ᠵᠢᠯ ᠠᠴᠠ ᠡᠮᠤᠨ᠎ᠡ᠂ ᠰᠢᠨ᠎ᠠ ᠵᠢᠯ᠂ ᠴᠠᠭᠠᠨ ᠰᠠᠷ᠎ᠡ ᠶᠢ ᠪᠤᠳᠤᠯᠬᠢᠯᠠᠬᠰᠠᠨ ᠪᠠᠶᠢᠵᠤ ᠮᠡᠳᠡᠨ᠎ᠡ᠃ ᠡᠳ᠋ ᠤᠨ | ᠵᠠᠰᠠᠭ ᠠᠴᠠ ᠮᠠᠨ ᠤ ᠬᠤᠶᠠᠷ ᠰᠠᠷ᠎ᠡ ᠶᠢᠨ ᠴᠠᠯᠢᠩ ᠢ ᠨᠠᠶᠢᠯᠡᠭᠦᠯᠵᠤ ᠪᠠᠶᠢᠭᠠᠳ ᠨᠢᠬᠡ ᠯᠠ ᠲᠤᠤᠷ᠎ᠡ ᠥᠭᠬᠦᠭᠰᠠᠨ ᠴᠢᠨᠢ | ᠪᠠᠰᠠ ᠲᠥᠮᠡᠨ ᠲᠥᠭᠦᠷᠢᠭ ᠤᠨ ᠪᠠᠯᠠᠨ ᠵᠤᠭᠤᠰ ᠲᠠᠢ ᠪᠤᠯᠪᠠ᠃ ᠡᠨᠡ ᠴᠢᠨᠢ ᠲᠥᠮᠡᠨ ᠲᠥᠭᠦᠷᠢᠭ ᠵᠤᠭᠤᠰ ᠢᠶᠠᠷ | ᠰᠢᠨᠡᠯᠡᠨ᠎ᠡ ᠬᠡᠰᠠᠨ ᠥᠬᠡ ᠰᠢᠦ ᠳ᠋ᠠ︕ | ᠴᠠᠯᠢᠩ ᠬᠤᠪᠢᠶᠡᠬᠰᠠᠨ ᠤ ᠲᠠᠷᠠᠭ᠎ᠠ ᠡᠳᠤᠷ ᠠᠴᠠ ᠨᠢ ᠪᠢᠳᠠ ︽ᠰᠢᠨ᠎ᠠ ᠶᠢᠨ ᠮᠠᠶᠢᠮᠠᠢ︾ ᠪᠠᠨ ᠬᠢᠵᠤ ᠡᠭᠢᠯᠡᠪᠡ᠃ | ᠲᠠᠭᠠᠤ ᠳᠤ ᠨᠢ ᠤᠳᠡᠰᠣᠳᠤ ᠲᠧᠯᠧᠢᠰ ᠤᠨ ᠵᠤᠭᠤᠰ ᠨᠢᠬᠡ ᠵᠢᠯ ᠤᠨ᠂ ᠬᠤᠶᠡᠷ ᠰᠠᠷ᠎ᠡ ᠶᠢᠨ ᠴᠠᠭᠢᠯᠭᠠᠨ ᠤ ᠵᠤᠭᠤᠰ᠂ | ᠤᠰᠤᠨ ᠤ ᠵᠤᠭᠤᠰ ᠨᠢᠭᠡ ᠵᠢᠯ ᠤᠨ᠃ ᠪᠥᠭᠦᠯᠢ ᠵᠢᠯ ᠤᠨ ᠰᠥᠯᠵᠢᠶ᠎ᠡ ᠶᠢᠨ ᠵᠤᠭᠤᠰ ᠢᠶᠠᠨ ᠲᠤᠰᠢᠶᠠᠬᠤ ᠭᠡᠷᠡᠭᠳᠡᠢ | ᠲᠤᠯᠠ ᠠᠰᠠᠭᠤᠪᠠᠯ᠄ ︽ᠨᠢᠬᠡ ᠵᠢᠯ ᠪᠣᠯ 780 ᠲᠥᠭᠦᠷᠢᠭ᠂ ᠬᠤᠶᠡᠷ ᠵᠢᠯ ᠪᠣᠯ 1200 ᠲᠥᠭᠦᠷᠢᠭ᠂ ᠭᠤᠷᠪᠡᠨ | ᠵᠢᠯ ᠪᠣᠯ 1500 ᠲᠥᠭᠦᠷᠢᠭ︾ ᠭᠡᠵᠤ ᠪᠠᠶᠢᠭ᠎ᠠ ᠲᠤᠯᠠ ᠵᠤᠭᠤᠰᠤᠨ ᠳᠤ ᠠᠷᠪᠢᠳᠡᠢ ᠶᠢ ᠪᠤᠳᠤᠵᠤ᠂ ᠭᠤᠷᠪᠡᠨ | ᠵᠢᠯ ᠤᠨ ᠬᠢ ᠶᠢ ᠥᠭᠬᠦ ᠪᠠᠷ ᠪᠤᠯᠪᠠ᠃ ᠴᠠᠭᠠᠨ ᠰᠠᠷ᠎ᠡ ᠶᠢᠨ ᠭᠠᠷ ᠤᠳᠡᠰᠣᠨ ᠤ ᠵᠠᠷᠤᠳᠡᠯ ᠶᠡᠭᠡ ᠭᠡᠵᠤ ᠪᠤᠳᠤᠨ | ᠪᠤᠰᠤᠳ ᠠᠴᠠ ᠶᠠᠮᠡᠷ ᠬᠤᠨᠵᠢᠶ᠎ᠡ ᠲᠠᠢ ᠥᠢᠯᠡᠴᠢᠯᠡᠭᠡ ᠪᠠᠶᠢᠬᠤ ᠶᠢ ᠰᠤᠷᠡᠬᠯᠠᠪᠠᠯ᠄ ︽ᠨᠢᠬᠡ ᠯᠠ ᠲᠤᠤᠷ᠎ᠡ 100 | ᠲᠥᠭᠦᠷᠢᠭ ᠤᠨ ᠰᠦᠢᠳᠭᠡᠯ ᠲᠤᠰᠢᠶᠡᠪᠡᠯ ᠨᠢᠬᠡ ᠲᠥᠩᠰᠠ ᠤᠷᠭᠤᠮᠡᠯ ᠤᠨ ᠲᠤᠰᠥ᠂ 200 ᠵᠤᠭᠤᠰ ᠲᠤᠰᠢᠶᠡᠪᠠᠯ 2 | ᠲᠥᠩᠰᠠ ᠲᠤᠰᠥ᠂ 300 ᠵᠤᠭᠤᠰ ᠲᠤᠰᠢᠶᠡᠪᠠᠯ 3 ᠲᠥᠩᠰᠠ ᠪᠡᠯᠡᠭᠯᠡᠨ᠎ᠡ ᠁︾ ᠬᠡᠨ᠎ᠡ᠃ ᠨᠢᠬᠡ | ᠭᠡᠷ ᠢᠶᠠᠷ ᠢᠶᠠᠨ ᠤᠷᠭᠤᠮᠡᠯ ᠤᠨ ᠲᠤᠰᠥ ᠪᠠᠷ ᠭᠤᠤᠯᠳᠠᠭᠤᠯᠤᠨ ᠨᠤᠭᠤᠭ᠎ᠠ ᠬᠠᠭᠤᠷᠳᠠᠭ ᠢᠶᠠᠨ ᠪᠤᠳᠤᠨ ᠤᠯᠵᠤ᠂ 300 | ᠲᠥᠭᠦᠷᠢᠭ ᠤᠨ ᠰᠦᠢᠳᠭᠡᠯ ᠲᠤᠰᠢᠶᠠᠬᠤ ᠪᠠᠷ ᠪᠤᠯᠪᠠ᠃ | ᠬᠤᠶᠢᠳᠤᠨ ᠵᠢᠯ ᠪᠣᠯ ᠬᠤᠯᠤᠭᠠᠨ᠎ᠠ ᠵᠢᠯ ᠲᠤᠯᠠ ᠥᠬᠢᠨ ᠥᠭᠴᠥ ᠪᠤᠯᠬᠤ ᠦᠭᠡᠢ ᠪᠤᠯᠬᠤᠷ ᠮᠠᠨᠠᠶᠢᠬᠢᠳ ᠤᠨ | ᠬᠡᠳᠤ ᠬᠡᠳᠤᠨ ᠵᠢᠬᠡ ᠠᠴᠢ ᠬᠡᠤᠬᠡᠳ ᠬᠤᠷᠢᠮ ᠢᠶᠠᠨ ᠡᠨᠡ ᠵᠢᠯ ᠤᠨ ᠯᠠ ᠰᠠᠷ᠎ᠡ ᠳᠤ ᠭᠢᠭᠦ ᠪᠠᠷ ᠡᠳᠤᠷ ᠥᠵᠡᠭᠦᠯᠪᠡ᠃ | ᠴᠢᠰᠣᠨ ᠲᠥᠷᠥᠯ ᠤᠨ ᠤᠶᠢᠷ᠎ᠡ ᠰᠠᠳᠤᠨ ᠶᠤᠮ ᠴᠢᠨᠢ ᠨᠠᠭᠠᠳᠣ ᠵᠠᠬ᠎ᠠ ᠳᠠᠭᠠᠨ 500 ᠲᠦᠬᠦᠷᠢᠭ ᠢ ᠲᠠᠳᠠᠵᠤ | ᠭᠠᠷᠭᠠᠬᠤ ᠭᠡᠷᠡᠭᠳᠡᠢ᠃ ᠬᠤᠷᠢᠮ ᠢ ᠨᠢ ᠢᠳᠡᠵᠤ ᠪᠠᠷᠡᠬᠤ ᠳᠤ᠄ ︽ᠭᠤᠷᠪᠠᠨ ᠡᠳᠤᠷ ᠤᠨ ᠲᠠᠷᠠᠭ᠎ᠠ ᠥᠬᠢᠨ ᠢᠶᠠᠨ | ᠡᠷᠭᠢᠬᠦ ᠦᠭᠡᠢ ᠤᠤ︖︾ ᠭᠡᠵᠤ ᠬᠡᠷ ᠤᠨ ᠡᠵᠠᠨ ᠰᠠᠨᠠᠭᠤᠯᠵᠤ ᠪᠠᠶᠢᠨ᠎ᠠ᠃ ︽ᠤᠳᠤ ᠴᠢᠨᠢ ᠥᠬᠢᠨ ᠡᠷᠭᠢᠬᠦ ᠳᠤ | ᠠᠮᠠᠷᠬᠠᠨ᠃ ᠪᠡᠯᠡᠭ ᠲᠠᠢ ᠶᠢ ᠪᠤᠳᠤᠵᠤ᠂ ᠤᠯᠠᠭᠠᠨ ᠥᠩᠭᠡᠳᠡᠢ ᠪᠠᠯᠠᠨ ᠵᠤᠭᠤᠰ ᠢ ᠬᠡᠳᠤ ᠪᠠᠷᠢᠭᠤᠯᠪᠠᠯ ᠪᠤᠯᠴᠢᠬᠠᠬᠤ ᠨᠢ | ︕︾ ᠭᠡᠵᠤ ᠮᠢᠨᠥ ᠨᠢᠬᠡ ᠰᠠᠳᠤᠨ ︽ᠠᠯᠳᠡᠨ ᠥᠬᠡᠷ︾ ᠺᠠᠷᠲ ᠢᠶᠠᠨ ᠬᠤᠷᠦ᠋ᠢᠯᠵᠠᠭᠤᠯᠤᠨ ᠬᠡᠯᠡᠪᠡ᠃ ᠥᠬᠡᠨ ᠳᠤ | ᠲᠤᠷᠡᠳᠡᠢ ᠳᠠᠭᠠᠨ ᠪᠢ ︽ᠲᠡᠷᠡ ᠨᠢ ᠪᠠᠰᠠ ᠶᠠᠭᠤᠨ ᠤ ᠺᠠᠷᠲ ᠪᠤᠯᠴᠢᠬᠠᠪᠠ︖︾᠂ ︽ᠮᠡᠳᠡᠭᠦ ᠦᠭᠡᠢ᠂ ᠮᠡᠳᠡᠭᠦ | ᠦᠭᠡᠢ ᠁ ᠺᠠᠷᠲ ᠤᠯᠠᠨ ᠪᠤᠯᠴᠢᠬᠠᠬᠤᠯᠠᠷ᠂ ᠢᠯᠭᠠᠭᠤᠷᠢ ᠶᠢ ᠨᠢ ᠪᠠᠰᠠ ᠤᠯᠬᠤ ᠦᠭᠡᠢ ᠯᠠᠢ᠂ ᠮᠢᠨᠥ ᠨᠡᠷ᠎ᠡ ᠪᠠᠷ | ᠢᠷᠡᠵᠤ ᠯᠠ ᠪᠠᠶᠢᠬᠤᠯᠡᠷ ᠨᠢ ᠨᠠᠳᠠ ᠶᠢ ᠵᠠᠷᠤ ᠭᠡᠵᠤ ᠪᠠᠶᠢᠭ᠎ᠠ ᠶᠢ ᠯᠠ ᠪᠠᠷᠤᠬᠯᠠᠨ ᠮᠡᠳᠡᠵᠤ ᠪᠠᠶᠢᠨ᠎ᠠ ᠁︾ ᠭᠡᠳ | ᠬᠤᠸᠠᠰ ᠬᠤᠸᠠᠰ ᠢᠨᠢᠶᠡᠭᠡᠳ ᠯᠠ ᠴᠢᠨᠠᠬᠰᠢ ᠶᠠᠪᠤᠨ᠎ᠠ᠃ ᠠᠷᠭ᠎ᠠ ᠪᠠᠷᠡᠬᠳᠠᠬᠤ ᠳᠠᠭᠠᠨ ᠥᠬᠢᠨ ᠡᠷᠭᠢᠬᠦ ᠪᠠᠷ | ᠪᠡᠯᠡᠳᠭᠡᠭᠰᠠᠨ ᠭᠤᠶᠤ ᠭᠢᠴᠡᠳᠡᠢ ︽ᠪᠡᠭᠡᠵᠢᠩ ᠪᠤᠭᠤᠷᠰᠤᠭ︾ ᠢᠶᠠᠨ ᠴᠠᠭᠠᠨ ᠮᠢᠬᠠᠨ ᠤ ᠪᠠᠨ ᠴᠠᠭᠠᠨ᠎ᠠ ᠬᠤᠷᠢᠶᠡᠨ | ᠪᠠᠯᠡᠨ ᠵᠤᠭᠤᠰᠤᠨ ᠤ ᠡᠷᠬᠢᠯᠳᠠ ᠪᠠᠨ ᠪᠠᠵᠠᠭᠠᠵᠤ ᠥᠬᠢᠨ ᠡᠷᠭᠢᠬᠦ ᠪᠠᠷ ᠪᠤᠯᠤᠬᠰᠠᠨ ᠪᠠᠶᠢᠨ᠎ᠠ᠃ | ᠰᠤᠷᠭᠠᠭᠤᠯᠢ ᠶᠢᠨ ᠪᠠᠭᠰᠢ ᠠᠴᠠ ᠲᠠᠰᠤᠷᠡᠯᠳᠠ ᠦᠭᠡᠢ ᠴᠢᠮᠡᠭᠡ ᠢᠷᠡᠵᠤ ᠯᠠ ᠪᠠᠶᠢᠨ᠎ᠠ᠃ ︽XX ᠪᠠᠭᠰᠢ ᠶᠢᠨ | ᠠᠪᠤ ᠶᠢᠨ ᠬᠢᠨᠢ ᠵᠢᠯ ᠤᠨ ᠪᠤᠳᠠᠭ᠎ᠠ︾᠂ ︽XX ᠪᠠᠭᠰᠢ ᠶᠢᠨ ᠬᠥᠥ ᠶᠢᠨ ᠬᠢᠨᠢ ᠰᠠᠷ᠎ᠡ ᠲᠥᠭᠦᠷᠦᠭᠰᠠᠨ ᠪᠠᠶᠡᠷ ᠤᠨ | ᠪᠤᠳᠠᠭ᠎ᠠ︾᠂ ︽XX ᠪᠠᠭᠰᠢ ᠶᠢᠨ ᠥᠬᠢᠨ ᠤ ᠬᠢᠨᠢ ᠬᠤᠷᠢᠮ ᠤᠨ ᠲᠡᠶᠢᠯᠠᠯᠭᠠ︾᠂ ︽XX ᠪᠠᠭᠰᠢ ᠶᠢᠨ | ᠬᠥᠥ ᠶᠢᠨ ᠬᠢᠨᠢ ᠠᠯᠪᠠᠳᠡᠨ ᠪᠤᠯᠤᠬᠰᠠᠨ ᠪᠠᠶᠡᠷ︾᠂ ︽XX ᠪᠠᠭᠰᠢ ᠶᠢᠨ ᠡᠮᠡᠭᠡ ᠶᠢᠨ ᠬᠢᠨᠢ ᠪᠤᠶᠡᠨ︾᠂ ︽᠁ | ︾ ᠮᠡᠳᠤᠴᠢᠯᠡᠨ ᠤᠷᠢᠯᠭ᠎ᠠ ᠵᠠᠯᠠᠯᠭ᠎ᠠ ᠪᠠᠶᠢᠯ᠎ᠠ᠃ ᠨᠢᠭᠤᠷ ᠲᠡᠮᠡᠴᠡᠶ᠎ᠡ ᠭᠡᠵᠤ ᠪᠤᠳᠤᠬᠤ ᠳᠤ ᠠᠮᠢ ᠲᠡᠮᠡᠴᠡᠭᠡᠳ ᠪᠤᠯᠬᠤ | ᠦᠭᠡᠢ ᠶᠢ ᠶᠠᠭᠠᠭᠢᠨ᠎ᠠ ᠬᠡᠭᠦ ᠪᠢᠯᠠ⁈ ᠤᠯᠠᠩᠬᠢ ᠤᠴᠢᠷ ᠲᠤ ᠨᠢ ᠤᠴᠢᠬᠤ ᠦᠭᠡᠢ ᠳᠤ ᠪᠤᠯᠬᠤ ᠦ᠊ ᠭᠡᠢ ᠲᠤᠯᠠ | ᠡᠮᠡᠰ ᠬᠡᠤᠬᠡᠳ ᠲᠠᠢ ᠪᠠᠨ ︽ᠠᠵᠢᠯ ᠬᠤᠪᠢᠶᠡᠵᠤ︾ ᠪᠠᠶᠢᠭᠠᠳ ᠴᠦ ᠬᠡᠰᠠᠨ ᠬᠥᠷᠭᠦ ᠯᠠ ᠬᠡᠷᠡᠭᠳᠡᠢ᠃ ᠶᠠᠭ ᠨᠢᠬᠡ | ᠬᠡᠷ ᠤᠨ ᠵᠢᠷᠭᠤᠭᠠᠨ ᠠᠮᠠᠨ ᠲᠤᠭ᠎ᠠ ᠭᠥᠮᠥᠨ ᠵᠠᠪᠳᠤᠬᠤ ᠦᠭᠡᠢ ᠶᠠᠪᠤᠳᠡᠯ ᠳᠤ ᠨᠢ ᠪᠤᠰᠤᠳ ᠢᠶᠠᠷ ᠲᠠᠮᠵᠢᠭᠤᠯᠵᠤ | ᠪᠠᠶᠢᠨ᠎ᠠ᠃ ᠶᠠᠭ ᠪᠤᠯᠬᠤ ᠦᠭᠡᠢ ᠶᠢ ᠨᠢ ᠤᠯᠠᠭᠠᠨ ᠪᠠᠭᠯᠠᠭ᠎ᠠ ᠶᠤᠮ ᠤᠤ᠂ ᠲᠠᠷᠠᠭ᠎ᠠ ᠬᠤᠭᠤᠴᠠᠭ᠎ᠠ ᠶᠤᠮ ᠤᠤ︕ | ᠲᠤᠭᠢᠶᠡᠯ ᠲᠠᠭᠠᠷᠡᠪᠡᠯ ᠨᠥᠬᠦᠶᠡ ᠭᠡᠵᠤ ᠠᠮᠠᠯᠳᠤᠵᠤ ᠪᠠᠶᠢᠨ᠎ᠠ᠃ | ᠵᠠᠯᠭᠠᠭᠠᠳ ᠴᠠᠭᠠᠨ ᠰᠠᠷ᠎ᠡ ᠠᠶᠢᠯᠴᠢᠯᠠᠬᠤ ᠥᠶ᠎ᠠ ᠳᠤ ᠵᠠᠷᠤᠳᠠᠭ ᠠᠷᠢᠬᠢ ᠪᠤᠭᠤᠷᠰᠤᠭ᠂ ᠪᠤᠳᠠᠭ᠎ᠠ ᠨᠤᠭᠤᠭ᠎ᠠ᠂ | ᠰᠠᠪᠠ ᠰᠠᠭᠠᠯᠢ᠂ ᠬᠤᠪᠴᠠᠰᠥ ᠬᠤᠨᠡᠷ ᠵᠡᠷᠬᠡ ︽ᠰᠢᠨ᠎ᠠ ᠶᠢᠨ ᠮᠠᠶᠢᠮᠠᠢ︾ ᠪᠠᠨ ᠬᠢᠬᠦ᠂ ᠡᠨᠡ ᠲᠡᠷᠡ ᠪᠠᠨ ᠡᠪᠯᠡᠭᠦᠯᠵᠤ | ᠪᠠᠶᠢᠳᠡᠯ᠎ᠡ ᠪᠢᠳᠡᠭᠦᠯᠡᠭᠦ ᠪᠤᠯᠵᠤ᠂ ᠴᠠᠭᠠᠨ ᠰᠠᠷ᠎ᠡ ᠴᠦ ᠡᠭᠢᠯᠡᠴᠢᠬᠡᠪᠡ᠃ ᠬᠤᠯᠠ ᠤᠶᠢᠷ᠎ᠡ ᠶᠢᠨ ᠬᠤᠪᠤᠩ ᠲᠥᠷᠤᠯ ᠤᠳ | ᠠᠶᠢᠯᠴᠢᠯᠡᠨ ᠢᠷᠡᠵᠡᠬᠡᠪᠡ᠃ ᠬᠡᠤᠬᠡᠨ ᠢᠶᠠᠷ ᠢᠶᠠᠨ ᠬᠤᠷᠢ ᠭᠤᠴᠢᠨ ︽ᠤᠯᠠᠭᠠᠨ ᠪᠠᠭᠯᠠᠭ᠎ᠠ︾ ᠪᠡᠯᠡᠳᠭᠡᠬᠦᠯᠪᠡ᠃ | ᠤᠮᠪᠤᠯᠤ ᠬᠥᠥ ᠮᠢᠨᠢ ︽ᠪᠢ ᠴᠠᠭᠠᠨ ᠰᠠᠷ᠎ᠡ ᠨᠢᠳᠤᠨᠤᠨ ᠤ ᠲᠡᠷᠡ ᠨᠤᠭᠤᠭᠠᠨ ᠵᠤᠭᠤᠰ ᠢ ᠴᠢᠨᠢ ᠠᠪᠬᠤ ᠦᠭᠡᠢ ᠯᠠᠢ︾ | ᠭᠡᠵᠤ ᠠᠯᠢ ᠬᠡᠳᠦ᠋ᠢᠨ ᠰᠠᠨᠠᠯ ᠲᠤᠷᠠᠳᠴᠤ ᠪᠠᠶᠢᠬᠰᠠᠨ ᠶᠤᠮ ᠳ᠋ᠠ︕ ᠲᠡᠭᠡᠭᠡᠳ ᠥᠨᠥᠬᠢ ︽ᠤᠯᠠᠭᠠᠨ ᠪᠠᠭᠯᠠᠭ᠎ᠠ︾ | ᠳᠤ ᠪᠥᠷ ᠨᠢᠬᠡ ᠬᠤᠶᠡᠷ ᠪᠤᠶᠤ ᠭᠡᠳᠤ ᠭᠡᠳᠤᠨ ︽ᠤᠯᠠᠭᠠᠨ ᠵᠤᠭᠤᠰ︾ ᠢ ᠨᠢ ᠬᠢᠵᠤ ︽ᠨᠠᠰᠤ ᠨᠡᠮᠡᠭᠦ ᠵᠤᠭᠤᠰ︾᠂ | ︽ᠰᠢᠨ᠎ᠠ ᠪᠡᠷᠢ ᠰᠢᠨ᠎ᠠ ᠭᠥᠷᠭᠡᠨ ᠤ ᠵᠤᠭᠤᠰ︾᠂ ︽ᠵᠢᠯ ᠤᠷᠤᠭᠤᠯᠬᠤ ᠵᠤᠭᠤᠰ︾ ᠬᠡᠮᠡᠨ ᠨᠠᠷᠢᠨ ᠢᠯᠭᠠᠭ᠎ᠠ ᠲᠠᠢ | ᠰᠠᠪᠠᠯᠠᠵᠤ᠂ ᠢᠷᠡᠭᠦ ᠪᠤᠯᠭᠠᠨ ᠳᠤ ᠲᠥᠬᠡᠬᠡᠨ ᠥᠭᠴᠥ ᠯᠠ ᠪᠠᠶᠢᠯ᠎ᠠ᠃ ᠪᠢ ᠴᠢᠨᠢ ᠬᠡᠳᠤ ᠭᠡᠳᠤᠨ ᠸᠢᠴᠠᠲ | ᠴᠤᠬᠯᠠᠷᠡᠯ ᠤᠨ ︽ᠴᠤᠬᠯᠡᠷᠡᠯ ᠤᠨ ᠡᠵᠡᠨ︾ ᠬᠡᠮᠡᠭᠦ ᠲᠤᠮᠥ ᠲᠤᠰᠢᠶᠡᠯ ᠲᠠᠢ ᠶᠠᠪᠤᠵᠤ ᠪᠠᠶᠢᠭ᠎ᠠ ᠭᠥᠮᠥᠨ᠃ | ᠴᠤᠬᠯᠠᠷᠡᠯ ᠤᠨ ᠭᠡᠰᠢᠭᠦᠳ ᠮᠢᠨᠢ᠄ ︽ᠪᠢᠳᠠ ᠴᠤᠬᠯᠠᠷᠡᠯ ᠤᠨ ᠡᠵᠡᠨ ᠭᠡᠵᠤ ᠴᠢᠮ᠎ᠠ ᠶᠢ ᠭᠥᠨᠳᠤᠳᠭᠡᠵᠤ ᠭᠡᠳᠦ᠋ᠢᠴᠢᠨᠡᠨ | ᠤᠯᠠᠨ ᠮᠢᠬ᠎ᠠ ᠵᠢᠭᠠᠰᠤ ᠪᠡᠯᠡᠭ ᠰᠠᠯᠳᠠ ᠲᠠᠮᠨᠠᠵᠤ ᠠᠪᠠᠴᠢᠵᠤ ᠥᠭᠪᠡ ᠳ᠋ᠡ︖ ᠴᠢ ᠪᠢᠳᠡᠨ ᠳᠤ ᠣᠯᠠᠭᠠᠨ ᠪᠠᠭᠯᠠᠭ᠎ᠠ | ᠥᠭᠴᠥ ᠪᠤᠯᠬᠤ ᠦᠭᠡᠢ ᠤᠤ︖︾ ᠭᠡᠵᠤ ᠶᠠᠷᠢᠭᠠᠳ ᠯᠠ ᠪᠠᠶᠢᠬᠤᠯᠠᠷ ᠨᠢᠬᠡ ᠨᠢᠬᠡ ᠴᠤᠬᠯᠠᠷᠡᠯ ᠳᠤ ᠨᠢ ᠪᠠᠭ᠎ᠠ ᠰᠠᠭ᠎ᠠ | ᠴᠦ ᠭᠡᠰᠠᠨ ᠤᠯᠠᠭᠠᠨ ᠪᠠᠭ᠋ᠠᠯᠠᠭᠠ ᠥᠭᠬᠦ ᠯᠠ ᠭᠡᠷᠡᠭᠳᠡᠢ᠃ ᠬᠤᠵᠢᠮ ᠨᠢ ᠪᠤᠳᠤᠵᠤ ᠥᠵᠡᠪᠡᠯ᠂ ᠪᠠᠰᠠ ᠭᠡᠳᠤᠨ ᠵᠠᠭᠤ | ᠴᠢᠨᠢ ᠮᠡᠳᠡᠭᠰᠠᠨ ᠴᠦ ᠦᠭᠡᠢ ᠪᠠᠷ ᠲᠤᠯᠴᠢᠬᠠᠬᠤ ᠨᠢ᠃ | ᠭᠠᠷ ᠤᠳᠠᠰᠥ ᠪᠠᠨ ᠥᠵᠡᠪᠡᠯ ︽ᠴᠠᠭᠠᠨ ᠰᠠᠷ᠎ᠡ ᠶᠢᠨ ᠮᠠᠨᠳᠤᠴᠢᠯᠡᠯ︾ ᠤᠨ ᠴᠠᠬᠢᠮ ᠮᠡᠳᠡᠭᠡ ᠠᠯᠢ ᠤᠯᠠᠨ᠃ | ᠤᠩᠰᠢᠶ᠎ᠠ ᠭᠡᠳ ᠰᠠᠨᠠᠭᠠᠳ ᠲᠤᠯᠤᠪᠤᠷ ᠬᠤᠷᠤᠭᠤ ᠪᠠᠷ ᠢᠶᠠᠨ ᠲᠤᠮᠯᠠᠵᠤ ᠥᠵᠡᠪᠡᠯ ᠵᠥᠪ ᠵᠠᠷᠤᠬᠳᠠᠬᠤ ᠶᠤᠮ ᠪᠢᠰᠢ᠃ | ᠭᠠᠷ ᠤᠳᠡᠰᠤᠨ ᠤ ᠨᠢᠭᠤᠷ ᠲᠠᠯ᠎ᠠ ᠳᠤ ᠨᠢ ᠵᠢᠷᠤᠬᠤ ᠪᠥᠷᠢ ᠲᠢᠷ ᠲᠡᠷ ᠲᠤᠤᠭᠠᠷᠤᠨ᠂ ᠭᠠᠵᠡᠷ ᠭᠥᠳᠡᠯᠵᠤ ᠪᠠᠶᠢᠭ᠎ᠠ | ᠰᠢᠭ᠋ ᠴᠡᠴᠡᠷᠡᠨ ᠠᠨᠢᠪᠴᠡᠵᠤ ᠪᠠᠶᠢᠬᠰᠠᠭᠠᠷ ᠬᠠᠳᠠᠭᠠᠯᠠᠵᠤ ᠪᠠᠶᠢᠬᠰᠠᠨ ᠤᠳᠡᠰᠥᠨ ᠨᠤᠮᠧᠷ ᠤᠳ ᠨᠢᠬᠡ ᠮᠡᠳᠡᠭᠰᠠᠨ ᠴᠢᠨᠢ | ᠤᠷᠤ ᠮᠥᠷ ᠦᠭᠡᠢ ᠬᠠᠰᠤᠬᠳᠡᠴᠢᠬᠠᠬᠤ ᠨᠢ᠃ ᠬᠡᠤᠬᠡᠨ ᠤ ᠮᠢᠨᠢ ︽ᠤᠶᠤᠳᠡᠨ ᠠᠶᠢᠯ ᠤᠨ ᠲᠠᠷᠤᠭ᠎ᠠ︾ ᠪᠤᠯᠤᠬᠰᠠᠨ ᠤ | ᠲᠠᠷᠠᠭ᠎ᠠ ᠠᠩᠬᠠᠨ ᠤ ᠴᠠᠯᠢᠩ ᠢᠶᠠᠷ ᠢᠶᠠᠨ ᠠᠪᠴᠥ ᠥᠭᠬᠦᠭᠰᠠᠨ ᠨᠠᠨᠳᠢᠨ ᠪᠡᠯᠡᠭ ᠶᠤᠮ ᠳ᠋ᠠ︕ ᠬᠢᠮᠠᠭᠠᠳᠡᠨ ᠵᠠᠷᠤᠵᠤ | ᠪᠠᠶᠢᠳᠡᠯ᠎ᠠ ᠬᠡᠷᠡᠭ ᠠᠴᠠ ᠪᠠᠨ ᠭᠠᠷᠬᠤ ᠬᠠᠶᠠᠬᠳᠡᠮᠡᠯ ᠡᠳ᠋ ᠪᠤᠯᠬᠤ ᠨᠢ ᠤᠤ︖ ᠪᠢ ᠬᠡᠳᠡᠭ ᠭᠥᠮᠥᠨ ᠭᠠᠷ | ᠤᠳᠡᠰᠥ ᠪᠠᠨ ᠢᠳᠡᠭᠡᠭᠦ ᠠᠴᠠ ᠪᠢᠰᠢ ᠲᠠᠷᠢᠬᠢ ᠪᠠᠨ ᠵᠥᠳᠡᠭᠡᠳᠡᠭ ᠦᠭᠡᠢ ᠮᠤᠨᠤᠭ ᠠᠮᠢᠳᠡᠨ᠃ ᠬᠡᠵᠢᠶᠡᠳᠠ ᠭᠠᠷ | ᠤᠳᠡᠰᠤᠨ ᠤ ᠨᠤᠮᠧᠷ ᠢ ᠴᠡᠭᠡᠵᠢᠯᠡᠳᠡᠭ ᠦᠭᠡᠢ᠃ ᠡᠨᠡ ︽ᠬᠤᠤᠷ︾ ᠢᠶᠠᠨ ᠠᠮᠰᠠᠵᠤ᠂ ᠭᠠᠷ ᠤᠳᠡᠰᠥ ᠦᠭᠡᠢ ᠪᠠᠷ | ᠰᠢᠨᠡᠯᠡᠭᠦ ︽ᠭᠠᠰᠠᠯᠠᠩ ᠵᠤᠪᠠᠯᠠᠩ︾ ᠢ ᠬᠠᠰᠢᠷᠳᠡᠯᠡ ᠠᠮᠰᠠᠬᠰᠠᠨ ᠶᠤᠮ᠃ | ᠥᠵᠡᠳᠡᠯᠡ ᠰᠤᠷᠭᠠᠭᠤᠯᠢ ᠡᠭᠢᠯᠡᠭᠦ ᠪᠠᠰᠠ ᠤᠶᠢᠷᠡᠳᠤᠴᠢᠬᠠᠯᠠ᠃ ᠰᠤᠷᠭᠠᠭᠤᠯᠢ ᠠᠮᠠᠷᠡᠯᠳᠠ ᠲᠠᠯᠪᠢᠬᠤ ᠥᠶ᠎ᠠ ᠳᠤ | ᠵᠠᠭᠢᠷᠤᠯ ᠮᠢᠨᠢ᠄ ︽ᠣᠴᠢᠷ ᠶᠠᠪᠤᠳᠡᠯ ᠢ ᠴᠠᠭ ᠲᠤᠬᠠᠢ ᠳᠤ ᠨᠢ ᠮᠡᠳᠡᠭᠳᠡᠭᠦ ᠤᠴᠢᠷ ᠠᠴᠠ ᠬᠡᠨ ᠭᠥᠮᠥᠨ ᠴᠦ ᠭᠠᠷ | ᠤᠳᠡᠰᠥ ᠪᠠᠨ ᠬᠠᠭᠠᠵᠤ ᠪᠤᠯᠬᠤ ᠦᠭᠡᠢ︕︾ ᠭᠡᠵᠤ ᠭᠡᠯᠡᠭᠰᠠᠨ ᠥᠬᠡ ᠨᠢ ᠬᠡᠨᠡᠳᠳᠠ ᠨᠠᠳᠠ ᠳᠤ ᠪᠤᠳᠤᠬᠳᠡᠪᠡ᠃ | ᠶᠠᠭᠠᠭᠢᠯ᠎ᠠ ᠬᠡᠳ ᠰᠢᠨ᠎ᠠ ᠭᠠᠷ ᠤᠳᠡᠰᠥ ᠠᠪᠬᠤ ᠦᠭᠡᠢ ᠪᠤᠯᠬᠤ ᠦᠭᠡᠢ ᠬᠡᠳ ᠰᠢᠨᠡᠯᠡᠬᠦ ᠵᠤᠭᠤᠰ ᠢᠶᠠᠨ ᠲᠤᠭᠠᠯᠠᠪᠠᠯ | ᠪᠠᠰᠠ 1000 ᠲᠥᠭᠦᠷᠢᠭ ᠥᠯᠡᠳᠡᠵᠤ ᠪᠠᠶᠢᠨ᠎ᠠ᠃ ᠬᠡᠤᠬᠡᠳ ᠮᠢᠨᠢ ᠪᠠᠰᠠ ᠬᠡᠳᠦ᠋ᠢᠪᠡᠷ ᠴᠠᠯᠢᠩ ᠤᠯᠴᠢᠬᠠᠬᠰᠠᠨ | ᠪᠤᠯᠪᠠᠴᠥ ᠤᠶᠤᠳᠡᠨ ᠤ ᠥᠶ᠎ᠠ ᠪᠠ ᠠᠰᠫᠢᠷᠠᠨᠲ ᠳ᠋ᠣᠺᠲ᠋ᠣᠷᠠᠨᠲ ᠪᠠᠶᠢᠬᠰᠠᠨ ᠵᠢᠬᠡᠯᠡᠯᠬᠡ ᠬᠡᠳᠡᠯ᠎ᠡ ᠭᠥᠯᠥᠰᠥᠨ ᠬᠡᠷ ᠤᠨ | ᠲᠥᠷᠢᠶᠡᠰᠥ ᠡᠨᠡ ᠲᠡᠷᠡ ᠪᠠᠨ ᠲᠥᠯᠥᠬᠡᠳ ᠲᠠᠮᠡᠢ ᠯᠠ ᠵᠤᠭᠤᠰ ᠦᠭᠡᠢ᠃ ᠬᠤᠳᠡᠯᠳᠤᠭ᠎ᠠ ᠳᠤ ᠤᠴᠢᠭᠠᠳ | ᠰᠤᠷᠡᠬᠯᠡᠪᠡᠯ᠄ ︽1000 ᠲᠥᠭᠦᠷᠢᠭ ᠠᠴᠠ ᠲᠤᠷᠣᠬᠰᠢ ᠨᠢᠬᠡ ᠮᠥᠩᠬᠦ ᠪᠠᠰᠠ ᠬᠢᠮᠳᠡᠷᠡᠭᠤᠯᠬᠤ ᠦᠭᠡᠢ︾ ᠭᠡᠵᠤ | ᠪᠠᠶᠢᠨ᠎ᠠ᠃ ᠬᠠᠭᠠᠰ ᠥᠨ᠎ᠠ ᠬᠠᠶᠡᠯᠴᠠᠬᠰᠠᠨ ᠤ ᠳ᠋ᠥᠩ ᠳᠤ 900 ᠲᠥᠭᠦᠷᠢᠭ ᠢᠶᠠᠷ ᠥᠨᠥᠬᠢ ᠰᠢᠨ᠎ᠠ ᠴᠠᠭ ᠤᠨ | ᠵᠠᠯᠠᠭᠤᠴᠤᠳ ᠤᠨ ᠭᠡᠷᠡᠭᠯᠡᠳᠡᠭ ︽ᠰᠢᠶᠤᠤ ᠮᠢ 2︾ ᠭᠠᠷ ᠤᠳᠡᠰᠥ ᠶᠢ ᠠᠪᠤᠭᠠᠳ ᠭᠠᠷᠴᠥ ᠢᠷᠡᠬᠦ ᠬᠡᠳᠡᠯ᠎ᠡ᠄ ︽ | ᠠᠪᠠᠭ᠎ᠠ ᠡ᠂ ᠰᠠᠶᠢᠨ ᠠᠬᠳᠠ ᠳᠤ ᠰᠠᠶᠢᠨ ᠡᠮᠡᠬᠡᠯ ᠲᠤᠬᠤᠳᠠᠭ ᠰᠢᠦ︕ ᠡᠶᠢᠮᠥ ᠰᠠᠶᠢᠬᠠᠨ ᠭᠠᠷ ᠤᠳᠡᠰᠤᠨ ᠳᠠᠭᠠᠨ | ᠪᠡᠯᠡᠭ ᠲᠠᠢ ᠰᠠᠶᠢᠬᠠᠨ ᠨᠤᠮᠧᠷ ᠲᠠᠭᠠᠷᠡᠭᠤᠯᠬᠤ ᠦᠭᠡᠢ ᠤᠤ︖︾ ᠭᠡᠵᠤ ᠤᠶᠢᠯᠡᠴᠢᠯᠡᠭᠴᠢ ᠬᠡᠤᠬᠡᠨ ᠨᠠᠳᠠ ᠶᠢ | ᠲᠤᠤᠭᠠᠷᠤᠨ ᠵᠤᠬᠰᠤᠭᠠᠪᠠ᠃ ᠪᠢ ᠪᠠᠰᠠ ᠬᠡᠳᠦ᠋ᠢᠨ ᠴᠠᠭᠢᠯᠭᠠᠨ ᠬᠤᠯᠪᠤᠭ᠎ᠠ ᠪᠠᠨ ᠰᠢᠯᠵᠢᠮᠡᠯ ᠬᠤᠯᠪᠤᠭ᠎ᠠ ᠪᠤᠯᠭᠠᠨ | ᠰᠤᠯᠢᠬᠤ ᠪᠠᠷ ᠪᠤᠳᠤᠵᠤ ᠪᠠᠶᠢᠬᠰᠠᠨ ᠪᠤᠳᠤᠯᠭ᠎ᠠ ᠲᠠᠢ ᠶᠠᠪ ᠴᠠᠪ ᠨᠡᠶᠢᠴᠡᠭᠰᠠᠨ ᠤᠴᠢᠷ᠄ ︽ᠵᠠ᠂ ᠲᠡᠭᠡᠪᠡᠯ ᠭᠡᠤᠭᠡᠨ | ᠲᠠ ᠨᠢᠬᠡ ᠪᠤᠯᠤᠮᠡᠷ ᠨᠤᠮᠧᠷ ᠢ ᠨᠢ ᠤᠯᠤᠭᠠᠳ ᠥᠭ︾ ᠬᠡᠪᠡ᠃ | ᠢᠩᠬᠢᠵᠤ ᠯᠠ ᠪᠢ ᠨᠢᠭᠤᠷ ᠲᠠᠢ ᠲᠠᠯ᠎ᠠ ᠲᠠᠢ ᠰᠢᠨᠡᠯᠡᠵᠤ ᠭᠠᠷᠤᠯ᠎ᠠ᠃ 3 ᠰᠠᠷ᠎ᠡ ᠶᠢᠨ 1 ᠤ ᠡᠳᠤᠷ ᠰᠤᠷᠭᠠᠭᠤᠯᠢ | ᠡᠭᠢᠯᠡᠪᠡ᠃ ᠮᠠᠨ ᠤ ᠶᠡᠷᠤᠳᠠ ᠶᠢᠨ ᠵᠤᠷᠰᠢᠯ ᠢᠶᠠᠷ ᠪᠣᠯ ᠰᠠᠷ᠎ᠡ ᠶᠢᠨ ᠲᠤᠮᠳᠡᠴᠢ ᠪᠠᠷ ᠰᠠᠶ᠋ᠢ ᠴᠠᠯᠢᠩ ᠬᠤᠪᠢᠶᠠᠳᠠᠭ ᠶᠤᠮ | ᠃ ᠨᠢᠬᠡ ᠮᠥᠩᠬᠦ ᠵᠤᠭᠤᠰ ᠦᠭᠡᠢ ᠪᠠᠷ ᠬᠠᠭᠠᠰ ᠰᠠᠷ᠎ᠡ ᠶᠢᠨ ᠠᠮᠢᠳᠤᠷᠡᠯ ᠢ ᠶᠠᠭᠠᠭᠢᠵᠤ ᠯᠠ ᠠᠷᠭᠠᠴᠠᠬᠤ ᠪᠢᠯᠠ ᠳ᠋ᠠ︖ | ᠭᠡᠵᠤ ᠮᠥᠨ ᠯᠠ ᠲᠤᠯᠤᠭᠠᠢ ᠪᠠᠨ ᠪᠠᠷᠢᠵᠤ ᠭᠠᠰᠠᠯᠤᠯᠠ᠃ | ᠵᠤᠬᠢᠶᠠᠬᠴᠢ᠄ ᠠ᠊᠂ ᠰᠠᠴᠠᠨᠪᠠᠭᠠᠳᠤᠷ | ᠵᠤᠬᠢᠶᠠᠬᠴᠢ ᠶᠢᠨ ᠬᠠᠶ᠋ᠢᠭ᠄ ᠲᠤᠮᠳᠡᠳᠤ ᠬᠤᠰᠢᠭᠤᠨ ᠤ ᠲᠤᠮᠳᠡᠳᠤ ᠵᠡᠷᠭᠡ ᠶᠢᠨ ᠠᠵᠢᠯ ᠮᠡᠷᠭᠡᠵᠢᠯ ᠤᠨ | ᠰᠤᠷᠭᠠᠭᠤᠯᠢ |