12 ᠰᠠᠷ᠎ᠠ ᠶᠢᠨ 11 ᠤ ᠦᠳᠡ ᠶᠢᠨ ᠬᠤᠶᠢᠨ᠎ᠠ᠂ ᠤᠯᠠᠭᠠᠨᠬᠤᠲᠠ ᠮᠤᠩᠭᠤᠯ ᠦᠨᠳᠦᠰᠦᠲᠡᠨ ᠤ ᠪᠠᠭ᠎ᠠ | ᠰᠤᠷᠭᠠᠭᠤᠯᠢ ᠬᠤᠶᠠᠳᠤᠭᠠᠷ ᠬᠤᠭᠤᠴᠠᠭᠠᠨ ᠤ ︽ᠬᠤᠷᠴᠢᠨ ᠤ ᠤᠶᠠᠩᠭ᠎ᠠ︾ ᠠᠷᠡᠳ ᠤᠨ ᠳᠠᠭᠤᠨ ᠤ | ᠤᠷᠤᠯᠳᠤᠭᠠᠨ ᠢᠶᠠᠨ ᠦᠯᠵᠠᠢ ᠲᠡᠭᠦᠰ ᠶᠠᠪᠤᠬᠳᠠᠭᠤᠯᠪᠠ᠃ | | | | ᠲᠤᠰ ᠤᠳᠠᠭᠠᠨ ᠤ ᠤᠷᠤᠯᠳᠤᠭᠠᠨ ᠳᠤ᠂ 1 — 6 ᠳ᠋ᠤᠭᠠᠷ ᠤᠨ ᠤ ᠪᠠᠭᠰᠢ᠂ ᠰᠤᠷᠤᠬᠴᠢ᠂ ᠭᠡᠷ ᠤᠨ | ᠠᠬᠠᠮᠡᠳ ᠬᠠᠮᠲᠦ ᠪᠠᠷ ᠢᠳᠡᠪᠬᠢᠯᠡᠨ ᠤᠷᠤᠯᠴᠠᠵᠦ᠂ ᠮᠤᠩᠭᠤᠯ ᠬᠤᠪᠴᠠᠰᠦ ᠵᠠᠰᠠᠯ ᠢᠶᠠᠷ ᠢᠶᠠᠨ ᠭᠤᠶᠤᠯᠠᠬᠰᠠᠨ 25 | ᠨᠡᠷᠡᠰ ᠤᠷᠤᠯᠳᠤᠬᠴᠢ ᠮᠤᠷᠢᠨ ᠬᠤᠭᠤᠷ ᠤᠨ ᠢᠷᠠᠭᠤᠬᠠᠨ ᠠᠶᠠᠯᠭᠤᠨ ᠳᠤ ᠦᠭᠡᠲᠠ ᠲᠠᠢ ᠰᠠᠶᠢᠬᠠᠨ ᠡᠬᠢᠯᠡᠭᠦᠯᠦᠭᠰᠡᠨ | ᠪᠠᠶᠢᠨ᠎ᠠ᠃ ᠲᠤᠰ ᠤᠳᠠᠭ᠎ᠠ ᠶᠢᠨ ᠤᠷᠤᠯᠳᠤᠭᠠᠨ ᠳᠤ ᠠᠩᠬᠢ ᠪᠦᠷᠢ ᠠᠴᠠ ᠲᠠᠪᠤᠨ ᠰᠤᠷᠤᠬᠴᠢ ᠤᠷᠤᠯᠴᠠᠵᠦ ︽ | ᠷᠤᠯᠭᠠᠷᠠᠮᠠ︾᠂ ︽ᠭᠠᠳᠠ ᠮᠡᠶᠢᠷᠡᠨ︾᠂ ︽ᠠᠷᠦ ᠳᠠᠯᠡᠬᠡᠢ︾ ᠵᠡᠷᠭᠡ ᠠᠷᠡᠳ ᠤᠨ ᠳᠠᠭᠤᠤ ᠪᠠᠨ ᠤᠶᠠᠩᠭ᠎ᠠ | ᠰᠡᠳᠬᠢᠯᠭᠡ ᠪᠠᠷ ᠢᠶᠠᠨ ᠬᠠᠨᠭ᠍ᠬᠢᠨᠠᠭᠤᠯᠦᠨ᠂ ᠡᠭᠡ ᠤᠯᠤᠰ᠂ ᠬᠦᠮᠦᠨ ᠠᠷᠡᠳ᠂ ᠨᠤᠲᠤᠬ ᠤᠰᠤ᠂ ᠪᠠᠶᠢᠭᠠᠯᠢ | ᠤᠷᠴᠢᠨ ᠳᠤ ᠪᠠᠨ ᠬᠠᠶᠢᠷᠠᠲᠠᠢ ᠪᠠᠶᠢᠭ᠎ᠠ ᠰᠡᠳᠬᠢᠯᠭᠡ ᠪᠠᠨ ᠢᠯᠡᠳᠭᠡᠵᠦ᠂ ᠲᠤᠬᠠᠢ ᠶᠢᠨ ᠲᠠᠯᠠᠪᠦᠷ ᠬᠦᠷ | ᠬᠦᠭᠵᠢᠶᠠᠨ ᠢᠶᠠᠷ ᠪᠢᠯᠬᠠᠵᠦ᠂ ᠬᠢᠨᠠᠬᠴᠢ ᠪᠠᠭᠰᠢ ᠨᠠᠷ ᠤᠨ ᠦᠨᠳᠦᠷ ᠦᠨᠡᠯᠡᠯᠲᠠ ᠶᠢ ᠬᠦᠷᠲᠡᠵᠠᠢ᠃ | | | | ᠤᠷᠤᠯᠳᠤᠭᠠᠨ ᠢᠶᠠᠷ ᠳᠠᠮᠵᠢᠨ᠂ ᠰᠤᠷᠤᠬᠴᠢ ᠶᠢᠨ ᠲᠤᠭᠤᠢᠢᠯᠠᠩ ᠤᠨ ᠡᠮᠤᠨ᠎ᠠ ᠭᠤᠷᠪᠠᠨ ᠨᠡᠷᠡᠰ ᠢ ᠲᠤᠰ ᠲᠤᠰ | ᠱᠠᠩᠨᠠᠨ ᠬᠦᠬᠢᠬᠦᠯᠵᠦ᠂ ᠪᠠᠭᠰᠢ ᠶᠢᠨ ᠲᠤᠭᠤᠢᠢᠯᠠᠩ ᠤᠨ ᠸᠠᠩ ᠮᠸᠢ ᠷᠦᠡᠭ ᠪᠠᠭᠰᠢ ᠲᠡᠷᠢᠭᠦᠨ ᠨᠡᠷᠡᠰ ᠲᠤ | ᠲᠤᠳᠤᠷᠠᠵᠦ᠂ ᠰᠦᠨ ᠶᠢᠩ ᠴᠦᠨ᠂ ᠬᠡᠰᠢᠭ᠂ ᠯᠠᠨ ᠶᠢᠩ ᠨᠡᠷ ᠬᠤᠶᠠᠳᠤᠭᠠᠷ ᠲᠤ ᠤᠷᠤᠵᠦ᠂ ᠪᠠᠢ ᠢᠤᠢ ᠯᠢᠶᠠᠨ᠂ | ᠪᠠᠢ ᠶᠢᠨ ᠯᠢᠶᠠᠩ᠂ ᠳ᠋ᠠᠢ ᠬᠤᠨᠭ᠌ ᠯᠢᠩ᠂ ᠪᠠᠢ ᠹᠸᠡᠭ ᠶᠢᠩ ᠪᠠᠭᠰᠢ ᠨᠠᠷ ᠭᠤᠷᠪᠠᠳᠤᠭᠠᠷ ᠨᠡᠷᠡᠰ ᠲᠤ ᠲᠤᠳᠤᠷᠠᠵᠦ᠂ | ᠲᠡᠳᠡᠨ ᠤ ᠤᠶᠠᠩᠭᠠᠲᠦ ᠢᠷᠠᠭᠤ ᠨᠢ ᠦᠵᠡᠭᠴᠢ ᠲᠦᠮᠡᠨ ᠤ ᠪᠠᠨ ᠬᠠᠷᠠᠭ᠎ᠠ ᠰᠤᠨᠤᠷ ᠢ ᠮᠢᠯᠢᠶᠠᠵᠦ ᠤᠷᠤᠯᠳᠤᠭᠠᠨ ᠢ | ᠤᠷᠬᠢᠯ ᠳᠤ ᠨᠢ ᠬᠦᠷᠭᠡᠭᠰᠡᠨ ᠶᠤᠮ᠃ ᠡᠭᠦᠨ ᠤ ᠬᠠᠮᠲᠦ ᠭᠡᠷ ᠤᠨ ᠠᠬᠠᠮᠡᠳ ᠤᠨ ᠲᠤᠭᠤᠢᠢᠯᠠᠩ ᠠᠴᠠ 5 ᠨᠡᠷᠡᠰ ᠢ | ᠲᠤᠰ ᠲᠤᠰ ᠱᠠᠩᠨᠠᠨ ᠬᠦᠬᠢᠬᠦᠯᠪᠠ᠃ | | | | | ᠲᠤᠰ ᠤᠳᠠᠭᠠᠨ ᠤ ᠠᠵᠢᠯᠯᠠᠭᠠᠨ ᠢ ᠶᠠᠪᠤᠳᠠᠭᠤᠯᠬᠤ ᠪᠠᠷ ᠳᠠᠮᠵᠢᠨ᠂ ᠬᠤᠷᠴᠢᠨ ᠰᠤᠶᠤᠯ ᠢ ᠪᠠᠳᠠᠷᠠᠭᠤᠯᠦᠨ᠂ | ᠠᠷᠡᠳ ᠤᠨ ᠳᠠᠭᠤᠤ ᠶᠢᠨ ᠤᠷᠠᠯᠢᠭ ᠢ ᠤᠯᠠᠮᠵᠢᠯᠠᠨ ᠵᠠᠯᠭᠠᠮᠵᠢᠯᠠᠵᠦ᠂ ᠬᠤᠷᠴᠢᠨ ᠠᠷᠡᠳ ᠤᠨ ᠳᠠᠭᠤᠤ ᠶᠢᠨ | ᠨᠦᠯᠦᠭᠡᠯᠡᠬᠦ ᠬᠦᠴᠦᠨ ᠪᠠ ᠤᠯᠠᠮᠵᠢᠯᠠᠨ ᠲᠠᠷᠬᠠᠭᠠᠬᠤ ᠬᠦᠴᠦᠨ ᠢ ᠲᠠᠰᠦᠷᠠᠯᠲᠠ ᠦᠭᠡᠢ ᠦᠷᠭᠡᠳᠭᠡᠬᠦ ᠳᠤ ᠤᠷᠢᠳᠠᠴᠢ | ᠨᠦᠬᠦᠴᠡᠯ ᠪᠤᠯᠤᠬᠰᠠᠨ ᠪᠠᠶᠢᠨ᠎ᠠ᠃ | |