1634 ᠤᠨ ᠳᠤ ᠴᠢᠩ ᠤᠨ ᠲᠥᠷᠥ ᠠᠴᠠ ᠮᠤᠩᠭᠤᠯᠴᠤᠳ ᠢ ᠠᠩᠬ᠎ᠠ ᠬᠤᠰᠢᠭᠤ ᠬᠤᠪᠢᠶᠠᠬᠤ ᠥᠶ᠎ᠡ ᠳᠤ | ᠪᠠᠭᠠᠷᠢᠨ ᠤ ᠰᠧᠳᠠᠷ ᠪᠠᠷᠠᠭᠤᠨ ᠭᠠᠷ ᠢ ᠵᠠᠭᠢᠷᠴᠤ᠂ ᠠᠴᠢ ᠭᠥᠪᠡᠭᠦᠨ ᠮᠠᠨᠽᠤᠰᠢᠷᠢ ᠵᠡᠭᠦᠨ ᠭᠠᠷ ᠢ ᠮᠡᠳᠡᠭᠰᠡᠨ ᠪᠠᠶᠢᠨ᠎ᠡ᠃ | ᠪᠠᠭᠠᠷᠢᠨ ᠤ ᠪᠠᠷᠠᠭᠤᠨ ᠭᠠᠷ ᠤᠨ ᠸᠠᠩ ᠨᠠᠷ ᠵᠢᠶᠦ᠋ᠨ ᠸᠠᠩ᠂ ᠴᠢᠨ ᠸᠠᠩ ᠵᠡᠷᠭᠡ ᠭᠥᠷᠳᠡᠵᠤ ᠵᠡᠭᠦᠨ ᠭᠠᠷ ᠤᠨ | ᠨᠤᠶᠠᠳ ᠶᠡᠷᠥᠳᠡᠭᠡᠨ ᠪᠠᠶᠢᠰᠠ ᠭᠡᠷᠭᠡᠮ ᠤᠯᠵᠤ ᠪᠠᠶᠢᠭᠰᠠᠨ ᠶᠤᠮ᠃ ᠠᠪᠠᠭ᠎ᠠ ᠠᠪᠤ ᠶᠢᠨ ᠬᠢᠨᠢ ᠵᠠᠭᠢᠷᠤᠭᠰᠠᠨ ᠬᠤᠰᠢᠭᠤ | ᠪᠤᠯᠤᠭᠰᠠᠨ ᠠᠴᠠ ᠤᠤ ᠡᠰᠡᠭᠦᠯ᠎ᠡ ᠭᠠᠪᠢᠶ᠎ᠡ ᠵᠢᠳᠭᠦᠯ᠂ ᠵᠡᠷᠭᠡ ᠲᠡᠰ ᠤᠨ ᠶᠡᠭᠡ ᠠᠴᠠ ᠪᠤᠯᠤᠭᠰᠠᠨ ᠤᠤ ᠪᠤᠤ ᠮᠡᠳᠡ᠂ | ᠪᠠᠷᠠᠭᠤᠨ ᠭᠠᠷ ᠢ ᠨᠢ ᠶᠡᠭᠡ ᠪᠠᠭᠠᠷᠢᠨ᠂ ᠵᠡᠭᠦᠨ ᠭᠠᠷ ᠢ ᠨᠢ ᠪᠠᠭ᠎ᠠ ᠪᠠᠭᠠᠷᠢᠨ ᠭᠡᠳᠡᠭ ᠪᠠᠶᠢᠵᠠᠢ᠃ | ᠴᠢᠩᠭᠢᠰ ᠬᠠᠭᠠᠨ ᠤ ᠬᠤᠷᠢᠨ ᠨᠢᠭᠡᠳᠥᠭᠡᠷ ᠥᠶ᠎ᠡ ᠶᠢᠨ ᠤᠮᠪᠤᠯ ᠪᠠᠭᠠᠷᠢᠨ ᠪᠠᠷᠠᠭᠤᠨ ᠬᠤᠰᠢᠭᠤᠨ ᠤ | ᠠᠩᠬᠠᠳᠠᠭᠴᠢ ᠵᠠᠰᠠᠭ ᠲᠥᠷᠥ ᠶᠢᠨ ᠵᠢᠶᠦ᠋ᠨ ᠸᠠᠩ ᠰᠧᠪᠳᠠᠨ ᠭᠢᠭᠡᠳ ᠴᠢᠩ ᠤᠨ ᠲᠠᠶᠢᠰᠥᠩ ᠬᠠᠭᠠᠨ ᠬᠤᠩ | ᠲᠠᠶᠢᠵᠢ ᠶᠢᠨ ᠲᠠᠪᠤᠳᠤᠭᠠᠷ ᠥᠭᠢᠨ ᠠᠲ᠋ᠤ᠋ ᠭᠥᠡᠭᠵᠥ ᠬᠤᠶᠠᠷ ᠠᠴᠠ ᠸᠴᠢᠷ᠂ ᠭᠡᠷᠡᠯᠳᠤ᠂ ᠨᠠᠮᠵᠠ᠂ ᠷᠠᠪᠳᠠᠨ ᠭᠡᠮᠡᠭᠦ | ᠲᠥᠷᠪᠡᠨ ᠭᠥᠪᠡᠭᠦᠨ ᠲᠠᠢ ᠪᠢᠯᠡ᠃ ᠡᠨᠡ ᠲᠥᠷᠪᠡ ᠠᠴᠠ ᠪᠠᠭᠠᠷᠢᠨ ᠪᠠᠷᠠᠭᠤᠨ ᠬᠤᠰᠢᠭᠤᠨ ᠤ ᠲᠥᠷᠪᠡᠨ ᠡᠭᠦᠳᠡᠨ ᠤ | ᠲᠠᠶᠢᠵᠢ ᠨᠠᠷ ᠪᠤᠢ ᠪᠤᠯᠤᠭᠰᠠᠨ ᠶᠤᠮ᠃ ᠲᠥᠷᠪᠡᠳᠥᠭᠡᠷ ᠭᠥᠪᠡᠭᠦᠨ ᠷᠠᠪᠳᠠᠨ ᠠᠴᠠ ᠡᠭᠦᠰᠥᠭᠰᠡᠨ ᠨᠢ ᠲᠠᠷᠤᠢ | ᠲᠥᠳᠥᠭᠡᠷ ᠡᠭᠦᠳᠡᠨ ᠤ ᠲᠠᠶᠢᠵᠢ ᠨᠠᠷ ᠪᠤᠯᠤᠨ᠎ᠡ᠃ ᠮᠤᠩᠭᠤᠯ ᠲᠡᠤᠭᠡᠨ ᠲᠤᠯᠭᠤᠷ ᠪᠢᠴᠢᠭ ᠲᠤ᠄ ︽ᠬᠠᠭᠠᠨ ᠤ | ᠰᠢᠳᠠᠷ ᠲᠤ ᠶᠠᠪᠤᠬᠤ ᠲᠥᠷᠥ ᠶᠢᠨ ᠡᠹᠦ᠋ · ᠲᠤᠰᠠᠯᠠᠭᠴᠢ · ᠲᠡᠷᠢᠭᠦᠨ ᠵᠡᠷᠭᠡ ᠶᠢᠨ ᠲᠠᠶᠢᠵᠢ ᠷᠠᠪᠳᠠᠨ︾ ᠭᠡᠵᠤ | ᠲᠤᠳᠤᠷᠬᠠᠢ ᠲᠡᠮᠳᠡᠭᠯᠡᠵᠡᠢ ①᠃ ᠬᠠᠭᠠᠨ ᠤ ᠰᠢᠳᠠᠷ ᠶᠠᠪᠤᠭᠰᠠᠳ ᠪᠤᠯ ᠶᠡᠷᠥᠳᠡᠭᠡᠨ ᠪᠢᠴᠢᠭ ᠴᠡᠷᠢᠭ ᠤᠨ ᠡᠷᠳᠡᠮ | ᠬᠤᠤᠰᠯᠠᠭᠰᠠᠨ ᠭᠠᠷᠮᠠᠭᠠᠢ ᠭᠥᠮᠥᠰ ᠪᠠᠶᠢᠭᠰᠠᠨ ᠶᠤᠮ᠃ ᠡᠭᠦᠨ ᠠᠴᠠ ᠪᠢᠳᠡ ᠷᠠᠪᠳᠠᠨ ᠨᠤᠶᠠᠨ ᠡᠵᠡᠨ ᠬᠠᠭᠠᠨ ᠤ ᠭᠠᠷ | ᠲᠤᠤᠷ᠎ᠡ ᠰᠢᠳᠠᠷ ᠥᠢᠯᠡᠴᠢᠯᠡᠵᠤ ᠪᠠᠶᠢᠭᠰᠠᠨ ᠢᠳᠡᠭᠡᠯᠳᠤ ᠰᠠᠶᠢᠳ ᠪᠥᠭᠡᠳ ᠲᠥᠷᠥ ᠶᠢᠨ ᠭᠥᠷᠭᠡᠨ᠂ ᠲᠤᠰᠠᠯᠠᠭᠴᠢ | ᠮᠥᠷᠳᠡᠭᠡᠨ ᠲᠡᠷᠢᠭᠦᠨ ᠵᠡᠷᠭᠡ ᠶᠢᠨ ᠲᠡᠶᠢᠵᠢ ᠵᠡᠷᠭᠡ ᠤᠯᠠᠨ ᠵᠡᠷᠭᠡ ᠭᠡᠷᠭᠡᠮ ᠲᠠᠢ ᠪᠠᠶᠢᠭᠰᠠᠨ ᠢ ᠮᠡᠳᠡᠵᠤ ᠪᠤᠯᠤᠨ᠎ᠡ᠃ ︽ | ᠡᠷᠭᠢᠮ ᠲᠡᠭᠡᠳᠤ ᠭᠥᠡᠭᠵᠤ ᠮᠠᠮᠠ ᠶᠢᠨ ᠸᠠᠩ ᠨᠤᠶᠠᠳ ᠤᠨ ᠬᠠᠭᠤᠴᠢᠨ ᠤ ᠥᠨᠳᠥᠰᠥᠨ ᠤ ᠪᠢᠴᠢᠭ︾ ᠲᠤ ᠪᠠᠰᠠ ︽ | ᠲᠥᠳᠥᠭᠡᠷ ᠭᠥᠪᠡᠭᠦᠨ ᠷᠠᠪᠳᠠᠨ ᠲᠤᠰᠠᠯᠠᠭᠴᠢ ᠶᠠᠪᠤᠵᠤᠬᠤᠢ︾ ᠭᠡᠵᠤ ᠲᠡᠮᠳᠡᠭᠯᠡᠭᠳᠡᠵᠡᠢ ②᠃ ︽ᠬᠤᠰᠢᠭᠤᠨ ᠤ | ᠵᠠᠰᠠᠭ ᠸᠠᠩ ᠤᠨ ᠬᠠᠪᠰᠤᠷᠤᠭᠴᠢ ᠨᠤᠶᠠᠨ ᠢ ᠲᠤᠰᠠᠯᠠᠭᠴᠢ ᠲᠠᠶᠢᠵᠢ ᠭᠡᠳᠡᠭ᠃ ᠲᠤᠰᠠᠯᠠᠭᠴᠢ ᠨᠢ ᠵᠠᠰᠠᠭ ᠸᠠᠩ ᠢ | ᠬᠠᠪᠰᠤᠷᠴᠤ ᠬᠤᠰᠢᠭᠤᠨ ᠤ ᠠᠯᠢᠪᠠ ᠠᠯᠪᠠᠨ ᠶᠠᠪᠤᠳᠠᠯ ᠢ ᠭᠤᠤᠯᠯᠠᠨ ᠬᠠᠷᠢᠭᠤᠴᠠᠵᠤ ᠵᠠᠰᠠᠭ ᠸᠠᠩ ᠪᠠᠶᠢᠬᠤ ᠥᠭᠡᠢ | ᠥᠶ᠎ᠡ ᠳᠤ ᠲᠤᠰᠠᠯᠠᠭᠴᠢ ᠠᠴᠠ ᠬᠤᠰᠢᠭᠤᠨ ᠵᠠᠰᠠᠭ ᠤᠨ ᠡᠷᠭᠡ ᠶᠢ ᠤᠷᠤᠯᠠᠨ ᠭᠥᠢᠴᠡᠳᠭᠡᠨ᠎ᠡ᠃ ᠲᠤᠰᠠᠯᠠᠭᠴᠢ ᠶᠢ | ᠲᠠᠯᠪᠢᠬᠤ ᠳᠤ ᠬᠤᠰᠢᠭᠤᠨ ᠤ ᠲᠠᠶᠢᠵᠢ ᠨᠠᠷ ᠤᠨ ᠲᠤᠳᠤᠷ᠎ᠡ ᠠᠴᠠ ᠰᠢᠯᠢᠵᠤ ᠰᠤᠩᠭᠤᠭᠠᠳ ᠴᠢᠭᠤᠯᠭᠠᠨ ᠲᠠᠷᠤᠭ᠎ᠠ ᠪᠠᠷ | ᠲᠠᠮᠵᠢᠭᠤᠯᠤᠨ ᠭᠠᠳᠠᠭᠠᠳᠤ ᠮᠤᠩᠭᠤᠯ ᠤᠨ ᠲᠥᠷᠥ ᠶᠢ ᠵᠠᠰᠠᠬᠤ ᠶᠠᠮᠤᠨ ᠳᠤ ᠮᠡᠳᠡᠭᠦᠯᠵᠤ ᠡᠵᠡᠨ ᠬᠠᠭᠠᠨ ᠠᠴᠠ ᠠᠯᠪᠠᠨ | ᠶᠤᠰᠤᠭᠠᠷ ᠲᠤᠮᠢᠯᠠᠳᠠᠭ᠃ ᠲᠤᠰᠠᠯᠠᠭᠴᠢ ᠶᠢᠨ ᠲᠤᠰᠢᠶᠠᠯ ᠢ ᠨᠠᠰᠤ ᠪᠠᠷ ᠢᠶᠠᠨ ᠭᠥᠢᠴᠡᠳᠭᠡᠵᠤ ᠪᠤᠯᠬᠤ ᠪᠤᠯᠪᠠᠴᠤ ᠥᠶ᠎ᠡ | ᠤᠯᠠᠷᠢᠨ ᠵᠠᠯᠭᠠᠮᠵᠢᠯᠠᠳᠠᠭ ᠥᠭᠡᠢ ᠶᠤᠮ︾ ③᠃ 1648 ᠤᠨ ᠳᠤ ᠠᠲ᠋ᠤ᠋ ᠭᠥᠡᠭᠵᠤ ᠰᠧᠪᠳᠠᠨ ᠸᠠᠩ ᠳᠤ | ᠮᠤᠷᠳᠠᠵᠤ ᠢᠷᠡᠭᠰᠡᠨ ᠪᠠ ᠷᠠᠪᠳᠠᠨ ᠲᠤᠰᠠᠯᠠᠭᠴᠢ ᠲᠥᠷᠪᠡᠨ ᠭᠥᠪᠡᠭᠦᠳ ᠤᠨ ᠢᠶᠠᠨ ᠬᠠᠮᠤᠭ ᠪᠠᠭ᠎ᠠ ᠨᠢ ᠪᠠᠶᠢᠭᠰᠠᠨ | ᠲᠤᠯᠠ ᠪᠠᠷᠤᠭ 1660 ᠤᠨ ᠤ ᠥᠶ᠎ᠡ ᠪᠠᠷ ᠲᠥᠷᠥᠭᠰᠡᠨ ᠪᠠᠶᠢᠵᠤ ᠲᠠᠭᠠᠷᠠᠨ᠎ᠡ᠃ ᠷᠠᠪᠳᠠᠨ ᠲᠤᠰᠠᠯᠠᠭᠴᠢ ᠶᠢᠨ | ᠡᠭᠡᠨᠡᠷ ᠨᠢ ᠪᠠᠰᠠ ᠮᠠᠨᠵᠤ ᠭᠡᠭᠡ ᠪᠠᠶᠢᠵᠠᠢ᠃ ᠲᠡᠳᠡᠨ ᠠᠴᠠ ᠠᠯᠳᠠᠪᠠ᠂ ᠡᠷᠳᠡᠨᠢ᠂ ᠴᠢᠳᠠᠭᠴᠢ᠂ ᠰᠠᠶᠢᠨᠬᠤᠪᠢᠳᠤ᠂ | ᠤᠶᠤᠳᠤ᠂ ᠰᠤᠨᠤᠮ ᠵᠡᠷᠭᠡ ᠵᠢᠷᠭᠤᠭᠠᠨ ᠭᠥᠪᠡᠭᠦᠨ ᠲᠠᠢ ᠪᠠᠶᠢᠵᠤ ᠭᠠᠭᠴᠠ ᠰᠠᠶᠢᠨᠬᠤᠪᠢᠳᠤ ᠭᠡᠤᠭᠡᠳ ᠥᠭᠡᠢ ᠪᠤᠯᠪᠠᠴᠤ | ᠨᠥᠭᠦᠭᠡ ᠲᠡᠪᠤ ᠠᠴᠠ ᠨᠢ ᠪᠠᠷᠠᠮᠢᠳ᠂ ᠰᠠᠮᠳᠠᠨ᠂ ᠲᠠᠷᠬᠠᠨ᠂ ᠥᠵᠡᠰᠭᠦᠯᠡᠩ᠂ ᠵᠢᠮᠪᠠ ᠵᠡᠷᠭᠡ ᠠᠷᠪᠠᠨ ᠨᠠᠢᠮᠠᠨ | ᠤᠮᠪᠤᠯ ᠲᠠᠢ ᠶᠡᠭᠡ ᠭᠡᠷ ᠪᠥᠯᠢ ᠪᠠᠶᠢᠭᠰᠠᠨ ᠶᠤᠮ ④᠃ ᠡᠳᠡᠨᠥᠰ ᠶᠡᠭᠡ ᠪᠠᠭᠠᠷᠢᠨ ᠤ ᠲᠥᠳᠥᠭᠡᠷ ᠡᠭᠦᠳᠡᠨ ᠤ ᠲᠠᠶᠢᠵᠢ | ᠨᠠᠷ ᠢ ᠡᠭᠢᠯᠡᠨ ᠪᠥᠷᠢᠯᠳᠥᠭᠦᠯᠥᠭᠰᠡᠨ ᠲᠤᠯᠠ ᠷᠠᠪᠳᠠᠨ ᠲᠤᠰᠠᠯᠠᠭᠴᠢ ᠪᠤᠯ ᠬᠠᠮᠳᠤ ᠶᠢᠨ ᠲᠡᠭᠡᠳᠥᠰ ᠪᠤᠯᠬᠤ ᠶᠤᠮ᠃ | 2013 ᠤᠨ ᠤ ᠨᠡᠶᠢᠭᠡᠮ ᠤᠨ ᠪᠥᠷᠢᠳᠭᠡᠯ ᠢ ᠥᠨᠳᠥᠰᠥᠯᠡᠪᠡᠯ ᠪᠠᠭᠠᠷᠢᠨ ᠤ ᠲᠥᠳᠥᠭᠡᠷ ᠡᠭᠦᠳᠡᠨ ᠤ ᠲᠠᠶᠢᠵᠢ ᠨᠠᠷ | ᠪᠠᠶᠠᠨᠬᠠᠨ᠂ ᠪᠠᠶᠠᠨᠳᠠᠯᠡ᠂ ᠪᠠᠶ᠋ᠬᠠᠷᠳᠡᠨᠢ᠂ ᠴᠠᠭᠠᠨᠨᠠᠭᠤᠷ᠂ ᠰᠢᠷᠡᠮᠦ᠋ᠷᠡᠨ᠂ ᠳ᠋ᠠᠪᠠᠨ ᠵᠡᠷᠭᠡ ᠰᠤᠮᠤ ᠪᠠᠯᠭᠠᠰᠤ ᠪᠠᠷ | ᠲᠥᠪᠯᠡᠷᠡᠵᠤ ᠪᠥᠭᠦᠳᠡ 340 ᠭᠠᠷᠤᠢ ᠡᠷᠥᠭᠡ᠂ 1250 ᠭᠠᠷᠤᠢ ᠭᠥᠮᠥᠨ ᠠᠮᠠ ᠲᠠᠢ ᠪᠤᠯᠵᠠᠢ᠃ ᠤᠯᠠᠨ | ᠵᠥᠢᠯ ᠤᠨ ᠰᠢᠯᠳᠠᠭᠠᠨ ᠠᠴᠠ ᠪᠤᠯᠵᠤ ᠭᠠᠳᠠᠨ᠎ᠡ ᠤᠷᠤᠨ ᠳᠤ ᠠᠵᠢᠯᠯᠠᠵᠤ ᠪᠠᠶᠢᠭ᠎ᠠ ᠪᠠ ᠨᠡᠭᠦᠵᠤ ᠶᠠᠪᠤᠭᠰᠠᠨ ᠨᠢᠭᠡ | ᠪᠥᠯᠥᠭ ᠡᠷᠥᠭᠡ ᠠᠮᠠ ᠭᠡᠭᠡᠭᠳᠡᠭᠰᠡᠨ ᠪᠤᠯᠪᠠᠴᠤ ᠵᠤᠩᠭᠢᠯᠠᠬᠤ ᠤᠯᠠᠨ ᠨᠢ ᠲᠡᠮᠳᠡᠭᠯᠡᠯ ᠳᠤ ᠤᠷᠤᠭᠰᠠᠨ ᠨᠢ ᠢᠯᠡᠷᠭᠡᠢ | ᠪᠠᠶᠢᠳᠠᠭ᠃ | ᠤᠯᠠᠨ ᠵᠢᠯ ᠤᠨ ᠲᠠᠶᠢᠨ ᠲᠠᠵᠢᠨ ᠪᠤᠯᠤᠨ ᠤᠯᠤᠰ ᠲᠥᠷᠥ ᠶᠢᠨ ᠠᠵᠢᠯᠯᠠᠭᠠᠨ ᠠᠴᠠ ᠪᠤᠯᠵᠤ ᠪᠠᠭᠠᠷᠢᠨ ᠤ ᠲᠡᠤᠭᠡ | ᠪᠤᠯᠤᠨ ᠲᠥᠷᠪᠡᠨ ᠭᠡᠷ ᠤᠨ ᠲᠠᠶᠢᠵᠢ ᠨᠠᠷ ᠤᠨ ᠴᠠᠳᠢᠭ ᠤᠯᠠᠩᠭᠢ ᠨᠢ ᠰᠥᠢᠳᠥᠭᠰᠡᠨ ᠪᠤᠯᠪᠠᠴᠤ ᠪᠠᠶᠠᠨᠳᠠᠯᠡ ᠰᠤᠮᠤ ᠶᠢᠨ | ᠪᠤᠷᠭᠠᠰᠤᠳᠠᠢ ᠠᠶᠢᠯ ᠤᠨ ᠲᠤᠷᠵᠢᠰᠡᠧᠷᠠᠩ ᠤᠨ ᠭᠡᠷ ᠤᠨ ᠴᠠᠳᠢᠭ ᠨᠢ ︽ᠪᠤᠯᠤᠷ ᠡᠷᠢᠭᠡ︾ ᠳᠠᠬᠢ ᠷᠠᠪᠳᠠᠨ | ᠲᠤᠰᠠᠯᠠᠭᠴᠢ ᠶᠢᠨ ᠥᠶ᠎ᠡ ᠲᠠᠢ ᠵᠠᠯᠭᠠᠭᠰᠠᠨ ᠠᠴᠠ ᠴᠢᠩᠭᠢᠰ ᠬᠠᠭᠠᠨ ᠠᠴᠠ ᠤᠳᠤ ᠪᠤᠯᠳᠠᠯᠠᠭᠢ ᠨᠠᠢᠮᠠᠨ ᠵᠠᠭᠤ ᠢᠯᠡᠭᠦᠥ | ᠵᠢᠯ ᠤᠨ ᠠᠯᠳᠠᠨ ᠤᠷᠤᠭᠳᠠᠨ ᠤ ᠨᠢᠭᠡᠨ ᠭᠡᠷ ᠤᠨ ᠪᠥᠷᠢᠨ ᠲᠡᠤᠭᠡ ᠶᠢ ᠬᠠᠳᠠᠭᠠᠯᠠᠵᠤ ᠴᠢᠳᠠᠭᠰᠠᠨ ᠲᠡᠤᠭᠡᠨ | ᠭᠠᠶᠢᠬᠠᠮᠰᠢᠭ ᠪᠤᠯᠤᠭᠰᠠᠨ ᠪᠢᠯᠡ᠃ | 1684 ᠤᠨ ᠳᠤ ᠡᠩᠭᠡ ᠠᠮᠤᠭᠤᠯᠠᠩ ᠬᠠᠭᠠᠨ ᠴᠠᠭᠠᠨ ᠭᠡᠷᠡᠮ ᠤᠨ ᠠᠷᠤ ᠳᠤ ᠠᠪᠠᠯᠠᠵᠤ᠂ ᠠᠭᠤᠯᠠᠳᠠᠢ ᠭᠡᠳᠡᠭ | ᠭᠠᠵᠠᠷ ᠪᠠᠭᠤᠳᠠᠯᠯᠠᠭᠰᠠᠨ ᠳᠤ ᠷᠠᠪᠳᠠᠨ ᠡᠹᠦ᠋᠂ ᠪᠠᠭᠠᠷᠢᠨ ᠤ ᠨᠠᠮᠳᠠᠭ ᠵᠢᠶᠦ᠋ᠨ ᠸᠠᠩ᠂ ᠪᠠᠶᠢᠰᠠ ᠥᠷᠡᠵᠡ᠂ ᠪᠠᠶᠢᠰᠠ | ᠤᠴᠤᠭ ᠤᠨ ᠬᠠᠮᠳᠤ ᠭᠥᠷᠥᠯᠴᠡᠨ ᠤᠴᠢᠵᠤ ᠪᠠᠷᠠᠭᠠᠯᠠᠭᠠᠳ ᠬᠠᠭᠠᠨ ᠤ ᠮᠠᠩᠨᠤᠭ ᠲᠡᠪᠡᠯ᠂ ᠭᠥᠷᠮᠡ᠂ ᠮᠥᠡᠭᠭᠦᠨ ᠤ | ᠱᠠᠩᠨᠠᠯ ᠭᠥᠷᠳᠡᠭᠰᠡᠨ ᠪᠠᠶᠢᠨ᠎ᠡ ⑤᠃ 1690 ᠤᠨ ᠳᠤ ᠡᠩᠭᠡ ᠠᠮᠤᠭᠤᠯᠠᠩ ᠬᠠᠭᠠᠨ ᠮᠤᠩᠭᠤᠯ ᠤᠨ ᠡᠯ᠎ᠡ | ᠬᠤᠰᠢᠭᠤᠨ ᠠᠴᠠ ᠴᠡᠷᠢᠭ ᠲᠠᠳᠠᠵᠤ ᠭᠠᠯᠳᠠᠨ ᠪᠤᠱᠤᠭᠳᠤ ᠬᠠᠭᠠᠨ ᠢ ᠴᠤᠭᠢᠬᠤ ᠳᠤ ᠡᠹᠦ᠋ ᠷᠠᠪᠳᠠᠨ ᠬᠤᠶᠠᠷ ᠪᠠᠭᠠᠷᠢᠨ ᠤ | ᠴᠡᠷᠢᠭ ᠢ ᠲᠠᠶᠢᠴᠢᠯᠠᠵᠤ ᠪᠠᠶᠢᠭᠰᠠᠨ ᠶᠤᠮ ⑥᠃ ᠷᠠᠪᠳᠠᠨ ᠤ ᠠᠴᠢ ᠭᠥᠪᠡᠭᠦᠨ ᠥᠷᠭᠦᠨ ᠪᠠᠰᠠ ᠡᠨᠡ ᠤᠳᠠᠭᠠᠨ ᠤ | ᠪᠠᠶᠢᠯᠳᠤᠭᠠᠨ ᠳᠤ ᠶᠡᠭᠡ ᠭᠠᠪᠢᠶ᠎ᠡ ᠪᠠᠶᠢᠭᠤᠯᠤᠭᠰᠠᠨ ᠠᠴᠠ ᠡᠩᠭᠡ ᠠᠮᠤᠭᠤᠯᠠᠩ ᠬᠠᠭᠠᠨ ᠭᠥᠡᠭᠵᠤ ᠪᠠᠨ ᠪᠠᠭᠤᠯᠭᠠᠨ | ᠥᠭᠭᠦᠭᠰᠡᠨ ᠶᠤᠮ᠃ | 1672-1687 ᠤᠨ ᠪᠤᠯᠳᠠᠯᠠᠭᠢ 16 ᠵᠢᠯ ᠤᠨ ᠲᠤᠷᠰᠢ ᠳᠤ ᠤᠯᠤᠰ ᠤᠨ ᠲᠡᠪᠤᠨᠡᠩ ᠷᠠᠪᠳᠠᠨ ᠡᠩᠭᠡ | ᠠᠮᠤᠭᠤᠯᠠᠩ ᠬᠠᠭᠠᠨ ᠤ ᠠᠷᠪᠠᠨ ᠲᠠᠪᠤ ᠤᠳᠠᠭᠠᠨ ᠤ ᠠᠭᠤᠯᠵᠠᠯᠳᠠ ᠶᠢ ᠭᠥᠯᠢᠶᠡᠨ ᠲᠠᠶᠢᠯᠠᠯᠭ᠎ᠠ ᠭᠥᠷᠳᠡᠭᠰᠡᠨ ᠪᠠᠶᠢᠨ᠎ᠡ᠃ | ᠡᠭᠦᠨ ᠳᠤ ᠵᠢᠷᠭᠤᠭ᠎ᠠ ᠤᠳᠠᠭ᠎ᠠ ᠨᠢ ᠸᠴᠢᠷ ᠵᠢᠶᠦ᠋ᠨ ᠸᠠᠩ ᠤᠨ ᠬᠠᠮᠳᠤ᠂ ᠬᠤᠶᠠᠷ ᠤᠳᠠᠭ᠎ᠠ ᠨᠢ ᠨᠠᠮᠳᠠᠭ ᠵᠢᠶᠦ᠋ᠨ | ᠸᠠᠩ ᠤᠨ ᠬᠠᠮᠳᠤ᠂ ᠲᠥᠷᠪᠡ ᠤᠳᠠᠭ᠎ᠠ ᠨᠢ ᠥᠷᠡᠵᠢᠨ ᠪᠠᠶᠢᠰᠠ ᠪᠠ ᠸᠧᠨ ᠴᠥᠨ ᠪᠠᠶᠢᠰᠠ ᠲᠠᠢ ᠬᠠᠮᠳᠤ | ᠤᠷᠤᠯᠴᠠᠭᠰᠠᠨ ᠠᠴᠠ ᠭᠠᠳᠠᠨ᠎ᠡ ᠪᠤᠰᠤᠳ ᠨᠢ ᠴᠥᠮ ᠠᠰᠳᠠᠭᠠᠨ ᠶᠠᠪᠤᠭᠳᠠᠭᠰᠠᠨ ᠶᠤᠮ᠃ ᠵᠤᠴᠢᠯᠠᠭᠰᠠᠨ ᠭᠠᠵᠠᠷ ᠨᠢ | ᠵᠢᠷᠭᠤᠭ᠎ᠠ ᠤᠳᠠᠭ᠎ᠠ ᠪᠤᠤ ᠡᠾᠧ ᠳ᠋ᠢᠶᠠᠨ ᠬᠠᠷᠰᠢ ᠳᠤ᠂ ᠬᠤᠶᠠᠷ ᠤᠳᠠᠭ᠎ᠠ ᠴᠢᠶᠠᠨ ᠴᠢᠩ ᠮᠧᠨ ᠳᠤ᠂ ᠬᠤᠶᠠᠷ | ᠤᠳᠠᠭ᠎ᠠ ᠵᠢᠩ ᠱᠠᠨ ᠤ ᠡᠮᠥᠨ᠎ᠡ ᠤᠷᠳᠤᠨ᠂ ᠬᠤᠶᠠᠷ ᠤᠳᠠᠭ᠎ᠠ ᠯᠢᠶᠠᠩ ᠵᠢᠩ ᠲᠠᠢ ᠤᠷᠳᠤᠨ ᠠᠴᠠ ᠭᠠᠳᠠᠨ᠎ᠡ ᠵᠤᠤ | ᠤᠳᠠ ᠶᠢᠨ ᠤᠯᠠᠭᠠᠨ ᠲᠠᠯ᠎ᠡ᠂ ᠯᠢᠩ ᠯᠥᠩ ᠺᠸᠤ᠂ ᠶᠢᠩ ᠲᠠᠢ ᠮᠧᠨ ᠳᠤ ᠲᠤᠰᠪᠤᠷᠢ ᠨᠢᠭᠡ ᠤᠳᠠᠭ᠎ᠠ ᠶᠠᠪᠤᠭᠳᠠᠭᠰᠠᠨ | ᠪᠠᠶᠢᠵᠠᠢ ⑦᠃ ᠲᠤᠰᠠᠯᠠᠭᠴᠢ ᠷᠠᠪᠳᠠᠨ ᠭᠢᠭᠡᠳ ᠲᠡᠭᠦᠨ ᠤ ᠥᠷ᠎ᠡ ᠭᠡᠤᠭᠡᠳ ᠤᠨ ᠬᠢᠨᠢ ᠤᠷᠳᠤ ᠬᠠᠷᠰᠢ ᠭᠡᠷ | ᠭᠥᠷᠢᠶ᠎ᠡ ᠨᠢ ᠶᠡᠭᠡ ᠪᠠᠶᠢᠰᠢᠩ ᠳᠤ ᠪᠠᠶᠢᠵᠠᠢ᠃ ᠷᠠᠪᠳᠠᠨ ᠲᠤᠰᠠᠯᠠᠭᠴᠢ ᠪᠤᠯ ᠰᠧᠪᠳᠠᠨ ᠵᠢᠶᠦ᠋ᠨ ᠸᠠᠩ ᠭᠢᠭᠡᠳ ᠠᠲ᠋ᠤ᠋ | ᠭᠥᠡᠭᠵᠤ ᠶᠢᠨ ᠤᠳᠬᠤᠨ ᠭᠥᠪᠡᠭᠦᠨ ᠪᠠᠶᠢᠭᠰᠠᠨ ᠲᠤᠯᠠ ᠮᠤᠩᠭᠤᠯ ᠥᠨᠳᠥᠰᠥᠳᠡᠨ ᠤ ᠵᠠᠩᠰᠢᠯ ᠶᠤᠰᠤᠭᠠᠷ | ᠤᠳᠴᠢᠭᠢᠨ ᠨᠤᠶᠠᠨ ᠰᠢᠬ ᠭᠠᠯ ᠭᠤᠯᠤᠮᠳᠠ ᠪᠠᠨ ᠰᠠᠭᠢᠵᠤ ᠥᠪ ᠭᠥᠷᠥᠩᠭᠡ ᠪᠠᠨ ᠵᠠᠯᠭᠠᠮᠵᠢᠯᠠᠨ ᠲᠡᠷᠢᠭᠦᠨ ᠵᠡᠷᠭᠡ ᠶᠢᠨ | ᠲᠠᠶᠢᠵᠢ ᠶᠢᠨ ᠭᠡᠷᠭᠡᠮ ᠭᠥᠷᠳᠡᠭᠰᠡᠨ ᠪᠥᠭᠡᠳ ᠭᠥᠡᠭᠵᠤ ᠮᠠᠮᠠ ᠶᠢᠨ ᠪᠤᠷᠬᠠᠨ ᠰᠢᠳᠥᠭᠡᠨ᠂ ᠰᠤᠳᠤᠷ ᠨᠤᠮ᠂ ᠡᠳ᠋ | ᠡᠷᠳᠡᠨᠢ ᠶᠢ ᠴᠥᠮ ᠥᠮᠴᠢᠯᠡᠵᠤ ᠪᠠᠶᠢᠭᠰᠠᠨ ᠢᠶᠠᠨ ᠲᠠᠭᠢᠵᠤ ᠭᠥᠪᠡᠭᠦᠨ ᠬᠤᠪᠢᠳᠤ ᠲᠠᠶᠢᠵᠢ ᠳᠠᠭᠠᠨ ᠤᠯᠠᠮᠵᠢᠯᠠᠵᠠᠢ᠃ | ᠷᠠᠪᠳᠠᠨ ᠲᠤᠰᠠᠯᠠᠭᠴᠢ ᠶᠢᠨ ᠵᠢᠷᠭᠤᠭᠠᠨ ᠭᠥᠪᠡᠭᠦᠨ ᠤ ᠲᠤᠳᠤᠷ᠎ᠡ ᠠᠴᠠ ᠵᠥᠪᠭᠡᠨ ᠬᠤᠪᠢᠳᠤ ᠪᠤᠯᠤᠨ ᠴᠢᠳᠠᠭᠴᠢ | ᠬᠤᠶᠠᠷ ᠲᠡᠷᠢᠭᠦᠨ ᠵᠡᠷᠭᠡ ᠶᠢᠨ ᠲᠠᠶᠢᠵᠢ ᠡᠷᠭᠦᠮᠵᠢᠯᠡᠭᠳᠡᠭᠰᠡᠨ ᠪᠠᠶᠢᠨ᠎ᠡ ⑧᠃ ᠴᠢᠳᠠᠭᠴᠢ ᠭᠡᠳᠥ ᠤᠳᠠᠭ᠎ᠠ ᠵᠠᠷᠭᠤ | ᠵᠠᠭᠠᠯᠳᠤᠭᠠᠨ ᠭᠢᠵᠤ ᠪᠤᠷᠤᠭᠤᠳᠠᠭᠠᠳ ᠲᠡᠷᠢᠭᠦᠨ ᠵᠡᠷᠭᠡ ᠪᠠᠨ ᠬᠤᠰᠤᠭᠤᠯᠤᠭᠰᠠᠨ ᠶᠤᠮ᠃ ︽ᠲᠤᠰᠠᠯᠠᠭᠴᠢ ᠷᠠᠪᠳᠠᠨ ᠤ | ᠭᠥᠪᠡᠭᠦᠨ ᠡᠹᠦ᠋ ᠴᠢᠳᠠᠭᠴᠢ ᠪᠠᠷ ᠭᠥᠵᠢᠷᠯᠡᠵᠤ ᠥᠪᠡᠷ ᠤᠨ ᠡᠭᠡ ᠭᠡᠭᠡ᠂ ᠠᠬ᠎ᠠ ᠠᠯᠳᠠᠪᠠ ᠬᠤᠶᠠᠭᠤᠯᠠ ᠶᠢ | ᠬᠤᠶᠠᠳᠤᠭᠠᠷ ᠭᠥᠡᠭᠵᠤ ᠳᠤ ᠬᠠᠷᠢᠶᠠᠯ ᠭᠢᠪᠡ ᠭᠡᠵᠤ ᠡᠴᠢᠭᠡ ᠷᠠᠪᠳᠠᠨ ᠳᠤᠷ ᠵᠠᠭᠠᠯᠳᠤᠭᠰᠠᠨ ᠳᠤᠷ ᠡᠴᠢᠭᠡ ᠲᠤᠭᠰᠢᠨ | ᠨᠤᠶᠠᠨ ᠪᠥᠭᠦᠢ ᠲᠤᠯᠠ ᠡᠭᠡ ᠭᠥᠪᠡᠭᠦᠨ ᠡᠨᠡ ᠮᠡᠳᠥ ᠶᠤᠰᠤ ᠥᠭᠡᠢ ᠭᠡᠮᠡᠵᠤ ᠲᠠᠷᠤᠢ ᠪᠢᠴᠢᠭ ᠭᠢᠵᠤ ᠥᠪᠡᠷᠥᠨ ᠭᠡᠷᠭᠡᠢ | ᠭᠡᠭᠡ ᠶᠢ ᠵᠤᠷᠭᠠᠨ ᠳᠤ ᠲᠤᠰᠢᠶᠠᠪᠠ᠃ ᠭᠥᠪᠡᠭᠦᠨ ᠠᠯᠳᠠᠪᠠ ᠶᠢ ᠲᠠᠶᠢᠵᠢ ᠶᠢ ᠡᠪᠳᠡᠨ ᠡᠷ᠎ᠡ ᠶᠢᠨ ᠢᠶᠠᠨ ᠪᠢᠴᠢᠭ ᠢ ᠪᠠᠰᠠ | ᠵᠤᠷᠭᠠᠨ ᠳᠤ ᠶᠠᠪᠤᠭᠤᠯᠵᠤᠬᠤᠢ︾ ⑨᠃ ᠡᠳᠡᠭᠡᠷ ᠠᠴᠠ ᠪᠢᠳᠡ ᠷᠠᠪᠳᠠᠨ ᠲᠤᠰᠠᠯᠠᠭᠴᠢ ᠶᠢᠨ ᠭᠤᠶᠠᠴᠢ ᠥᠭᠡᠢ ᠲᠥᠪ | ᠭᠤᠤᠯᠴᠢ ᠮᠥᠷᠳᠡᠭᠡᠨ ᠪᠠᠰᠠ ᠲᠤᠭᠰᠢᠨ ᠵᠠᠩ ᠲᠠᠢ ᠭᠡᠰᠡᠨ ᠢ ᠤᠯᠵᠤ ᠮᠡᠳᠡᠨ᠎ᠡ᠃ ᠷᠠᠪᠳᠠᠨ ᠲᠤᠰᠠᠯᠠᠭᠴᠢ ᠨᠠᠰᠤ | ᠪᠠᠷᠠᠭᠰᠠᠨ ᠤ ᠲᠠᠷᠠᠭ᠎ᠠ ︽ᠭᠡᠭᠡᠨ ᠢ ᠭᠥᠡᠭᠵᠤ ᠮᠠᠮᠠ ᠶᠢᠨ ᠭᠡᠭᠡᠨ ᠤ ᠲᠡᠨᠳᠡ ᠥᠪᠡᠷ᠎ᠡ ᠬᠤᠷᠢᠶᠠᠨ ᠳᠤ | ᠤᠷᠤᠰᠢᠭᠤᠯᠵᠤᠬᠤᠢ︾ ⑩ ᠭᠡᠰᠡᠨ ᠢᠶᠠᠷ ᠥᠵᠡᠭᠦ ᠳᠤ ᠭᠥᠡᠭᠵᠤ ᠮᠠᠮᠠ ᠶᠢᠨ ᠭᠡᠭᠡᠨ ᠢ ᠬᠤᠶᠠᠷ ᠤᠳᠠᠭ᠎ᠠ | ᠰᠢᠯᠵᠢᠭᠦᠯᠥᠭᠰᠡᠨ ᠤ ᠲᠠᠷᠠᠭᠠᠭᠢ ᠲᠡᠮᠴᠢ ᠶᠢᠨ ᠪᠠᠶᠠᠨᠬᠤᠰᠢᠭᠤ ᠳᠠᠬᠢ ᠭᠥᠡᠭᠵᠤ ᠶᠢᠨ ᠤᠡᠭᠭᠤᠨ ᠤ ᠵᠠᠬ᠎ᠠ ᠳᠤ | ᠤᠷᠤᠰᠢᠭᠤᠯᠤᠭᠰᠠᠨ ᠪᠠᠶᠢᠨ᠎ᠡ᠃ ᠰᠤᠷᠪᠤᠯᠵᠢ ᠪᠢᠴᠢᠭ ᠲᠤ᠄ ︽ᠭᠥᠡᠭᠵᠤ ᠶᠢᠨ ᠤᠡᠭᠭᠤᠨ ᠤ ᠭᠥᠷᠢᠶᠡᠨ ᠤ ᠬᠤᠶᠢᠳᠤ | ᠲᠠᠯ᠎ᠡ ᠳᠠᠬᠢ ᠴᠢᠯᠠᠭᠤᠨ ᠭᠥᠷᠢᠶᠡᠨ ᠳᠤ ᠸᠴᠢᠷ᠂ ᠨᠠᠮᠳᠠᠭ ᠬᠤᠶᠠᠷ ᠵᠢᠶᠦ᠋ᠨ ᠸᠠᠩ᠂ ᠷᠠᠪᠳᠠᠨ ᠲᠤᠰᠠᠯᠠᠭᠴᠢ᠂ ᠠᠯᠳᠠᠪᠠ | ᠲᠠᠶᠢᠵᠢ᠂ ᠴᠠᠩᠪᠤᠤ ᠨᠠᠷ ᠤᠨ ᠲᠤᠯᠤᠭᠠᠨ ᠪᠤᠩᠬᠤᠨ ᠪᠠᠶᠢᠭᠰᠠᠨ ᠢ ᠭᠥᠮᠥᠰ ︿ᠨᠤᠶᠠᠳ ᠤᠨ ᠭᠡᠭᠡᠨ﹀ ᠭᠡᠳᠡᠭ ᠪᠠᠶᠢᠵᠠᠢ | ︾ B11 ᠭᠡᠵᠤ ᠨᠠᠷᠢᠨ ᠲᠡᠮᠳᠡᠭᠯᠡᠭᠰᠡᠨ ᠪᠠᠶᠢᠳᠠᠭ᠃ ᠷᠠᠪᠳᠠᠨ ᠲᠤᠰᠠᠯᠠᠭᠴᠢ ᠶᠢᠨ ᠨᠠᠰᠤ ᠪᠠᠷᠠᠭᠰᠠᠨ ᠪᠤᠳᠠᠳᠤ ᠴᠠᠭ | ᠬᠤᠭᠤᠴᠠᠭ᠎ᠠ ᠶᠢᠨ ᠲᠡᠮᠳᠡᠭᠯᠡᠯ ᠢ ᠪᠢᠳᠡ ᠤᠯᠤᠭ᠎ᠠ ᠥᠭᠡᠢ ᠴᠤ ︽1723 ᠤᠨ ᠳᠤ ᠷᠠᠪᠳᠠᠨ ᠤ ᠲᠥᠳᠥᠭᠡᠷ | ᠭᠥᠪᠡᠭᠦᠨ ᠬᠤᠪᠢᠳᠤ ᠥᠷ᠎ᠡ ᠥᠭᠡᠢ ᠥᠡᠭᠭᠡᠷᠡᠵᠤ ᠴᠢᠳᠠᠭᠴᠢ ᠲᠡᠷᠢᠭᠦᠨ ᠵᠡᠷᠭᠡ ᠶᠢ ᠵᠠᠯᠭᠠᠮᠵᠢᠯᠠᠭᠰᠠᠨ ᠤ ᠬᠠᠮᠳᠤ ᠢᠨᠵᠢ | ᠮᠠᠨᠵᠤ ᠪᠠ ᠬᠤᠶᠠᠷ ᠰᠤᠮᠤᠨ ᠤ ᠠᠯᠪᠠᠳᠤ ᠲᠡᠷᠢᠭᠦᠨ ᠢ ᠠᠬ᠎ᠠ ᠲᠡᠭᠦᠥᠰ ᠢᠶᠠᠷ ᠢᠶᠠᠨ ᠪᠤᠯᠢᠶᠠᠯᠳᠤᠨ ᠵᠠᠷᠭᠤ ᠪᠤᠯᠤᠭᠰᠠᠨ︾ | ᠭᠡᠳᠡᠭ ᠠᠴᠠ ᠥᠵᠡᠪᠡᠯ ᠷᠠᠪᠳᠠᠨ ᠲᠤᠰᠠᠯᠠᠭᠴᠢ ᠡᠭᠦᠨ ᠠᠴᠠ ᠡᠮᠥᠨ᠎ᠡ ᠨᠠᠰᠤ ᠪᠠᠷᠠᠭᠰᠠᠨ ᠪᠠᠶᠢᠨ᠎ᠡ᠃ ᠢᠡᠭᠭᠢᠵᠤ | ᠪᠤᠳᠤᠪᠠᠯ ᠪᠠᠷᠤᠭ ᠵᠢᠷᠠ ᠭᠠᠷᠤᠢ ᠨᠠᠰᠤᠯᠠᠭᠰᠠᠨ ᠪᠠᠶᠢᠵᠠᠢ᠃ | ᠰᠤᠶᠤᠯ ᠤᠨ ᠶᠡᠭᠡ ᠬᠤᠪᠢᠰᠬᠠᠯ ᠤᠨ ᠥᠶ᠎ᠡ ᠳᠤ ᠯᠢᠨᠰᠢ ᠳᠤ ᠬᠠᠷᠢᠶᠠᠯᠠᠭᠳᠠᠭᠰᠠᠨ ᠭᠥᠡᠭᠵᠤ ᠶᠢᠨ ᠮᠤᠭᠤᠨ ︵ | ᠤᠡᠭᠭᠤᠨ︶ ᠡᠪᠳᠡᠨ ᠰᠥᠢᠳᠭᠡᠭᠳᠡᠭᠰᠡᠨ ᠠᠴᠠ ᠷᠠᠪᠳᠠᠨ ᠲᠤᠰᠠᠯᠠᠭᠴᠢ᠂ ᠠᠯᠳᠠᠪᠠ ᠲᠠᠶᠢᠵᠢ᠂ ᠭᠥᠡᠭᠵᠤ ᠮᠠᠮᠠ ᠭᠢᠭᠡᠳ | ᠪᠤᠰᠤᠳ ᠭᠡᠳᠥᠨ ᠸᠠᠩ ᠨᠤᠶᠠᠳ ᠤᠨ ᠭᠡᠭᠦᠷ ᠶᠠᠰᠤ ᠨᠢ ᠮᠠᠯᠳᠠᠭᠳᠠᠨ ᠲᠠᠭᠠᠭᠤᠯᠤᠨ ᠤᠷᠤᠰᠢᠭᠤᠯᠤᠭᠰᠠᠨ ᠡᠳ᠋ | ᠡᠷᠳᠡᠨᠢ ᠨᠢ ᠴᠥᠮ ᠲᠡᠭᠡᠷᠡᠮᠳᠡᠭᠳᠡᠭᠰᠡᠨ ᠢ ᠪᠤᠳᠤᠪᠠᠯ ᠦᠨᠡᠭᠡᠷ ᠵᠢᠷᠤᠭᠡ ᠰᠢᠮᠰᠢᠷᠡᠨᠠ᠃ ᠤᠯᠠᠨ ᠵᠠᠭᠤᠨ ᠤ ᠲᠤᠷᠰᠢ ᠳᠤ | ᠪᠠᠭᠠᠷᠢᠨ ᠨᠤᠳᠤᠭ ᠢᠶᠠᠨ ᠬᠠᠯᠠᠭᠤᠨ ᠠᠮᠢ ᠪᠥᠯᠢᠶᠡᠨ ᠴᠢᠰᠤ ᠪᠠᠷ ᠢᠶᠠᠨ ᠪᠠᠳᠤᠯᠠᠨ ᠬᠠᠮᠠᠭᠠᠯᠠᠭᠰᠠᠨ ᠲᠡᠭᠡᠳᠥᠰ ᠮᠢᠨᠢ | ᠠᠳᠠᠭ ᠲᠠᠭᠠᠨ ᠶᠠᠰᠤ ᠪᠠᠨ ᠠᠮᠠᠷᠠᠭᠤᠯᠬᠤ ᠭᠠᠵᠠᠷ ᠴᠤ ᠥᠭᠡᠢ ᠪᠤᠯᠤᠭᠰᠠᠨ ᠨᠢ ᠥᠷ᠎ᠡ ᠬᠤᠶᠢᠴᠢᠰ ᠪᠢᠳᠡᠨ ᠳᠤ ᠠᠪᠴᠤ | ᠭᠡᠯᠡᠪᠡᠯ ᠨᠡᠷ᠎ᠡ ᠪᠠᠨ ᠬᠤᠭᠤᠯᠵᠤ ᠨᠢᠭᠤᠷ ᠢᠶᠠᠨ ᠭᠡᠭᠡᠭᠰᠡᠨ ᠤ ᠲᠦᠢᠯ ᠪᠤᠯᠵᠠᠢ᠃ ᠴᠢᠳᠠᠭᠴᠢ ᠨᠤᠶᠠᠨ ᠤ ᠨᠠᠰᠤᠨ | ᠲᠤᠷᠰᠢ ᠵᠤᠪᠠᠨ ᠵᠥᠳᠡᠵᠤ ᠪᠠᠶᠢᠭᠤᠯᠤᠭᠰᠠᠨ ᠪᠠᠭᠠᠷᠢᠨ ᠤ ᠲᠥᠷᠪᠡᠨ ᠶᠡᠭᠡ ᠰᠥᠮ᠎ᠡ ᠶᠢᠨ ᠨᠢᠭᠡ ᠪᠤᠯᠬᠤ ᠭᠤᠷᠭᠤᠤᠯᠳᠠᠢ | ᠰᠥᠮ᠎ᠡ ᠴᠤ ᠰᠤᠶᠤᠯ ᠤᠨ ᠶᠡᠭᠡ ᠬᠤᠪᠢᠰᠬᠠᠯ ᠤᠨ ᠲᠤᠮᠳᠠ ᠥᠨᠡᠰᠤᠨ ᠲᠤᠪᠷᠠᠭ ᠪᠤᠯᠵᠡᠢ᠃ | ᠪᠠᠭᠠᠷᠢᠨ ᠤ ᠲᠡᠤᠭᠡ ᠰᠤᠳᠤᠷ ᠠᠴᠠ ᠡᠰᠢᠯᠡᠪᠡᠯ ᠮᠠᠨᠵᠤ ᠴᠢᠩ ᠤᠨ ᠬᠠᠭᠠᠳ ᠭᠢᠭᠡᠳ ᠪᠠᠭᠠᠷᠢᠨ ᠤ ᠸᠠᠩ | ᠨᠤᠶᠠᠳ ᠡᠭᠢᠨ ᠳᠡᠭᠡᠨ ᠵᠢᠭᠡ ᠨᠠᠭᠠᠴᠤ᠂ ᠬᠤᠳᠠ ᠤᠷᠤᠭ ᠭᠡᠮᠡᠨ ᠮᠠᠰᠢ ᠲᠤᠳᠤᠨᠤ ᠪᠠᠶᠢᠭᠰᠠᠨ ᠪᠤᠯᠪᠠᠴᠤ ᠰᠡᠭᠦᠯᠴᠢ | ᠥᠶ᠎ᠡ ᠪᠤᠯᠬᠤ ᠳᠤ ᠮᠠᠨᠵᠤ ᠢᠵᠠᠭᠤᠷᠳᠠᠳ ᠤᠨ ᠬᠤᠭᠤᠷᠤᠨᠳᠤᠭᠢ ᠵᠥᠷᠢᠴᠡᠯ ᠰᠢᠷᠥᠭᠦᠰᠥᠭᠰᠡᠨ ᠪᠠ ᠤᠷᠤᠭ ᠤᠨ | ᠬᠤᠯᠪᠤᠭ᠎ᠠ ᠰᠤᠯᠠᠷᠠᠭᠰᠠᠨ ᠠᠴᠠ ᠶᠡᠭᠡ ᠤᠯᠠᠨ ᠲᠡᠮᠡᠴᠡᠯ ᠡᠭᠦᠰᠥᠭᠰᠡᠨ ᠪᠠᠶᠢᠨ᠎ᠡ᠃ ᠲᠠᠷᠤᠢ ᠶᠡᠭᠡ ᠭᠥᠡᠭᠵᠤ ᠶᠢᠨ | ᠭᠡᠭᠡᠨ ᠢ ᠭᠡᠳᠥᠨᠳᠡ ᠰᠢᠯᠵᠢᠭᠦᠯᠥᠭᠰᠡᠨ᠂ ᠷᠢᠮᠪᠤ ᠸᠠᠩ ᠭᠢᠭᠡᠳ ᠠᠯᠮᠠᠰᠪᠠᠽᠠᠷ ᠸᠠᠩ ᠲᠤᠯᠤᠭᠠᠢ ᠪᠠᠨ ᠠᠪᠤᠭᠤᠯᠤᠭᠰᠠᠨ᠂ | ᠪᠠᠳᠤ ᠸᠠᠩ ᠢ ᠤᠯᠢᠶᠠᠰᠤᠳᠠᠢ ᠳᠤ ᠵᠠᠶᠢᠯᠠᠭᠤᠯᠤᠭᠰᠠᠨ᠂ ᠲᠤᠰᠠᠯᠠᠭᠴᠢ ᠷᠠᠪᠳᠠᠨ ᠤ ᠭᠥᠪᠡᠭᠦᠨ ᠡᠹᠦ᠋ ᠴᠢᠳᠠᠭᠴᠢ ᠶᠢᠨ | ᠭᠡᠷ ᠪᠠᠶᠢᠰᠢᠩ ᠤᠷᠳᠤ ᠬᠠᠷᠰᠢ ᠶᠢ ᠡᠪᠳᠡᠯᠡᠨ ᠭᠤᠷᠭᠤᠤᠯᠳᠠᠢ ᠳᠤ ᠬᠤᠷᠢᠭᠰᠠᠨ᠂ ᠪᠠᠭᠢᠵᠠᠶᠠᠭᠠ ᠭᠥᠩ ᠳᠤ ᠭᠢᠯᠢᠰ | ᠭᠡᠷᠡᠭ ᠨᠥᠮᠥᠷᠭᠡᠨ ᠬᠠᠷ᠎ᠡ ᠮᠥᠷᠡᠨ ᠳᠤ ᠴᠥᠯᠡᠭᠰᠡᠨ ᠵᠡᠷᠭᠡ ᠮᠠᠰᠢ ᠤᠯᠠᠨ ᠲᠡᠤᠭᠡᠨ ᠶᠠᠪᠤᠳᠠᠯ ᠤᠳ ᠡᠭᠦᠨ ᠢ | ᠭᠡᠷᠡᠴᠢᠯᠡᠨ᠎ᠡ᠃ ︽ᠲᠤᠰᠠᠯᠠᠭᠴᠢ ᠷᠠᠪᠳᠠᠨ ᠤ ᠲᠥᠳᠥᠭᠡᠷ ᠭᠥᠪᠡᠭᠦᠨ ᠲᠡᠷᠢᠭᠦᠨ ᠵᠡᠷᠭᠡ ᠶᠢᠨ ᠲᠠᠶᠢᠵᠢ | ᠰᠠᠶᠢᠨᠬᠤᠪᠢᠳᠤ ᠳᠤ ᠭᠥᠡᠭᠵᠤ ᠮᠠᠮᠠ ᠶᠢᠨ ᠠᠯᠳᠠᠨ ᠴᠠᠨ᠂ ᠺᠤᠮᠢᠩ᠂ ᠰᠢᠳᠥᠭᠡᠨ ᠪᠤᠷᠬᠠᠨ ᠨᠤᠮ ᠴᠥᠮ ᠪᠠᠶᠢᠳᠠᠭ᠃ | 1723 ᠤᠨ ᠳᠤ ᠭᠥᠡᠭᠵᠤ ᠮᠠᠮᠠ ᠶᠢᠨ ᠤᠮᠪᠤᠯ ᠭᠥᠪᠡᠭᠦᠨ ᠲᠡᠷᠢᠭᠦᠨ ᠵᠡᠷᠭᠡ ᠶᠢᠨ ᠲᠠᠶᠢᠵᠢ ᠰᠠᠶᠢᠨᠬᠤᠪᠢᠳᠤ ᠨᠤᠶᠠᠨ | ᠥᠷ᠎ᠡ ᠥᠭᠡᠢ ᠥᠡᠭᠭᠡᠷᠡᠭᠰᠡᠨ ᠳᠤ ᠲᠡᠷᠢᠭᠦᠨ ᠵᠡᠷᠭᠡ ᠶᠢ ᠴᠢᠳᠠᠭᠴᠢ ᠳᠤ ᠵᠠᠯᠭᠠᠮᠵᠢᠯᠠᠪᠠ᠃ ᠢᠨᠵᠢ ᠮᠠᠨᠵᠤ ᠪᠠ ᠬᠤᠶᠠᠷ | ᠰᠤᠮᠤᠨ ᠤ ᠠᠯᠪᠠᠳᠤ ᠲᠡᠷᠢᠭᠦᠨ ᠢ ᠴᠢᠳᠠᠭᠴᠢ ᠪᠠᠷ ᠥᠪᠡᠷ ᠤᠨ ᠠᠬ᠎ᠠ ᠲᠡᠭᠦᠥ ᠯᠦᠭᠡ ᠪᠠᠨ ᠪᠤᠯᠢᠶᠠᠯᠳᠤᠨ ᠥᠪᠡᠷ ᠤᠨ | ᠵᠠᠰᠠᠭ ᠲᠤᠷ ᠵᠠᠭᠠᠯᠳᠤᠭᠠᠳ ᠸᠠᠩ ᠨᠤᠶᠠᠨ ᠬᠠᠤᠯᠢ ᠪᠠᠷᠢᠵᠤ ᠰᠢᠭᠦᠭᠦ ᠳᠤ ᠥᠯᠥ ᠭᠥᠯᠢᠶᠡᠨ ᠴᠢᠭᠤᠯᠭᠠᠨ ᠳᠤ ᠭᠠᠷᠴᠤ | ᠵᠠᠭᠠᠯᠳᠤᠭᠰᠠᠨ ᠳᠤᠷ ᠴᠢᠭᠤᠯᠭᠠᠨ ᠲᠡᠷᠢᠭᠦᠨ ᠮᠥᠨ ᠬᠠᠤᠯᠢ ᠪᠠᠷᠢᠵᠤ ᠰᠢᠳᠭᠡᠭᠦᠢ ᠳᠤᠷ ᠪᠠᠰᠠ ᠥᠯᠥ ᠭᠥᠯᠢᠶᠡᠨ | ᠴᠢᠳᠠᠭᠴᠢ ᠬᠠᠭᠠᠨ ᠳᠤᠷ ᠡᠰᠡ ᠭᠥᠯᠢᠶᠡᠭᠰᠡᠨ ᠢᠶᠠᠨ ᠪᠥᠷᠢᠨᠡ ᠠᠶᠢᠯᠠᠳᠬᠠᠬᠤᠢ ᠳᠤᠷ ᠬᠠᠭᠠᠨ ᠶᠡᠭᠡᠳᠡ ᠠᠭᠤᠷᠯᠠᠵᠤ᠄ ︿ | ᠴᠢᠮᠠᠢᠢ ᠥᠮᠥᠭᠡᠷᠡᠵᠤ ᠨᠢᠭᠡ ᠤᠳᠠᠭ᠎ᠠ ᠲᠡᠷᠢᠭᠦᠨ ᠵᠡᠷᠭᠡ ᠲᠠᠯᠪᠢᠭᠰᠠᠨ ᠪᠥᠯᠥᠭᠡ᠃ ᠡᠳᠥᠭᠡ ᠪᠤᠷᠤᠭᠤ ᠭᠡᠮᠡᠵᠤ | ᠲᠠᠶᠢᠵᠢ ᠶᠢ ᠡᠪᠳᠡᠨ ᠭᠡᠷ ᠲᠤᠷ ᠡᠭᠦᠷᠢᠳᠡ ᠬᠤᠷᠢᠳᠤᠭᠠᠢ﹀ ᠭᠡᠮᠡᠨ ᠵᠠᠷᠯᠢᠭ ᠪᠠᠭᠤᠯᠭᠠᠵᠠᠢ︾ B12᠃ ᠰᠡᠭᠦᠯᠡᠷ ᠨᠢ | ᠪᠠᠰᠠ ︽ᠡᠹᠦ᠋ ᠴᠢᠳᠠᠭᠴᠢ ᠶᠢ ᠬᠤᠶᠠᠳᠤᠭᠠᠷ ᠭᠥᠡᠭᠵᠤ ᠳᠤ ᠬᠠᠷᠢᠶᠠᠯ ᠭᠢᠪᠡ ᠭᠡᠵᠤ ᠲᠡᠭᠦᠨ ᠤ ᠭᠡᠷ ᠤᠨ ᠨᠢᠭᠡᠨ | ᠭᠥᠮᠥᠨ ᠪᠡᠭᠡᠵᠢᠩ ᠳᠤ ᠭᠥᠷᠴᠤ ᠥᠷᠭᠦᠨ ᠸᠠᠩ ᠪᠤᠯᠤᠨ ᠬᠤᠶᠠᠳᠤᠭᠠᠷ ᠭᠥᠡᠭᠵᠤ ᠳᠤ ᠮᠡᠳᠡᠭᠦᠯᠵᠡᠢ᠃ ᠪᠡᠭᠡᠵᠢᠩ ᠠᠴᠠ | ᠭᠢᠶ᠎ᠡ ᠢᠯᠡᠭᠡᠵᠤ ᠭᠢᠭᠰᠡᠨ ᠬᠠᠷᠢᠶᠠᠯ ᠢ ᠠᠭᠤᠳᠠᠯᠠᠨ ᠭᠠᠷᠭᠠᠭᠠᠳ ᠸᠠᠩ ᠪᠤᠯᠤᠨ ᠭᠥᠡᠭᠵᠤ ᠳᠤ ᠮᠡᠳᠡᠭᠦᠯᠭᠦ ᠳᠤ ᠲᠡᠷᠡ | ᠬᠤᠶᠠᠷ ᠪᠡᠭᠡᠵᠢᠩ ᠠᠴᠠ ᠪᠤᠴᠠᠵᠤ ᠢᠷᠡᠭᠡᠳ ᠬᠠᠷᠢᠶᠠᠯ ᠭᠢᠭᠰᠡᠨ ᠬᠤᠸᠠᠩ ᠭᠡᠯᠥᠩ ᠢ ᠬᠠᠷ᠎ᠡ ᠭᠡᠷ ᠲᠤ ᠬᠤᠷᠢᠵᠤ | ᠴᠢᠳᠠᠭᠴᠢ ᠶᠢᠨ ᠭᠡᠷ ᠭᠥᠷᠢᠶ᠎ᠡ ᠤᠷᠳᠤᠨ ᠬᠠᠷᠰᠢ ᠶᠢ ᠨᠤᠷᠠᠭᠠᠵᠤ ᠭᠤᠷᠭᠤᠤᠯᠳᠠᠢ ᠳᠤ ᠭᠥᠭᠡᠭᠡᠵᠤ ᠶᠠᠪᠤᠭᠤᠯᠵᠠᠢ B13 | ᠃ ᠬᠤᠵᠢᠮ ᠨᠢ ︽ᠭᠤᠷᠭᠤᠤᠯᠳᠠᠢ ᠶᠢᠨ ᠭᠡᠷ ᠲᠤ ᠬᠤᠷᠢᠭᠳᠠᠭᠰᠠᠨ ᠴᠢᠳᠠᠭᠴᠢ ᠨᠤᠶᠠᠨ ᠪᠤᠷᠬᠠᠨ ᠤ ᠱᠠᠰᠢᠨ ᠳᠤᠷ | ᠤᠷᠤᠵᠤ ᠬᠤᠸᠠᠷᠠᠭ ᠪᠤᠯᠤᠭᠠᠳ ᠪᠥᠳᠥᠭᠡᠯ ᠢ ᠰᠢᠮᠳᠡᠨ ᠭᠢᠴᠢᠶᠡᠭᠰᠡᠨ ᠢᠶᠠᠷ ᠤᠯᠠᠨ ᠠᠮᠢᠳᠠᠨᠡ ᠶᠡᠭᠡᠳᠡ ᠲᠤᠰᠠᠯᠠᠭᠠᠳ | ᠪᠠᠭᠠᠷᠢᠨ᠂ ᠤᠡᠭᠨᠢᠭᠤᠳ ᠤᠨ ᠤᠯᠠᠨ ᠥᠭᠯᠢᠭᠡ ᠶᠢᠨ ᠡᠵᠡᠨ ᠬᠤᠷᠠᠨ ᠴᠤᠭᠯᠠᠷᠠᠵᠤ ᠪᠠᠭᠰᠢ ᠨᠤᠶᠠᠨ ᠭᠡᠮᠡᠨ ᠴᠤᠯᠠ | ᠡᠷᠭᠦᠵᠡᠢ᠃ ᠪᠠᠭᠰᠢ ᠨᠤᠶᠠᠨ ᠨᠢᠭᠡ ᠨᠠᠰᠤᠨ ᠳᠠᠭᠠᠨ ᠪᠥᠳᠥᠭᠡᠯ ᠭᠢᠭᠰᠡᠭᠡᠷ ᠲᠠᠯᠠᠨ ᠭᠡᠳᠥᠨ ᠨᠠᠰᠤᠯᠠᠵᠤ ᠨᠠᠰᠤᠨ ᠡᠴᠥᠰ | ᠭᠥᠷᠪᠡ︾ B14᠃ ᠴᠢᠳᠠᠭᠴᠢ ᠨᠤᠶᠠᠨ 1747 ᠤᠨ ᠳᠤ ᠭᠤᠷᠭᠤᠤᠯᠳᠠᠢ ᠶᠢᠨ ᠰᠥᠮ᠎ᠡ ᠶᠢ ᠡᠭᠦᠰᠭᠡᠨ | ᠪᠠᠶᠢᠭᠤᠯᠵᠤ 1753 ᠤᠨ ᠳᠤ ᠲᠤᠰ ᠰᠥᠮ᠎ᠡ ᠶᠢᠨ ᠢᠶᠠᠨ ᠠᠩᠬᠠᠨ ᠤ ᠬᠤᠪᠢᠯᠭᠠᠨ ᠪᠤᠯᠤᠭᠰᠠᠨ ᠶᠤᠮ᠃ ︽ | ᠭᠤᠷᠭᠤᠤᠯᠳᠠᠢ ᠶᠢᠨ ᠪᠠᠭᠰᠢ ᠨᠤᠶᠠᠨ ᠤ ᠬᠤᠪᠢᠯᠭᠠᠨ ᠭᠠᠷᠪᠠ ᠭᠡᠮᠡᠨ ᠴᠢᠳᠠᠭᠴᠢ ᠶᠢᠨ ᠭᠤᠳᠠᠭᠠᠷ ᠭᠥᠪᠡᠭᠦᠨ | ᠭᠡᠽᠤᠯ ᠢᠶᠠᠷ ᠸᠠᠩ ᠳᠤᠷ ᠮᠡᠳᠡᠭᠦᠯᠥᠭᠰᠡᠨ ᠳᠤᠷ ᠸᠠᠩ ᠤᠨ ᠵᠠᠷᠯᠢᠭ ᠴᠤᠷᠵᠢ ᠰᠢᠷᠡᠭᠡᠨ ᠪᠯᠠᠮ᠎ᠡ ᠳᠤᠷ ᠮᠡᠳᠡᠭᠦᠯ | ᠭᠡᠮᠡᠭᠰᠡᠨ ᠢ ᠲᠠᠭᠠᠵᠤ ᠰᠢᠷᠡᠭᠡ ᠪᠯᠠᠮ᠎ᠡ ᠳᠤᠷ ᠮᠡᠳᠡᠭᠦᠯᠭᠦ ᠳᠤᠷ ᠰᠢᠷᠡᠭᠡᠨ ᠪᠯᠠᠮ᠎ᠡ ᠵᠠᠯᠠᠵᠤ ᠠᠪ ᠭᠡᠮᠡᠨ ᠵᠠᠷᠯᠢᠭ ᠪᠤᠯᠪᠠ᠃ | ᠵᠠᠯᠠᠵᠤ ᠠᠪᠤᠭᠠᠳ ᠰᠢᠷᠡᠭᠡᠨ ᠪᠯᠠᠮ᠎ᠡ ᠳᠤᠷ ᠱᠠᠪᠢ ᠪᠠᠷᠢᠪᠠ︾ B15᠃ ᠭᠤᠷᠭᠤᠤᠯᠳᠠᠢ ᠶᠢᠨ ᠰᠥᠮ᠎ᠡ 1753 | ᠤᠨ ᠠᠴᠠ 1947 ᠤᠨ ᠪᠤᠯᠳᠠᠯᠠᠭᠢ ᠬᠤᠶᠠᠷ ᠵᠠᠭᠤ ᠭᠠᠷᠤᠢ ᠵᠢᠯ ᠤᠨ ᠲᠤᠷᠰᠢ ᠳᠤ ᠲᠠᠪᠤᠨ ᠲᠥᠷᠥᠯ ᠤᠨ | ᠬᠤᠪᠢᠯᠭᠠᠨ ᠵᠠᠯᠠᠵᠤ ᠰᠥᠮ᠎ᠡ ᠰᠤᠪᠤᠷᠭ᠎ᠠ ᠪᠠᠨ ᠴᠤ ᠥᠷᠭᠡᠳᠭᠡᠭᠡᠳ ᠲᠠᠪᠤᠨ ᠵᠠᠭᠤ ᠢᠯᠡᠭᠦᠥ ᠬᠤᠸᠠᠷᠠᠭ ᠲᠠᠢ | ᠪᠠᠭᠠᠷᠢᠨ ᠤ ᠲᠥᠷᠪᠡᠨ ᠶᠡᠭᠡ ᠰᠥᠮ᠎ᠡ ᠶᠢᠨ ᠨᠢᠭᠡ ᠪᠤᠯᠤᠭᠰᠠᠨ ᠪᠠᠶᠢᠪᠠ᠃ ᠴᠢᠳᠠᠭᠴᠢ ᠨᠤᠶᠠᠨ ᠤ ᠬᠤᠶᠠᠳᠤᠭᠠᠷ | ᠭᠥᠡᠭᠵᠤ ᠳᠤ ᠬᠠᠷᠢᠶᠠᠯ ᠭᠢᠭᠰᠡᠨ ᠪᠠ ᠠᠬ᠎ᠠ ᠲᠡᠭᠦᠥᠰ ᠤᠨ ᠵᠠᠷᠭᠤ ᠪᠤᠯᠤᠭᠰᠠᠨ ᠤ ᠵᠥᠪ ᠪᠤᠷᠤᠭᠤ ᠶᠢ ᠲᠤᠳᠤᠯᠠᠬᠤ ᠳᠤ | ᠪᠡᠷᠭᠡᠳᠡᠢ ᠪᠤᠯᠪᠠᠴᠤ ᠬᠤᠶᠠᠷ ᠤᠳᠠᠭ᠎ᠠ ᠬᠠᠭᠠᠨ ᠡᠵᠡᠨ ᠳᠤ ᠭᠥᠷᠳᠡᠯ᠎ᠡ ᠵᠠᠭᠠᠯᠳᠤᠭᠰᠠᠨ ᠠᠴᠠ ᠴᠢᠳᠠᠭᠴᠢ ᠨᠤᠶᠠᠨ ᠤ | ᠰᠥᠰᠥ ᠵᠤᠷᠢᠭ ᠢ ᠮᠡᠳᠡᠵᠤ ᠪᠤᠯᠤᠨ᠎ᠡ᠃ ᠤᠷᠳᠤᠨ ᠬᠠᠷᠰᠢ ᠭᠡᠷ ᠭᠥᠷᠢᠶ᠎ᠡ ᠪᠠᠨ ᠡᠪᠳᠡᠭᠳᠡᠵᠤ ᠲᠡᠷᠢᠭᠦᠨ ᠵᠡᠷᠭᠡ ᠪᠠᠨ | ᠠᠪᠤᠭᠤᠯᠵᠤ ᠭᠤᠷᠭᠤᠤᠯᠳᠠᠢ ᠳᠤ ᠡᠭᠦᠷᠢᠳᠡ ᠬᠤᠷᠢᠭᠳᠠᠭᠰᠠᠨ ᠴᠢᠳᠠᠭᠴᠢ ᠳᠤ ᠠᠪᠴᠤ ᠭᠡᠯᠡᠪᠠᠯ ᠲᠤᠭᠤᠰᠤᠳᠤ | ᠶᠢᠷᠳᠢᠨᠴᠥ ᠶᠢᠨ ᠡᠯᠳᠡᠪ ᠵᠦᠢᠯ ᠠᠴᠠ ᠵᠠᠶᠢᠯᠠᠨ ᠱᠠᠰᠢᠨ ᠤ ᠮᠥᠷ ᠭᠥᠭᠡᠭᠡᠵᠤ ᠪᠤᠶᠠᠨ ᠨᠤᠮ ᠥᠢᠯᠡᠳᠥᠭᠰᠡᠨ ᠨᠢ ᠠᠷᠭ᠎ᠠ | ᠶᠠᠳᠠᠭᠰᠠᠨ ᠶᠠᠪᠤᠳᠠᠯ ᠴᠤ ᠪᠠᠶᠢᠵᠤ ᠮᠡᠳᠡᠨ᠎ᠡ᠃ ᠴᠢᠳᠠᠭᠴᠢ ᠬᠤᠵᠢᠮ ᠨᠢ ᠰᠠᠶ᠋ᠢ ᠯᠠᠮᠠ ᠪᠤᠯᠤᠭᠰᠠᠨ ᠲᠤᠯᠠ ᠡᠮᠥᠨ᠎ᠡ ᠨᠢ | ᠲᠠᠷᠬᠠᠨ᠂ ᠵᠠᠷᠭᠤᠴᠢ᠂ ᠨᠠᠰᠤᠬᠤᠷᠳᠤ ᠭᠡᠰᠡᠨ ᠭᠤᠷᠪᠠᠨ ᠭᠥᠪᠡᠭᠦᠨ ᠲᠠᠢ ᠪᠠᠶᠢᠵᠠᠢ B16᠃ ᠲᠡᠭᠷᠢ ᠲᠡᠳᠭᠦᠭᠴᠢ ᠶᠢᠨ | ᠥᠶ᠎ᠡ ᠳᠤ ᠷᠠᠪᠳᠠᠨ ᠲᠤᠰᠠᠯᠠᠭᠴᠢ ᠶᠢᠨ ᠲᠥᠷᠪᠡᠳᠥᠭᠡᠷ ᠭᠥᠪᠡᠭᠦᠨ ᠰᠠᠶᠢᠨᠬᠤᠪᠢᠳᠤ ᠠᠶᠤᠰᠢ ᠶᠢᠨ ᠬᠤᠳᠠ ᠮᠠᠨᠳᠠᠯ ᠢ | ᠮᠤᠳᠤ ᠪᠠᠷ ᠭᠢᠵᠤ ᠪᠤᠷᠬᠠᠳ ᠢ ᠭᠠᠤᠯᠢ ᠵᠠᠰ ᠢᠶᠠᠷ ᠴᠢᠳᠬᠤᠵᠤ ᠪᠥᠳᠥᠭᠡᠭᠡᠳ ︽ᠵᠡᠭᠦᠨ ᠭᠥᠭᠡ ᠭᠡᠷ ᠰᠥᠮ᠎ᠡ︾ ᠳᠤ | ᠵᠠᠯᠠᠵᠤ ᠲᠡᠯᠪᠢᠠᠠᠰᠠᠨ ᠶᠤᠮ B17᠃ | ᠪᠠᠭᠠᠷᠢᠨ ᠤ ᠲᠥᠳᠥᠭᠡᠷ ᠡᠭᠦᠳᠡᠨ ᠤ ᠲᠠᠶᠢᠵᠢ ᠨᠠᠷ ᠤᠨ ᠲᠤᠳᠤᠷ᠎ᠡ ᠲᠡᠤᠭᠡᠨ ᠳᠤ ᠨᠡᠷᠡᠳᠡᠢ ᠪᠠᠰᠠ ᠨᠢᠭᠡᠨ ᠭᠥᠮᠥᠨ | ᠪᠤᠯ ᠪᠠᠭᠢᠵᠠᠶᠠᠭᠠ ᠭᠥᠩ ᠪᠤᠯᠤᠨ᠎ᠡ᠃ ᠲᠡᠷᠡ 1846 ᠤᠨ ᠳᠤ ᠪᠠᠶᠠᠨᠬᠠᠨ ᠰᠤᠮᠤᠨ ᠤ ᠨᠢᠭᠡᠨ ᠲᠥᠳᠥᠭᠡᠷ | ᠡᠭᠦᠳᠡᠨ ᠤ ᠲᠠᠶᠢᠵᠢ ᠶᠢᠨ ᠭᠡᠷ ᠲᠤ ᠲᠥᠷᠥᠵᠡᠢ᠃ ᠪᠠᠭᠢᠵᠠᠶᠠᠭᠠ ᠤᠨᠴᠠ ᠰᠡᠴᠡᠨ ᠰᠡᠷᠭᠦᠯᠡᠩ ᠲᠤᠯᠠ ᠬᠠᠷᠠᠬᠠᠨ | ᠪᠠᠭ᠎ᠠ ᠠᠴᠠ ᠪᠠᠨ ᠮᠤᠩᠭᠤᠯ᠂ ᠮᠠᠨᠵᠤ᠂ ᠭᠢᠳᠡᠳ᠂ ᠲᠥᠪᠡᠳ ᠪᠢᠴᠢᠭ ᠢ ᠰᠠᠶᠢᠨ ᠰᠤᠷᠤᠭᠰᠠᠨ ᠢᠶᠠᠷ ᠥᠯᠥ ᠪᠠᠷᠠᠮ | ᠲᠡᠭᠷᠢ ᠶᠢᠨ ᠶᠤᠰᠤ᠂ ᠭᠠᠵᠠᠷ ᠤᠨ ᠵᠥᠢ᠂ ᠲᠡᠤᠭᠡ ᠰᠤᠳᠤᠷ ᠢ ᠴᠤ ᠨᠡᠪᠳᠡᠷᠭᠡᠢ ᠮᠡᠳᠡᠳᠡᠭ ᠪᠠᠶᠢᠵᠠᠢ᠃ ᠪᠥᠷᠢᠨ | ᠵᠠᠰᠠᠭᠴᠢ ᠶᠢᠨ ᠭᠤᠷᠪᠠᠳᠤᠭᠠᠷ ᠤᠨ ᠳᠤ ᠠᠷᠪᠠᠨ ᠨᠠᠢᠮᠠᠳᠠᠢ ᠪᠠᠭᠢᠵᠠᠶᠠᠭᠠ ᠪᠠᠭᠠᠷᠢᠨ ᠲᠠᠶᠢᠵᠢ ᠶᠢᠨ ᠭᠥᠪᠡᠭᠦᠳ ᠤᠨ | ᠬᠤᠪᠢ ᠪᠠᠷ ᠪᠡᠭᠡᠵᠢᠩ ᠳᠤ ᠭᠥᠷᠴᠤ ᠬᠠᠭᠠᠨ ᠲᠠᠢ ᠪᠠᠷᠠᠭᠠᠳᠠᠵᠠᠢ᠃ ᠬᠠᠭᠠᠨ ᠤ ᠠᠰᠠᠭᠤᠭᠰᠠᠨ ᠪᠥᠭᠦᠨ ᠢ ᠪᠠᠭᠢᠵᠠᠶᠠᠭᠠ | ᠭᠠᠶᠢᠬᠠᠮᠡ ᠰᠠᠶᠢᠬᠠᠨ ᠬᠠᠷᠢᠭᠤᠯᠤᠭᠰᠠᠨ ᠠᠴᠠ ᠡᠵᠡᠨ ᠤ ᠰᠠᠶᠢᠰᠢᠶᠠᠯ ᠢ ᠤᠯᠵᠤ ᠭᠥᠩ ᠵᠡᠷᠭᠡ ᠭᠥᠷᠳᠡᠭᠰᠡᠨ ᠪᠠᠶᠢᠨ᠎ᠡ᠃ | ᠡᠭᠦᠨ ᠠᠴᠠ ᠪᠤᠯᠵᠤ ᠨᠠᠮᠵᠢᠯᠸᠠᠩᠴᠤᠭ ᠸᠠᠩ ᠲᠠᠢ ᠵᠥᠷᠢᠴᠡᠯ ᠭᠠᠷᠴᠤ ᠵᠠᠷᠭᠤ ᠵᠠᠭᠠᠯᠳᠤᠭᠠᠨ ᠪᠤᠯᠤᠭᠰᠠᠨ ᠪᠥᠭᠡᠳ | ᠭᠡᠳᠥᠨ ᠵᠢᠯ ᠥᠷᠭᠦᠯᠵᠢᠯᠡᠵᠤ ᠡᠳ᠋ ᠭᠥᠷᠥᠩᠭᠡ ᠪᠠᠨ ᠭᠥᠨᠳᠥᠷᠦᠨ ᠬᠠᠮᠤᠭ ᠰᠡᠭᠦᠯ ᠳᠤᠨᠢ ᠵᠡᠷᠭᠡ ᠭᠡᠷᠭᠡᠮ ᠢᠶᠠᠨ ᠠᠪᠲᠠᠨ | ᠬᠠᠷᠠᠮᠦ᠋ᠷᠡᠨ ᠳᠤ ᠴᠥᠯᠡᠭᠳᠡᠵᠡᠢ᠃ ᠡᠭᠦᠨ ᠢᠶᠠᠷ ᠥᠯᠥ ᠪᠠᠷᠠᠮ ᠪᠠᠭᠢᠵᠠᠶᠠᠭᠠ ᠭᠥᠩ ᠢ ᠬᠠᠪᠰᠤᠷᠴᠤ ᠵᠠᠷᠭᠤ ᠭᠢᠭᠰᠡᠨ | ᠠᠷᠪᠠ ᠭᠠᠷᠤᠢ ᠭᠥᠮᠥᠰ ᠴᠤ ᠭᠥᠨᠳᠥ ᠪᠠᠷ ᠶᠠᠯᠠᠯᠠᠭᠳᠠᠭᠰᠠᠨ ᠪᠠᠶᠢᠨ᠎ᠡ᠂ ᠪᠠᠭᠢᠵᠠᠶᠠᠭᠠ ᠭᠥᠩ ᠬᠠᠷᠠᠮᠦ᠋ᠷᠡᠨ ᠳᠤ | ᠭᠥᠷᠥᠭᠰᠡᠨ ᠤ ᠲᠠᠷᠠᠭ᠎ᠠ ᠭᠢᠵᠠᠭᠠᠷ ᠤᠨ ᠵᠠᠩᠵᠤᠨ ᠲᠡᠭᠦᠨ ᠤ ᠡᠷᠳᠡᠮ ᠴᠢᠳᠠᠪᠤᠷᠢ ᠶᠢ ᠪᠢᠰᠢᠷᠡᠵᠤ ᠴᠡᠷᠢᠭ ᠤᠨ | ᠶᠠᠮᠤᠨ ᠳᠠᠭᠠᠨ ᠪᠠᠭᠰᠢ ᠪᠠᠷ ᠵᠠᠯᠠᠵᠠᠢ᠃ ᠭᠤᠴᠢᠭᠠᠳ ᠵᠢᠯ ᠪᠤᠯᠤᠭᠰᠠᠨ ᠤ ᠲᠠᠷᠠᠭ᠎ᠠ ᠭᠢᠵᠠᠭᠠᠷ ᠤᠨ ᠵᠠᠩᠵᠤᠨ | ᠲᠥᠰᠢᠮᠡᠯ ᠤᠨ ᠬᠠᠪᠰᠤᠷᠤᠯᠭ᠎ᠠ ᠪᠠᠷ ᠭᠢᠯᠢᠰ ᠢᠶᠠᠨ ᠲᠤᠭᠠᠴᠢᠨ ᠥᠨᠡᠨ ᠴᠠᠭᠠᠨ ᠢᠶᠠᠨ ᠶᠠᠷᠢᠵᠤ ᠲᠥᠷᠥ ᠭᠥᠷᠥᠨ ᠤ | ᠠᠭᠤᠴᠢᠯᠠᠯ ᠢ ᠤᠯᠵᠤ ᠪᠠᠭᠠᠷᠢᠨ ᠳᠠᠭᠠᠨ ᠪᠤᠴᠠᠵᠤ ᠢᠷᠡᠭᠡᠳ ᠪᠠᠷᠠᠭᠤᠨ ᠭᠥᠭᠡ ᠭᠡᠷ ᠰᠥᠮ᠎ᠡ ᠳᠤ ᠰᠠᠭᠤᠵᠠᠢ᠃ | ᠪᠠᠭᠢᠵᠠᠶᠠᠭᠠ ᠨᠢᠭᠡ ᠨᠠᠰᠤᠨ ᠳᠠᠭᠠᠨ ᠬᠤᠷᠢᠮᠯᠠᠭᠰᠠᠨ ᠥᠭᠡᠢ ᠲᠤᠯᠠ ᠥᠷ᠎ᠡ ᠭᠡᠤᠭᠡᠳ ᠥᠭᠡᠢ᠂ ᠰᠡᠭᠦᠯᠡᠷ ᠨᠢ | ᠲᠥᠭᠦᠷᠡᠩᠭᠡᠰᠢᠭ ᠭᠡᠳᠡᠭ ᠭᠥᠪᠡᠭᠦᠨ ᠥᠷᠡᠴᠢᠯᠡᠵᠤ ᠦᠪᠡᠷ ᠢ ᠪᠠᠨ ᠠᠰᠠᠷᠠᠭᠤᠯᠤᠭᠰᠠᠭᠠᠷ ᠲᠠᠯ᠎ᠠ ᠭᠠᠷᠤᠢ ᠨᠠᠰᠤᠯᠠᠵᠠᠢ | B18᠃ ︽ᠪᠠᠭᠠᠷᠢᠨ ᠤ ᠰᠤᠳᠤᠨ ᠭᠥᠪᠡᠭᠦᠨ︾ ᠭᠡᠮᠡᠭᠳᠡᠭᠰᠡᠨ ᠨᠢᠭᠡᠨ ᠥᠶ᠎ᠡ ᠶᠢᠨ ᠮᠡᠷᠭᠡᠨ ᠪᠠᠭᠠᠳᠤᠷ ᠬᠠᠷᠠᠩᠭᠤᠢ | ᠨᠡᠶᠢᠭᠡᠮ ᠤᠨ ᠥᠰᠢᠶ᠎ᠡ ᠬᠤᠷᠤᠰᠤᠯ ᠳᠤ ᠢᠡᠭᠭᠢᠵᠤ ᠰᠥᠢᠳᠴᠥᠭᠦᠢ᠃ ᠪᠠᠶᠠᠠᠬᠠᠨ ᠨᠤᠳᠤᠭ ᠤᠨ ᠰᠢᠷᠡᠮᠦ᠋ᠷᠡᠨ | ᠭᠠᠴᠠᠭᠠᠨ ᠤ ᠲᠥᠳᠥᠭᠡᠷ ᠡᠭᠦᠳᠡᠨ ᠤ ᠲᠠᠶᠢᠵᠢ ᠤᠳᠬᠠᠳᠤ ᠰᠤᠷᠭᠠᠭᠤᠯᠢ ᠲᠡᠭᠦᠰᠴᠤ ᠰᠢᠯᠢ ᠶᠢᠨ ᠭᠤᠤᠯ ᠳᠤ | ᠠᠵᠢᠯᠯᠠᠬᠤ ᠪᠠᠷ ᠶᠠᠪᠤᠬᠤ ᠳᠤ᠄ ︽ᠭᠠᠳᠠᠭᠰᠢ ᠶᠠᠪᠤᠵᠤ ᠠᠯᠪᠠ ᠭᠢᠭᠦ ᠭᠥᠮᠥᠨ ᠨᠤᠮᠤᠬᠠᠨ ᠰᠢᠳᠤᠷᠭᠤ ᠪᠠᠷ ᠠᠵᠢᠯᠯᠠᠬᠤ | ᠭᠡᠷᠡᠭᠳᠡᠢ᠂ ᠪᠢᠳᠡᠭᠡᠢ ᠯᠠ ᠮᠠᠨ ᠤ ᠪᠠᠭᠢᠵᠠᠶᠠᠭᠠ ᠭᠥᠩ ᠠᠳᠠᠯᠢ ᠭᠡᠷᠡᠭ ᠵᠠᠷᠭᠤ ᠳᠤ ᠤᠷᠤᠴᠢᠬᠠ ᠳ᠋ᠠ︾ ᠭᠡᠵᠤ | ᠠᠬᠠᠮᠠᠳ ᠨᠠᠷ ᠨᠢ ᠰᠤᠷᠭᠠᠭᠰᠠᠨ ᠭᠡᠳᠡᠭ B19᠃ ᠪᠠᠶᠠᠨᠬᠠᠨ ᠨᠤᠳᠤᠭ ᠤᠨ ᠨᠠᠷᠠᠰᠤᠳᠠᠢ ᠳᠤ ᠪᠠᠭᠢᠵᠠᠶᠠᠭᠠ ᠭᠥᠩ ᠤᠨ | ᠠᠴᠢ ᠪᠤᠯᠬᠤ ᠲᠡᠭᠦᠰᠴᠤᠭᠳᠤ ᠭᠡᠳᠡᠭ ᠢᠳᠡ ᠴᠢᠳᠠᠯ ᠲᠠᠢ ᠰᠠᠶᠢᠨ ᠡᠷ᠎ᠡ ᠪᠠᠶᠢᠵᠠᠢ᠃ ᠨᠤᠳᠤᠭ ᠤᠨ ᠨᠠᠰᠤᠳᠠᠳ ᠴᠥᠮ | ᠲᠡᠭᠦᠰᠴᠤᠭᠳᠤ ᠠᠪᠤ ᠭᠡᠮᠡᠨ ᠲᠤᠷᠠᠰᠳᠠᠭ᠃ ᠲᠡᠷᠡ ᠭᠢᠯᠭᠠᠰᠤ ᠪᠠᠷ ᠲᠡᠭᠡᠰᠤ ᠲᠠᠮᠤᠬᠤ ᠳᠤ ᠲᠡᠭᠡᠰᠤ ᠨᠢ | ᠪᠤᠰᠤᠭ᠎ᠠ ᠪᠠᠷ ᠢᠶᠠᠨ ᠮᠤᠩᠭᠤᠯ ᠭᠡᠷ ᠤᠨ ᠲᠤᠭᠤᠨᠤ ᠪᠠᠷ ᠲᠡᠭᠡᠭᠰᠢ ᠭᠠᠷᠴᠤ ᠴᠢᠳᠠᠳᠠᠭ ᠭᠡᠨ᠎ᠡ᠃ 1944 ᠤᠨ ᠤ | ᠴᠠᠭ ᠤᠨ ᠮᠠᠭᠤ ᠵᠢᠯ ᠥᠭᠦᠭᠰᠡᠨ ᠮᠠᠯ ᠢᠶᠠᠨ ᠥᠨᠡᠭᠡ ᠴᠢᠨ᠋ᠸ᠎ᠡ ᠰᠢᠭ᠋ ᠪᠢᠳᠡᠭᠦᠥ ᠥᠪᠴᠢᠭᠡᠳ ᠭᠡᠳᠥᠭᠡᠨ ᠰᠡᠭᠰᠥᠷᠪᠡᠯ | ᠠᠷᠠᠰᠤ ᠮᠢᠬ᠎ᠠ ᠶᠢ ᠨᠢ ᠰᠠᠯᠭᠠᠭᠠᠳ ᠠᠷᠠᠰᠤ ᠶᠢ ᠨᠢ ᠠᠪᠴᠤ ᠶᠠᠰᠤ ᠮᠢᠬ᠎ᠠ ᠶᠢ ᠨᠢ ᠤᠯᠠᠭᠠᠨ ᠭᠤᠤ ᠳᠤ ᠬᠠᠶᠠᠴᠢᠬᠠᠳᠠᠭ | ᠭᠡᠨ᠎ᠡ᠃ ᠲᠡᠭᠦᠰᠴᠤᠭᠳᠤ ᠨᠠᠰᠤᠳᠠᠨ ᠳᠤ ᠶᠡᠭᠡ ᠬᠤᠷᠳᠤᠨ ᠭᠥᠶᠥᠳᠡᠭ ᠨᠢᠭᠡᠨ ᠭᠡᠭᠡᠷ ᠮᠤᠷᠢ ᠪᠠᠶᠢᠭᠰᠠᠨ ᠢᠶᠠᠨ | ᠥᠭᠦᠭᠰᠡᠨ ᠤ ᠬᠢᠨᠢ ᠲᠡᠷᠠᠭ᠎ᠠ ᠲᠤᠯᠤᠭᠠᠢ ᠶᠢ ᠨᠢ ᠨᠤᠭᠤᠭᠠᠨ ᠨᠢᠭᠤᠷ ᠤᠨ ᠤᠷᠤᠢ ᠲᠡᠭᠡᠷ᠎ᠡ ᠲᠡᠭᠢᠵᠤ ᠲᠤᠭᠤᠷᠢᠭᠤᠯᠤᠨ | ᠤᠪᠤᠭᠠᠯᠠᠭᠰᠠᠨ ᠴᠢᠯᠠᠭᠤ ᠨᠢ ᠲᠡᠭᠡᠷ᠎ᠡ ᠵᠠᠭᠤᠨ ᠤ ᠰᠡᠭᠦᠯᠴᠢ ᠪᠤᠯᠳᠠᠯ᠎ᠡ ᠮᠡᠳᠡᠭᠳᠡᠵᠤ ᠪᠠᠶᠢᠵᠠᠢ᠃ ᠲᠡᠭᠦᠰᠴᠤᠭᠳᠤ | ᠨᠠᠰᠤᠳᠠᠨ ᠥᠷ᠎ᠡ ᠭᠡᠤᠭᠡᠳ ᠥᠭᠡᠢ ᠲᠤᠯᠠ ᠲᠡᠤᠭᠡ ᠶᠢᠨ ᠤᠯᠠ ᠮᠥᠷ ᠨᠢ ᠴᠤ ᠪᠠᠯᠠᠷᠬᠠᠢ ᠪᠤᠯᠤᠭᠰᠠᠨ ᠪᠠᠶᠢᠨ᠎ᠡ᠃ | ᠪᠠᠶᠠᠨᠬᠠᠨ ᠤ ᠪᠤᠩᠬᠤᠨ ᠠᠶᠢᠯ ᠤᠨ ᠲᠥᠳᠥᠭᠡᠷ ᠡᠭᠦᠳᠡᠨ ᠤ ᠲᠠᠶᠢᠵᠢ ᠯᠢᠭᠳᠡᠨᠵᠠᠮᠰᠤ ᠶᠢ ᠲᠠᠨᠢᠯ ᠭᠥᠮᠥᠰ ᠴᠥᠮ | ︽ᠶᠡᠭᠡ ᠡᠷ᠎ᠡ ᠯᠢᠭᠳᠡᠨᠵᠠᠮᠰᠤ︾ B20 ᠭᠡᠳᠡᠭ ᠪᠠᠶᠢᠵᠠᠢ᠃ ᠲᠡᠷᠡ ᠥᠪᠥᠷ ᠮᠤᠩᠭᠤᠯ ᠤᠨ ᠠᠷᠠᠳ ᠤᠨ ᠴᠡᠷᠢᠭ ᠤᠨ | ᠭᠡᠰᠢᠭᠳᠡᠨ ᠤ ᠮᠦᠷᠢᠩᠭᠠ ᠶᠢᠨ ᠵᠢᠯᠤᠭᠤᠳᠤᠭᠰᠠᠨ ᠨᠢᠭᠡᠳᠥᠭᠡᠷ ᠴᠤᠪᠤᠭ᠎ᠠ ᠠᠩᠭᠢ ᠶᠢᠨ ᠪᠠᠭᠠᠷᠢᠨ ᠤ ᠮᠢᠰᠢᠭᠷᠢᠨᠴᠢᠨ ᠤ | ᠬᠤᠷᠢᠶᠠᠨ ᠳᠤ ᠰᠤᠮᠤᠨ ᠲᠠᠷᠤᠭ᠎ᠠ ᠶᠢᠨ ᠲᠤᠰᠢᠶᠠᠯ ᠡᠭᠦᠷᠭᠡᠯᠡᠵᠤ ᠪᠠᠶᠢᠭᠰᠠᠨ ᠶᠤᠮ᠃ ᠥᠪᠥᠷ ᠮᠤᠩᠭᠤᠯ ᠤᠨ | ᠠᠷᠠᠳ ᠤᠨ ᠴᠡᠷᠢᠭ ᠪᠤᠯ ᠲᠤᠮᠳᠠᠳᠤ ᠤᠯᠤᠰ ᠤᠨ ᠡᠪ ᠬᠠᠮᠳᠤ ᠨᠠᠮ ᠤᠳᠤᠷᠢᠳᠴᠤ ᠯᠢ ᠳ᠋ᠠ ᠵᠤᠤ ᠨᠥᠭᠦᠷ ᠤᠨ | ᠵᠤᠭᠢᠶᠠᠨ ᠪᠠᠶᠢᠭᠤᠯᠤᠭᠰᠠᠨ ᠬᠤᠪᠢᠰᠬᠠᠯᠳᠤ ᠴᠡᠷᠢᠭ ᠠᠩᠭᠢ ᠮᠥᠨ᠃ ᠲᠡᠷᠡ ᠨᠢ ᠢᠷᠡᠭᠡᠳᠥᠢ ᠶᠢᠨ ᠥᠪᠥᠷ | ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ ᠢ ᠪᠠᠶᠢᠭᠤᠯᠬᠤ ᠳᠤ ᠪᠠᠳᠤ ᠰᠠᠭᠤᠷᠢ ᠲᠠᠯᠪᠢᠭᠰᠠᠨ ᠪᠢᠯᠡ B21᠃ | ᠮᠦᠷᠢᠩᠭᠠ ᠶᠢᠨ ᠮᠤᠩᠭᠤᠯ ᠮᠤᠷᠢᠳᠤ ᠴᠡᠷᠢᠭ ᠮᠥᠭᠳᠡᠨ ᠤ ᠲᠠᠷᠰᠯᠡᠭᠦᠥ ᠴᠡᠷᠢᠭ ᠢ ᠪᠤᠳᠠ ᠨᠢᠷᠭᠡᠵᠤ ᠪᠠᠷᠭᠤ᠂ ᠯᠢᠨᠰᠢ᠂ | ᠪᠤᠷᠤᠬᠤᠳᠠ᠂ ᠳ᠋ᠠᠪᠠᠨ᠂ ᠬᠠᠯᠢᠭᠤᠳᠤ ︵ᠺᠠᠶᠢᠯᠤ︶ ᠱᠠᠭᠠᠵᠠᠭᠠᠢ ᠬᠤᠳᠠ ︵ᠪᠠᠢ ᠴᠧᠩ ᠽᠢ︶ ᠶᠢ ᠡᠵᠡᠯᠡᠭᠰᠡᠨ ᠤ | ᠬᠠᠮᠳᠤ ᠲᠡᠳᠡᠨ ᠤ ᠭᠠᠷ ᠭᠥᠯ ᠪᠤᠯᠤᠭᠴᠢ ᠲᠠᠪᠢ ᠭᠠᠷᠤᠢ ᠬᠠᠷᠭᠢᠰ ᠨᠤᠶᠠᠨ ᠬᠤᠪᠳᠤᠭ ᠪᠠᠶᠠᠳ ᠢ ᠶᠠᠯᠠᠯᠠᠨ | ᠰᠢᠳᠭᠡᠭᠡᠳ ᠥᠷᠭᠡᠨ ᠤᠯᠠᠨ ᠮᠠᠯᠴᠢᠨ ᠲᠡᠷᠢᠶᠠᠴᠢᠨ ᠤ ᠬᠠᠯᠠᠭᠤᠨ ᠭᠥᠷᠢᠶᠡᠯᠡᠯ ᠢ ᠤᠯᠤᠭᠰᠠᠨ ᠶᠤᠮ᠃ ᠭᠡᠳᠡᠯ᠎ᠡ | ᠮᠥᠭᠳᠡᠨ ᠤ ᠴᠡᠷᠢᠭ ᠤᠨ ᠡᠷᠭᠡᠳᠡᠨ ᠮᠦᠷᠢᠩᠭᠠ ᠭᠢᠭᠡᠳ ᠮᠤᠩᠭᠤᠯ ᠮᠤᠷᠢᠳᠤ ᠴᠡᠷᠢᠭ ᠢ ︽ᠤᠯᠠᠭᠠᠨ ᠨᠠᠮ ᠲᠠᠢ | ᠰᠥᠯᠪᠡᠭᠡᠯᠳᠥᠭᠰᠡᠨ ᠲᠤᠯᠠ ᠭᠥᠨᠳᠥ ᠪᠠᠷ ᠰᠢᠳᠭᠡᠨ ᠤᠯᠠᠭᠠᠨ ᠤ ᠠᠶᠤᠯ ᠢ ᠬᠤᠷᠢᠭᠯᠠᠬᠤ ᠭᠡᠷᠡᠭᠳᠡᠢ︾ B22 ᠭᠡᠵᠤ | ᠤᠮᠠᠷᠠᠳᠤ ᠶᠢᠨ ᠴᠡᠷᠢᠭ ᠤᠨ ᠡᠷᠭᠡᠳᠡᠨ ᠤ ᠵᠠᠰᠠᠭ ᠤᠨ ᠭᠠᠵᠠᠷ ᠲᠤ ᠱᠠᠭᠠᠷᠳᠠᠨ ᠴᠡᠷᠢᠭ ᠤᠨ ᠲᠠᠭᠠᠷᠢᠯᠳᠠ | ᠶᠠᠪᠤᠭᠤᠯᠤᠭᠰᠠᠨ ᠪᠠᠶᠢᠨ᠎ᠡ᠃ ᠲᠡᠷᠰᠯᠡᠭᠦᠥ ᠴᠡᠷᠢᠭ ᠤᠨ ᠡᠷᠭᠡᠳᠡᠨ ᠤ ᠲᠠᠷᠤᠯᠳᠠ ᠪᠠᠷ ᠮᠥᠷᠢᠩᠭᠠ ᠶᠢᠨ ᠮᠤᠩᠭᠤᠯ | ᠮᠤᠷᠢᠳᠤ ᠴᠡᠷᠢᠭ ᠤᠨ ᠮᠢᠰᠢᠭᠷᠢᠨᠴᠢᠨ ᠤ ᠪᠠᠭᠠᠷᠢᠨ ᠬᠤᠷᠢᠶ᠎ᠡ ᠶᠡᠭᠡ ᠴᠡᠷᠢᠭ ᠲᠠᠢ ᠬᠠᠮᠳᠤ ᠭᠥᠭᠡᠬᠤᠳᠠ ᠵᠥᠭ | ᠤᠬᠤᠷᠢᠭᠰᠠᠨ ᠪᠤᠯᠪᠠᠴᠤ ᠯᠢᠭᠳᠡᠨᠵᠠᠮᠰᠤ ᠵᠠᠪᠰᠢᠶᠠᠨ ᠪᠤᠰᠤ ᠪᠠᠷ ᠪᠠᠷᠢᠪᠴᠢᠯᠠᠭᠳᠠᠨ ᠪᠠᠷᠠᠭᠤᠨ ᠰᠥᠮ᠎ᠡ ᠶᠢᠨ ᠵᠡᠭᠦᠨᠳᠡᠭᠢ | ᠭᠥᠨᠳᠡᠯᠡᠨ ᠭᠤᠤ ᠳᠤ ᠬᠤᠤᠷᠯᠠᠭᠳᠠᠭᠰᠠᠨ ᠪᠠᠶᠢᠨ᠎ᠡ᠃ ᠲᠡᠷᠡ ᠥᠶ᠎ᠡ ᠳᠤ ᠰᠠᠶ᠋ᠢ ᠬᠤᠷᠢᠨ ᠨᠠᠢᠮᠠᠳᠠᠢ ᠪᠠᠶᠢᠵᠠᠢ᠃ | ᠷᠠᠪᠳᠠᠨ ᠲᠤᠰᠠᠯᠠᠭᠴᠢ ᠠᠴᠠ ᠡᠭᠦᠰᠴᠤ ᠲᠡᠯᠭᠡᠷᠡᠭᠰᠡᠨ ᠪᠠᠭᠠᠷᠢᠨ ᠤ ᠲᠥᠳᠥᠭᠡᠷ ᠡᠭᠦᠳᠡᠨ ᠤ ᠲᠠᠶᠢᠵᠢ ᠨᠠᠷ ᠠᠴᠠ | ᠭᠤᠷᠪᠠᠨ ᠵᠠᠭᠤ ᠢᠯᠡᠭᠦᠥ ᠵᠢᠯ ᠤᠨ ᠤᠷᠳᠤ ᠬᠤᠭᠤᠴᠠᠭᠠᠨ ᠳᠤ ᠴᠤᠯᠭᠤᠷᠠᠨ ᠭᠠᠷᠤᠭᠰᠠᠨ ᠰᠤᠳᠤᠨ ᠭᠥᠮᠥᠰ ᠮᠠᠰᠢ | ᠤᠯᠠᠨ ᠪᠠᠶᠢᠳᠠᠭ᠃ | ᠵᠡᠭᠦᠯᠳᠡ᠄ | ①④B15 ᠷᠠᠰᠢᠫᠤᠩᠰᠤᠭ᠄ ︽ᠪᠤᠯᠤᠷ ᠡᠷᠢᠭᠡ︾ ︵ᠲᠤᠤᠷᠠᠳᠤ ᠲᠡᠪᠳᠡᠷ︶᠂ ᠥᠪᠥᠷ ᠮᠤᠩᠭᠤᠯ ᠤᠨ | ᠠᠷᠠᠳ ᠤᠨ ᠭᠡᠪᠯᠡᠯ ᠤᠨ ᠬᠤᠷᠢᠶ᠎ᠡ᠂ 2000 ᠤᠨ ᠤ 3 ᠰᠠᠷ᠎ᠡ ᠳᠤ ᠭᠡᠪᠯᠡᠪᠡ᠂ 395᠂ 405 ᠳ᠋ᠤᠭᠠᠷ ᠨᠢᠭᠤᠷ᠃ | ②⑧⑨⑩ B12᠂ B13᠂ B14᠂ B15 ᠨ᠊ · ᠰᠠᠶᠢᠰᠢᠶᠠᠯᠳᠤ᠂ ᠬᠠᠰᠪᠠᠭᠠᠨᠡ ᠡᠮᠭᠢᠳᠭᠡᠨ | ᠲᠠᠨᠢᠯᠴᠠᠭᠤᠯᠪᠠ᠄ ︽ᠪᠠᠭᠠᠷᠢᠨ ᠤ ᠲᠡᠤᠭᠡ ᠰᠤᠶᠤᠯ ᠤᠨ ᠰᠤᠷᠪᠤᠯᠵᠢ ᠪᠢᠴᠢᠭ︾᠂ ᠥᠪᠥᠷ ᠮᠤᠩᠭᠤᠯ ᠤᠨ ᠰᠤᠶᠤᠯ ᠤᠨ | ᠭᠡᠪᠯᠡᠯ ᠤᠨ ᠬᠤᠷᠢᠶ᠎ᠡ᠂ 2006 ᠤᠨ ᠤ 1 ᠰᠠᠷ᠎ᠡ ᠳᠤ ᠭᠡᠪᠯᠡᠪᠡ᠂ 30᠂ 35᠂ 33᠂ 31᠂ 36᠂ 47᠂ | 50 ᠳ᠋ᠤᠭᠠᠷ ᠨᠢᠭᠤᠷ᠃ | ③⑥ ᠨᠠᠮᠰᠠᠷᠠᠢ᠄ ︽ᠲᠠᠶᠢᠴᠢᠩ ᠤᠯᠤᠰ ᠤᠨ ᠥᠶ᠎ᠡ ᠶᠢᠨ ᠮᠤᠩᠭᠤᠯ ᠤᠨ ᠲᠡᠤᠭᠡ︾᠂ ᠥᠪᠥᠷ ᠮᠤᠩᠭᠤᠯ ᠤᠨ | ᠰᠤᠶᠤᠯ ᠤᠨ ᠭᠡᠪᠯᠡᠯ ᠤᠨ ᠬᠤᠷᠢᠶ᠎ᠡ᠂ 1993 ᠤᠨ ᠤ 12 ᠰᠠᠷ᠎ᠡ ᠳᠤ ᠠᠩᠬᠠᠳᠤᠭᠠᠷ ᠤᠳᠠᠭ᠎ᠠ ᠭᠡᠪᠯᠡᠪᠡ᠂ 308᠂ | 123 ᠳ᠋ᠤᠭᠠᠷ ᠨᠢᠭᠤᠷ᠃ | ⑤B11 ᠲᠤᠷᠵᠢᠰᠠᠩᠪᠤᠤ ᠨᠠᠶᠢᠷᠠᠭᠤᠯᠤᠨ ᠵᠤᠭᠢᠶᠠᠪᠠ᠄ ︽ᠪᠠᠭᠠᠷᠢᠨ ᠤ ᠪᠤᠭᠤᠷᠤᠯ ᠲᠡᠤᠭᠡ ᠶᠢᠨ ᠱᠥᠭᠦᠮᠡᠭ︾ | ᠂ ᠥᠪᠥᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠡ᠂ 2011 ᠤᠨ ᠤ 10 ᠰᠠᠷ᠎ᠡ ᠳᠤ ᠭᠡᠪᠯᠡᠪᠡ᠂ 6᠂ | 91 ᠳ᠋ᠤᠭᠡᠷ ᠨᠢᠭᠤᠷ᠃ | ⑦ ︽ᠡᠩᠭᠡ ᠠᠮᠤᠭᠤᠯᠠᠩ ᠤᠨ ᠥᠨᠡᠨ ᠲᠡᠮᠳᠡᠭᠯᠡᠯ︾ B17 ︽ᠵᠤᠤ ᠤᠳᠠ ᠶᠢᠨ ᠰᠥᠮ᠎ᠡ ᠭᠡᠶᠢᠳ︾᠂ | ᠥᠪᠥᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠡ᠂ 1994 ᠤᠨ ᠤ 10 ᠰᠠᠷ᠎ᠡ ᠳᠤ ᠠᠩᠬ᠎ᠠ ᠭᠡᠪᠯᠡᠪᠡ᠃ | 196 ᠳ᠋ᠤᠭᠠᠷ ᠨᠢᠭᠤᠷ᠃ B18 ᠮᠦᠰᠦᠨ᠂ ᠸᠠᠩ ᠰᠢᠩ ᠭᠥᠢ᠄ ︽ᠪᠠᠭᠠᠷᠢᠨ ᠤ ᠲᠡᠤᠭᠡᠨ ᠰᠤᠷᠪᠤᠯᠵᠢ︾ ︵ | ᠭᠢᠳᠡᠳ︶᠂ ᠥᠪᠥᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠡ᠂ 1997 ᠤᠨ ᠤ 9 ᠰᠠᠷ᠎ᠡ ᠳᠤ ᠠᠩᠬ᠎ᠠ | ᠭᠡᠪᠯᠡᠪᠡ᠂ 113 ᠳ᠋ᠤᠭᠠᠷ ᠨᠢᠭᠤᠷ᠃ B19᠂ 2012 ᠤᠨ ᠤ 10 ᠰᠠᠷ᠎ᠡ ᠳᠤ ᠪᠠᠶᠠᠨᠬᠠᠨ ᠤ ᠰᠢᠷᠠᠮᠦ᠋ᠷᠡᠨ | ᠭᠠᠴᠠᠭᠠᠨ ᠤ ᠤᠳᠬᠠᠳᠤ ᠶᠢᠨ ᠲᠡᠭᠦᠥ ᠪᠤᠤ ᠢᠤᠢ ᠠᠴᠠ ᠰᠤᠨᠤᠰᠪᠠ᠃ B20᠂ 2011 ᠤᠨ ᠤ 8 ᠰᠠᠷ᠎ᠡ ᠳᠤ | ᠴᠠᠭᠠᠨᠨᠠᠭᠤᠷ ᠤᠨ ᠥᠯᠵᠡᠶᠢᠳᠤ ᠨᠤᠳᠤᠭᠲᠠᠢ ᠪᠠᠳᠤᠵᠤᠷᠢᠭ ᠠᠴᠠ ᠰᠤᠨᠤᠰᠪᠠ᠃ B21᠂ B22 ᠮᠧᠩ ᠵᠤᠤ ᠵᠢᠤᠸᠠᠨ | ᠭᠤᠤᠯᠯᠠᠨ ᠨᠠᠶᠢᠷᠠᠭᠤᠯᠪᠠ᠄ ︽ᠲᠤᠮᠳᠠᠳᠤ ᠤᠯᠤᠰ ᠤᠨ ᠡᠪ ᠬᠠᠮᠳᠤ ᠨᠠᠮ ᠤᠨ ᠤᠯᠠᠭᠠᠨᠬᠠᠳᠠ ᠤᠷᠤᠨ ᠤ ᠲᠡᠤᠭᠡ︾ ︵ | ᠭᠢᠳᠡᠳ︶᠂ ᠶᠠ ᠲᠠᠢ ᠰᠤᠨᠢᠨ ᠮᠡᠳᠡᠭᠡᠨ ᠤ ᠭᠡᠪᠯᠡᠯ ᠤᠨ ᠬᠤᠷᠢᠶ᠎ᠡ᠂ 2002 ᠤᠨ ᠤ 11 ᠰᠠᠷ᠎ᠡ ᠳᠤ ᠭᠡᠪᠯᠡᠪᠡ᠂ | 13᠂ 15 ᠳ᠋ᠤᠭᠠᠷ ᠨᠢᠭᠤᠷ᠃ | | | ᠵᠣᠬᠢᠶᠠᠭᠴᠢ᠄ ᠰᠡᠴᠡᠡᠳᠡᠭᠦᠰ | | |