︵ᠦᠬᠦᠯᠡᠯᠭᠡ︶ | ᠨᠠᠷᠠ ᠪᠠᠷᠠᠭᠤᠨᠰᠢ ᠬᠡᠯᠪᠠᠶᠢᠵᠦ ᠠᠭᠤᠯᠠᠨ ᠲᠤᠯᠤᠭᠠᠢ ᠳᠤ ᠲᠠᠯᠳᠠᠷᠢᠬᠤ ᠳᠤ ᠬᠤᠳᠠ ᠬᠤᠷᠤᠭ᠎ᠠ ᠶᠢᠨ ᠰᠡᠭᠦᠳᠡᠷ | ᠰᠤᠨᠤᠨ ᠰᠤᠨᠤᠭᠰᠠᠭᠠᠷ ᠯᠠ ᠪᠠᠶᠢᠯ᠎ᠠ᠃ ᠭᠠᠯᠠᠭᠤᠨ ᠮᠠᠩᠨᠠᠶᠢᠳᠤ ᠭᠠᠯᠰᠠᠩ ᠭᠤᠸᠠᠢ ᠬᠤᠨᠢᠳ ᠢᠶᠠᠨ ᠬᠤᠳᠠᠯᠠᠭᠠᠳ | ᠬᠤᠶᠢᠮᠤᠷ ᠲᠠᠭᠠᠨ ᠰᠠᠭᠤᠵᠦ ᠭᠠᠩᠰᠠᠨ ᠳᠤ ᠪᠠᠨ ᠲᠠᠮᠠᠬᠢ ᠨᠡᠷᠡᠵᠦ ᠫᠤᠭ ᠫᠤᠭ ᠰᠤᠷᠤᠭᠠᠳ ᠤᠳᠤᠭ᠎ᠠ ᠭᠠᠷᠭᠠᠨ | ᠦᠯᠢᠶᠡᠭᠡᠳ ᠤᠷᠳᠤᠬᠠᠨ ᠭᠡᠭᠴᠢ ᠰᠡᠭᠦᠷᠡᠰᠦᠯᠡᠨ ᠰᠠᠭᠤᠨ᠎ᠠ᠃ ᠲᠡᠭᠦᠨ ᠤ ᠤᠷᠳᠤᠬᠠᠨ ᠭᠡᠭᠴᠢ ᠰᠡᠭᠦᠷᠡᠰᠦᠯᠡᠭᠰᠡᠨ ᠨᠢ | ᠤᠴᠢᠷ ᠲᠠᠢ ᠶᠤᠮ᠂ ᠭᠠᠯᠰᠠᠩ ᠭᠡᠳᠡᠭ ᠬᠦᠮᠦᠨ ᠶᠡᠷᠦᠳᠡᠭᠡᠨ ᠵᠤᠪᠠᠵᠤ ᠵᠦᠳᠡᠵᠦ ᠪᠠᠶᠢᠬᠤ ᠪᠠᠨ ᠭᠠᠳᠠᠨ᠎ᠠ ᠪᠠᠨ | ᠮᠡᠳᠡᠭᠳᠡᠳᠡᠭ ᠦᠭᠡᠢ ᠵᠢᠷᠦᠬᠡᠨ ᠳᠤ ᠪᠠᠨ ᠲᠠᠮᠢᠷ ᠲᠠᠢ ᠬᠦᠮᠦᠨ ᠪᠤᠯᠬᠤ ᠶᠢ ᠨᠠᠰᠤ ᠪᠠᠷ ᠢᠶᠠᠨ ᠰᠡᠭᠦᠳᠡᠷ ᠨᠢ ᠰᠢᠭ | ᠰᠡᠭᠦᠯᠳᠡᠵᠦ ᠠᠮᠢᠳᠤᠷᠠᠭᠰᠠᠨ ᠨᠠᠭᠠᠯᠢᠩᠬᠠᠢ ᠨᠠᠷᠠ ᠲᠤᠳᠤᠷᠯᠠᠵᠤ ᠪᠠᠶᠢᠳᠠᠭ ᠪᠤᠯᠬᠤᠷ ᠪᠠᠶᠢᠨ ᠪᠠᠶᠢᠨ ᠠᠷᠭ᠎ᠠ ᠪᠠᠷᠠᠨ | ᠵᠠᠵᠢᠨ ᠦᠰᠦ ᠪᠠᠨ ᠠᠷᠤᠨᠰᠢ ᠪᠠᠨ ᠢᠯᠢᠳᠡᠭ ᠪᠠᠶᠢᠭᠰᠠᠨ᠂ ᠨᠠᠭᠠᠯᠢᠩᠬᠠᠢ ᠨᠠᠷᠠ ᠶᠢᠨ ᠤᠬᠠᠭᠠᠨ ᠲᠤᠮᠤᠭ᠎ᠠ ᠭᠡᠵᠦ | ᠬᠡᠴᠡᠭᠦᠤ ᠯᠠ ᠨᠡᠷᠡᠳᠡᠢ ᠰᠠᠨ︕ ᠲᠡᠷᠡ ᠴᠢᠷᠠᠢ ᠲᠡᠭᠡᠷ᠎ᠡ ᠪᠠᠨ ᠢᠨᠢᠶᠡᠵᠦ ᠪᠠᠶᠢᠪᠠᠴᠤ ᠴᠢᠨᠠᠳᠤ ᠪᠤᠳᠤᠯ ᠳᠠᠭᠠᠨ | ᠠᠮᠢᠳᠤᠷᠠᠯ ᠤᠨ ᠠᠯᠢ ᠤᠯᠠᠨ ᠤᠴᠢᠷ ᠲᠤ ᠤᠷᠢᠶᠠᠭᠳᠠᠵᠤ ᠰᠠᠨᠠᠭ᠎ᠠ ᠰᠡᠳᠭᠢᠯ ᠨᠢ ᠰᠠᠮᠠᠭᠤᠷᠠᠵᠤ ᠪᠠᠶᠢᠭ᠎ᠠ ᠲᠤᠯᠠ ᠵᠠᠵᠢᠨ | ᠦᠰᠦ ᠪᠠᠨ ᠢᠯᠢᠵᠦ ᠲᠤᠳᠤᠷ᠎ᠠ ᠪᠤᠳᠤᠯ ᠢᠶᠠᠨ ᠠᠭᠤᠵᠢᠷᠠᠭᠤᠯᠳᠠᠭ ᠪᠠᠶᠢᠭᠰᠠᠨ᠃ ᠲᠡᠷᠡ᠄ | — ᠪᠢᠳᠡ ᠬᠤᠶᠠᠭᠤᠯᠠ ᠨᠠᠰᠤ ᠪᠠᠷ ᠢᠶᠠᠨ ᠬᠤᠨᠢ ᠬᠠᠷᠢᠭᠤᠯᠵᠤ ᠨᠠᠷᠠ ᠲᠠᠭᠤᠳᠠᠭ ᠶᠤᠮ ᠪᠤᠯ ᠦᠦ ᠭᠡᠵᠦ | ᠠᠮᠠᠨ ᠳᠤ ᠪᠠᠨ ᠲᠦᠳᠦᠨᠡᠨ ᠶᠠᠷᠢᠨ᠎ᠠ᠃ | ᠨᠠᠭᠠᠯᠢᠩᠬᠠᠢ ᠨᠠᠷᠠ ᠭᠡᠵᠦ ᠨᠤᠳᠤᠭ ᠤᠰᠤᠨ ᠳᠤ ᠪᠠᠨ ᠨᠡᠯᠢᠶᠡᠳ ᠨᠡᠷ᠎ᠡ ᠲᠦᠷᠦ ᠲᠠᠢ ᠲᠤᠳᠤᠷ ᠪᠠᠶᠠᠨ ᠡᠯᠵᠢᠭᠡ | ᠨᠢᠮ᠎ᠠ ᠶᠢᠨ ︽ᠠᠮᠠᠨ ᠳᠤ ᠬᠢᠪᠡᠯ ᠬᠠᠶᠢᠯᠤᠮᠠᠷ᠂ ᠠᠯᠠᠭᠠᠨ ᠳᠤ ᠪᠠᠨ ᠲᠠᠯᠪᠢᠪᠠᠯ ᠪᠦᠮᠪᠦᠷᠢᠮᠡᠷ︾ ᠬᠠᠶᠢᠷᠠᠯᠠᠵᠤ | ᠦᠰᠭᠡᠭᠰᠡᠨ ᠦᠷ᠎ᠡ ᠶᠢᠨ ᠭᠠᠭᠴᠠ ᠦᠬᠢᠨ ᠨᠢ ᠪᠤᠯᠵᠤ ᠵᠠᠶᠠᠭᠠᠭᠰᠠᠨ᠃ ᠭᠡᠳᠡᠯ᠎ᠡ ᠭᠠᠯᠠᠭᠤᠨ ᠮᠠᠩᠨᠠᠶᠢᠳᠤ ᠭᠠᠯᠰᠠᠩ ᠤᠨ | ᠭᠠᠯᠵᠠᠭᠤᠷᠠᠯ ᠤᠨ ᠤᠷᠬᠠᠨ ᠠᠴᠠ ᠮᠤᠯᠳᠤᠷᠠᠵᠤ ᠴᠢᠳᠠᠭᠰᠠᠨ ᠦᠭᠡᠢ ᠠᠶᠠᠯᠳᠤᠨ ᠲᠠᠭᠠᠭᠠᠳ ᠡᠴᠦᠰ ᠲᠡᠭᠡᠨ ︽ | ᠴᠤᠣᠳᠤ ᠦᠬᠢᠨ ᠬᠤᠷᠢᠮ ᠦᠭᠡᠢ︾ ᠰᠠᠨ᠃ | ᠡᠯᠵᠢᠭᠡ ᠨᠢᠮ᠎ᠠ ᠶᠠᠮᠠᠷ ᠲᠠᠭᠠᠨ ᠡᠯᠵᠢᠭᠡ ᠲᠠᠢ ᠲᠦᠰᠳᠠᠢ ᠪᠤᠯᠤᠭᠠᠳ ᠡᠯᠵᠢᠭᠡ ᠨᠢᠮ᠎ᠠ ᠪᠤᠯᠤᠭᠰᠠᠨ ᠪᠢᠰᠢ᠂ ᠬᠠᠷᠢᠨ | ᠨᠢᠭᠡ ᠵᠦᠷᠢᠭᠦᠳ ᠨᠢ ᠬᠦᠳᠡᠯᠪᠡᠯ ᠬᠡᠳᠦᠨ ᠠᠭᠳᠠ ᠪᠠᠷ ᠲᠠᠳᠠᠭᠤᠯᠪᠠᠴᠤ ᠲᠠᠰᠤᠷᠠᠬᠤ ᠠᠴᠠ ᠪᠢᠰᠢ ᠨᠤᠭᠤᠷᠠᠳᠠᠭ ᠦᠭᠡᠢ | ᠲᠠᠰᠤᠷᠠᠬᠠᠢ ᠡᠷ᠎ᠡ ᠪᠤᠯᠬᠤᠷ ᠡᠯᠵᠢᠭᠡ ᠨᠢᠮ᠎ᠠ ᠭᠡᠵᠦ ᠬᠤᠴᠢᠯᠠᠭᠳᠠᠭᠰᠠᠨ᠃ ᠭᠡᠪᠡᠴᠤ ︽ᠴᠢᠬᠢ ᠪᠠᠨ ᠠᠪᠳᠠᠭᠳᠠᠭᠰᠠᠨ | ᠨᠤᠬᠠᠢ ᠡᠵᠡᠨ ᠳᠤ ᠪᠠᠨ ᠠᠮᠠᠷᠠᠭ︾ ᠭᠡᠳᠡᠭᠴᠢᠯᠡᠨ ᠭᠠᠯᠰᠠᠩ ᠤᠨ ᠠᠪᠤ ᠲᠦᠯᠡᠢ ᠲᠤᠨᠳᠤᠭ ᠢ ᠦᠵᠡᠪᠡᠯ ᠶᠠᠮᠠᠷ ᠨᠢᠭᠡᠨ | ᠲᠤᠳᠤᠷ ᠲᠡᠪᠡᠯ ᠢᠶᠠᠨ ᠲᠡᠮᠳᠡᠷᠢᠭᠳᠡᠭᠰᠡᠨ ᠶᠤᠮᠰᠢᠭ ᠴᠢᠬᠢ ᠬᠤᠯᠢᠢᠬᠰᠠᠨ ᠡᠯᠵᠢᠭᠡ ᠰᠢᠭ ᠨᠤᠮᠤᠬᠠᠷᠠᠴᠢᠬᠠᠳᠠᠭ ᠰᠠᠨ᠃ | ᠡᠯᠵᠢᠭᠡ ᠨᠢᠮ᠎ᠠ ᠠᠴᠠ ᠲᠦᠯᠡᠢ ᠲᠤᠨᠳᠤᠭ ᠢ ᠦᠵᠡᠪᠡᠯ ᠨᠤᠮᠤᠬᠠᠷᠠᠴᠢᠬᠠᠳᠠᠭ ᠨᠢ ᠪᠠᠰᠠ ᠦᠯᠢᠭᠡᠷ ᠲᠠᠢ ᠶᠤᠮ᠃ | ᠪᠠᠷᠢᠭᠠᠳᠠ ᠶᠢᠨ ᠬᠠᠷᠢᠭᠤᠴᠠᠯᠭ᠎ᠠ ᠶᠢᠨ ᠲᠦᠷᠢᠮ ᠳᠤ ᠮᠠᠯ ᠪᠠ ᠨᠤᠳᠤᠭ ᠪᠡᠯᠴᠢᠭᠡᠷ ᠢ ᠬᠤᠪᠢ ᠳᠤ ᠲᠠᠭᠠᠭᠠᠴᠢᠯᠠᠬᠤ | ᠦᠶᠡᠰ ᠡᠯᠵᠢᠭᠡ ᠨᠢᠮ᠎ᠠ᠂ ᠡᠷᠭᠢᠬᠦᠤ ᠰᠠᠨᠳᠠᠭ ᠲᠠᠢ ᠪᠡᠯᠴᠢᠭᠡᠷ ᠪᠤᠯᠢᠶᠠᠯᠳᠤᠵᠤ ᠵᠠᠷᠭᠤ ᠵᠠᠷᠭᠤᠯᠳᠤᠭᠠᠨ ᠪᠤᠯᠬᠤ ᠳᠤ | ᠲᠦᠯᠡᠢ ᠲᠤᠨᠳᠤᠭ ᠬᠦᠵᠦᠭᠦᠤ ᠪᠠᠨ ᠲᠠᠯᠪᠢᠵᠤ ᠭᠡᠷᠡᠴᠢ ᠪᠤᠯᠵᠤ ᠢᠯᠠᠭᠰᠠᠨ ᠭᠡᠳᠡᠭ᠃ ᠡᠭᠦᠨ ᠠᠴᠠ ᠠᠪᠤᠭᠠᠳ ᠡᠨᠡ | ᠬᠤᠶᠠᠷ ᠭᠡᠷ ᠮᠢᠨᠦ ᠴᠢᠨᠦ ᠦᠭᠡᠢ᠂ ᠠ ᠡ ᠭᠡᠬᠦ ᠦᠭᠡᠢ ᠠᠮᠢ ᠨᠢᠭᠡᠳᠡᠢ ᠬᠦᠮᠦᠨ ᠪᠤᠯᠵᠤ ᠶᠠᠪᠤᠯᠴᠠᠭᠰᠠᠨ ᠭᠡᠯᠴᠡᠳᠡᠭ᠃ | ᠨᠢᠮ᠎ᠠ᠂ ᠲᠤᠨᠳᠤᠭ ᠬᠤᠶᠠᠷ ᠲᠤᠰᠪᠤᠷᠢ ᠨᠢᠭᠡ ᠰᠦᠷᠦᠭ ᠬᠤᠨᠢ ᠶᠢ ᠲᠠᠭᠠᠭᠠᠴᠢᠯᠠᠵᠤ᠂ ᠬᠤᠯᠤᠰᠤᠳᠠᠢ ᠶᠢᠨ | ᠵᠢᠯᠠᠭᠠᠨ ᠳᠤ ᠤᠳᠤᠷᠯᠠᠵᠤ ᠰᠠᠭᠤᠭᠰᠠᠨ ᠭᠡᠳᠡᠭ᠃ ᠵᠡᠭᠦᠨ ᠪᠠᠷᠠᠭᠤᠨ ᠠᠭᠤᠯᠠᠨ ᠬᠢᠷ᠎ᠠ ᠳᠤ ᠪᠠᠷ᠎ᠠ ᠪᠠᠷ᠎ᠠ ᠪᠠᠨ | ᠬᠠᠷᠠᠯᠴᠠᠵᠤ ᠰᠠᠭᠤᠭᠰᠠᠨ ᠬᠤᠶᠠᠷ ᠤᠳᠤᠷ ᠤᠨ ᠬᠤᠭᠤᠷᠤᠨᠳᠤ ᠬᠤᠶᠠᠷ ᠵᠠᠯᠠᠭᠤ ᠨᠠᠰᠢ ᠴᠠᠰᠢ ᠨᠡᠭᠦᠳᠡᠯ ᠪᠠᠷᠢᠳᠠᠯ ᠭᠡᠳ | ᠮᠤᠩᠭᠠᠨᠢᠵᠤ ᠶᠠᠪᠤᠭ᠎ᠠ ᠡᠯᠵᠢᠭᠡ ᠨᠢᠮ᠎ᠠ ᠶᠢᠨ ᠦᠬᠢᠨ ᠨᠠᠷᠠ᠂ ᠲᠦᠯᠡᠢ ᠲᠤᠨᠳᠤᠭ ᠤᠨ ᠬᠦᠤ ᠭᠠᠯᠰᠠᠩ ᠬᠡᠨ | ᠠᠯᠢᠨ ᠳᠤ ᠪᠠᠨ ᠬᠠᠨᠢ ᠪᠤᠯᠵᠤ ᠡᠳᠦᠷ ᠤᠳᠠᠭᠠᠨ ᠵᠤᠵᠠᠭᠠᠨ ᠬᠤᠨᠤᠭ ᠲᠠᠭᠠᠨ ᠢᠨᠠᠭ ᠤᠨ ᠰᠤᠶᠤᠭ᠎ᠠ ᠨᠢ ᠴᠤᠬᠤᠶᠢᠵᠤ | ᠡᠬᠢᠯᠡᠭᠰᠡᠨ ᠰᠠᠨ᠃ | ᠬᠠᠷᠭᠠᠨᠠᠳᠤ ᠶᠢᠨ ᠠᠶᠢᠯ ᠤᠨ ᠬᠤᠶᠠᠷ ᠲᠠᠰᠤᠯᠭ᠎ᠠ ᠰᠢᠪᠠᠷ ᠪᠠᠶᠢᠰᠢᠩ ᠳᠤ ᠰᠢᠪᠠᠷ ᠤᠨ ᠰᠠᠨᠳᠠᠯᠢ᠂ ᠮᠤᠳᠤᠨ | ᠬᠠᠪᠳᠠᠰᠤᠨ ᠰᠢᠷᠡᠭᠡᠨ ᠲᠡᠭᠡᠷ᠎ᠡ ᠪᠢᠴᠢᠭ ᠰᠤᠶᠤᠯ ᠤᠨ ᠮᠦᠷ ᠢ ᠠᠷᠠᠢ ᠬᠤᠶᠠᠳᠤᠭᠠᠷ ᠤᠨ ᠢᠶᠠᠨ ᠲᠡᠭᠦᠰᠭᠡᠵᠦ | ᠲᠡᠶᠢᠯᠦᠭᠡ ᠦᠭᠡᠢ ᠪᠠᠷ ᠰᠤᠷᠤᠯᠭ᠎ᠠ ᠵᠤᠭᠰᠤᠵᠤ᠂ ᠠᠷᠤ ᠭᠡᠷ ᠲᠡᠭᠡᠨ ᠬᠠᠷᠢᠵᠤ ᠬᠤᠨᠢᠨ ᠰᠦᠷᠦᠭ ᠲᠠᠭᠤᠵᠤ ᠬᠤᠷᠢᠨ | ᠨᠠᠰᠤ ᠲᠦᠬᠦᠭᠰᠡᠨ ᠨᠢ ᠡᠨᠡ ᠪᠠᠶᠢᠵᠠᠢ᠃ ᠬᠤᠯᠤᠰᠤᠳᠠᠢ ᠶᠢᠨ ᠵᠢᠯᠠᠭᠠᠨ ᠤ ᠬᠤᠯᠤᠰᠤᠨ ᠤ ᠨᠠᠶᠢᠭᠤᠭᠠᠨ ᠳᠤ ᠭᠠᠯᠰᠠᠩ | ᠨᠠᠷᠠ ᠬᠤᠶᠠᠷ ᠵᠠᠯᠠᠭᠤ ᠶᠢᠨ ᠢᠨᠠᠭ ᠤᠨ ᠭᠠᠯ ᠨᠢ ᠲᠦᠷᠡᠯᠵᠡᠵᠦ ᠠᠷᠠᠢ ᠯᠠ ᠬᠤᠯᠤᠰᠤ ᠶᠢ ᠨᠢ ᠪᠦᠷ ᠯᠠ ᠨᠤᠬᠤᠴᠠᠵᠤ | ᠬᠠᠶᠠᠭᠰᠠᠨ ᠦᠭᠡᠢ᠃ ᠦᠵᠡᠵᠦ ᠪᠠᠶᠢᠳᠠᠯ᠎ᠠ ᠡᠳᠦᠷ ᠰᠠᠷ᠎ᠠ ᠵᠢᠷᠪᠢᠯᠵᠡᠨ ᠤᠳᠴᠤ ᠦᠬᠢᠨ ᠨᠠᠷᠠ ᠡᠨᠡ ᠪᠡᠶ᠎ᠡ ᠪᠠᠨ | ᠭᠡᠮᠳᠦᠭᠡᠵᠦ᠂ ᠬᠦᠰᠢᠭᠦᠷᠡᠭᠰᠡᠨ ᠳᠤ ᠡᠯᠵᠢᠭᠡ ᠨᠢᠮ᠎ᠠ ᠶᠢᠨ ᠡᠮᠰᠢᠭᠡᠷ ᠬᠦᠭᠰᠢᠨ ᠨᠢ ᠬᠠᠮᠠᠷ ᠭᠠᠷᠮ᠎ᠠ ᠬᠡᠳᠦ᠋ᠢᠨᠠᠢ | ᠭᠠᠳᠠᠷᠯᠠᠭᠠᠳ ᠡᠪᠦᠭᠡᠨ ᠳᠤ ᠪᠠᠨ᠄ | — ᠬᠦᠢ︕ ᠡᠪᠦᠭᠡᠨ ᠡ᠂ ᠪᠤᠣ ᠠᠭᠤᠷᠯᠠ︕ ᠶᠠᠭᠤ ᠴᠦ ᠭᠡᠰᠡᠨ ᠶᠠᠪᠤᠳᠠᠯ ᠤᠴᠢᠷ ᠡᠶᠢᠮᠦ ᠪᠤᠯᠴᠢᠬᠠᠭᠰᠠᠨ | ᠶᠤᠮ ᠴᠢᠨᠢ ᠁ ᠭᠡᠵᠦ ᠬᠠᠭᠠᠰ ᠲᠤᠳᠠᠭᠤ ᠶᠠᠷᠢᠪᠠ᠃ ᠡᠯᠵᠢᠭᠡ ᠨᠢᠮ᠎ᠠ ᠵᠦᠷᠢᠬᠦᠤ ᠨᠢ ᠵᠦᠷᠢᠬᠦᠤ ᠪᠤᠯᠪᠠᠴᠤ | ᠬᠦᠮᠦᠨ ᠤ ᠠᠴᠢ ᠶᠢ ᠮᠠᠷᠳᠠᠳᠠᠭ ᠦᠭᠡᠢ ᠮᠦᠷᠳᠡᠭᠡᠨ ᠬᠠᠷᠢᠭᠤᠯᠬᠤ ᠭᠡᠳ ᠴᠢᠷᠮᠠᠶᠢᠵᠤ ᠶᠠᠪᠤᠳᠠᠭ ᠯᠠ ᠬᠦᠮᠦᠨ ᠤᠴᠢᠷ | ᠦᠬᠢᠨ ᠤ ᠪᠠᠨ ᠤᠴᠢᠷ ᠢ ᠤᠴᠢᠷ ᠪᠤᠯᠭᠠᠭᠰᠠᠨ ᠦᠭᠡᠢ᠂ ᠬᠤᠶᠠᠷ ᠬᠡᠦᠬᠡᠳ ᠲᠤᠷ᠎ᠠ ᠲᠠᠢ ᠪᠤᠯ ᠮᠠᠨ ᠳᠤ ᠠᠰᠠᠭᠤᠳᠠᠯ | ᠦᠭᠡᠢ ᠭᠡᠳ ᠬᠤᠶᠠᠷ ᠭᠡᠷ ᠢᠶᠠᠷ ᠢᠶᠠᠨ ᠬᠡᠯᠡᠯᠴᠡᠵᠦ ᠨᠢᠭᠡ ᠦᠨᠢᠶ᠎ᠡ᠂ ᠲᠦᠷᠪᠡᠨ ᠢᠮᠠᠭ᠎ᠠ ᠠᠪᠤᠭᠠᠳ ᠬᠤᠷᠢᠮ ᠢᠶᠠᠨ | ᠲᠦᠭᠦᠮ ᠲᠦᠳᠡ ᠬᠢᠭᠰᠡᠨ ᠶᠤᠮ᠃ | ᠠᠶᠢᠯ ᠤᠰᠤᠨ ᠤ ᠬᠢᠨ ︽ᠬᠠᠶᠢᠷᠠᠨ ᠨᠢᠭᠡ ᠪᠤᠳᠠ ᠰᠤᠷᠭᠤᠭ ᠴᠡᠴᠡᠭ ᠢ ᠠᠷᠭᠠᠯ ᠤᠨ ᠤᠪᠤᠭᠠᠨ ᠳᠤ | ᠬᠠᠳᠬᠤᠴᠢᠬᠠᠯᠠ︾ ᠭᠡᠬᠦ ᠴᠤᠣᠷᠬᠠᠯ ᠭᠤᠷᠪᠠᠨ ᠡᠳᠦᠷ ᠲᠡᠭᠷᠢ ᠲᠤᠯᠤᠮ᠎ᠠ ᠪᠦᠵᠢᠭᠡᠳ ᠨᠠᠮᠬᠠᠷᠠᠵᠤ ᠠᠷᠢᠯᠪᠠ᠃ ᠶᠠᠭᠤ | ᠪᠤᠯᠤᠭᠰᠠᠨ ᠴᠦ ᠭᠤᠷᠪᠠᠨ ᠡᠳᠦᠷ ᠤᠨ ᠴᠤᠣᠷᠬᠠᠯ ᠢ ᠴᠢᠬᠢᠨ ᠰᠠᠯᠠᠭᠠᠨ ᠳᠤ ᠪᠠᠨ ᠠᠪᠤᠭᠰᠠᠨ ᠦᠭᠡᠢ ᠭᠠᠯᠠᠭᠤᠨ | ᠮᠠᠩᠨᠠᠶᠢᠳᠤ ᠭᠠᠯᠰᠠᠩ ᠮᠠᠨᠢ ᠠᠮᠠ ᠲᠠᠷᠪᠠᠶᠢᠵᠤ ᠪᠠᠶᠢᠭᠠᠳ ᠯᠠ ᠦᠩᠭᠡᠷᠡᠭᠰᠡᠨ᠃ ᠨᠠᠷᠠ ᠭᠡᠵᠦ ᠬᠡᠳᠦ᠋ᠢᠪᠡᠷ ᠦᠩᠭᠡ | ᠵᠢᠰᠤ ᠤᠯᠠᠨ ᠠᠴᠠ ᠴᠤᠭᠤᠷᠬᠠᠢ᠂ ᠦᠭᠡ ᠲᠠᠭᠤ ᠴᠦᠬᠡᠨ ᠮᠦᠷᠳᠡᠭᠡᠨ ᠤᠬᠠᠭᠠᠨ ᠰᠠᠨᠠᠭ᠎ᠠ ᠰᠡᠷᠭᠡᠭ ᠬᠦᠮᠦᠨ | ᠪᠤᠯᠪᠠᠴᠤ ︽ᠭᠤᠶᠤ ᠬᠡᠦᠬᠡᠨ ᠬᠤᠪᠳᠤᠭ ᠴᠢᠨ᠋ᠸ᠎ᠠ ᠠᠴᠠ ᠠᠶᠤᠨ᠎ᠠ︾ ᠭᠡᠳᠡᠭ ᠢᠶᠠᠷ ︽ᠤᠰᠤᠨ ᠵᠦᠯᠭᠦᠭᠦᠷ ᠲᠤᠰᠤᠨ | ᠪᠢᠯᠭᠦᠭᠦᠷ︾ ᠰᠠᠶᠢᠨ ᠤᠬᠠᠭᠠᠨ ᠢ ᠰᠠᠷ᠎ᠠ ᠳᠠᠭᠠᠨ ᠪᠤᠳᠤᠵᠤ ᠤᠯᠳᠠᠭ ᠦᠭᠡᠢ᠂ ᠰᠠᠮᠠᠭᠤᠨ ᠤᠬᠠᠭᠠᠨ ᠢ ᠰᠠᠮᠵᠠᠨ | ᠨᠢᠳᠦ ᠪᠠᠨ ᠲᠤᠷᠮᠤᠰ ᠭᠡᠪᠡᠯ ᠤᠷᠭᠤᠭᠤᠯᠴᠢᠬᠠᠳᠠᠭ ᠤᠢ ᠲᠠᠢ ᠭᠠᠯᠰᠠᠩ ᠮᠠᠨᠢ ᠲᠡᠭᠡᠭᠡᠳ ᠨᠠᠷᠠ ᠲᠠᠢ ᠪᠠᠨ ᠵᠤᠯ | ᠵᠢᠷᠭᠠᠯ ᠤᠨ ᠵᠤᠣᠵᠠᠢ ᠶᠢ ᠬᠤᠯᠪᠤᠵᠤ ᠠᠮᠢᠳᠤᠷᠠᠯ ᠤᠨ ᠤᠷᠳᠤ ᠠᠶᠠᠨ ᠢᠶᠠᠨ ᠡᠯᠭᠦᠭᠰᠡᠨ ᠰᠠᠨ︕ | ᠬᠤᠷᠢᠮᠯᠠᠭᠠᠳ ᠬᠤᠷᠢ ᠬᠤᠨᠤᠭᠰᠠᠨ ᠦᠭᠡᠢ ᠪᠠᠷ ︽ᠪᠠᠶᠠᠷ ᠲᠡᠭᠡᠷ᠎ᠡ ᠪᠠᠶᠠᠷ᠂ ᠪᠠᠮᠪᠠᠷ ᠲᠡᠭᠡᠷ᠎ᠡ ᠴᠠᠬᠢᠭᠤᠷ︾ ᠭᠡᠵᠦ | ᠪᠤᠬᠠᠨ ᠴᠠᠭᠠᠨ ᠬᠦᠤ ᠲᠠᠢ ᠪᠤᠯᠵᠤ ᠪᠦᠭᠦᠳᠡ ᠤᠯᠠᠨ ᠢᠶᠠᠷ ᠢᠶᠠᠨ ᠬᠦᠭᠡᠷᠦᠬᠦ᠋ᠢᠯᠡᠵᠦ ︽ᠮᠤᠯᠤᠷ︾ ᠭᠡᠳᠡᠭ ᠨᠡᠷ᠎ᠡ | ᠬᠠᠶᠢᠷᠠᠯᠠᠭᠰᠠᠨ︕ ᠲᠡᠭᠡᠭᠡᠳ ᠯᠠ ᠭᠠᠯᠰᠠᠩ᠂ ᠨᠠᠷᠠ ᠬᠤᠶᠠᠭᠤᠯᠠ ᠬᠠᠷᠭᠠᠨᠠᠳᠤ ᠶᠢᠨ ᠨᠤᠳᠤᠭ ᠲᠠᠭᠠᠨ ᠬᠡᠨ ᠠᠴᠠ ᠴᠦ | ᠲᠤᠳᠠᠭᠤ ᠦᠭᠡᠢ ᠤᠭᠰᠤᠯᠵᠠᠵᠤ ᠶᠠᠪᠤᠭᠰᠠᠨ᠃ ᠭᠠᠯᠰᠠᠩ ᠲᠠᠭᠠᠭᠠᠴᠢᠯᠠᠭᠰᠠᠨ ᠬᠤᠨᠢᠳ ᠢᠶᠠᠨ ᠵᠢᠯ ᠤᠨ ᠲᠦᠷᠪᠡᠨ | ᠤᠯᠠᠷᠢᠯ ᠳᠤ ᠪᠡᠯᠴᠢᠭᠡᠷ ᠢ ᠰᠢᠯᠵᠢᠭᠦᠯᠵᠦ᠂ ᠲᠠᠪᠤᠰᠤᠯᠠᠬᠤ᠂ ᠡᠮᠨᠡᠬᠦ᠂ ᠵᠠᠰᠠᠬᠤ ᠲᠠᠯ᠎ᠠ ᠪᠠᠷ ᠤᠪᠤᠭ᠎ᠠ ᠵᠦᠭᠡᠷ ᠪᠠᠶᠢᠳᠠᠭ᠃ | ᠡᠨᠡ ᠨᠢ ᠲᠡᠭᠦᠨ ᠤ ᠡᠴᠢᠭᠡ ᠲᠦᠯᠡᠢ ᠲᠤᠨᠳᠤᠭ ᠤᠨ ᠲᠡᠭᠡᠳᠦ ᠶᠢᠨ ᠦᠶ᠎ᠡ ᠠᠴᠠ ᠪᠠᠨ ᠤᠯᠠᠮᠵᠢᠯᠠᠵᠤ ᠢᠷᠡᠭᠰᠡᠨ ᠭᠠᠷ | ᠡᠷᠳᠡᠮ ᠤᠨ ᠠᠴᠢ ᠪᠠᠷ ᠲᠡᠭᠦᠨ ᠤ ᠬᠤᠨᠢᠳ ᠨᠢ ᠵᠢᠯ ᠠᠴᠠ ᠵᠢᠯ ᠦᠨᠢᠷ ᠦᠰᠴᠤ ᠬᠠᠭᠠᠰ ᠨᠠᠰᠤ ᠪᠠᠨ ᠨᠠᠷᠠ ᠶᠢ | ᠲᠠᠭᠤᠵᠤ ᠠᠮᠢᠳᠤᠷᠠᠭᠰᠠᠨ ᠨᠢ ᠭᠠᠭᠴᠠ ᠬᠦᠤ ᠮᠤᠯᠤᠷ ᠢᠶᠠᠨ ᠨᠠᠰᠤ ᠪᠠᠷ ᠢᠶᠠᠨ ᠬᠠᠯᠠᠭᠤᠨ ᠨᠠᠷᠠᠨ ᠳᠤ ᠰᠢᠷᠬᠠᠳᠤᠬᠤ | ᠦᠭᠡᠢ᠂ ᠬᠠᠷ᠎ᠠ ᠬᠦᠴᠦ ᠪᠠᠨ ᠰᠢᠪᠬᠠᠬᠤ ᠦᠭᠡᠢ ᠪᠠᠷ ᠶᠠᠰᠤ ᠠᠮᠠᠷ ᠤᠨᠳᠤᠷᠤᠭᠤᠯᠬᠤ ᠶᠢᠨ ᠲᠦᠯᠦᠭᠡ ᠦᠪᠡᠷ ᠢᠶᠠᠨ | ᠨᠠᠷᠠ ᠶᠢ ᠲᠠᠭᠤᠵᠤ ᠶᠠᠪᠤᠭᠰᠠᠨ᠂ ᠬᠦᠰᠡᠵᠦ ᠪᠤᠳᠤᠭᠰᠠᠨ ᠢᠶᠠᠷ ᠨᠢ ᠬᠦᠮᠦᠨ ᠤ ᠬᠦᠤ ᠮᠠᠯ ᠠᠵᠤ ᠠᠬᠤᠢ ᠶᠢᠨ ᠶᠡᠭᠡ | ᠰᠤᠷᠭᠠᠭᠤᠯᠢ ᠪᠠᠨ ᠲᠡᠭᠦᠰᠭᠡᠭᠡᠳ ᠢᠷᠡᠬᠦ ᠦᠶᠡᠰ ᠲᠤ ᠪᠠᠨ ᠲᠠᠷᠢᠶᠠᠯᠠᠩ ᠤᠨ ᠶᠡᠭᠡ ᠰᠤᠷᠭᠠᠭᠤᠯᠢ ᠠᠴᠠ ᠲᠡᠭᠦᠰᠦᠭᠰᠡᠨ | ᠡᠮᠡᠭᠳᠡᠢ ᠨᠠᠶᠢᠵᠠ ᠪᠠᠨ ᠲᠠᠭᠠᠭᠤᠯᠤᠭᠠᠳ ᠢᠷᠡᠭᠰᠡᠨ ᠭᠡᠯᠳᠡᠢ︕ | ᠲᠡᠮᠡᠢ ᠤᠳᠠᠭᠰᠠᠨ ᠦᠭᠡᠢ ᠬᠦᠤ ᠮᠤᠯᠤᠷ ᠨᠢ ᠬᠤᠰᠢᠭᠤᠨ ᠤ ᠮᠠᠯ ᠠᠵᠤ ᠠᠬᠤᠢ ᠶᠢᠨ ᠲᠤᠪᠴᠢᠶᠠᠨ ᠳᠤ ᠠᠵᠢᠯ | ᠬᠤᠪᠢᠶᠠᠷᠢᠯᠠᠭᠳᠠᠨ ᠠᠵᠢᠯᠯᠠᠵᠤ᠂ ᠡᠮᠡᠭᠳᠡᠢ ᠨᠠᠶᠢᠵᠠ ᠨᠢ ᠲᠠᠷᠢᠶᠠᠯᠠᠩ ᠤᠨ ᠲᠤᠪᠴᠢᠶᠠᠨ ᠳᠤ ᠠᠵᠢᠯ ᠤᠨ ᠭᠠᠷᠤᠭ᠎ᠠ ᠪᠠᠨ | ᠠᠪᠴᠠᠢ᠃ ᠭᠠᠯᠰᠠᠩ ᠭᠤᠸᠠᠢ ᠬᠦᠤ ᠠᠴᠠ ᠪᠠᠨ ︽ᠬᠦᠤ ᠮᠢᠨᠢ︕ ᠲᠠᠨ ᠤ ᠲᠡᠷᠡ ᠡᠮᠡᠭᠳᠡᠢ ᠨᠠᠶᠢᠵᠠ ᠴᠢᠨᠢ | ᠬᠠᠮᠢᠭᠠᠬᠢ ᠬᠦᠮᠦᠨ ᠪᠤᠢ︖ ᠶᠠᠮᠠᠷ ᠤᠪᠤᠭ ᠲᠠᠢ ᠪᠤᠢ︖︾ ᠭᠡᠵᠦ ᠰᠡᠵᠢᠭ ᠠᠵᠢᠭ ᠲᠠᠢ ᠠᠰᠠᠭᠤᠬᠤ ᠳᠤ ᠬᠦᠤ ᠨᠢ | ᠮᠤᠯᠤᠷ ︽ᠮᠢᠨᠦ ᠡᠮᠡᠭᠳᠡᠢ ᠨᠠᠶᠢᠵᠠ ᠶᠢᠨ ᠨᠡᠷ᠎ᠡ ᠨᠢ ᠰᠠᠷ᠎ᠠ ᠭᠡᠳᠡᠭ᠂ ᠪᠢᠳᠡ ᠬᠤᠶᠠᠭᠤᠯᠠ ᠬᠦᠷᠰᠢ ᠵᠡᠷᠭᠡᠯᠡᠳᠡᠭᠡ ᠬᠤᠶᠠᠷ | ᠰᠤᠷᠭᠠᠭᠤᠯᠢ ᠳᠤ ᠰᠤᠷᠤᠯᠴᠠᠵᠤ ᠪᠠᠶᠢᠬᠤ ᠳᠠᠭᠠᠨ ᠭᠠᠷᠤᠨ ᠤᠷᠤᠨ ᠲᠠᠨᠢᠯᠴᠠᠭᠠᠳ ᠶᠠᠪᠤᠯᠴᠠᠭᠠᠳ ᠰᠡᠳᠭᠢᠯ | ᠰᠡᠳᠭᠢᠯ ᠢᠶᠠᠨ ᠤᠯᠤᠯᠴᠠᠭᠠᠳ ᠢᠨᠠᠭᠯᠠᠵᠤ ᠪᠠᠶᠢᠭ᠎ᠠ ᠰᠢᠦ︕ ᠠᠪᠤ ᠬᠦᠮᠦᠨ ᠪᠠᠶᠢᠭᠠᠳ ᠡᠵᠢ ᠬᠦᠮᠦᠨ ᠠᠴᠠ ᠢᠯᠡᠭᠦᠤ | ᠤᠬᠤᠴᠢᠯᠠᠭᠠᠳ ᠪᠠᠶᠢᠳᠠᠭ ᠨᠢ ᠶᠠᠭᠤ ᠪᠤᠢ︖︾ ᠭᠡᠵᠦ ᠲᠤᠷ᠎ᠠ ᠮᠠᠭᠤᠳᠠᠢ ᠬᠠᠷᠢᠭᠤᠯᠬᠤ ᠳᠠᠭᠠᠨ ᠪᠠᠰᠠ ︽ | ᠰᠠᠷ᠎ᠠ ᠶᠢᠨ ᠡᠵᠢ ᠨᠢ ᠬᠤᠷᠢ ᠭᠠᠷᠤᠢ ᠵᠢᠯ ᠤᠨ ᠡᠮᠦᠨ᠎ᠡ ᠪᠠᠰᠠ ᠮᠠᠨ ᠤ ᠨᠤᠳᠤᠭ ᠲᠤ ᠰᠡᠭᠡᠭᠡᠳᠡᠨ ᠢᠶᠠᠷ ᠪᠠᠭᠤᠭᠰᠠᠨ | ᠭᠡᠳᠡᠭ︾ ᠭᠡᠳ ᠭᠠᠷᠴᠤ ᠤᠳᠪᠠ᠃ | ᠭᠠᠯᠰᠠᠩ ᠭᠠᠯ ᠲᠤᠭᠤᠭᠠᠨ ᠳᠤ ᠰᠢᠷᠠᠭᠳᠤᠭᠰᠠᠨ ᠰᠢᠬ ᠪᠤᠯᠵᠤ ᠤᠨᠳᠠᠵᠤ ᠤᠷᠤᠬᠤ ᠦᠭᠡᠢ᠂ ᠬᠡᠪᠳᠡᠵᠦ ᠤᠷᠤᠬᠤ | ᠦᠭᠡᠢ ᠲᠦᠷᠦᠬᠦ ᠭᠡᠵᠦ ᠪᠠᠶᠢᠭ᠎ᠠ ᠡᠮ᠎ᠡ ᠲᠠᠬᠢᠶ᠎ᠠ ᠰᠢᠬ ᠬᠤᠨᠢᠨ ᠳᠠᠭᠠᠨ ᠶᠠᠪᠤᠪᠠᠯ ᠤᠭᠤᠳᠠ ᠲᠠᠮᠠᠬᠢ ᠲᠦᠭᠦᠷᠭᠡᠭᠡᠳ | ᠤᠷᠤᠢ ᠪᠤᠯᠳᠠᠯ᠎ᠠ ᠲᠠᠭᠤᠰᠬᠠᠭᠠᠳ ᠪᠠᠶᠢᠳᠠᠭ ᠬᠡᠪ ᠤᠨ ᠪᠤᠰᠤ ᠪᠠᠶᠢᠳᠠᠯ ᠲᠠᠢ ᠪᠤᠯᠤᠭᠰᠠᠨ ᠢ ᠬᠦᠭᠰᠢᠨ ᠨᠢ ᠨᠠᠷᠠ ᠬᠡᠳᠦᠢ | ᠭᠠᠳᠠᠷᠯᠠᠭᠰᠠᠨ ᠪᠤᠯᠪᠠᠴᠤ ᠲᠤᠳᠤᠷ᠎ᠠ ᠪᠠᠨ ᠬᠠᠳᠠᠭᠠᠯᠠᠭᠠᠳ ᠦ ᠰᠡᠪ ᠭᠡᠵᠦ ᠤᠭᠳᠤ ᠮᠡᠳᠡᠭᠳᠡᠭᠰᠡᠨ ᠦᠭᠡᠢ ᠪᠠᠷ ︽ | ᠮᠤᠳᠤ ᠰᠠᠬᠢᠵᠤ ᠲᠠᠦᠯᠠᠢ ᠬᠦᠯᠢᠶᠡᠵᠦ︾ ᠪᠠᠶᠢᠪᠠ᠃ ᠲᠤᠬᠠᠢ ᠶᠢᠨ ᠦᠶᠡᠰ ᠨᠤᠳᠤᠭ ᠪᠡᠯᠴᠢᠭᠡᠷ ᠤᠨ ᠵᠢᠭᠤᠷᠠᠭᠠᠨ ᠤ | ᠦᠶᠡᠰ ᠲᠤ ᠡᠷᠭᠢᠬᠦᠤ ᠰᠠᠨᠳᠠᠭ ᠤᠨ ᠤᠭᠰᠤᠯᠵᠠᠵᠤ ᠪᠠᠶᠢᠭᠰᠠᠨ ᠤ ᠨᠢᠭᠡ ᠰᠢᠯᠳᠠᠭᠠᠨ ᠨᠢ ᠦᠶᠡᠯᠢᠳ ᠲᠡᠭᠦᠤ ᠨᠢ | ᠲᠡᠭᠡᠳᠦ ᠱᠠᠳᠤᠨ ᠠᠴᠠ ᠪᠠᠭᠤᠯᠭᠠᠭᠰᠠᠨ ᠺᠠᠳ᠋ᠷ ᠪᠤᠯᠤ ᠶᠢᠨ ᠢᠶᠠᠨ ︽ᠦᠨᠡᠭᠡ ᠪᠠᠷᠰ ᠤᠨ ᠰᠦᠷ︾ ᠲᠤ ᠠᠭᠠᠰᠢᠯᠠᠵᠤ | ᠪᠠᠶᠢᠪᠠ᠃ ᠭᠡᠳᠡᠯ᠎ᠡ ᠦᠨᠡᠨ ᠶᠤᠰᠤ ᠠᠯᠢᠪᠠ ᠶᠢ ᠢᠯᠠᠳᠠᠭ ᠨᠢ ᠵᠠᠶᠢᠯᠠᠰᠢ ᠦᠭᠡᠢ᠂ ᠡᠴᠦᠰ ᠲᠡᠭᠡᠨ ︽ᠪᠠᠷᠳᠠᠮ ᠳᠤ | ᠰᠠᠶᠢᠨ ᠦᠭᠡᠢ ᠱᠠᠯᠳᠠᠩ ᠳᠤ ᠲᠤᠯᠠᠭᠠᠨ ᠦᠭᠡᠢ︾ ᠭᠡᠳᠡᠭ ᠢᠶᠠᠷ ᠨᠢᠮ᠎ᠠ ᠳᠤ ᠢᠯᠠᠭᠳᠠᠭᠰᠠ ᠮᠦᠷᠳᠡᠭᠡᠨ ᠦᠶᠡᠯᠢᠳ | ᠵᠢᠭᠡ ᠦᠬᠢᠨ ᠨᠢ ᠲᠤᠭᠤᠷ ᠨᠢ ᠴᠦ ᠭᠠᠯᠰᠠᠩ ᠤᠨ ᠭᠠᠷ ᠠᠴᠠ ᠭᠠᠷᠴᠤ ᠲᠡᠶᠢᠯᠦᠭᠰᠡᠨ ᠦᠭᠡᠢ ᠪᠤᠯᠬᠤᠷ ᠡᠨᠡ ᠬᠡᠦᠬᠡᠨ | ᠮᠢᠨᠦᠬᠢ ᠪᠤᠯᠪᠠ ᠦᠦ ᠭᠡᠬᠦ ᠤᠨᠢᠰᠤᠭ᠎ᠠ ᠪᠤᠯᠵᠤ ᠵᠤᠪᠠᠭᠰᠠᠨ ᠰᠠᠨ᠃ | ᠡᠷᠭᠢᠬᠦᠤ ᠰᠠᠨᠳᠠᠭ᠂ ᠡᠯᠵᠢᠭᠡ ᠨᠢᠮ᠎ᠠ ᠲᠠᠢ ᠨᠤᠳᠤᠭ ᠪᠡᠯᠴᠢᠭᠡᠷ ᠪᠤᠯᠢᠶᠠᠯᠳᠤᠭᠠᠳ ᠡᠨᠡ ᠭᠠᠵᠠᠷ ᠤᠷᠤᠰᠢᠨ | ᠲᠤᠭᠳᠠᠨᠢᠬᠤ ᠶᠢᠨ ᠠᠷᠭ᠎ᠠ ᠦᠭᠡᠢ ᠪᠤᠯᠤᠭᠠᠳ ᠭᠡᠷ ᠨᠤᠳᠤᠭ ᠢᠶᠠᠨ ᠬᠤᠳᠠᠯᠳᠤᠭᠠᠳ ᠨᠡᠭᠦᠨ ᠶᠠᠪᠤᠭᠰᠠᠨ ᠭᠡᠯᠳᠡᠢ︕ | ᠲᠡᠷᠡ ᠦᠵᠦᠮᠦᠴᠢᠨ ᠨᠤᠳᠤᠭ ᠠᠴᠠ ᠪᠠᠨ ᠪᠠᠷᠭᠤ ᠶᠢᠨ ᠲᠠᠯ᠎ᠠ ᠨᠤᠳᠤᠭ ᠲᠤ ᠤᠴᠢᠵᠤ ᠬᠤᠶᠠᠷ ᠬᠡᠦᠬᠡᠨ ᠢᠶᠠᠨ | ᠲᠦᠰᠢᠵᠤ ᠡᠨᠡ ᠨᠠᠰᠤ ᠪᠠᠨ ᠨᠦᠭᠴᠢᠭᠡᠭᠰᠡᠨ ᠭᠡᠨ᠎ᠡ᠃ ᠦᠭᠡᠯᠠᠢ ᠬᠡᠤᠬᠡᠨ ᠨᠢ ᠬᠡᠦᠬᠡᠳ ᠦᠭᠡᠢ᠂ ᠪᠠᠭ᠎ᠠ | ᠬᠡᠤᠬᠡᠨ ᠠᠴᠠ ᠨᠢ ᠰᠠᠷ᠎ᠠ ᠭᠡᠬᠦ ᠭᠠᠭᠴᠠ ᠦᠬᠢᠨ ᠲᠠᠢ᠂ ᠰᠠᠷ᠎ᠠ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ᠂ | ᠤᠬᠠᠭᠠᠨ ᠰᠠᠨᠠᠭ᠎ᠠ ᠲᠠᠢ ᠬᠡᠦᠬᠡᠨ ᠪᠤᠯᠬᠤᠷ ᠲᠠᠷᠢᠶᠠᠯᠠᠩ ᠤᠨ ᠶᠡᠭᠡ ᠰᠤᠷᠭᠠᠭᠤᠯᠢ ᠳᠤ ᠰᠤᠷᠤᠯᠴᠠᠭᠠᠳ ᠲᠡᠭᠦᠰᠬᠦ | ᠬᠤᠭᠤᠴᠠᠭᠠᠨ ᠳᠤ ᠪᠠᠨ ᠮᠤᠯᠤᠷ ᠲᠠᠢ ᠲᠠᠨᠢᠯᠴᠠᠵᠤ ᠢᠨᠠᠭᠯᠠᠭᠰᠠᠨ ᠪᠢᠯᠡ᠃ ᠭᠠᠯᠰᠠᠩ ᠶᠠᠭᠤ ᠴᠦ ᠭᠡᠰᠡᠨ ᠡᠨᠡ | ᠦᠬᠢᠨ ᠤ ᠭᠠᠷᠤᠯ ᠢ ᠠᠰᠠᠭᠤᠬᠤ ᠦᠭᠡᠢ ᠪᠤᠯ ᠲᠤᠳᠤᠷ᠎ᠠ ᠨᠢ ︽ᠪᠦᠯᠡᠭᠡ ᠵᠠᠯᠭᠢᠭᠰᠠᠨ ᠮᠡᠯᠡᠬᠡᠢ︾ ᠰᠢᠭ ᠲᠡᠭᠡᠭᠯᠡᠵᠦ | ᠪᠠᠶᠢᠯ᠎ᠠ᠃ ᠲᠡᠭᠡᠭᠡᠳ ᠬᠦᠭᠰᠢᠨ ᠨᠠᠷᠠ ᠳᠤ ᠪᠠᠨ ︽ᠬᠦᠢ︕ ᠬᠦᠭᠰᠢᠨ ᠡ᠂ ᠭᠠᠷᠤᠯ ᠢ ᠨᠢ ᠮᠡᠳᠡᠬᠦ ᠦᠭᠡᠢ | ᠬᠦᠮᠦᠨ ᠤ ᠬᠡᠦᠬᠡᠳ ᠢ ᠠᠪᠴᠤ ᠪᠤᠯᠳᠠᠭ ᠦᠭᠡᠢ ᠰᠢᠦ︕ ᠮᠠᠨ ᠢ ᠪᠠᠭ᠎ᠠ ᠪᠠᠶᠢᠬᠤ ᠳᠤ ᠭᠠᠷᠤᠯ ᠮᠠᠭᠤᠳᠠᠢ ᠬᠦᠮᠦᠰ ᠢ | ᠦᠨᠳᠦᠷ ᠮᠠᠯᠠᠭᠠᠢ ᠵᠡᠭᠦᠯᠭᠡᠵᠦ ᠪᠤᠷᠤᠭᠤᠰᠢᠶᠠᠨ ᠰᠢᠭᠦᠮᠵᠢᠯᠡᠵᠦ ᠭᠤᠳᠤᠮᠵᠢ ᠪᠠᠷ ᠲᠤᠭᠤᠷᠢᠭᠤᠯᠳᠠᠭ ᠪᠢᠰᠢ ᠦᠦ︖︾ | ᠭᠡᠬᠦ ᠳᠤ ᠬᠦᠭᠰᠢᠨ ᠨᠢ ︽ᠡᠨᠡ ᠴᠢᠨᠢ ᠰᠢᠨ᠎ᠡ ᠴᠠᠭ ᠡᠷᠡᠨ ᠡ︕ ᠬᠡᠦᠬᠡᠳ ᠲᠤᠷᠠᠳᠠᠢ ᠪᠤᠯ ᠦᠪᠡᠷ ᠢᠶᠠᠨ ᠮᠡᠳᠡᠭ︕ | ︾ ᠭᠡᠵᠦ ᠲᠦᠳᠦᠨᠡᠨᠡ᠃ | ᠠᠮᠠᠷᠠᠯᠳᠠ ᠶᠢᠨ ᠨᠢᠭᠡ ᠡᠳᠦᠷ ᠮᠤᠯᠤᠷ ᠬᠦᠤ ᠠᠮᠠᠷᠠᠭ ᠬᠤᠩᠭᠤᠷ ᠰᠠᠷ᠎ᠠ ᠪᠠᠨ ᠲᠠᠭᠠᠭᠤᠯᠵᠤ ᠠᠪᠤ ᠡᠵᠢ ᠪᠠᠨ | ᠡᠷᠭᠢᠵᠦ ᠦᠵᠡᠬᠦ ᠪᠠᠷ ᠢᠷᠡᠯ᠎ᠡ᠃ ᠰᠠᠷ᠎ᠠ ᠬᠡᠦᠬᠡᠨ ᠴᠦ ᠰᠢᠭᠤᠳ ᠰᠢᠯᠤᠭᠤᠨ ᠠᠰᠪᠤᠷ ᠴᠠᠭᠠᠪᠤᠷ ᠬᠦᠮᠦᠨ ᠤᠴᠢᠷ | ᠦᠪᠡᠷ ᠤᠨ ᠪᠤᠳᠤᠵᠤ ᠰᠠᠨᠠᠭᠰᠠᠨ ᠵᠦᠢᠯ ᠢᠶᠠᠨ ᠢᠯᠠᠨ ᠲᠠᠯᠠᠨ ᠦᠭᠡᠢ ᠶᠠᠷᠢᠴᠢᠬᠠᠳᠠᠭ ᠶᠤᠮ ᠪᠠᠶᠢᠨ᠎ᠠ᠃ ᠲᠡᠭᠡᠭᠡᠳ | ᠪᠤᠳᠠᠭᠠᠨ ᠰᠢᠷᠡᠭᠡᠨ ᠲᠡᠭᠡᠷ᠎ᠡ ︽ᠮᠢᠨᠦ ᠨᠠᠭᠠᠴᠤ ᠡᠪᠦᠭᠡ ᠪᠠᠰᠠ ᠡᠨᠡ ᠬᠠᠷᠭᠠᠨᠠᠳᠤ ᠨᠤᠳᠤᠭ ᠲᠤ ᠠᠮᠢᠳᠤᠷᠠᠵᠤ | ᠪᠠᠶᠢᠭᠰᠠᠨ ᠭᠡᠳᠡᠭ︾ ᠭᠡᠪᠡ᠃ ᠭᠠᠯᠰᠠᠩ᠄ ︽ᠬᠡᠦᠬᠡ ᠡ︕ ᠨᠠᠭᠠᠴᠤ ᠡᠪᠦᠭᠡ ᠴᠢᠨᠢ ᠬᠡᠨ ᠭᠡᠳᠡᠭ︖︾ ᠭᠡᠬᠦ ᠳᠤ | ︽ᠮᠢᠨᠦ ᠨᠠᠭᠠᠴᠤ ᠡᠪᠦᠭᠡ ᠰᠠᠨᠳᠠᠭ ᠭᠡᠵᠦ ᠡ᠊ᠨᠳᠡᠬᠢ ᠶᠠᠮᠠᠷ ᠨᠢᠭᠡᠨ ᠡᠯᠵᠢᠭᠡ ᠰᠢᠭ ᠵᠦᠷᠢᠭᠦᠳ ᠬᠦᠮᠦᠨ ᠲᠠᠢ ᠨᠤᠳᠤᠭ | ᠪᠡᠯᠴᠢᠭᠡᠷ ᠤᠨ ᠲᠤᠬᠠᠢ ᠮᠠᠭᠤᠳᠠᠯᠴᠠᠭᠠᠳ ᠬᠤᠶᠠᠷ ᠦᠬᠢᠨ ᠲᠠᠢ ᠪᠠᠨ ᠪᠠᠷᠭᠤ ᠨᠤᠳᠤᠭ ᠲᠤ ᠨᠡᠭᠦᠵᠦ ᠶᠠᠪᠤᠭᠰᠠᠨ ᠢᠶᠠᠨ | ᠡᠵᠢ ᠨᠠᠳᠠ ᠳᠤ ᠬᠡᠯᠡᠵᠦ ᠦᠭᠪᠡ︾ ᠭᠡᠵᠦ ᠬᠡᠯᠡᠵᠦ ᠪᠠᠷᠠᠬᠤ ᠲᠠᠢ ᠵᠡᠷᠭᠡ ᠨᠠᠷᠠ ᠭᠡᠵᠦ ᠰᠡᠷ ᠭᠡᠪᠡᠯ ᠵᠢᠷ ᠭᠡᠬᠦ ᠶᠢ | ᠠᠨᠳᠤᠬᠤ ᠦᠭᠡᠢ ᠬᠦᠮᠦᠨ ᠴᠢᠨᠢ᠄ ︽ᠦ ᠁ ᠰᠤᠨᠤᠰᠤᠭᠰᠠᠨ ᠴᠤᠬᠤᠮ ᠬᠦᠮᠦᠨ ᠤ ᠰᠠᠶᠢᠨ ᠬᠦᠮᠦᠨ ᠭᠡᠳᠡᠭ︾ | ᠭᠡᠵᠦ ᠦᠭᠡ ᠶᠢ ᠨᠢ ᠲᠠᠰᠤᠯᠪᠠ᠃ | ᠨᠢᠭᠡ ᠴᠠᠭ ᠤᠨ ᠬᠤᠭᠤᠯᠠ ᠪᠠᠨ ᠠᠮᠳᠠ ᠶᠢ ᠨᠢ ᠮᠡᠳᠡᠭᠰᠡᠨ ᠦᠭᠡᠢ ᠮᠦᠷᠳᠡᠭᠡᠨ ᠰᠦᠰᠦ ᠲᠤᠯᠢᠶᠠᠭᠰᠠᠨ ᠰᠢᠬ | ᠵᠤᠭᠤᠭᠯᠠᠭᠰᠠᠨ ᠭᠠᠯᠰᠠᠩ ᠡᠪᠦᠭᠡᠨ ᠬᠦᠤ ᠪᠠᠨ ᠲᠠᠭᠤᠳᠠᠨ᠄ ︽ᠲᠠ ᠡᠨᠡ ᠦᠬᠢᠨ ᠤ ᠭᠠᠷᠤᠯ ᠢ ᠨᠢ ᠠᠰᠠᠭᠤᠵᠤ | ᠦᠩᠭᠡᠷᠡᠪᠡᠦ︖ ᠲᠡᠷᠡ ᠪᠤᠯ ᠮᠠᠨ ᠤ ᠭᠡᠷ ᠤᠨ ᠦᠰᠢᠶᠡᠳᠡᠢ ᠬᠦᠮᠦᠨ ᠰᠠᠨᠳᠠᠭ ᠤᠨ ᠵᠢᠭᠡ ᠤᠮᠪᠤᠯᠤ ᠦᠬᠢᠨ ᠰᠢᠦ︕ | ᠮᠠᠯ ᠡ︕︾ ᠭᠡᠪᠡ᠃ ᠮᠤᠯᠤᠷ᠄ ︽ᠠᠪᠤ ᠡ︕ ᠤᠳᠤ ᠴᠢᠨᠢ ᠶᠠᠮᠠᠷ ᠴᠠᠭ ᠶᠤᠮ ᠪᠤᠢ︕ ᠲᠠᠨ ᠤ ᠲᠡᠷᠡ | ᠦᠶ᠎ᠡ ᠶᠢᠨ ᠤᠴᠢᠷ ᠮᠠᠨ ᠳᠤ ᠤᠳᠠᠰᠤᠨ ᠲᠡᠳᠦᠢ ᠴᠦ ᠬᠠᠮᠢᠶ᠎ᠠ ᠦᠭᠡᠢ᠂ ᠪᠢᠳᠠ ᠬᠤᠶᠠᠷ ᠰᠠᠶᠢᠨ ᠲᠤᠷ᠎ᠠ ᠠᠴᠠ ᠪᠠᠨ | ᠢᠨᠠᠭᠯᠠᠵᠤ ᠪᠠᠶᠢᠨ᠎ᠠ︕ ᠰᠠᠷ᠎ᠠ ᠭᠡᠳᠡᠭ ᠬᠦᠮᠦᠨ ᠲᠡᠶᠢᠮᠦ ᠮᠠᠭᠤ ᠬᠦᠮᠦᠨ ᠪᠢᠰᠢ︕︾ ᠭᠡᠬᠦ ᠳᠤ ︽ᠬᠦᠮᠦᠨ ᠤ | ᠡᠷᠢᠶᠡᠨ ᠲᠤᠳᠤᠷ᠎ᠠ ᠪᠠᠨ ᠮᠤᠭᠠᠢ ᠶᠢᠨ ᠡᠷᠢᠶᠡᠨ ᠭᠠᠳᠠᠨ᠎ᠠ ᠪᠠᠨ︾ ᠭᠡᠵᠦ ᠬᠠᠷᠢᠶᠠᠯ ᠲᠠᠯᠪᠢᠪᠠ᠃ | ᠭᠠᠯᠰᠠᠩ᠂ ᠬᠦᠭᠰᠢᠨ ᠲᠠᠢ ᠪᠠᠨ ᠨᠢᠳᠦ ᠬᠠᠮᠬᠢᠯ ᠦᠭᠡᠢ ᠨᠢᠭᠡ ᠰᠦᠨᠢ ᠶᠢ ᠦᠩᠭᠡᠷᠡᠭᠡᠪᠡ᠃ ᠭᠡᠳᠡᠯ᠎ᠡ ᠮᠤᠯᠤᠷ | ᠰᠠᠷ᠎ᠠ ᠬᠤᠶᠠᠭᠤᠯᠠ ᠤᠳᠤ ᠴᠠᠭ ᠤᠨ ᠬᠡᠦᠬᠡᠳ ᠲᠤᠷᠠᠯᠠᠭᠰᠠᠨ ᠵᠦᠢᠯ ᠪᠦᠬᠦᠨ ᠢᠶᠠᠨ ᠲᠤᠷ᠎ᠠ ᠪᠠᠷ ᠢᠶᠠᠨ ᠤᠶᠢᠯᠡᠳᠬᠦ | ᠬᠤᠪᠢ ᠲᠠᠢ ᠭᠡᠳᠡᠭ ᠢᠶᠠᠷ ᠪᠠᠶᠠᠷᠯᠠᠵᠤ ᠬᠦᠭᠡᠷᠦᠯᠳᠦᠭᠡᠳ ᠲᠤᠳᠤᠷ᠎ᠠ ᠦᠷᠦᠭᠡᠨ ᠳᠤ ᠤᠨᠳᠠᠪᠠ᠃ ᠮᠠᠷᠭᠠᠰᠢ ᠦᠷᠯᠦᠭᠡ | ᠲᠠᠬᠢᠶᠠᠨ ᠲᠠᠭᠤᠨ ᠢᠶᠠᠷ ᠬᠤᠶᠠᠷ ᠬᠡᠦᠬᠡᠳ ᠪᠤᠰᠴᠤ ᠬᠤᠭᠤᠯᠠ ᠪᠤᠳᠠᠭ᠎ᠠ ᠪᠡᠯᠡᠳᠭᠡᠵᠦ ᠡᠬᠢᠯᠡᠪᠡ᠃ ᠰᠢᠷᠡᠭᠡ | ᠲᠦᠭᠦᠷᠳᠡᠯ᠎ᠡ ᠨᠤᠭᠤᠭ᠎ᠠ ᠵᠠᠭᠤᠰᠢ ᠪᠡᠯᠡᠳᠭᠡᠭᠡᠳ ᠮᠤᠯᠤᠷ ᠰᠠᠷ᠎ᠠ ᠬᠤᠶᠠᠭᠤᠯᠠ ᠠᠪᠤ ᠡᠵᠢ ᠳᠡᠭᠡᠨ ᠠᠷᠢᠬᠢ ᠪᠠᠷᠢᠵᠤ᠄ ︽ | ᠪᠢᠳᠡ ᠬᠤᠶᠠᠭᠤᠯᠠ ᠬᠤᠳᠠ ᠠᠴᠠ ᠭᠡᠷ ᠢᠶᠠᠨ ᠠᠪᠤᠴᠢᠬᠠᠵᠠᠢ᠂ ᠤᠷᠤᠭ ᠤᠨ ᠪᠠᠳᠤᠯᠠᠪᠤᠷᠢ ᠪᠠᠨ ᠪᠠᠰᠠ ᠠᠪᠤᠴᠢᠬᠠᠵᠠᠢ᠂ | ᠰᠦᠷᠦᠭ ᠲᠠᠢ ᠬᠤᠨᠢᠳ ᠢᠶᠠᠨ ᠬᠤᠳᠠᠯᠳᠤᠭᠠᠳ᠂ ᠬᠦᠳᠡᠭᠡ ᠭᠡᠷ ᠢᠶᠠᠨ ᠬᠤᠳᠠᠯᠳᠤᠭᠠᠳ ᠠᠰᠠᠷ ᠲᠡᠭᠡᠷ᠎ᠡ ᠤᠴᠢᠵᠤ | ᠵᠢᠷᠭᠠᠭᠠᠷᠠᠢ︾ ᠭᠡᠵᠦ ᠬᠦᠨᠳᠦᠯᠡᠨ ᠮᠦᠷᠭᠦᠬᠦ ᠳᠤ ᠬᠤᠶᠠᠷ ᠨᠠᠰᠤᠳᠠᠨ ᠨᠢᠯᠪᠤᠰᠤ ᠪᠦᠮᠪᠦᠷᠢᠬᠦᠯᠦᠨ᠄ ︽ᠤᠳᠤ ᠪᠢᠳᠠ | ᠴᠢᠨᠢ ᠨᠠᠷᠠ ᠲᠠᠭᠤᠵᠤ ᠶᠠᠪᠤᠬᠤ ᠪᠠᠨ ᠪᠤᠯᠢᠴᠢᠬᠠᠭᠰᠠᠨ ᠶᠤᠮ ᠦᠦ︖︾ ᠭᠡᠬᠦ ᠳᠤ ᠮᠤᠯᠤᠷ ᠬᠦᠤ ᠢᠨᠢᠶᠡᠭᠡᠳ᠄ ︽ | ᠠᠪᠤ ᠡ︕ ᠨᠠᠷᠠ ᠲᠠᠭᠤᠶᠠ ᠭᠡᠪᠡᠯ ᠠᠰᠠᠷ ᠤᠨ ᠨᠠᠷᠠᠪᠴᠢᠨ ᠳᠤ ᠵᠤᠭᠰᠤᠵᠤ ᠨᠠᠷᠠ ᠲᠠᠭᠤᠭᠠᠷᠠᠢ︕︾ ᠭᠡᠪᠡ᠃ | ᠨᠠᠷᠠ ᠬᠦᠭᠰᠢᠨ ᠡᠪᠦᠭᠡᠨ ᠳᠤ ᠪᠠᠨ᠄ ︽ᠤᠳᠤ ᠴᠠᠭ ᠲᠤ ᠮᠠᠨ ᠤ ᠦᠶᠡᠰ ᠲᠠᠢ ᠲᠠᠭᠠᠷᠠᠬᠤ ᠦᠭᠡᠢ ᠬᠤᠶᠠᠭᠤᠯᠠ ᠪᠠᠨ | ᠲᠤᠷᠠᠳᠠᠢ ᠪᠤᠯ ᠴᠠᠰᠢ ᠪᠠᠨ ᠁ ᠡᠨᠡ ᠲᠡᠷᠡ ᠶᠢ ᠬᠠᠮᠢᠶᠠᠷᠤᠯᠭᠠᠨ ᠦᠭᠡᠢ᠂ ᠬᠡᠦᠬᠡᠳ ᠤᠨ ᠢᠶᠠᠨ ᠰᠠᠨᠠᠭᠤᠯᠭ᠎ᠠ ᠪᠠᠷ | ᠬᠢᠵᠦ ᠨᠠᠷᠠᠪᠴᠢᠨ ᠳᠤ ᠵᠤᠭᠰᠤᠵᠤ ᠨᠠᠷᠠ ᠲᠠᠭᠤᠶᠠ︾ ᠭᠡᠪᠡ᠃ ᠭᠠᠯᠰᠠᠩ ᠡᠪᠦᠭᠡᠨ ᠮᠠᠷᠰᠠᠭᠠᠨᠠᠨ ᠢᠨᠢᠶᠡᠭᠡᠳ᠄ ︽ | ᠮᠢᠨᠦ ᠡᠨᠡ ᠨᠠᠰᠤ ᠴᠢᠨᠢ ᠨᠠᠷᠠᠨ ᠤ ᠪᠠᠨ ᠲᠤᠣᠷ᠎ᠠ ᠨᠠᠰᠤ ᠪᠠᠷ ᠢᠶᠠᠨ ᠬᠤᠨᠢ ᠬᠠᠷᠢᠭᠤᠯᠵᠤ᠂ ᠨᠠᠰᠤ ᠪᠠᠷ ᠢᠶᠠᠨ ᠨᠠᠷᠠ ᠪᠠᠨ | ᠲᠡᠪᠡᠷᠢᠵᠦ ᠤᠨᠳᠠᠭᠰᠠᠨ ᠵᠢᠷᠭᠠᠯ ᠲᠠᠢ ᠨᠢᠭᠡ ᠨᠠᠰᠤ ᠶᠤᠮ ᠰᠠᠨ︾ ᠭᠡᠵᠦ ᠶᠠᠷᠢᠪᠠ᠃ | ᠵᠤᠬᠢᠶᠠᠬᠴᠢ᠄ ᠰ᠊᠂ ᠬᠤᠷᠴᠢᠨᠬᠦᠤ | ᠵᠤᠬᠢᠶᠠᠬᠴᠢ ᠶᠢᠨ ᠬᠠᠶ᠋ᠢᠭ᠄ ᠲᠤᠮᠳᠠᠳᠤ ᠬᠤᠰᠢᠭᠤᠨ ᠤ ᠡᠮᠳᠦ ᠶᠢᠨ ᠭᠤᠣᠯ ᠰᠤᠮᠤ ᠶᠢᠨ ᠴᠠᠭᠠᠨ ᠪᠤᠬ᠎ᠠ | ᠰᠤᠷᠭᠠᠭᠤᠯᠢ |