ᠲᠠᠯᠪᠢᠨ ᠮᠦᠷᠭᠦᠯ ᠬᠢᠳᠡᠭ ᠬᠡᠨ᠎ᠠ | ᠃ ᠰᠡᠭᠦᠯᠡᠷ ᠨᠢ ᠪᠤᠶᠠᠨ ᠴᠤᠭᠯᠠᠭᠤᠯᠤᠭᠴᠢ ᠰᠦᠮ᠎ᠡ ᠶᠢ ᠪᠠᠷᠢᠭᠰᠠᠨ ᠠᠴᠠ ᠬᠡᠶᠢᠳ ᠤᠨ ᠪᠤᠯᠤᠩ ᠤᠨ ᠰᠦᠮ᠎ᠡ | ᠤᠳᠠᠭᠠᠨ ᠳᠠᠭᠠᠨ ᠬᠠᠭᠤᠴᠢᠷᠠᠵᠤ ᠨᠤᠷᠠᠭᠠᠳ ᠦᠭᠡᠢ ᠪᠤᠯᠤᠭᠰᠠᠨ ᠭᠡᠨ᠎ᠠ᠃ ᠡᠭᠦᠨ ᠠᠴᠠ ᠲᠠᠭᠠᠮᠠᠭᠯᠠᠪᠠᠯ ᠬᠡᠶᠢᠳ | ᠭᠡᠰᠡᠨ ᠨᠡᠷ᠎ᠡ ᠨᠢ ᠰᠦᠮ᠎ᠡ ᠬᠡᠶᠢᠳ ᠤᠨ ᠬᠡᠶᠢᠳ ᠪᠠᠶᠢᠵᠤ ᠮᠡᠳᠡᠨ᠎ᠠ᠃ | ᠬᠡᠶᠢᠳ ᠤᠨ ᠬᠠᠳᠠ ᠨᠢ ᠬᠠᠳᠠᠨ ᠰᠤᠭᠤ ᠳᠠᠭᠠᠨ ᠲᠤᠩᠭᠠᠯᠠᠭ ᠬᠠᠷ᠎ᠠ ᠤᠰᠤᠨ ᠤ ᠤᠨᠳᠤᠷᠤᠯ ᠲᠠᠢ ᠴᠦᠩᠭᠦᠷᠡᠭ | ᠪᠠᠶᠢᠵᠤ᠂ ᠵᠤᠨ ᠤ ᠴᠠᠭ ᠲᠤ ᠡᠯᠳᠡᠪ ᠦᠩᠭᠡ ᠶᠢᠨ ᠴᠡᠴᠡᠭ ᠬᠤᠸᠠᠷ ᠲᠡᠯᠭᠡᠷᠡᠨ᠂ ᠵᠡᠭᠡᠰᠤ ᠬᠤᠯᠤᠰᠤ ᠬᠤᠯᠢᠯᠳᠤᠨ | ᠤᠷᠭᠤᠭᠰᠠᠨ᠂ ᠠᠮᠢᠳᠤ ᠤᠰᠤᠨ ᠨᠠᠭᠤᠷ ᠤᠨ ᠭᠦᠨ ᠳᠡᠭᠡᠨ ᠵᠠᠩᠭᠤᠤ ᠭᠡᠳᠡᠭ ᠢᠰᠢᠭᠡᠨ ᠡᠪᠡᠷ ᠬᠢᠷᠢ ᠪᠦᠳᠤᠭᠦᠨ᠂ | ᠶᠤᠸᠠᠮᠪᠤᠤ ᠶᠢᠨ ᠬᠡᠯᠪᠡᠷᠢ ᠲᠠᠢ ᠪᠤᠷᠤ ᠽᠠᠨᠳᠠᠨ ᠦᠩᠭᠡ ᠲᠠᠢ ᠤᠷᠭᠤᠮᠠᠯ ᠤᠨ ᠦᠷ᠎ᠡ ᠨᠢ ᠬᠤᠯᠠ ᠤᠶᠢᠷ᠎ᠠ ᠳᠠᠭᠠᠨ | ᠠᠯᠳᠠᠷᠳᠠᠢ ᠭᠤᠶᠤ ᠰᠠᠶᠢᠬᠠᠨ ᠦᠵᠡᠮᠵᠢ ᠶᠢᠨ ᠡᠳ᠋ ᠪᠤᠯᠬᠤᠷ ᠨᠢᠯᠬ᠎ᠠ ᠬᠡᠤᠬᠡᠳ ᠤᠨ ᠬᠠᠷᠠᠭ᠎ᠠ ᠳᠤ ᠲᠡᠭᠦᠵᠢᠯᠠᠳᠡᠭ ᠪᠤᠶᠤ | ᠨᠠᠰᠤᠳᠠᠶᠢᠴᠤᠳ ᠬᠡᠳᠡ ᠶᠢᠨ ᠤᠭᠤᠰᠤᠷ ᠵᠡᠭᠦᠪᠴᠢ ᠶᠢᠨ ᠤᠭᠤᠰᠤᠷ ᠲᠤ ᠬᠡᠯᠬᠢᠵᠤ ᠪᠠᠶᠢᠳᠠᠭ ᠬᠤᠪᠤᠷ ᠴᠤᠬᠠᠭ ᠡᠳ᠋ | ᠪᠠᠶᠢᠵᠠᠢ᠃ ᠮᠠᠨᠢᠳᠤ ᠬᠡᠳᠡᠭ ᠨᠢ ᠬᠡᠶᠢᠳ ᠤᠨ ᠬᠠᠳᠠᠨ ᠤ ᠪᠠᠷᠠᠭᠤᠨ ᠲᠠᠯ᠎ᠠ᠂ ᠲᠠᠷᠤᠢ ᠴᠠᠭᠠᠨ ᠮᠦᠷᠡᠨ ᠭᠤᠤᠯ ᠤᠨ | ᠪᠠᠷᠠᠭᠤᠨ ᠬᠦᠪᠡᠭᠡ ᠳᠤ ᠪᠠᠶᠢᠭ᠎ᠠ ᠬᠠᠳᠠ ᠶᠢ ᠮᠠᠨᠢᠳᠤ ᠬᠡᠳᠡᠭ᠃ ᠡᠨᠡ ᠪᠤᠯ ᠨᠢᠭᠡᠳᠤᠭᠡᠷ ᠬᠠᠭᠠᠯᠭ᠎ᠠ ᠪᠤᠯᠤᠨ᠎ᠠ᠃ | ᠬᠤᠶᠠᠳᠤᠭᠠᠷ ᠬᠠᠭᠠᠯᠭ᠎ᠠ ᠨᠢ ᠯᠠᠮᠠ ᠶᠢᠨ ᠤᠪᠤᠭ᠎ᠠ ᠪᠤᠯᠤᠨ ᠡᠩᠭᠡᠷ ᠬᠠᠳᠠ ᠪᠤᠯᠤᠨ᠎ᠠ᠃ ᠯᠠᠮᠠ ᠶᠢᠨ ᠤᠪᠤᠭ᠎ᠠ ᠨᠢ | ᠰᠠᠶᠢᠷᠠᠮ ᠤᠨ ᠠᠶᠢᠯ ᠤᠨ ᠵᠡᠭᠦᠨ ᠡᠮᠦᠨ᠎ᠡ ︵ᠡᠨᠡ ᠠᠶᠢᠯ ᠤᠨ ᠨᠤᠳᠤᠭ ᠨᠢ ᠲᠡᠷᠡᠰᠤ ᠪᠤᠯᠤᠩ ᠤᠰᠤᠨ ᠴᠦᠭᠦᠷᠤᠮ ᠳᠤ | ᠤᠷᠤᠭᠰᠠᠨ ᠲᠤᠯᠠ ᠤᠷᠤᠨ ᠪᠠᠶᠢᠷᠢ ᠨᠢ ᠲᠤᠳᠤᠷᠬᠠᠢ ᠦᠭᠡᠢ ᠪᠤᠯᠵᠠᠢ︶ ᠴᠠᠭᠠᠨ ᠮᠦᠷᠡᠨ ᠭᠤᠤᠯ ᠤᠨ ᠪᠠᠷᠠᠭᠤᠨ | ᠬᠦᠪᠡᠭᠡ ᠳᠤ ᠮᠠᠩᠬᠠᠳᠤ ᠶᠢᠨ ᠠᠶᠢᠯ ᠤᠨ ᠠᠷᠤ ᠶᠢᠨ ᠠᠭᠤᠯᠠ ᠶᠢᠨ ᠬᠤᠶᠢᠨ᠎ᠠ ᠪᠠᠶᠢᠭ᠎ᠠ ᠱᠠᠩᠰᠢᠨ ᠬᠠᠳᠠᠨ ᠲᠡᠭᠡᠷ᠎ᠡ | ᠪᠤᠰᠬᠠᠭᠰᠠᠨ ᠤᠪᠤᠭ᠎ᠠ ᠶᠢ ᠯᠠᠮᠠ ᠶᠢᠨ ᠤᠪᠤᠭ᠎ᠠ ᠭᠡᠳᠡᠭ᠃ ᠦᠩᠭᠡᠷᠡᠭᠰᠡᠨ ᠳᠡᠭᠡᠨ ᠪᠤᠶᠠᠨ ᠴᠤᠭᠯᠠᠭᠤᠯᠤᠭᠴᠢ | ᠰᠦᠮ᠎ᠡ ᠶᠢᠨ ᠯᠠᠮᠠ ᠨᠠᠷ ᠵᠢᠯ ᠪᠦᠷᠢ ᠶᠢᠨ ᠪᠢᠯᠢᠭ ᠤᠨ 6 ᠰᠠᠷ᠎ᠠ ᠶᠢᠨ 18 ᠳᠤ ᠲᠠᠬᠢᠳᠠᠭ᠂ ᠰᠡᠭᠦᠯᠡᠷ ᠨᠢ | ᠮᠠᠩᠬᠠᠳᠤ ᠶᠢᠨ ᠡᠩᠭᠡᠷ ᠤᠨ ᠠᠶᠢᠯ ᠤᠨ ᠮᠠᠯᠴᠢᠳ ᠲᠠᠬᠢᠬᠤ ᠪᠤᠯᠵᠠᠢ᠃ | ᠡᠩᠭᠡᠷ ᠬᠠᠳᠠ ᠭᠡᠳᠡᠭ ᠨᠢ ᠯᠠᠮᠠ ᠶᠢᠨ ᠤᠪᠤᠭᠠᠨ ᠬᠠᠳᠠᠨ ᠤ ᠵᠡᠭᠦᠨ ᠬᠤᠶᠢᠨ᠎ᠠ ᠴᠠᠭᠠᠨ ᠮᠦᠷᠡᠨ ᠭᠤᠤᠯ ᠤᠨ | ᠵᠡᠭᠦᠨ ᠬᠦᠪᠡᠭᠡᠨ ᠳᠤ ᠪᠠᠶᠢᠳᠠᠭ᠂ ᠲᠡᠷᠡ ᠬᠠᠳᠠ ᠲᠡᠶᠢᠮᠦ ᠲᠤᠮᠤ ᠪᠢᠰᠢ ᠴᠤ ᠪᠤᠰᠤᠳ ᠠᠭᠤᠯᠠ ᠬᠠᠶᠢᠷᠬᠠᠨ ᠠᠴᠠ | ᠤᠨᠴᠠᠭᠠᠢ ᠠᠰᠳᠠᠭᠠᠨ ᠪᠠᠶᠢᠳᠠᠭ᠃ ᠦᠨᠤ ᠲᠡᠷᠡᠰᠤ ᠪᠤᠯᠤᠩ ᠤᠰᠤᠨ ᠴᠦᠭᠦᠷᠤᠮ ᠤᠨ ᠨᠢᠭᠡᠨ ᠦᠵᠡᠮᠵᠢ ᠪᠤᠯᠤᠭᠠᠳ | ᠪᠠᠶᠢᠨ᠎ᠠ᠃ | ᠭᠤᠷᠪᠠᠳᠤᠭᠠᠷ ᠬᠠᠭᠠᠯᠭ᠎ᠠ ᠨᠢ ᠪᠢᠴᠢᠭᠳᠦ ᠪᠤᠯᠤᠨ ᠮᠠᠩᠬᠠᠳᠤ ᠪᠤᠯᠤᠨ᠎ᠠ᠃ ᠪᠢᠴᠢᠭᠳᠦ ᠬᠡᠳᠡᠭ ᠨᠢ ᠦᠨᠤ ᠶᠢᠨ | ᠲᠡᠷᠡᠰᠤ ᠪᠤᠯᠤᠩ ᠤᠰᠤᠨ ᠴᠦᠭᠦᠷᠤᠮ ᠤᠨ ᠬᠠᠰᠢᠯᠭ᠎ᠠ ᠶᠢᠨ ᠵᠡᠭᠦᠨ ᠲᠠᠯ᠎ᠠ ᠶᠢᠨ ᠠᠭᠤᠯᠠ ᠶᠢ ᠵᠢᠭᠠᠵᠤ ᠪᠠᠶᠢᠨ᠎ᠠ᠃ | ᠲᠡᠷᠡ ᠠᠭᠤᠯᠠ ᠶᠢᠨ ᠪᠠᠷᠠᠭᠤᠨ ᠬᠤᠶᠢᠰᠢ ᠬᠠᠨᠳᠤᠭᠰᠠᠨ ᠨᠢᠭᠤᠷ ᠬᠠᠳᠠᠨ ᠲᠡᠭᠡᠷ᠎ᠡ ᠴᠠᠭᠠᠨ ᠢᠶᠠᠷ ᠪᠢᠴᠢᠭᠰᠡᠨ ᠦᠰᠦᠭ | ᠪᠠᠶᠢᠭᠰᠠᠨ ᠶᠤᠮ᠃ ᠲᠡᠷᠡ ᠦᠰᠦᠭ ᠨᠢ ᠴᠤᠬᠤᠮ ᠶᠠᠮᠠᠷ ᠦᠨᠳᠤᠰᠤᠳᠡᠨ ᠤ ᠶᠠᠮᠠᠷ ᠦᠰᠦᠭ ᠪᠤᠯᠬᠤ᠂ ᠠᠯᠢ | ᠦᠶ᠎ᠡ ᠳᠤ ᠪᠢᠴᠢᠭᠰᠡᠨ ᠨᠢ ᠲᠤᠳᠤᠷᠬᠠᠢ ᠦᠭᠡᠢ᠂ ᠪᠢᠴᠢᠭᠳᠦ ᠭᠡᠰᠡᠨ ᠨᠡᠷᠡᠶᠢᠳᠦᠯ ᠨᠢ ᠬᠡᠵᠢᠶ᠎ᠡ ᠠᠴᠠ ᠡᠬᠢᠯᠡᠨ | ᠲᠠᠭᠤᠳᠠᠭᠰᠠᠨ ᠨᠢ ᠴᠦ ᠲᠤᠳᠤᠷᠬᠠᠢ ᠦᠭᠡᠢ᠂ ᠭᠡᠪᠡᠴᠦ ᠤᠨ ᠵᠢᠯ ᠤᠳᠠᠭᠠᠨ ᠪᠤᠯᠤᠭᠰᠠᠨ ᠢ ᠨᠢ ᠤᠶᠢᠷ᠎ᠠ ᠤᠷᠴᠢᠮ ᠤᠨ | ᠬᠦᠮᠤᠰ ᠤᠨ ᠬᠡᠯᠡᠯᠭᠡ ᠵᠤᠭᠤᠭ ᠠᠴᠠ ᠮᠡᠳᠡᠵᠤ ᠪᠤᠯᠬᠤ ᠪᠦᠭᠡᠳ ᠵᠠᠷᠢᠮ ᠮᠡᠳᠡᠯᠭᠡ ᠲᠠᠢ ᠬᠦᠮᠦᠰ ᠤᠨ ᠬᠡᠯᠡᠬᠦ ᠪᠠᠷ | ᠤᠯᠠᠮᠵᠢᠯᠠᠯᠳᠦ ᠮᠤᠩᠭᠤᠯ ᠦᠰᠦᠭ ᠬᠡᠵᠤ᠂ ᠵᠠᠷᠢᠮ ᠨᠢ ᠮᠠᠨᠵᠤ ᠦᠰᠦᠭ ᠭᠡᠵᠤ ᠴᠦ ᠬᠡᠯᠡᠳᠡᠭ᠃ ᠦᠨᠤ ᠲᠡᠷᠡᠬᠦ | ᠦᠰᠦᠭ ᠪᠠᠶᠢᠭᠰᠠᠨ ᠬᠠᠳᠠ ᠨᠢ ᠤᠰᠤᠨ ᠴᠦᠭᠦᠷᠤᠮ ᠳᠤ ᠤᠷᠤᠭᠰᠠᠨ ᠪᠠᠶᠢᠨ᠎ᠠ᠃ | ᠪᠢᠴᠢᠭᠳᠦ ᠶᠢᠨ ᠬᠠᠳᠠᠨ ᠤ ᠪᠠᠷᠠᠭᠤᠨ ᠲᠠᠯ᠎ᠠ᠂ ᠲᠠᠷᠤᠢ ᠴᠠᠭᠠᠨ ᠮᠦᠷᠡᠨ ᠭᠤᠤᠯ ᠤᠨ ᠪᠠᠷᠠᠭᠤᠨ ᠬᠦᠪᠡᠭᠡ ᠳᠤ | ᠦᠨᠤ ᠶᠢᠨ ᠤᠰᠤᠨ ᠴᠦᠭᠦᠷᠤᠮ ᠤᠨ ᠬᠠᠰᠢᠯᠭ᠎ᠠ ᠶᠢᠨ ᠪᠠᠷᠠᠭᠤᠨ ᠲᠠᠯ᠎ᠠ ᠳᠤ ᠪᠠᠶᠢᠭ᠎ᠠ ᠠᠭᠤᠯᠠ ᠶᠢ ᠮᠠᠩᠬᠠᠳᠤ ᠭᠡᠳᠡᠭ᠃ | ᠲᠡᠷᠡ ᠠᠭᠤᠯᠠ ᠶᠢ ᠠᠷᠤ ᠲᠠᠯ᠎ᠠ ᠠᠴᠠ ᠨᠢ ᠦᠵᠡᠪᠡᠯ ᠬᠠᠳᠠ ᠴᠢᠯᠠᠭᠤ ᠲᠠᠢ ᠪᠤᠯᠪᠠᠴᠤ ᠡᠩᠭᠡᠷ ᠲᠠᠯ᠎ᠠ ᠨᠢ ᠶᠡᠭᠡ | ᠮᠠᠩᠬ᠎ᠠ ᠲᠠᠢ ᠤᠴᠢᠷ ᠠᠴᠠ ᠲᠡᠷᠡ ᠠᠭᠤᠯᠠ ᠶᠢ ᠮᠠᠩᠬᠠᠳᠤ ᠭᠡᠳᠡᠭ ᠪᠦᠭᠡᠳ ᠡᠩᠭᠡᠷ ᠲᠤᠨᠢ ᠪᠠᠶᠢᠭ᠎ᠠ ᠠᠶᠢᠯ ᠢ | ᠮᠠᠩᠬᠠᠳᠤ ᠶᠢᠨ ᠡᠩᠭᠡᠷ ᠤᠨ ᠠᠶᠢᠯ ᠭᠡᠳᠡᠭ ᠪᠢᠯᠡ᠃ | ᠲᠦᠷᠪᠡᠳᠦᠭᠡᠷ ᠬᠠᠭᠠᠯᠭ᠎ᠠ ᠨᠢ ᠬᠠᠷ᠎ᠠ ᠱᠤᠷᠤᠩ ᠪᠤᠯᠤᠨ ᠭᠡᠭᠡᠨ ᠱᠤᠷᠤᠩ ᠪᠤᠯᠤᠨ᠎ᠠ᠃ ᠮᠠᠩᠬᠠᠳᠤ ᠶᠢᠨ ᠠᠶᠢᠯ ᠤᠨ | ᠡᠮᠤᠨ᠎ᠠ ᠪᠠᠶᠢᠭ᠎ᠠ ᠠᠭᠤᠯᠠ ᠶᠢᠨ ᠴᠢᠯᠠᠭᠤ ᠨᠢ ᠬᠠᠷ᠎ᠠ ᠦᠩᠭᠡᠳᠠᠢ ᠤᠴᠢᠷ ᠠᠴᠠ ᠬᠠᠷ᠎ᠠ ᠱᠤᠷᠤᠩ ᠭᠡᠵᠤ ᠨᠡᠷᠡᠯᠡᠭᠰᠡᠨ | ᠪᠠᠶᠢᠨ᠎ᠠ᠃ ᠡᠨᠡ ᠠᠭᠤᠯᠠ ᠶᠢᠨ ᠪᠠᠷᠠᠭᠤᠨ ᠲᠠᠯ᠎ᠠ ᠳᠤ ᠰᠤᠮᠤᠳᠤ ᠤᠷᠤᠢ᠂ ᠵᠡᠭᠦᠨ ᠳᠤᠨᠢ ᠪᠢᠴᠢᠬᠠᠨ ᠬᠠᠳᠠ ᠭᠡᠵᠤ | ᠪᠠᠶᠢᠳᠠᠭ᠃ ᠬᠠᠷ᠎ᠠ ᠱᠤᠷᠤᠩ ᠠᠭᠤᠯᠠ ᠶᠢ ᠠᠯᠠᠭ ᠭᠠᠷᠤᠳᠢ ᠶᠢᠨ ᠰᠢᠨᠵᠢᠯᠡᠭᠡ ᠲᠠᠢ᠂ ᠪᠠᠷᠠᠭᠤᠨ ᠲᠠᠯ᠎ᠠ ᠶᠢᠨ ᠰᠤᠮᠤᠳᠤ | ᠤᠷᠤᠢ ᠨᠢ ᠭᠠᠷᠤᠳᠢ ᠶᠢᠨ ᠪᠠᠷᠠᠭᠤᠨ ᠵᠢᠭᠦᠷ᠂ ᠵᠡᠭᠦᠨ ᠲᠠᠯ᠎ᠠ ᠶᠢᠨ ᠪᠢᠴᠢᠬᠠᠨ ᠬᠠᠳᠠ ᠨᠢ ᠭᠠᠷᠤᠳᠢ ᠶᠢᠨ ᠵᠡᠭᠦᠨ | ᠵᠢᠭᠦᠷ ᠨᠢ ᠭᠡᠨ᠎ᠠ ᠭᠡᠳᠡᠭ᠃ ᠶᠠᠭ ᠵᠢᠭᠦᠷ ᠢᠶᠠᠨ ᠲᠡᠯᠭᠡᠭᠡᠳ ᠨᠢᠰᠴᠤ ᠪᠠᠶᠢᠭ᠎ᠠ ᠭᠠᠷᠤᠳᠢ ᠶᠢᠨ ᠬᠡᠯᠪᠡᠷᠢ ᠲᠠᠢ ᠠᠭᠤᠯᠠ | ᠪᠤᠯᠤᠨ᠎ᠠ᠃ | ᠬᠠᠷ᠎ᠠ ᠱᠤᠷᠤᠩ ᠠᠭᠤᠯᠠ ᠶᠢᠨ ᠵᠡᠭᠦᠨ ᠰᠤᠭᠤ ᠪᠠᠷ ᠴᠠᠭᠠᠨ ᠮᠦᠷᠡᠨ ᠭᠤᠤᠯ ᠡᠮᠤᠨᠡᠰᠢ ᠤᠷᠤᠰᠴᠤ᠂ ᠲᠡᠭᠦᠨ ᠤ | ᠵᠡᠭᠦᠨ ᠳᠤ ᠭᠡᠭᠡᠨ ᠱᠤᠷᠤᠩ ᠠᠭᠤᠯᠠ ᠪᠠᠶᠢᠳᠠᠭ᠃ ᠭᠡᠭᠡᠨ ᠱᠤᠷᠤᠩ ᠠᠭᠤᠯᠠ ᠶᠢ ᠪᠠᠷᠠᠭᠤᠨ ᠡᠮᠤᠨᠡᠰᠢ ᠬᠠᠨᠳᠤᠭᠰᠠᠨ | ᠠᠯᠳᠠᠨ ᠭᠠᠷᠤᠳᠢ ᠶᠢᠨ ᠰᠢᠨᠵᠢᠯᠡᠭᠡ ᠲᠠᠢ ᠠᠭᠤᠯᠠ ᠭᠡᠳᠡᠭ᠃ ᠡᠨᠡ ᠠᠭᠤᠯᠠ ᠶᠢ ᠤᠤᠯ ᠳᠠᠭᠠᠨ ᠭᠠᠷᠤᠳᠢ ᠶᠢᠨ | ᠬᠡᠯᠪᠡᠷᠢ ᠲᠠᠢ ᠪᠠᠶᠢᠳᠠᠭ ᠢᠶᠠᠷ ᠨᠢ ᠭᠠᠷᠤᠳᠢ ᠠᠭᠤᠯᠠ ᠭᠡᠳᠡᠭ ᠪᠠᠶᠢᠵᠠᠢ᠃ 1667 ᠤᠨ ᠳᠤ ᠪᠠᠭᠠᠷᠢᠨ ᠤᠤᠭᠠᠨ | ᠵᠠᠰᠠᠭ ᠲᠦᠷᠤ ᠶᠢᠨ ᠵᠢᠶᠦ᠋ᠨ ᠸᠠᠩ ᠨᠠᠰᠤ ᠪᠠᠷᠠᠭᠰᠠᠨ ᠳᠤ ᠲᠡᠭᠦᠨ ᠤ ᠴᠢᠨᠳᠠᠷ ᠢ ᠭᠠᠷᠤᠳᠢ ᠠᠭᠤᠯᠠ ᠶᠢᠨ ᠪᠠᠷᠠᠭᠤᠨ | ᠡᠮᠤᠨ᠎ᠠ ᠡᠩᠭᠡᠷ ᠲᠤ ᠤᠷᠤᠰᠢᠭᠤᠯᠵᠠᠢ᠃ ᠪᠠᠭᠠᠷᠢᠨ ᠮᠤᠩᠭᠤᠯᠴᠤᠳ ᠲᠡᠭᠦᠨ ᠠᠴᠠ ᠠᠪᠤᠭᠠᠳ ᠸᠠᠩ ᠤᠨ ᠴᠢᠨᠳᠠᠷ ᠢ | ᠤᠷᠤᠰᠢᠭᠤᠯᠤᠭᠰᠠᠨ ᠤᠩᠭᠤᠨ ᠪᠤᠯᠠᠰᠢ ᠶᠢ ᠸᠠᠩ ᠤᠨ ᠭᠡᠭᠡᠨ ᠢᠵᠠᠭᠤᠷ ᠭᠡᠵᠤ ᠬᠦᠨᠳᠦᠳᠬᠡᠨ ᠬᠡᠯᠡᠳᠡᠭ ᠪᠤᠯᠬᠤᠷ | ᠤᠤᠯ ᠤᠨ ᠭᠠᠷᠤᠳᠢ ᠨᠡᠷᠡᠳᠤ ᠠᠭᠤᠯᠠ ᠶᠢ ᠭᠡᠭᠡᠨ ᠱᠤᠷᠤᠩ ᠭᠡᠵᠤ ᠨᠡᠷᠡᠯᠡᠬᠦ ᠪᠤᠯᠵᠠᠢ᠃ | 1700 ᠤᠨ ᠳᠤ ᠰᠧᠪᠳᠠᠨ ᠸᠠᠩ ᠤᠨ ᠬᠠᠳᠤᠨ ᠰᠡᠴᠡᠨ ᠲᠡᠭᠡᠳᠤ ᠭᠦᠷᠦᠨ ᠭᠦᠩᠵᠤ ᠪᠡᠭᠡᠵᠢᠩ ᠳᠤ ᠨᠠᠰᠤ | ᠪᠠᠷᠠᠭᠰᠠᠨ ᠳᠤ ᠲᠡᠭᠦᠨ ᠤ ᠭᠡᠷᠢᠶᠡᠰ ᠢ ᠦᠨᠳᠦᠰᠤᠯᠡᠨ᠂ ᠴᠢᠨᠳᠠᠷ ᠢ ᠨᠢ ᠪᠠᠭᠠᠷᠢᠨ ᠳᠤ ᠠᠪᠴᠢᠷᠠᠵᠤ ᠪᠠᠶᠠᠨᠬᠠᠨ | ᠠᠭᠤᠯᠠ ᠶᠢᠨ ᠡᠩᠭᠡᠷ ᠲᠠᠬᠢ ᠰᠠᠶᠢᠨᠪᠤᠯᠠᠭ ᠤᠨ ᠡᠩᠭᠡᠷ ᠲᠤ ᠤᠷᠤᠰᠢᠭᠤᠯᠵᠠᠢ᠃ ᠰᠡᠭᠦᠯᠠᠷ ᠨᠢ ᠲᠠᠮᠡᠢ ᠤᠳᠠᠭᠰᠠᠨ | ᠦᠭᠡᠢ ᠭᠦᠷᠤᠨ ᠭᠦᠩᠵᠤ ᠶᠢᠨ ᠴᠢᠨᠳᠠᠷ ᠢ ᠰᠠᠶᠢᠨᠪᠤᠯᠠᠭ ᠠᠴᠠ ᠰᠢᠯᠵᠢᠭᠦᠯᠤᠨ ᠰᠧᠪᠳᠠᠨ ᠸᠠᠩ ᠤᠨ ᠤᠩᠭᠤᠨ ᠤ | ᠲᠡᠷᠭᠡᠳᠡ ᠤᠷᠤᠰᠢᠭᠤᠯᠵᠠᠢ᠃ ᠭᠦᠷᠦᠨ ᠭᠦᠩᠵᠤ ᠶᠢᠨ ᠤᠩᠭᠤᠨ ᠲᠠᠬᠢᠯᠭ᠎ᠠ ᠶᠢ ᠬᠠᠮᠢᠶᠠᠷᠤᠭᠤᠯᠬᠤ ᠪᠠᠷ ᠪᠤᠷᠵᠢᠬᠢᠨ | ᠤᠪᠤᠭᠳᠠᠨ ᠪᠠ ᠭᠦᠷᠤᠨ ᠭᠦᠩᠵᠤ ᠶᠢ ᠲᠠᠭᠠᠵᠤ ᠢᠷᠡᠭᠰᠡᠨ ᠢᠨᠵᠢ ᠮᠠᠨᠵᠤ ᠶᠢᠨ ᠲᠤᠳᠤᠷ᠎ᠠ ᠠᠴᠠ ᠵᠤᠤ ᠶᠢᠨ ᠠᠶᠢᠮᠠᠭ | ᠵᠡᠷᠭᠡ ᠨᠡᠶᠢᠳᠡ ᠭᠤᠴᠢᠨ ᠡᠷᠤᠬᠡ ᠶᠢ ᠰᠢᠯᠵᠢᠭᠦᠯᠤᠨ ᠠᠪᠴᠢᠷᠠᠵᠤ ᠤᠩᠭᠤᠨ ᠤ ᠲᠡᠷᠭᠡᠳᠡ ᠰᠠᠭᠤᠯᠭᠠᠵᠠᠢ᠃ | ᠰᠡᠭᠦᠯᠡᠷ ᠨᠢ ᠭᠦᠷᠤᠨ ᠭᠦᠩᠵᠤ ᠶᠢᠨ ᠴᠢᠨᠳᠠᠷ ᠢ ᠭᠡᠭᠡᠨ ᠱᠤᠷᠤᠩ ᠠᠴᠠ ᠬᠤᠶᠢᠰᠢ ᠰᠢᠯᠵᠢᠭᠦᠯᠤᠨ ᠴᠠᠭᠠᠨ ᠮᠦᠷᠡᠨ ᠤ | ᠬᠦᠪᠡᠭᠡᠨ ᠳᠠᠬᠢ ᠪᠠᠶᠠᠨᠬᠤᠰᠢᠭᠤ ᠳᠤ ᠰᠢᠯᠵᠢᠭᠦᠯᠤᠨ ᠤᠷᠤᠰᠢᠭᠤᠯᠤᠭᠰᠠᠨ ᠪᠦᠭᠡᠳ ᠭᠡᠭᠡᠨ ᠱᠤᠷᠤᠩ ᠠᠭᠤᠯᠠ ᠶᠢ | ᠠᠯᠳᠠᠨ ᠭᠠᠷᠤᠳᠢ ᠶᠢᠨ ᠰᠢᠨᠵᠢᠯᠡᠭᠡ ᠲᠠᠢ ᠴᠢᠩ ᠤᠯᠤᠰ ᠤᠨ ᠵᠠᠰᠠᠭ ᠲᠤ ᠮᠠᠭᠤ ᠢᠷᠸ᠎ᠠ ᠪᠤᠯᠤᠨ᠎ᠠ ᠬᠡᠮᠡᠨ ᠴᠢᠩ ᠤᠨ | ᠲᠦᠷᠤ ᠠᠴᠠ ᠵᠠᠷᠯᠢᠭ ᠪᠠᠭᠤᠯᠭᠠᠨ ᠵᠢᠭᠦᠷ ᠢ ᠨᠢ ᠴᠠᠪᠴᠢᠨ ᠬᠠᠶᠠᠬᠤ ᠬᠡᠵᠤ ᠠᠭᠤᠯᠠ ᠶᠢᠨ ᠪᠠᠷᠠᠭᠤᠨ ᠬᠢᠷ᠎ᠠ ᠶᠢᠨ | ᠴᠠᠭᠠᠨ ᠬᠠᠳᠠ ᠶᠢ ᠴᠠᠪᠴᠢᠨ ᠨᠤᠷᠠᠭᠠᠨ ᠬᠠᠶᠠᠵᠠᠢ᠃ ᠲᠡᠷᠡᠭᠦ ᠴᠠᠪᠴᠢᠭᠰᠠᠨ ᠤᠷᠤ ᠮᠦᠷ ᠨᠢ ᠡᠳᠤᠭᠡ ᠳᠤ ᠬᠦᠷᠳᠡᠯ᠎ᠠ | ᠪᠠᠶᠢᠭᠰᠠᠭᠠᠷ ᠪᠢᠯᠡ᠃ | ᠲᠠᠪᠤᠳᠤᠭᠠᠷ ᠬᠠᠭᠠᠯᠭ᠎ᠠ ᠨᠢ ᠲᠠᠷᠬᠠᠨ ᠪᠤᠯᠤᠨ ᠮᠦᠷᠭᠦᠴᠡᠭ ᠪᠤᠯᠤᠨ᠎ᠠ᠃ ᠲᠠᠷᠬᠠᠨ ᠠᠭᠤᠯᠠ ᠪᠤᠯ ᠲᠡᠭᠡᠷ᠎ᠡ | ᠶᠠᠷᠢᠭᠰᠠᠨ ᠬᠠᠷ᠎ᠠ ᠱᠤᠷᠤᠩ ᠠᠭᠤᠯᠠ ᠶᠢᠨ ᠡᠮᠦᠨ᠎ᠡ ᠴᠠᠭᠠᠨ ᠮᠦᠷᠡᠨ ᠭᠤᠤᠯ ᠤᠨ ᠪᠠᠷᠠᠭᠤᠨ ᠬᠦᠪᠡᠭᠡᠨ᠎ᠡ ᠪᠠᠶᠢᠳᠠᠭ᠂ | ᠵᠡᠭᠦᠨ ᠡᠮᠦᠨ᠎ᠡ ᠲᠠᠯ᠎ᠠ ᠨᠢ ᠪᠠᠶᠠᠨᠬᠠᠨ ᠬᠠᠶᠢᠷᠬᠠᠨ ᠤ ᠵᠡᠭᠦᠨ ᠬᠤᠷᠮᠤᠢ ᠬᠡᠵᠤ ᠬᠡᠯᠡᠵᠤ ᠪᠤᠯᠬᠤ ᠶᠤᠮ᠃ ᠲᠡᠭᠦᠨ ᠤ | ᠡᠰᠡᠷᠭᠦ ᠲᠠᠯ᠎ᠠ ᠴᠠᠭᠠᠨ ᠮᠦᠷᠡᠨ ᠭᠤᠤᠯ ᠤᠨ ᠵᠡᠭᠦᠨᠠ ᠮᠦᠷᠭᠦᠴᠡᠭ ᠬᠡᠵᠤ ᠬᠤᠶᠠᠷ ᠬᠠᠳᠠ ᠪᠠᠶᠢᠳᠠᠭ᠃ ᠦᠭᠡᠳᠡ | ᠦᠭᠡᠳᠡ ᠠᠴᠠ ᠬᠠᠷᠠᠭᠰᠠᠨ ᠬᠤᠶᠠᠷ ᠪᠢᠴᠢᠬᠠᠨ ᠠᠭᠤᠯᠠ ᠲᠤᠯᠠ ᠲᠡᠭᠦᠨ ᠢ ᠮᠦᠷᠭᠦᠴᠡᠭ ᠭᠡᠳᠡᠭ᠃ | ᠵᠢᠷᠭᠤᠳᠤᠭᠠᠷ ᠬᠠᠭᠠᠯᠭ᠎ᠠ ᠨᠢ ᠤᠨᠢᠳᠤ ᠱᠤᠷᠤᠩ ᠪᠤᠯᠤᠨ ᠪᠠᠶᠠᠨᠬᠤᠰᠢᠭᠤ ᠪᠤᠯᠤᠨ᠎ᠠ᠃ ᠤᠨᠢᠳᠤ ᠱᠤᠷᠤᠩ ᠬᠡᠵᠤ | ᠪᠠᠶᠠᠨᠬᠠᠨ ᠬᠠᠶᠢᠷᠬᠠᠨ ᠤ ᠡᠮᠦᠨ᠎ᠡ ᠡᠩᠭᠡᠷ ᠴᠠᠭᠠᠨ ᠮᠦᠷᠡᠨ ᠭᠤᠤᠯ ᠤᠨ ᠪᠠᠷᠠᠭᠤᠨ ᠳᠤ ᠪᠠᠶᠢᠳᠠᠭ ᠪᠦᠭᠡᠳ ᠲᠡᠭᠦᠨ ᠤ | ᠤᠷᠤᠢ ᠨᠢ ᠬᠤᠶᠠᠷ ᠱᠤᠪᠬᠤ ᠬᠠᠳᠠ ᠪᠠᠶᠢᠳᠠᠭ ᠠᠴᠠ ᠤᠨᠢᠳᠤ ᠱᠤᠷᠤᠩ ᠭᠡᠳᠡᠭ᠃ ᠦᠩᠭᠡᠷᠡᠭᠰᠡᠨ ᠳᠤ ᠲᠡᠷᠡ | ᠠᠭᠤᠯᠠ ᠶᠢᠨ ᠡᠩᠭᠡᠷ ᠨᠢ ᠴᠠᠭᠠᠨ ᠮᠦᠷᠡᠨ ᠭᠤᠤᠯ ᠤᠨ ᠰᠠᠪᠠ ᠭᠠᠵᠠᠷ ᠲᠤᠯᠠ ᠪᠡᠯᠴᠢᠭᠡᠷ ᠬᠠᠳᠤᠯᠠᠩ ᠰᠠᠶᠢᠨ | ᠤᠷᠭᠤᠳᠠᠭ ᠠᠴᠠ ᠤᠢᠢᠷ᠎ᠠ ᠤᠷᠴᠢᠮ ᠤᠨ ᠮᠠᠯᠴᠢᠳ ᠤᠨ ᠪᠡᠯᠴᠢᠭᠡᠷ ᠬᠠᠳᠤᠯᠠᠩ ᠢ ᠬᠠᠩᠭᠠᠬᠤ ᠪᠠᠷ ᠪᠠᠷᠠᠬᠤ ᠦᠭᠡᠢ | ᠠᠭᠤᠢ ᠶᠢᠨ ᠰᠦᠮ᠎ᠡ ᠶᠢᠨ ᠬᠡᠳᠤᠨ ᠰᠠᠩ ᠤᠨ ᠮᠠᠯ ᠰᠦᠷᠦᠭ ᠤᠨ ᠪᠡᠯᠴᠢᠭᠡᠷ ᠬᠠᠳᠤᠯᠠᠩ ᠪᠠᠶᠢᠵᠠᠢ᠃ ᠪᠠᠶᠠᠨᠬᠤᠰᠢᠭᠤ | ᠬᠡᠵᠤ ᠴᠠᠭᠠᠨ ᠮᠦᠷᠡᠨ ᠭᠤᠤᠯ ᠤᠨ ᠵᠡᠭᠦᠨ ᠬᠦᠪᠡᠭᠡᠨ ᠳᠤ᠂ ᠲᠤᠯᠭ᠎ᠠ ᠠᠭᠤᠯᠠ ᠶᠢᠨ ᠠᠷᠤ ᠶᠢᠨ ᠬᠠᠳᠠᠨ ᠤ ᠬᠤᠶᠢᠰᠢ | ᠬᠠᠨᠳᠤᠭᠰᠠᠨ ᠤᠯᠠᠭᠠᠨ ᠨᠢᠭᠤᠷ ᠬᠠᠳᠠ ᠶᠢ ᠪᠠᠶᠠᠨᠬᠤᠰᠢᠭᠤ ᠭᠡᠳᠡᠭ᠃ ᠪᠠᠶᠠᠨᠬᠤᠰᠢᠭᠤ ᠠᠭᠤᠯᠠᠨ ᠳᠤ ᠠᠭᠤᠢ ᠶᠢᠨ | ᠰᠦᠮ᠎ᠡ ᠶᠢᠨ ᠠᠩᠬᠠᠳᠤᠭᠠᠷ ᠭᠡᠭᠡᠨ ᠭᠧᠯᠢᠭᠵᠡᠯᠰᠠᠨ ᠰᠠᠶᠢᠨ ᠴᠤᠭᠳᠤ ᠶᠢᠨ ᠠᠩᠬ᠎ᠠ ᠤᠳᠠᠭ᠎ᠠ ᠳᠠᠭᠠᠨ ᠳᠤ ᠰᠠᠭᠤᠭᠰᠠᠨ | ᠠᠭᠤᠢ ᠪᠤᠢ᠃ ᠲᠡᠷᠡ ᠠᠭᠤᠢ ᠶᠢ ᠵᠠᠷᠢᠮ ᠨᠢ ᠯᠠᠮᠠ ᠶᠢᠨ ᠠᠭᠤᠢ᠂ ᠵᠠᠷᠢᠮ ᠨᠢ ᠤᠷᠳᠤ ᠨᠠᠰᠤᠳᠤ ᠠᠭᠤᠢ ᠭᠡᠳᠡᠭ᠃ | ᠪᠠᠶᠠᠨᠬᠤᠰᠢᠭᠤ ᠨᠢ ᠶᠠᠭ ᠰᠠᠶᠢᠬᠠᠨ ᠤᠨᠢᠳᠤ ᠱᠤᠷᠤᠩ ᠲᠠᠢ ᠠᠰᠯᠠᠵᠤ ᠪᠠᠶᠢᠳᠠᠭ᠃ | ᠲᠤᠯᠤᠳᠤᠭᠠᠷ ᠬᠠᠭᠠᠯᠭ᠎ᠠ ᠨᠢ ᠲᠤᠯᠭ᠎ᠠ ᠠᠭᠤᠯᠠ ᠪᠠ ᠴᠤᠭ ᠦᠨᠳᠤᠷ ᠪᠤᠯᠤᠨ᠎ᠠ᠃ ᠲᠤᠯᠭ᠎ᠠ ᠠᠭᠤᠯᠠ ᠪᠤᠯ | ᠴᠠᠭᠠᠨ ᠮᠦᠷᠡᠨ ᠤ ᠵᠡᠭᠦᠨ ᠬᠦᠪᠡᠭᠡᠨ ᠳᠤ ᠪᠠᠶᠢᠳᠠᠭ᠂ ᠲᠤᠯᠭ᠎ᠠ ᠶᠢᠨ ᠭᠤᠷᠪᠠᠨ ᠤᠴᠤᠭ ᠰᠢᠭ᠋ ᠠᠭᠤᠯᠠ ᠶᠢ ᠬᠡᠯᠡᠨ᠎ᠠ᠃ | ᠬᠡᠰᠡᠷ ᠪᠠᠭᠠᠳᠤᠷ ᠲᠤᠯᠭ᠎ᠠ ᠠᠭᠤᠯᠠᠨ ᠲᠡᠭᠡᠷ᠎ᠡ ᠨᠠᠷᠡᠠ ᠰᠠᠷᠠᠨ ᠲᠤᠭᠤᠭ᠎ᠠ ᠪᠠᠨ ᠲᠠᠯᠪᠢᠭᠠᠳ ᠴᠡᠷᠢᠭ ᠮᠤᠷᠢ ᠲᠠᠢ ᠪᠠᠨ | ᠲᠤᠭᠤᠭᠠᠯᠠᠭᠠᠳ ᠭᠠᠷᠤᠭᠰᠠᠨ ᠭᠡᠬᠦ ᠲᠤᠮᠤᠭ ᠲᠠᠢ ᠪᠠᠶᠢᠳᠠᠭ᠃ ᠲᠤᠯᠭ᠎ᠠ ᠠᠭᠤᠯᠠ ᠶᠢ ᠪᠠᠰᠠ ᠪᠠᠶᠠᠨᠬᠠᠨ ᠬᠠᠶᠢᠷᠬᠠᠨ ᠤ | ᠲᠤᠯᠭ᠎ᠠ ᠠᠭᠤᠯᠠ ᠭᠡᠳᠡᠭ ᠪᠦᠭᠡᠳ ᠡᠷᠳᠡᠨ ᠤ ᠲᠤᠮᠤᠭ ᠶᠠᠷᠢᠶᠠᠨ ᠳᠤ ᠪᠠᠶᠠᠨᠬᠠᠨ ᠬᠠᠶᠢᠷᠬᠠᠨ ᠪᠤᠯᠤᠨ ᠲᠤᠯᠭ᠎ᠠ | ᠠᠭᠤᠯᠠ ᠶᠡᠷᠦᠨᠢ ᠨᠢᠭᠡᠨ ᠨᠢᠭᠡᠨ ᠠᠴᠠ ᠪᠠᠨ ᠰᠠᠯᠳᠠᠭ ᠦᠭᠡᠢ ᠢᠷᠦᠭᠡᠯ ᠲᠠᠢ ᠬᠤᠶᠠᠷ ᠠᠭᠤᠯᠠ ᠪᠢᠯᠡ᠃ ᠪᠦᠬᠦ | ᠤᠯᠤᠰ ᠤᠨ ᠰᠤᠷ ᠬᠠᠷᠪᠤᠯᠳᠠ ᠶᠢᠨ ᠲᠠᠮᠳᠡᠭᠯᠡᠯ ᠢ ᠡᠭᠦᠳᠦᠭᠰᠡᠨ ᠨᠤᠮᠤᠨᠷᠠᠰᠢ ᠪᠤᠯ ᠲᠤᠯᠭ᠎ᠠ ᠶᠢᠨ ᠠᠶᠢᠯ ᠤᠨ ᠬᠦᠮᠦᠨ | ᠶᠤᠮ᠃ ᠴᠤᠭ ᠦᠨᠳᠤᠷ ᠠᠭᠤᠯᠠ ᠪᠤᠯ ᠴᠠᠭᠠᠨ ᠮᠦᠷᠡᠨ ᠭᠤᠤᠯ ᠤᠨ ᠪᠠᠷᠠᠭᠤᠨ᠎ᠠ ᠨᠠᠷᠠᠰᠤᠳᠠᠢ ᠠᠶᠢᠯ ᠤᠨ | ᠪᠠᠷᠠᠭᠤᠨ ᠳᠤ ᠪᠠᠶᠢᠬᠤ ᠠᠭᠤᠯᠠ ᠶᠢ ᠭᠡᠯᠡᠵᠤ ᠪᠠᠶᠢᠨ᠎ᠠ᠃ | ᠨᠠᠢᠮᠠᠳᠤᠭᠠᠷ ᠬᠠᠭᠠᠯᠭ᠎ᠠ ᠪᠤᠯ ᠪᠠᠷᠠᠭᠤᠨ ᠪᠢᠯᠡᠭᠦᠳᠠᠢ ᠪᠤᠯᠤᠨ ᠵᠡᠭᠦᠨ ᠪᠢᠯᠡᠭᠦᠳᠠᠢ ᠪᠤᠯᠤᠨ᠎ᠠ᠃ ᠰᠤᠶᠤᠯ ᠢ | ᠲᠡᠯᠭᠡᠷᠡᠭᠦᠯᠦᠭᠴᠢ ᠰᠦᠮ᠎ᠡ ︵ᠠᠭᠤᠢ ᠶᠢᠨ ᠰᠦᠮ᠎ᠡ︶ ᠶᠢᠨ ᠠᠰ ᠡᠮᠦᠨ᠎ᠡ ᠴᠠᠭᠠᠨ ᠮᠦᠷᠡᠨ ᠭᠤᠤᠯ ᠤᠨ ᠵᠡᠭᠦᠨ | ᠪᠠᠷᠠᠭᠤᠨ ᠬᠤᠶᠠᠷ ᠲᠠᠯ᠎ᠠ ᠳᠤ ᠪᠠᠶᠢᠭ᠎ᠠ ᠦᠭᠡᠳᠡ ᠦᠭᠡᠳᠡ ᠠᠴᠠ ᠪᠠᠨ ᠬᠠᠨᠳᠤᠭᠰᠠᠨ ᠬᠤᠶᠠᠷ ᠬᠠᠳᠠ ᠪᠤᠯᠤᠨ᠎ᠠ᠃ | ᠭᠤᠤᠯ ᠤᠨ ᠪᠠᠷᠠᠭᠤᠨ ᠲᠠᠯ᠎ᠠ ᠳᠤ ᠪᠠᠶᠢᠭ᠎ᠠ ᠨᠢ ᠪᠠᠷᠠᠭᠤᠨ ᠪᠢᠯᠡᠭᠦᠳᠠᠢ᠂ ᠭᠤᠤᠯ ᠤᠨ ᠵᠡᠭᠦᠨ ᠲᠠᠯ᠎ᠠ ᠳᠤ ᠪᠠᠶᠢᠭ᠎ᠠ ᠶᠢ ᠨᠢ | ᠵᠡᠭᠦᠨ ᠪᠢᠯᠡᠭᠦᠳᠠᠢ ᠭᠡᠳᠡᠭ ᠪᠦᠭᠡᠳ ᠠᠳᠡᠬᠢ ᠬᠠᠳᠠᠨ ᠠᠴᠠ ᠪᠢᠯᠡᠭᠦᠦ ᠭᠠᠷᠳᠠᠭ ᠲᠤᠯᠠ ᠪᠢᠯᠡᠭᠦᠳᠠᠢ ᠭᠡᠳᠡᠭ ᠨᠡᠷᠡᠶᠢᠳᠤᠯ | ᠤᠯᠵᠠᠢ᠃ ᠵᠡᠭᠦᠨ ᠪᠢᠯᠡᠭᠦᠳᠠᠢ ᠶᠢᠨ ᠡᠩᠭᠡᠷ ᠤᠨ ᠠᠶᠢᠯ ᠢ ᠤᠯᠢᠶᠠᠰᠤᠳᠠᠢ ᠬᠡᠳᠡᠭ᠂ ᠪᠦᠭᠦ ᠤᠯᠤᠰ ᠤᠨ ᠰᠤᠷ | ᠬᠠᠷᠪᠤᠯᠳᠠ ᠶᠢᠨ ᠲᠡᠮᠳᠡᠭᠯᠡᠯ ᠢ ᠡᠭᠦᠳᠦᠭᠰᠡᠨ ᠪᠠᠰᠠ ᠨᠢᠭᠡᠨ ᠨᠡᠷᠡᠳᠤ ᠰᠤᠷᠴᠢᠨ ᠪᠦᠭᠡᠸ᠋ᠴᠢᠷ ᠤᠨ ᠨᠤᠳᠤᠭ ᠪᠤᠯᠤᠨ᠎ᠠ᠃ | ᠶᠢᠰᠤᠳᠤᠭᠡᠷ ᠬᠠᠭᠠᠯᠭ᠎ᠠ ᠪᠤᠯ ᠵᠠᠭᠠᠨ᠎ᠠ ᠶᠢᠨ ᠬᠤᠰᠢᠭᠤ ᠪᠤᠯᠤᠨ ᠬᠠᠳᠠᠳᠤ ᠪᠤᠯᠤᠨ᠎ᠠ᠃ ᠵᠠᠭᠠᠨ᠎ᠠ ᠶᠢᠨ ᠬᠤᠰᠢᠭᠤ ᠪᠤᠯ | ᠴᠠᠭᠠᠨ ᠮᠦᠷᠡᠨ ᠪᠤᠯᠤᠨ ᠰᠢᠷ᠎ᠠ ᠮᠦᠷᠡᠨ ᠤ ᠠᠭᠤᠯᠵᠠᠷ ᠲᠤ ᠪᠠᠶᠢᠭ᠎ᠠ ᠬᠠᠳᠠ ᠴᠢᠯᠠᠭᠤ ᠲᠠᠢ ᠬᠤᠰᠢᠭᠤ ᠪᠤᠯᠤᠨ᠎ᠠ᠃ | ᠲᠡᠷᠡᠭᠦ ᠬᠤᠰᠢᠭᠤ ᠶᠢᠨ ᠲᠡᠭᠡᠷ᠎ᠡ ᠨᠤᠶᠠᠳ ᠤᠨ ᠤᠪᠤᠭ᠎ᠠ ᠬᠡᠵᠤ ᠠᠷᠪᠠᠨ ᠭᠤᠷᠪᠠᠨ ᠤᠪᠤᠭ᠎ᠠ ᠪᠠᠶᠢᠳᠠᠭ ᠪᠦᠭᠡᠳ | ᠦᠩᠭᠡᠷᠡᠭᠰᠡᠨ ᠳᠡᠭᠡᠨ ᠲᠡᠷᠡ ᠤᠷᠴᠢᠮ ᠤᠨ ᠪᠠᠭᠠᠷᠢᠨ ᠤᠩᠨᠢᠭᠤᠳ ᠤᠨ ᠠᠷᠠᠳ ᠤᠪᠤᠭ᠎ᠠ ᠶᠢ ᠨᠢ ᠲᠠᠬᠢᠳᠠᠭ ᠪᠠᠶᠢᠭᠰᠠᠨ | ᠭᠡᠨ᠎ᠠ᠃ ᠪᠠᠰᠠ ᠵᠠᠷᠢᠮ ᠨᠢ ᠲᠡᠷᠡ ᠬᠤᠰᠢᠭᠤ ᠶᠢ ᠵᠠᠭᠠᠭ ᠤᠨ ᠬᠤᠰᠢᠭᠤ ᠭᠡᠳᠡᠭ ᠪᠢᠯᠡ᠃ ᠲᠡᠷᠡᠬᠦ ᠬᠤᠰᠢᠭᠤ ᠶᠢᠨ | ᠵᠡᠭᠦᠨ ᠲᠠᠯ᠎ᠠ ᠲᠠᠷᠤᠢ ᠴᠠᠭᠠᠨ ᠮᠦᠷᠡᠨ ᠭᠤᠤᠯ ᠤᠨ ᠵᠡᠭᠦᠨ ᠲᠠᠯ᠎ᠠ ᠳᠤ ᠬᠠᠳᠠᠳᠤ ᠭᠡᠳᠡᠭ ᠠᠭᠤᠯᠠ ᠪᠤᠢ᠃ ᠴᠠᠭᠠᠨ | ᠨᠠᠭᠤᠷ ᠪᠠᠯᠭᠠᠰᠤᠨ ᠤ ᠶᠡᠭᠡ ᠲᠡᠷᠡᠰᠤ ᠭᠠᠴᠠᠭ᠎ᠠ ᠶᠢᠨ ᠬᠠᠳᠠ ᠠᠶᠢᠯ ᠪᠤᠯ ᠶᠠᠭ ᠬᠠᠳᠠᠳᠤ ᠶᠢᠨ ᠬᠤᠶᠢᠨ᠎ᠠ ᠪᠠᠶᠢᠷᠢᠰᠢᠳᠠᠭ | ᠪᠢᠯᠡ᠃ ᠡᠨᠡ ᠬᠠᠳᠠᠳᠤ ᠳᠤ ᠠᠯᠳᠠᠨ ᠠᠭᠤᠷᠬᠠᠢ ᠪᠠᠶᠢᠨ᠎ᠠ ᠭᠡᠵᠤ ᠬᠡᠯᠡᠯᠴᠡᠳᠡᠭ᠃ | ︽ᠦᠩᠭᠡᠷᠡᠭᠰᠡᠨ ᠤ ᠬᠢ ᠶᠢ ᠤᠳᠤ ᠳᠤ ᠦᠢᠯᠡᠴᠢᠯᠡᠭᠦᠯᠭᠦ︾ ᠭᠡᠳᠡᠭ ᠨᠢᠭᠡᠨ ᠪᠠᠳᠠᠭ ᠰᠡᠴᠡᠨ ᠦᠭᠡ ᠪᠠᠶᠢᠳᠠᠭ᠃ | ᠪᠠᠭᠠᠷᠢᠨ ᠳᠤ ᠪᠠᠶᠢᠭ᠎ᠠ ᠡᠩᠬᠡ ᠠᠮᠤᠭᠤᠯᠠᠩ ᠤᠨ ᠠᠶᠠᠯᠠᠯ ᠤᠨ ᠤᠷᠳᠤᠨ ᠨᠢ ᠬᠡᠳᠦ᠋ᠢᠪᠡᠷ ᠬᠡᠳᠤᠨ ᠵᠠᠭᠤᠨ ᠵᠢᠯ ᠤᠨ | ᠲᠡᠤᠬᠡ ᠲᠠᠢ ᠲᠡᠤᠬᠡᠨ ᠪᠠᠷᠢᠯᠭ᠎ᠠ ᠪᠤᠯᠤᠭᠰᠠᠨ ᠴᠦ ᠰᠡᠭᠦᠯ ᠤᠨ ᠬᠦᠮᠦᠰ ᠤᠨ ᠰᠡᠯᠪᠢᠨ ᠵᠠᠰᠠᠬᠤ ᠪᠠ ᠬᠠᠮᠠᠭᠠᠯᠠᠯᠳᠠ ᠶᠢᠨ | ᠰᠠᠶᠢᠨ ᠢᠶᠠᠷ ᠤᠳᠤ ᠳᠤ ᠲᠤᠯᠲᠠᠯ᠎ᠠ ᠤᠯᠠᠩᠬᠢ ᠪᠠᠷᠢᠯᠭ᠎ᠠ ᠶᠢ ᠨᠢ ᠠᠰᠢᠭᠯᠠᠭᠰᠠᠭᠠᠷ ᠪᠠᠶᠢᠨ᠎ᠠ᠃ ᠴᠢᠯᠤᠭᠡᠯᠡᠭᠳᠡᠭᠰᠡᠨ ᠲᠡᠷᠡ | ᠲᠠᠷᠤᠢ ᠳᠤ ᠠᠵᠤ ᠠᠬᠤᠢ ᠶᠢᠨ ᠰᠠᠭᠤᠷᠢ ᠨᠢᠮᠭᠡᠨ᠂ ᠠᠯᠪᠠᠨ ᠪᠠᠶᠢᠭᠤᠯᠤᠯᠭ᠎ᠠ ᠶᠢᠨ ᠭᠡᠷ ᠬᠦᠷᠢᠶ᠎ᠡ ᠪᠠᠶᠢᠭᠤᠯᠬᠤ ᠳᠤ | ᠬᠦᠴᠢᠷ ᠲᠠᠢ ᠪᠠᠶᠢᠭᠰᠠᠨ ᠴᠠᠭ ᠲᠤ ᠡᠩᠬᠡ ᠠᠮᠤᠭᠤᠯᠠᠩ ᠤᠨ ᠠᠶᠠᠯᠠᠯ ᠤᠨ ᠤᠷᠳᠤᠨ ᠪᠤᠯᠤᠨ ᠪᠠᠭᠠᠷᠢᠨ ᠸᠠᠩ ᠤᠨ | ᠤᠷᠳᠤᠨ ᠪᠤᠯ ᠪᠠᠶᠢᠭᠤᠯᠤᠯᠭ᠎ᠠ ᠠᠵᠢᠯᠯᠠᠬᠤ ᠳᠤ ᠲᠤᠬᠢᠷᠠᠮᠵᠢᠳᠠᠢ ᠤᠷᠳᠤᠨ ᠪᠠᠶᠢᠭᠰᠠᠨ᠃ ᠤᠨ ᠵᠢᠯ ᠤᠯᠠᠷᠢᠨ ᠠᠵᠤ | ᠠᠬᠤᠢ ᠶᠡᠭᠡᠪᠠᠷ ᠬᠦᠭᠵᠢᠭᠰᠡᠨ ᠠᠴᠠ ᠡᠩᠬᠡ ᠠᠮᠤᠭᠤᠯᠠᠩ ᠤᠨ ᠠᠶᠠᠯᠠᠯ ᠤᠨ ᠤᠷᠳᠤᠨ ᠳᠤ ᠠᠵᠢᠯᠯᠠᠵᠤ ᠪᠠᠶᠢᠭᠰᠠᠨ | ᠠᠯᠪᠠᠨ ᠪᠠᠶᠢᠭᠤᠯᠤᠯᠭ᠎ᠠ ᠨᠤᠭᠤᠳ ᠢᠳᠡᠭ ᠢᠳᠡᠭ ᠢᠶᠠᠷ ᠰᠢᠨ᠎ᠡ ᠪᠠᠷᠢᠯᠭ᠎ᠠ ᠠᠰᠠᠷ ᠲᠠᠭᠳᠤ ᠳᠤ ᠨᠡᠭᠦᠭᠡᠳ ᠡᠩᠬᠡ | ᠠᠮᠤᠭᠤᠯᠠᠩ ᠤᠨ ᠠᠶᠠᠯᠠᠯ ᠤᠨ ᠤᠷᠳᠤᠨ ᠪᠤᠯᠤᠨ ᠪᠠᠭᠠᠷᠢᠨ ᠸᠠᠩ ᠤᠨ ᠤᠷᠳᠤᠨ ᠨᠢ ᠳᠡᠤᠭᠡᠳᠤ ᠲᠤᠷᠠᠰᠬᠠᠯ ᠤᠨ | ᠤᠷᠤᠨ ᠪᠤᠯᠤᠨ ᠦᠯᠡᠳᠡᠵᠠᠢ᠃ | ᠪᠠᠭᠠᠷᠢᠨ ᠮᠤᠩᠭᠤᠯᠴᠤᠳ ᠤᠨ ᠬᠡᠳᠤᠨ ᠵᠠᠭᠤᠨ ᠵᠢᠯ ᠤᠨ ᠮᠠᠯᠵᠢᠬᠤ ᠠᠮᠢᠳᠤᠷᠠᠯ ᠪᠤᠯᠤᠨ ᠵᠠᠩ ᠠᠭᠠᠯᠢ ᠨᠢ | ᠪᠤᠰᠤᠳ ᠭᠠᠵᠠᠷ ᠤᠨ ᠮᠤᠩᠭᠤᠯᠴᠤᠳ ᠲᠠᠢ ᠠᠳᠠᠯᠢᠬᠠᠨ ᠮᠤᠩᠭᠤᠯ ᠦᠨᠳᠦᠰᠤᠳᠡᠡ ᠤ ᠬᠡᠪ ᠵᠠᠩᠰᠢᠯ ᠲᠠᠢ ᠪᠠᠶᠢᠳᠠᠭ ᠪᠠ | ᠲᠡᠭᠦᠨ ᠳᠤ ᠪᠠᠰᠠ ᠦᠪᠡᠷ ᠤᠨ ᠬᠢᠨᠢ ᠵᠠᠷᠢᠮ ᠲᠠᠯ᠎ᠠ ᠶᠢᠨ ᠤᠨᠴᠠᠯᠢᠭ ᠪᠠᠶᠢᠳᠠᠭ᠃ ᠲᠡᠳᠡᠭᠡᠷ ᠨᠡᠶᠢᠳᠡᠯᠢᠭ ᠲᠦᠷᠢ | ᠪᠤᠯᠤᠨ ᠦᠪᠡᠷ ᠤᠨ ᠬᠢᠨᠢ ᠤᠨᠴᠠᠯᠢᠭ ᠰᠢᠨᠵᠢ ᠨᠢ ᠠᠵᠤ ᠠᠬᠤᠢ ᠶᠢᠨ ᠬᠦᠭᠵᠢᠯᠳᠡ ᠨᠡᠶᠢᠭᠡᠮ ᠤᠨ ᠤᠷᠤᠰᠬᠠᠯ ᠢ | ᠲᠠᠭᠠᠭᠠᠳ ᠵᠠᠷᠢᠮ ᠨᠢ ᠠᠶᠠᠨᠳᠠᠭᠠᠨ ᠠᠭᠤᠰᠤᠯᠴᠠᠬᠤ᠂ ᠵᠠᠷᠢᠮ ᠨᠢ ᠪᠦᠳᠡᠭᠢ ᠪᠤᠯᠬᠤ᠂ ᠵᠠᠷᠢᠮ ᠨᠢ ᠮᠠᠷᠳᠠᠭᠳᠠᠬᠤ᠂ | ᠵᠠᠷᠢᠮ ᠨᠢ ᠤᠰᠠᠳᠬᠤ ᠵᠦᠭ ᠲᠤ ᠤᠷᠤᠭᠠᠳ ᠪᠠᠶᠢᠬᠤ ᠶᠤᠮ᠃ ᠡᠨᠡ ᠪᠤᠯ ᠨᠡᠶᠢᠭᠡᠮ ᠤᠨ ᠬᠦᠭᠵᠢᠯᠳᠡ ᠶᠢᠨ ᠵᠠᠶᠢᠯᠠᠰᠢ | ᠦᠭᠡᠢ ᠵᠢᠮ᠎ᠡ ᠶᠤᠰᠤ ᠪᠢᠯᠡ᠃ ᠭᠡᠪᠡᠴᠦ ᠵᠠᠷᠢᠮ ᠵᠦᠢᠯ ᠢ ᠨᠢ ᠠᠪᠤᠷᠠᠬᠤ᠂ ᠬᠠᠮᠠᠭᠠᠯᠠᠬᠤ᠂ ᠦᠯᠡᠳᠡᠭᠡᠨ ᠤᠯᠠᠮᠵᠢᠯᠠᠬᠤ᠂ | ᠵᠠᠷᠢᠮ ᠢ ᠨᠢ ᠬᠦᠭᠵᠢᠭᠦᠯᠬᠦ ᠴᠢᠬᠤᠯᠠ ᠲᠠᠢ᠃ ᠪᠠᠰᠠ ᠵᠠᠷᠢᠮ ᠨᠢᠭᠡ ᠵᠦᠢᠯ ᠢ ᠨᠢ ᠦᠯᠡᠳᠡᠭᠡᠨ ᠲᠤᠷᠠᠰᠬᠠᠯ ᠤᠨ ᠶᠠᠭᠤᠮ᠎ᠠ | ᠪᠤᠯᠭᠠᠨ ᠬᠤᠶᠢᠰᠢ ᠶᠢᠨ ᠬᠦᠮᠦᠰ ᠲᠤ ᠮᠡᠳᠡᠭᠦᠯᠬᠦ ᠤᠬᠠᠭᠤᠯᠬᠤ ᠴᠢᠬᠤᠯᠠ ᠲᠠᠢ᠃ ᠲᠡᠤᠬᠡ ᠶᠠᠮᠠᠷ ᠪᠠᠶᠢᠵᠤ ᠪᠤᠢ︖ | ᠬᠡᠰᠡᠨ ᠢ ᠲᠠᠨᠢᠭᠤᠯᠬᠤ ᠬᠡᠷᠡᠭᠳᠡᠢ᠃ ᠬᠦᠮᠦᠨ ᠲᠦᠷᠦᠯᠬᠢᠳᠡᠨ ᠤ ᠲᠡᠤᠬᠡ᠂ ᠦᠨᠳᠦᠰᠤᠳᠡᠡ ᠤ ᠲᠡᠤᠬᠡ ᠪᠠᠨ ᠪᠢᠳᠡᠬᠡᠢ | ᠮᠠᠷᠳᠠᠭᠠᠷᠠᠢ ᠬᠡᠵᠤ ᠬᠤᠶᠢᠴᠢ ᠦᠶ᠎ᠡ ᠶᠢᠨ ᠬᠢᠨ ᠳᠡᠭᠡᠨ ᠰᠤᠷᠭᠠᠵᠤ ᠮᠡᠳᠡᠭᠦᠯᠬᠦ ᠴᠢᠬᠤᠯᠠ ᠲᠠᠢ᠃ ︽ᠪᠠᠭᠠᠷᠢᠨ ᠪᠠᠷᠠᠭᠤᠨ | ᠬᠤᠰᠢᠭᠤᠨ ᠤ ᠵᠠᠩ ᠠᠭᠠᠯᠢ ᠶᠢᠨ ᠮᠦᠵᠠᠢ︾ ᠨᠢ ᠨᠢᠭᠡᠨ ᠦᠶ᠎ᠡ ᠶᠢᠨ ᠬᠦᠮᠤᠰ ᠤᠨ ᠬᠠᠳᠠᠭᠤᠵᠢᠯᠳᠠᠢ ᠴᠢᠷᠮᠠᠶᠢᠯᠭ᠎ᠠ ᠪᠠᠷ | 2012 ᠤᠨ ᠳᠤ ᠵᠢᠩᠬᠢᠨᠢ ᠪᠠᠷ ᠪᠠᠶᠢᠭᠤᠯᠤᠭᠳᠠᠵᠤ ᠡᠭᠦᠳᠡ ᠡᠷᠤᠬᠡ ᠪᠠᠨ ᠰᠡᠭᠦᠭᠰᠡᠨ ᠪᠠᠶᠢᠨ᠎ᠠ᠃ ᠡᠨᠡ ᠪᠤᠯ | ᠡᠷᠳᠡᠨ ᠤ ᠬᠢ ᠶᠢ ᠡᠳᠤᠭᠡ ᠳᠤ ᠬᠡᠷᠡᠭᠯᠡᠭᠰᠡᠨ ᠪᠤᠳᠠᠰ ᠤᠨ ᠪᠤᠳᠠᠳᠠᠢ ᠵᠢᠱᠢᠶ᠎ᠡ ᠪᠤᠯᠬᠤ ᠶᠤᠮ᠃ | ᠵᠣᠬᠢᠶᠠᠭᠴᠢ᠄ ᠨᠠ᠊᠂ ᠡᠩᠭᠡ | |