ᠪᠠᠶᠠᠨ ᠴᠸᠡᠭᠰᠢᠶᠠᠩ | 1253 ᠤᠨ ᠳᠤ ᠠᠯᠠᠭ ᠨᠤᠶᠠᠨ ᠤ ᠤᠮᠪᠤᠯ ᠪᠤᠯᠬᠤ ᠪᠠᠶᠠᠨ ᠠᠪᠤ ᠰᠢᠪᠠᠭᠤᠳᠠᠢ ᠶᠢᠨ ᠬᠠᠮᠳᠤ ᠮᠥᠡᠭᠭᠡ | ᠬᠠᠭᠠᠨ ᠤ ᠵᠠᠷᠯᠢᠭ ᠢᠶᠠᠷ ᠥᠯᠡᠭᠦ ᠨᠤᠶᠠᠨ ᠢ ᠲᠠᠭᠠᠯᠳᠤᠨ ᠮᠤᠩᠭᠤᠯᠴᠤᠳ ᠤᠨ ᠭᠤᠷᠪᠠᠳᠤᠭᠠᠷ ᠤᠳᠠᠭᠠᠨ ᠤ ᠪᠠᠷᠠᠭᠤᠨᠰᠢ | ᠲᠠᠶᠢᠯᠠᠬᠤ ᠲᠠᠶᠢᠨ ᠳᠤ ᠤᠷᠤᠯᠴᠠᠨ ᠪᠠᠭᠳᠠᠳ᠋ ᠢ ᠡᠵᠡᠯᠡᠨ᠂ ᠢᠷᠠᠨ ᠢ ᠮᠥᠭᠦᠭᠡᠵᠤ ᠢᠯ ᠬᠠᠭᠠᠨᠳᠤ ᠤᠯᠤᠰ ᠢ | ᠪᠠᠶᠢᠭᠤᠯᠬᠤ ᠳᠤ ᠠᠤᠭ᠎ᠠ ᠭᠠᠪᠢᠶ᠎ᠡ ᠪᠠᠶᠢᠭᠤᠯᠤᠭᠰᠠᠨ ᠶᠤᠮ᠃ 1265 ᠤᠨ ᠳᠤ ᠬᠤᠷᠢ ᠶᠢᠰᠤᠨ ᠨᠠᠰᠤᠳᠠᠢ ᠪᠠᠶᠠᠨ | ᠢᠯ ᠬᠠᠭᠠᠨᠳᠤ ᠤᠯᠤᠰ ᠤᠨ ᠡᠯᠴᠢᠨ ᠤ ᠪᠥᠯᠭᠦᠮ ᠤᠨ ᠭᠡᠰᠢᠭᠦᠨ ᠢᠶᠠᠷ ᠶᠡᠭᠡ ᠨᠡᠶᠢᠰᠯᠡᠯ ᠳᠤ ᠢᠷᠡᠵᠤ ᠬᠤᠪᠢᠯᠠᠢ ᠰᠡᠴᠡᠨ | ᠬᠠᠭᠠᠨ ᠲᠠᠢ ᠪᠠᠷᠠᠳᠠᠭᠰᠠᠨ ᠳᠤ ᠲᠡᠭᠦᠨ ᠤ ᠤᠬᠠᠭᠠᠨ ᠰᠠᠨᠠᠭ᠎ᠠ ᠬᠤᠷᠴᠠ ᠰᠡᠷᠭᠦᠯᠡᠩ᠂ ᠪᠠᠶ᠎ᠡ ᠪᠢᠯᠳᠡᠷ ᠭᠥᠳᠡᠷ ᠴᠢᠭᠢᠷᠠᠭ | ᠂ ᠭᠥᠳᠡᠯᠵᠤ ᠪᠠᠷᠢᠬᠤ ᠪᠠ ᠥᠭᠡ ᠶᠠᠷᠢᠶ᠎ᠡ ᠵᠢᠷ ᠤᠨ ᠭᠥᠮᠥᠨ ᠠᠴᠠ ᠤᠨᠴᠠᠭᠠᠢ ᠪᠠᠶᠢᠭ᠎ᠠ ᠶᠢ ᠥᠵᠡᠭᠡᠳ ᠲᠤᠩ | ᠪᠠᠶᠠᠷᠯᠠᠵᠤ ᠲᠡᠷᠭᠡᠳᠡ ᠪᠠᠨ ᠥᠯᠡᠳᠡᠭᠡᠨ ᠠᠪᠴᠠᠢ᠃ 1271 ᠤᠨ ᠳᠤ ᠬᠤᠪᠢᠯᠠᠢ ᠰᠡᠴᠡᠨ ᠬᠠᠭᠠᠨ ᠪᠠᠶᠠᠨ ᠢ | ᠴᠡᠷᠢᠭ ᠤᠨ ᠶᠠᠪᠤᠳᠠᠯ ᠤᠨ ᠭᠥᠷᠢᠶᠡᠯᠡᠩ ᠤᠨ ᠲᠡᠳ᠋ ᠵᠠᠭᠢᠷᠤᠭᠴᠢ ᠪᠤᠯᠭᠠᠨ 1272 ᠤᠨ ᠳᠤ ᠬᠤᠷᠢᠨ ᠲᠥᠮᠡᠨ | ᠴᠡᠷᠢᠭ ᠤᠨ ᠬᠠᠮᠤᠭ ᠲᠡᠭᠡᠳᠤ ᠵᠠᠭᠢᠷᠤᠭᠴᠢ ᠪᠠᠷ ᠲᠤᠮᠢᠯᠠᠨ ᠡᠮᠥᠨᠡᠳᠤ ᠰᠥᠩ ᠤᠯᠤᠰ ᠢ ᠲᠠᠶᠢᠯᠠᠭᠤᠯᠪᠠ᠃ 1276 | ᠤᠨ ᠳᠤ ᠪᠠᠶᠠᠨ ᠴᠸᠡᠭᠰᠢᠶᠠᠩ ᠤᠨ ᠰᠢᠯᠢᠳᠡᠭ ᠴᠡᠷᠢᠭ ᠡᠮᠥᠨᠡᠳᠤ ᠰᠥᠩ ᠤᠯᠤᠰ ᠢ ᠮᠥᠭᠦᠭᠡᠨ ᠲᠠᠩ ᠤᠯᠤᠰ ᠤᠨ | ᠰᠡᠭᠦᠯᠴᠢ ᠠᠴᠠ ᠥᠷᠭᠦᠯᠵᠢᠯᠡᠭᠰᠡᠨ ᠲᠠᠪᠤᠨ ᠵᠠᠭᠤᠨ ᠵᠢᠯ ᠤᠨ ᠬᠠᠭᠠᠴᠠᠯ ᠢ ᠡᠴᠥᠰᠯᠡᠭᠦᠯᠥᠨ ᠲᠤᠮᠳᠠᠳᠤ ᠶᠢᠨ ᠬᠠᠮᠤᠭ | ᠶᠡᠭᠡ ᠨᠢᠭᠡᠳᠥᠯ ᠢ ᠪᠠᠶᠠᠯᠡᠭᠦᠯᠥᠭᠰᠡᠨ ᠶᠤᠮ᠃ 1277 ᠤᠨ ᠳᠤ ᠬᠤᠪᠢᠯᠠᠢ ᠰᠡᠴᠡᠨ ᠬᠠᠭᠠᠨ ᠪᠠᠶᠠᠨ | ᠴᠸᠡᠭᠰᠢᠶᠠᠩ ᠢᠶᠠᠷ ᠬᠤᠰᠢᠭᠤᠴᠢ ᠴᠡᠷᠢᠭ ᠤᠨ ᠶᠡᠷᠥᠩᠭᠡᠢ ᠵᠠᠩᠵᠤᠨ ᠪᠤᠯᠭᠠᠨ ᠬᠠᠶᠢᠳᠤ ᠶᠢᠨ ᠪᠥᠯᠥᠭᠳᠡᠨ ᠢ | ᠲᠠᠷᠤᠩᠭᠤᠢᠢᠯᠠᠭᠰᠠᠨ ᠪᠥᠭᠡᠳ 1287 ᠤᠨ ᠳᠤ ᠬᠠᠷᠠᠬᠤᠷᠤᠮ ᠢ ᠰᠠᠭᠢᠨ ᠰᠠᠭᠤᠵᠠᠢ᠃ 1294 ᠤᠨ ᠳᠤ | ᠬᠤᠪᠢᠯᠠᠢ ᠰᠡᠴᠡᠨ ᠬᠠᠭᠠᠨ ᠨᠠᠰᠤ ᠪᠠᠷᠠᠭᠰᠠᠨ ᠤ ᠲᠠᠷᠠᠭ᠎ᠠ ᠪᠠᠶᠠᠨ ᠴᠸᠡᠭᠰᠢᠶᠠᠩ ᠲᠡᠭᠦᠨ ᠤ ᠨᠡᠶᠢᠳᠠᠯᠭ᠎ᠠ ᠪᠠᠷ ᠲᠡᠭᠡᠳᠤ | ᠨᠡᠶᠢᠰᠯᠡᠯ ᠳᠤ ᠶᠡᠭᠡ ᠬᠤᠷᠠᠯᠳᠠᠢ ᠭᠢᠵᠤ ᠰᠠᠯᠠᠮ᠎ᠡ ᠵᠡᠭᠦᠨ ᠲᠡᠭᠡᠳᠥᠰ ᠤᠨ ᠰᠤᠷᠭᠠᠯ ᠢ ᠲᠤᠭᠠᠴᠢᠵᠤ ᠤᠴᠢᠷ ᠶᠤᠰᠤ ᠶᠢ | ᠲᠤᠳᠤᠷᠬᠠᠢᠢᠯᠠᠨ᠂ ᠬᠤᠪᠢᠯᠠᠢ ᠰᠡᠴᠡᠨ ᠬᠠᠭᠠᠨ ᠤ ᠤᠮᠪᠤᠯ ᠭᠥᠤ ᠲᠡᠮᠥᠷ ᠢ ᠲᠡᠳᠭᠦᠨ ᠬᠠᠭᠠᠨ ᠰᠢᠷᠡᠭᠡᠨ ᠳᠤ | ᠰᠠᠭᠤᠯᠭᠠᠵᠤ ᠶᠡᠭᠡ ᠶᠤᠸᠠᠨ ᠤᠯᠤᠰ ᠤᠨ ᠨᠢᠭᠡᠳᠥᠯ ᠢ ᠪᠠᠳᠤᠯᠠᠭᠰᠠᠨ ᠶᠤᠮ᠃ ᠪᠠᠶᠠᠨ ᠴᠸᠡᠭᠰᠢᠶᠠᠩ ᠪᠤᠯ ᠨᠡᠷ᠎ᠡ | ᠨᠢᠳᠡᠷ ᠲᠡᠭᠡᠨ ᠨᠡᠶᠢᠴᠡᠭᠰᠡᠨ ᠶᠡᠭᠡ ᠶᠤᠸᠠᠨ ᠤᠯᠤᠰ ᠤᠨ ᠲᠥᠰᠢᠭ ᠲᠤᠯᠭᠠᠭᠤᠷᠢ ᠪᠤᠯᠤᠭᠰᠠᠨ ᠪᠢᠯᠡ᠃ | ᠰᠤᠪᠤᠬᠠᠢ ᠲᠠᠷᠬᠠᠨ | ᠰᠤᠪᠤᠬᠠᠢ ᠲᠠᠷᠬᠠᠨ ᠪᠤᠯ ᠲᠠᠶᠠᠨ ᠬᠠᠭᠠᠨ ᠤ ᠲᠠᠪᠤᠳᠤᠭᠠᠷ ᠭᠥᠪᠡᠭᠦᠨ ᠠᠯᠴᠤᠪᠤᠯᠤᠳ ᠤᠨ ᠤᠮᠪᠤᠯ ᠭᠥᠪᠡᠭᠦᠨ | ᠶᠤᠮ᠃ ᠥᠪᠥᠷ ᠲᠠᠪᠤᠨ ᠬᠠᠯᠬ᠎ᠠ ᠶᠢ ᠵᠠᠭᠢᠷᠬᠤ ᠶᠢᠨ ᠲᠠᠭᠠᠤ ᠪᠠᠭᠠᠷᠢᠨ ᠤᠳᠤᠭ ᠢ ᠮᠡᠳᠡᠵᠤ ᠪᠠᠶᠢᠵᠠᠢ᠃ 1576 | ᠤᠨ ᠳᠤ ᠤᠮᠠᠷᠠᠳᠤ ᠶᠤᠸᠠᠨ ᠤᠯᠤᠰ ᠤᠨ ᠲᠥᠮᠡᠨ ᠵᠠᠰᠠᠭᠳᠤ ᠬᠠᠭᠠᠨ ᠭᠤᠤᠯ ᠤᠨ ᠮᠤᠩᠭᠤᠯ ᠤᠨ ᠬᠠᠯᠬ᠎ᠠ ᠲᠥᠮᠡᠨ ᠤ | ᠰᠤᠪᠤᠬᠠᠢ ᠲᠠᠷᠬᠠᠨ ᠨᠤᠶᠠᠨ᠂ ᠴᠠᠬᠠᠷ ᠲᠥᠮᠡᠨ ᠤ ᠠᠮᠤᠳᠠᠢ ᠬᠤᠩ ᠲᠠᠶᠢᠵᠢ᠂ ᠤᠷᠳᠤᠰ ᠲᠥᠮᠡᠨ ᠤ ᠬᠤᠳᠤᠭᠳᠠᠢ | ᠬᠤᠩ ᠲᠠᠶᠢᠵᠢ᠂ ᠶᠥᠡᠭᠰᠢᠶᠠᠪᠤ ᠲᠥᠮᠡᠨ ᠤ ᠠᠰᠤᠳ ᠤᠨ ᠨᠤᠮᠳᠠᠷᠠ ᠬᠤᠯᠤᠴᠢ ᠨᠤᠶᠠᠨ᠂ ᠲᠥᠮᠡᠳ ᠲᠥᠮᠡᠨ ᠤ | ᠠᠮᠤᠳᠠᠢ ᠴᠥᠷᠥᠭᠦ ᠬᠤᠩ ᠲᠠᠶᠢᠵᠢ ᠵᠡᠷᠭᠡ ᠲᠠᠪᠤᠨ ᠰᠠᠶᠢᠳ ᠢ ᠴᠤᠭᠯᠠᠷᠠᠭᠤᠯᠤᠨ ᠬᠤᠷᠠᠯᠳᠠᠢ ᠭᠢᠵᠤ ᠲᠥᠪ ᠵᠠᠰᠠᠭ ᠤᠨ | ᠪᠠᠶᠢᠭᠤᠯᠤᠮᠵᠢ ᠶᠢ ᠵᠤᠭᠢᠶᠠᠵᠤ᠂ ︽ᠶᠡᠭᠡ ᠴᠠᠭᠠᠵᠠ︾ ᠲᠤᠭᠳᠠᠭᠠᠨ ᠵᠠᠰᠠᠭ ᠶᠠᠪᠤᠭᠤᠯᠤᠭᠰᠠᠨ ᠶᠤᠮ᠃ ᠡᠨᠡ ᠪᠤᠯ | ᠲᠠᠶᠠᠨ ᠬᠠᠭᠠᠨ ᠠᠴᠠ ᠰᠡᠭᠦᠯᠡᠷᠭᠢ ᠤᠮᠠᠷᠠᠳᠤ ᠶᠤᠸᠠᠨ ᠤ ᠪᠠᠰᠠ ᠨᠢᠭᠡᠨ ᠤᠳᠠᠭᠠᠨ ᠤ ᠲᠥᠪ ᠲᠤ ᠲᠥᠪᠯᠡᠷᠡᠭᠦᠯᠥᠭᠰᠡᠨ | ᠭᠥᠴᠥᠷᠭᠡᠭ ᠶᠡᠭᠡ ᠲᠥᠷᠥ ᠪᠠᠶᠢᠭᠰᠠᠨ ᠪᠢᠯᠡ᠃ | ᠮᠤᠩᠭᠤᠯ ᠤᠨ ᠬᠠᠭᠠᠨᠳᠤ ᠲᠥᠷᠥ ᠨᠦᠭᠦᠳ ᠠᠴᠠ ᠭᠠᠪᠢᠶᠠᠳᠤ ᠲᠥᠰᠢᠮᠡᠳ ᠥᠷᠯᠥᠭ ᠵᠠᠩᠵᠤᠨ ᠨᠠᠷ ᠲᠠᠭᠠᠨ ︽ | ᠲᠠᠷᠬᠠᠨ︾ ᠴᠤᠯᠠ ᠱᠠᠩᠨᠠᠵᠤ᠂ ᠲᠠᠶᠢᠨ ᠪᠤᠯᠤᠨ ᠠᠪᠠ ᠶᠢᠨ ᠤᠯᠵᠠ ᠪᠠᠨ ᠥᠪᠡᠷᠳᠡᠭᠡᠨ ᠠᠪᠬᠤ᠂ ᠥᠶ᠎ᠡ ᠤᠯᠠᠷᠢᠨ | ᠥᠮᠴᠢᠯᠡᠭᠦ ᠨᠤᠳᠤᠭ ᠤᠯᠭᠤᠬᠤ᠂ ᠶᠢᠰᠤᠨ ᠤᠰᠤᠯ ᠠᠴᠠ ᠭᠡᠯᠳᠥᠷᠢᠭᠦᠯᠭᠦ ᠵᠡᠷᠭᠡ ᠤᠨᠴᠠ ᠡᠷᠭᠡ ᠶᠢ ᠰᠤᠶᠤᠷᠬᠠᠳᠠᠭ | ᠰᠠᠨ᠃ ︽ᠵᠠᠰᠠᠭ ᠲᠤ ᠲᠥᠮᠡᠨ ᠬᠠᠭ᠋ᠠᠨ ᠭᠢᠳᠡᠳ ᠤᠯᠤᠰ ᠲᠤᠷ ᠠᠶᠠᠯᠠᠵᠤ ᠴᠡᠷᠢᠭ ᠤᠴᠠᠷᠠᠭᠰᠠᠨ ᠳᠤᠷ | ᠭᠥᠴᠥᠨ ᠢᠶᠠᠨ ᠥᠭᠪᠡᠢ ᠭᠡᠵᠤ ᠭᠠᠪᠢᠶᠠᠳᠠᠠ ᠰᠠᠶᠢᠳ ᠢᠶᠠᠨ ᠲᠠᠷᠬᠠᠯᠠᠵᠤ ᠪᠠᠶᠢᠭᠰᠠᠨ︾ ᠶᠤᠮ᠃ ᠰᠤᠪᠤᠬᠠᠢ ᠲᠠᠷᠬᠠᠨ | ᠪᠤᠯ ᠤᠮᠠᠷᠠᠳᠤ ᠶᠤᠸᠠᠨ ᠤ ᠬᠠᠭᠠᠨ ᠲᠥᠷᠥ ᠠᠴᠠ ᠡᠶᠢᠮᠥ ᠶᠡᠭᠡ ᠨᠡᠷ᠎ᠡ ᠭᠥᠨᠳᠥ ᠶᠢ ᠤᠯᠤᠭᠰᠠᠨ ᠪᠢᠯᠡ᠃ | | ᠰᠤᠪᠤᠬᠠᠢ ᠲᠠᠷᠬᠠᠨ ᠨᠠᠭᠠᠴᠤ ᠶᠢᠨ ᠬᠠᠭᠤᠴᠢᠨ ᠨᠤᠳᠤᠭ ᠪᠤᠯᠬᠤ ᠯᠤᠤᠬ᠎ᠠ ᠶᠢᠨ ᠭᠤᠤᠯ ᠤᠨ ᠰᠠᠪᠠ ᠭᠠᠵᠠᠷ ᠢ | ᠡᠵᠡᠯᠡᠭᠰᠡᠨ ᠤ ᠲᠠᠷᠠᠭ᠎ᠠ ᠬᠠᠯᠬ᠎ᠠ ᠲᠠᠪᠤᠨ ᠤᠳᠤᠭ ᠢᠶᠠᠨ ᠲᠠᠶᠢᠴᠢᠯᠠᠨ ᠮᠢᠩ ᠤᠯᠤᠰ ᠠᠴᠠ ᠮᠤᠩᠭᠤᠯ ᠤᠷᠤᠨ ᠳᠤ | ᠶᠠᠪᠤᠭᠤᠯᠤᠭᠰᠠᠨ ︽ᠭᠡᠷ ᠡᠪᠳᠡᠭᠦ︾᠂ ︽ᠪᠠᠯᠴᠢᠭᠡᠷ ᠰᠢᠳᠠᠭᠠᠬᠤ︾᠂ ︽ᠠᠭᠳᠠ ᠭᠥᠭᠡᠭᠡᠭᠦ︾ ᠭᠤᠷᠪᠠᠨ | ᠬᠤᠭᠤᠰᠤᠷᠠᠭᠤᠯᠬᠤ ᠬᠠᠷᠭᠢᠰ ᠪᠤᠳᠤᠯᠭ᠎ᠠ ᠳᠤ ᠡᠷᠡᠰ ᠴᠤᠭᠢᠯᠳᠠ ᠥᠭᠴᠤ ᠤᠮᠠᠷᠠᠳᠤ ᠶᠤᠸᠠᠨ ᠤ ᠪᠠᠳᠤ ᠪᠠᠭᠢ ᠴᠠᠭᠠᠨ | ᠭᠡᠷᠡᠮ ᠪᠤᠯᠵᠤ ᠪᠠᠶᠢᠪᠠ᠃ ᠲᠡᠤᠭᠡᠨ ᠲᠡᠮᠳᠡᠭᠯᠡᠯ ᠢ ᠥᠨᠳᠥᠰᠥᠯᠡᠪᠡᠯ 1565 ᠤᠨ - 1582 ᠤᠨ ᠪᠤᠯᠳᠠᠯᠠᠭᠢ | ᠬᠤᠷᠢᠭᠠᠳ ᠵᠢᠯ ᠤᠨ ᠲᠤᠷᠰᠢ ᠳᠤ ᠰᠤᠪᠤᠬᠠᠢ ᠲᠠᠷᠬᠠᠨ ᠲᠥᠮᠡᠨ ᠵᠠᠰᠠᠭᠳᠤ ᠬᠠᠭᠠᠨ ᠤ ᠵᠠᠷᠯᠢᠭ ᠢᠶᠠᠷ ᠠᠷᠪᠠ ᠭᠠᠷᠤᠢ | ᠤᠳᠠᠭᠠᠨ ᠤ ᠰᠢᠷᠥᠭᠦᠨ ᠲᠤᠯᠤᠯᠳᠤᠭᠠᠨ ᠳᠤ ᠤᠷᠤᠯᠴᠠᠵᠤ ᠬᠠᠮᠤᠭ ᠰᠡᠭᠦᠯ ᠳᠤᠨᠢ 1582 ᠤᠨ ᠳᠤ ᠵᠧᠨ ᠢ ᠪᠤᠤ | ᠪᠠᠭᠢᠯᠡᠯᠳᠡ ᠳᠤ ᠮᠡᠭᠡᠯᠡᠭᠳᠡᠨ ᠠᠯᠠᠭᠳᠠᠭᠰᠠᠨ ᠶᠤᠮ᠃ ᠮᠢᠩ ᠤᠯᠤᠰ ᠤᠨ ︽ᠸᠠᠨ ᠯᠢ ᠶᠢᠨ ᠭᠠᠪᠢᠶᠠᠨ ᠲᠡᠮᠳᠡᠭᠯᠡᠯ︾ | ᠳᠤ ︽ᠰᠤᠪᠤᠬᠠᠢ ᠲᠠᠷᠬᠠᠨ ᠤ ᠲᠤᠰᠬᠠᠢ ᠨᠠᠮᠳᠠᠷ︾ ᠪᠠᠶᠢᠳᠠᠭ ᠪᠥᠭᠡᠳ ᠮᠢᠩ ᠤᠨ ᠲᠥᠷᠥ ᠠᠴᠠ ᠲᠥᠮᠡᠨ ᠯᠠᠩ | ᠠᠯᠳᠠ ᠪᠠᠷ ᠰᠤᠪᠤᠬᠠᠢ ᠶᠢᠨ ᠠᠮᠢ ᠶᠢ ᠰᠤᠯᠢᠬᠤ ᠭᠡᠵᠤ ᠤᠷᠤᠯᠳᠤᠵᠤ ᠪᠠᠶᠢᠵᠠᠢ᠃ ᠲᠡᠭᠦᠨ ᠤ ᠠᠯᠠᠭᠳᠠᠭᠰᠠᠨ ᠳᠤ ᠮᠢᠩ | ᠤᠯᠤᠰ ᠤᠨ ᠬᠠᠭᠠᠨ ᠶᠡᠭᠡᠯ᠎ᠡ ᠪᠠᠶᠠᠷᠯᠠᠭᠰᠠᠨ ᠪᠠᠶᠢᠨ᠎ᠡ᠃ ᠰᠤᠪᠤᠬᠠᠢ ᠲᠠᠷᠬᠠᠨ ᠪᠤᠯ ᠤᠮᠠᠷᠠᠳᠤ ᠶᠤᠸᠠᠨ ᠤ ᠠᠮᠤᠷ | ᠲᠥᠪᠰᠢᠨ ᠤ ᠲᠥᠯᠥᠭᠡ ᠬᠠᠯᠠᠭᠤᠨ ᠠᠮᠢ ᠪᠠᠨ ᠥᠷᠡᠭᠳᠡᠭᠦᠯᠥᠭᠰᠡᠨ ᠨᠢᠭᠡᠨ ᠥᠶ᠎ᠡ ᠶᠢᠨ ᠲᠠᠰᠤᠷᠬᠠᠢ ᠪᠠᠭᠠᠳᠤᠷ ᠮᠥᠨ᠃ | | | |