ᠬᠠᠯᠠᠭᠤᠨ ᠨᠣᠳᠤᠭ
ᠨᠡᠶᠢᠲᠡᠯᠡᠭᠰᠡᠨ ᠴᠠᠭ᠄
2020-04-17
     ︵ᠵᠦᠴᠤᠭᠡ︶           ᠨᠢᠭᠡᠳᠦᠭᠡᠷ ᠪᠦᠯᠦᠭ ᠫᠣᠣ ᠶᠢᠨ ᠲᠠᠭᠤᠨ    ᠲᠦᠷᠢ᠄ ᠬᠦᠮᠦᠨ᠄ ᠣᠳᠣ᠂ ᠰᠣᠳᠣ᠂ ᠡᠪᠦᠭᠡ᠂ ᠸᠠᠩ ᠵᠠᠬᠢᠷᠣᠯ ᠵᠡᠷᠭᠡ ᠬᠠᠣᠯᠢ ᠪᠣᠰᠣ ᠪᠠᠷ ᠠᠪᠠ ᠬᠢᠳᠡᠭ ᠭᠤᠷᠪᠠᠨ ᠬᠦᠮᠦᠨ    ᠠᠮᠢᠳᠠᠨ᠄ ᠭᠤᠷ᠂ ᠵᠦᠷ᠂ ᠢᠨᠵᠠᠭ᠎ᠠ    ᠠᠷᠣ ᠦᠵᠡᠭᠳᠡᠯ᠄ ᠭᠤᠷᠳᠣ ᠶᠢᠨ ᠬᠦᠨᠳᠡᠢ ᠳᠤ᠄ ᠭᠦᠳᠡᠷ ᠬᠠᠶᠢᠬᠤ ᠠᠵᠢᠯᠴᠢᠳ ᠣᠢ ᠮᠣᠳᠣ ᠬᠢᠷᠭᠠᠨ᠂ ᠠᠭᠤᠯᠠ ᠬᠦᠨᠳᠡᠶᠢᠯᠡᠨ᠎ᠡ᠃ ︵ᠮᠠᠰᠢᠨ ᠬᠢᠷᠦᠭᠡ ᠶᠢᠨ ᠲᠠᠭᠤᠨ᠂ ᠪᠦᠳᠦᠭᠦᠨ ᠮᠣᠳᠣ ᠲᠠᠷᠣᠵᠣ ᠣᠨᠠᠬᠤ ᠳᠤ ᠲᠣᠮᠣ ᠰᠠᠯᠠᠭ᠎ᠠ    ᠨᠠᠮᠠᠭ᠎ᠠ ᠨᠢ ᠬᠤᠭᠤᠷᠠᠵᠣ ᠨᠢᠴᠠᠷᠠᠬᠤ ᠫᠢᠷᠴᠢᠬᠢᠨᠠᠬᠤ ᠲᠠᠭᠤ᠂ ᠦᠷᠦᠮᠳᠡᠵᠦ ᠮᠠᠯᠳᠠᠬᠤ ᠮᠠᠰᠢᠨ ᠤ ᠲᠠᠭᠤᠨ︶    ᠣᠳᠣ᠄ ᠰᠣᠳᠣ ︵ᠣᠳᠣ ᠶᠢᠨ ᠰᠠᠶᠢᠨ ᠨᠠᠶᠢᠵᠠ︶ ᠡ᠂ ᠬᠤᠶᠠᠭᠤᠯᠠ ᠮᠠᠷᠭᠠᠰᠢ ᠭᠤᠷᠳᠣ ᠶᠢᠨ ᠬᠦᠨᠳᠡᠢ ᠪᠠᠷ ᠬᠦᠷᠬᠦ ᠤᠤ︖    ᠰᠣᠳᠣ᠄ ᠲᠡᠨᠳᠡ ᠬᠦᠷᠴᠦ ᠶᠠᠭᠤ ᠬᠢᠬᠦ ᠶᠤᠮ︖    ᠣᠳᠣ᠄ ᠬᠦᠳᠡᠷ ᠬᠠᠶᠢᠬᠤ ᠺᠣᠮᠫᠠᠨᠢ ᠶᠢᠨ ᠸᠠᠩ ᠵᠠᠬᠢᠷᠣᠯ ᠠᠪᠠᠯᠠᠬᠤ ᠭᠡᠳ ᠬᠦᠨ ᠠᠭᠤᠯᠠᠨ ᠳᠤ ᠲᠦᠭᠡᠷᠢᠴᠢᠭᠡᠬᠦ ᠠᠴᠠ ᠠᠶᠣᠵᠣ᠂ ᠵᠠᠮᠴᠢᠯᠠᠭᠴᠢ ᠡᠷᠢᠵᠣ ᠪᠠᠶᠢᠨ᠎ᠠ᠃    ᠰᠣᠳᠣ᠄ ᠲᠡᠭᠡᠪᠡᠯ ᠪᠢᠳᠡ ᠣᠴᠢᠵᠦ ᠵᠠᠮᠴᠢᠯᠠᠭᠠᠳ ᠠᠪᠠᠯᠠᠬᠤ ᠶᠢ ᠨᠢ ᠦᠵᠡᠵᠦ ᠪᠣᠯᠣᠨ᠎ᠠ ᠳ᠋ᠠ︕    ᠣᠳᠣ᠄ ᠦᠯᠦ ᠲᠡᠭᠡᠯᠭᠦᠢ᠃ ᠲᠡᠳᠡ ᠬᠤᠷᠳᠣᠨ ᠫᠣᠣ ᠲᠠᠢ ᠬᠡᠨ᠎ᠡ᠃    ᠰᠣᠳᠣ᠄ ᠪᠣᠯᠣᠨ᠎ᠠ᠃ ᠣᠴᠢᠶ᠎ᠠ᠃    ᠠᠭᠠᠵᠢᠮ ᠦᠩᠭᠡᠷᠡᠬᠦ ᠦᠵᠡᠭᠳᠡᠯ᠄ ᠭᠤᠷᠳᠣ ᠶᠢᠨ ᠬᠦᠨᠳᠡᠢ ᠶᠢᠨ ᠠᠮᠠᠨ ᠳᠤ ᠬᠢ ᠠᠭᠤᠳᠠᠮ ᠲᠠᠯ᠎ᠠ᠂ ᠨᠠᠮᠬᠠᠨ ᠲᠣᠪᠣᠴᠠᠭ ᠢ ᠰᠢᠷ᠎ᠠ ᠨᠣᠭᠤᠭᠠᠨ ᠬᠤᠶᠠᠷ ᠦᠩᠭᠡ ᠪᠠᠷ ᠰᠦᠯᠵᠢᠵᠦ ᠨᠡᠭᠡᠭᠰᠡᠨ ᠡᠩ ᠦᠭᠡᠢ ᠦᠷᠭᠡᠨ ᠬᠡᠪᠢᠰ ᠢᠶᠠᠷ ᠪᠦᠷᠬᠦᠭᠰᠡᠨ ᠠᠳᠠᠯᠢ ᠬᠠᠷᠠᠭᠳᠠᠨ᠎ᠠ᠃ ᠰᠢᠷ᠎ᠠ ᠨᠢ ᠪᠣᠭ ᠮᠣᠳᠣ ᠪᠠ ᠬᠠᠳᠠ ᠴᠢᠯᠠᠭᠤ ᠲᠠᠢ ᠲᠠᠴᠢᠷ ᠭᠠᠵᠠᠷ᠃ ᠨᠣᠭᠤᠭᠠᠨ ᠨᠢ ᠡᠯᠦᠢ ᠨᠡᠯᠦᠢ ᠦᠭᠡᠢ ᠰᠢᠯᠢᠮᠳᠡᠭ ᠤᠨ ᠲᠠᠷᠢᠶ᠎ᠠ᠃ ᠰᠢᠷ᠎ᠠ ᠨᠣᠭᠤᠭᠠᠨ ᠤ ᠵᠠᠭᠠᠭ ᠵᠠᠪᠰᠠᠷ ᠢᠶᠠᠷ ᠬᠠᠶᠠ ᠬᠠᠶᠠ ᠵᠣᠬᠢᠶᠠᠮᠠᠯ ᠲᠢᠩᠰᠡ ᠪᠠ ᠲᠠᠰᠤᠭ ᠪᠣᠰᠤᠭ ᠲᠡᠪᠢᠰᠦᠮᠡᠯ ᠵᠦᠷᠢᠭ ᠬᠠᠷᠠᠭᠳᠠᠨ᠎ᠠ᠃    ᠬᠠᠵᠠᠭᠤ ᠶᠢᠨ ᠦᠭᠡ᠄ ᠭᠤᠷᠳᠣ ᠶᠢᠨ ᠬᠦᠨᠳᠡᠢ ᠶᠢᠨ ᠠᠭᠤᠯᠠᠨ ᠵᠦᠷᠢᠭ ᠢᠶᠠᠷ ᠲᠠᠪᠣᠨ ᠬᠦᠮᠦᠨ ᠦᠭᠡᠳᠡᠯᠡᠨ᠎ᠡ᠃    ᠡᠮᠦᠨ᠎ᠡ ᠶᠠᠪᠣᠬᠤ ᠬᠤᠶᠠᠷ ᠨᠢ ᠣᠳᠣ᠂ ᠰᠣᠳᠣ ᠪᠠᠶᠢᠵᠣ᠂ ᠬᠤᠶᠢᠨ᠎ᠠ ᠨᠢ ᠲᠠᠭᠠᠬᠤ ᠭᠤᠷᠪᠠᠨ ᠲᠣᠮᠣ ᠬᠦᠮᠦᠨ ᠤ ᠨᠢᠭᠡ ᠨᠢ ᠫᠤᠤ ᠡᠭᠡᠯᠳᠦᠷᠭᠡᠯᠡᠭᠰᠡᠨ ᠪᠠᠶᠢᠯ᠎ᠠ᠃    ᠬᠡᠨᠡᠳᠳᠡ ᠨᠢᠭᠡ ᠰᠣᠨ ᠭᠤᠷᠭᠤᠣᠯ ᠪᠣᠳᠠ ᠶᠢᠨ ᠴᠠᠭᠠᠨ᠎ᠠ ᠠᠴᠠ ︽ᠭᠤᠷ᠂ ᠭᠤᠷ᠂ ᠭᠤᠷ︾ ᠬᠢᠨ ᠰᠣᠮᠣᠳᠠᠭᠠᠳ ᠪᠣᠰᠬᠤ ᠳᠤ ᠬᠤᠶᠢᠨ᠎ᠠ ᠠᠴᠠ ᠨᠢ ᠪᠣᠷᠣᠭᠴᠢᠨ ᠨᠢ ᠲᠠᠭᠠᠭᠠᠳ ᠨᠢᠰᠴᠦ ᠭᠠᠷᠪᠠ᠃    ᠲᠡᠷᠡ ᠵᠠᠭᠤᠷ᠎ᠠ ᠫᠣᠣ ᠶᠢᠨ ᠲᠠᠭᠤᠨ ︽ᠲᠦᠩ —︾ ︽ᠲᠠᠩ —︾ ᠬᠢᠨ ᠬᠤᠶᠠᠷ ᠲᠣᠣᠭᠠᠷᠴᠣ ᠠᠭᠠᠷ ᠲᠡᠭᠡᠷ᠎ᠡ᠂ ᠰᠣᠨ᠂ ᠪᠣᠷᠣᠭᠴᠢᠨ ᠤ ᠦᠳᠦ ᠨᠢ ᠪᠣᠳᠠᠷᠠᠵᠣ᠂ ᠦᠷᠪᠦᠯᠵᠡᠨ ᠨᠠᠪᠳᠠᠯᠵᠠᠭᠰᠠᠭᠠᠷ ᠠᠭᠠᠷ ᠠᠴᠠ ᠣᠨᠠᠵᠣ ᠢᠷᠡᠨ᠎ᠡ᠃    ᠲᠠᠷᠢ ᠶᠢᠨ ᠣᠳᠤᠭ᠎ᠠ ᠴᠡᠯᠮᠡᠭ ᠲᠡᠭᠷᠢ ᠳᠤ ᠵᠠᠮᠬᠠᠷᠠᠨ᠂ ᠬᠦᠬᠦᠷ ᠤᠨ ᠦᠨᠦᠷ ᠴᠡᠪᠡᠷ ᠠᠭᠠᠷ ᠲᠤ ᠲᠠᠷᠬᠠᠨ᠎ᠠ᠃ ᠫᠣᠣ ᠶᠢᠨ ᠲᠠᠭᠤᠨ ᠠᠰᠬ᠎ᠠ ᠲᠠᠶᠢᠭ᠎ᠠ ᠪᠠᠷ ᠠᠯᠣᠰ ᠤᠨ ᠠᠯᠣᠰ ᠲᠤ ᠣᠳᠠᠳᠠᠯ᠎ᠠ ᠴᠣᠣᠷᠢᠶ᠎ᠠ ᠲᠠᠳᠠᠨ᠎ᠠ᠃    ᠬᠦᠮᠦᠰ ᠤᠨ ᠢᠨᠢᠶᠡᠳᠦ ᠬᠦᠭᠡᠷᠦᠭᠡᠨ ᠠᠬᠰᠢᠭᠤᠨ ᠰᠢᠩᠭᠡᠨ ᠲᠠᠢ ᠦᠷᠭᠦᠯᠵᠢᠯᠡᠨ᠎ᠡ᠃    ᠬᠤᠶᠠᠳᠣᠭᠠᠷ ᠪᠦᠯᠦᠭ ᠠᠶᠣᠯ ᠲᠦᠭᠰᠢᠬᠦᠷᠢ    ᠠᠷᠣ ᠦᠵᠡᠭᠳᠡᠯ᠄ ᠭᠤᠷᠳᠣ ᠶᠢᠨ ᠬᠦᠨᠳᠡᠢ ᠶᠢᠨ ᠬᠦᠨ ᠳᠤ᠃    ᠠᠭᠯᠠᠭ ᠬᠦᠨᠳᠡᠢ ᠳᠤ ᠠᠰᠬ᠎ᠠ ᠠᠭᠤᠯᠠᠰ ᠴᠦᠷᠭᠡᠯᠡᠨ᠂ ᠴᠠᠭᠠᠨ ᠬᠤᠰᠣ ᠢᠬᠴᠣᠷᠠᠵᠣ᠂ ᠠᠭᠠᠷ ᠤᠨ ᠲᠠᠩᠨᠠᠢ ᠳᠤ ᠰᠠᠭᠠᠷᠠᠯ ᠪᠦᠷᠭᠦᠳ ᠡᠷᠬᠢᠴᠡᠨ᠎ᠡ᠃    ᠭᠤᠷ᠄ ᠬᠡᠷᠡᠭ ᠪᠣᠯᠵᠠᠢ︕ ᠠᠪᠠ ᠶᠢᠨ ᠬᠦᠮᠦᠨ ᠢᠷᠡᠯ᠎ᠡ᠃    ᠵᠦᠷ᠄ ᠡᠪᠦᠭᠡᠨ ᠡ᠂ ᠣᠳᠣ ᠶᠠᠭᠠᠬᠢᠨ᠎ᠠ︖    ᠭᠤᠷ᠄ ᠪᠠᠰᠠ ᠯᠠ ᠲᠣᠳᠠᠭᠠᠨ᠎ᠠ ᠰᠢᠦ ᠳ᠋ᠠ᠃ ᠦᠭᠡᠷ᠎ᠡ ᠶᠠᠮᠠᠷ ᠴᠦ ᠠᠷᠭ᠎ᠠ ᠪᠠᠶᠢᠬᠤ ᠦᠭᠡᠢ︕    ᠭᠤᠷ᠄ ᠠᠢ︕ ᠲᠣᠳᠠᠭᠠᠬᠤ ᠭᠡᠨ᠎ᠡ᠃ ᠦᠷ᠎ᠡ ᠶᠢᠨ ᠮᠢᠨᠢ ᠬᠤᠬᠢᠰᠣ ᠨᠢ ᠴᠦ ᠰᠠᠶᠢᠨ ᠬᠠᠳᠠᠭᠤᠷᠠᠭᠠᠳᠣᠢ ᠶᠢ ᠶᠠᠭᠠᠬᠢᠶ᠎ᠠ︕    ᠵᠦᠷ᠄ ᠶᠠᠭᠤ ᠪᠣᠯᠣᠭᠰᠠᠨ ᠴᠤ ᠠᠮᠢ ᠭᠠᠷᠬᠤ ᠴᠢᠬᠤᠯᠠ᠃ ᠣᠳᠠᠰᠬᠢᠪᠠᠯ ᠪᠢᠳᠡ ᠵᠣᠭᠰᠤᠭ᠎ᠠ ᠪᠠᠷ ᠢᠶᠠᠨ ᠦᠨᠦᠭᠢ ᠢᠷᠸ᠎ᠠ ᠮᠠᠭᠤᠳᠣ ᠬᠦᠨᠳᠡᠢ ᠲᠡᠮᠦᠷ ᠲᠤ ᠣᠨᠢᠯᠠᠭᠳᠠᠵᠣ ᠮᠡᠳᠡᠨ᠎ᠡ ᠰᠢᠦ᠃ ᠪᠣᠰᠢᠭᠤᠯᠠᠬᠤ ᠦᠭᠡᠢ ᠪᠣᠯᠬᠤ ᠦᠭᠡᠢ︕   ᠬᠠᠵᠠᠭᠤ ᠶᠢᠨ ᠦᠭᠡ᠄ ᠭᠤᠷ᠂ ᠵᠦᠷ ᠪᠢᠴᠢᠬᠠᠨ ᠢᠨᠵᠠᠭ᠎ᠠ ᠪᠠᠨ ᠲᠠᠭᠠᠭᠤᠯᠣᠭᠠᠳ᠂ ᠠᠭᠤᠯᠠ ᠶᠢᠨ ᠬᠦᠨ ᠵᠦᠭ ᠣᠢ ᠰᠢᠷᠭᠤᠯᠠᠨ ᠲᠣᠳᠠᠭᠠᠨ᠎ᠠ᠃ ᠠᠶᠣᠵᠣ ᠰᠣᠴᠢᠭᠰᠠᠨ ᠪᠢᠴᠢᠬᠠᠨ ᠢᠨᠵᠠᠭ᠎ᠠ᠂ ᠡᠴᠢᠭᠡ ᠡᠭᠡ ᠪᠠᠨ ᠲᠠᠭᠠᠨ ᠴᠢᠨᠡᠭᠡ ᠮᠡᠳᠡᠨ ᠬᠦᠶᠦᠭᠰᠡᠭᠡᠷ ᠪᠦᠬᠦ ᠪᠡᠶ᠎ᠡ ᠠᠴᠠ ᠬᠠᠷ᠎ᠠ ᠬᠦᠯᠦᠰᠦ ᠭᠠᠷᠴᠣ ᠨᠢᠭᠡᠮᠦᠰᠦᠨ ᠲᠠᠮᠢᠷᠳᠠᠪᠠ᠃ ᠵᠦᠷ ᠪᠢᠴᠢᠬᠠᠨ ᠢᠨᠵᠠᠭ᠎ᠠ ᠪᠠᠨ ᠡᠷᠬᠢᠨ ᠡᠷᠬᠢᠨ ᠬᠠᠷᠠᠵᠣ ᠵᠣᠷᠢᠬᠵᠢᠭᠤᠯᠣᠨ᠎ᠠ᠃ ᠲᠡᠷᠡ᠂ ᠦᠷ᠎ᠡ ᠶᠢᠨ ᠢᠶᠠᠨ ᠶᠠᠳᠠᠷᠠᠭᠠᠳ ᠬᠦᠶᠦᠵᠦ ᠲᠡᠶᠢᠯᠬᠦ ᠦᠭᠡᠢ ᠪᠣᠯᠣᠭᠰᠠᠨ ᠢ ᠬᠠᠷᠠᠭᠠᠳ ᠲᠡᠰᠭᠡᠯ ᠦᠭᠡᠢ ᠪᠠᠴᠢᠮᠳᠠᠨ᠎ᠠ᠃ ᠨᠢᠭᠡ ᠭᠡᠰᠡᠭ ᠰᠡᠶᠢᠷᠡᠭ ᠣᠢ ᠳᠤ ᠬᠦᠷᠦᠭᠡᠳ ᠲᠡᠳᠡ ᠬᠦᠯ ᠠᠮᠠᠷᠠᠪᠠ᠃    ᠭᠤᠷ᠄ ᠵᠠ᠂ ᠡ᠊ᠨᠳᠡ ᠪᠠᠭ᠋ᠠᠨ ᠠᠮᠣᠷ ᠲᠦᠪᠰᠢᠨ ᠪᠠᠶᠢᠬ᠎ᠠ᠃    ᠵᠦᠷ᠄ ᠪᠣᠷᠬᠠᠨ᠂ ᠪᠣᠷᠬᠠᠨ︕    ᠢᠨᠵᠠᠭ᠎ᠠ᠄ ᠠᠪᠤ ᠡ᠂ ᠡᠵᠢ ᠡ︕ ᠪᠢ ᠠᠩᠭᠠᠭᠠᠳ ᠨᠢᠭᠡᠮᠦᠰᠦᠨ ᠲᠡᠰᠬᠦ ᠦᠭᠡᠢ ᠪᠠᠶᠢᠨ᠎ᠠ᠃    ᠭᠤᠷ᠄ ᠪᠢ ᠣᠴᠢᠵᠣ ᠣᠰᠣ ᠬᠠᠶᠢᠶ᠎ᠠ᠃ ᠲᠠ ᠬᠤᠶᠠᠭᠤᠯᠠ ᠲᠡᠰᠴᠣ ᠪᠠᠶᠢᠭᠠᠷᠠᠢ︕ ᠪᠢᠳᠡᠭᠡᠢ ᠨᠣᠬᠠᠢ ᠰᠢᠪᠠᠭᠤ ᠳᠤ ᠰᠡᠷᠡᠭᠳᠡᠴᠢᠭᠡ ᠳ᠋ᠠ︕ ᠬᠠᠵᠠᠭᠤ ᠶᠢᠨ ᠦᠭᠡ᠄ ᠭᠤᠷ᠂ ᠣᠷᠴᠢᠨ ᠲᠣᠭᠤᠷᠢᠨ ᠢᠶᠠᠨ ᠰᠡᠷᠡᠮᠵᠢᠳᠡᠶᠢᠭᠡᠨ ᠠᠵᠢᠭᠠᠳ᠂ ᠪᠣᠭ ᠪᠣᠳᠠ ᠪᠠᠷ ᠪᠡᠶ᠎ᠡ ᠲᠠᠯᠳᠠᠯᠠᠨ ᠰᠦᠯᠵᠢᠭᠰᠡᠭᠡᠷ ᠵᠢᠯᠠᠭ᠎ᠠ ᠣᠷᠣᠭᠤ ᠪᠠᠭᠤᠪᠠ᠃ ᠲᠡᠷᠡ ᠨᠢᠭᠡᠨ ᠵᠣᠷᠪᠣᠰ ᠭᠤᠷᠴᠢᠬᠢᠨᠠᠨ ᠣᠷᠣᠰᠬᠤ ᠭᠤᠷᠤᠬ᠎ᠠ ᠶᠢ ᠣᠯᠵᠣ ᠬᠠᠷᠠᠩᠭᠤᠳᠠ ᠠᠯᠣᠰᠬᠢᠨ ᠪᠠᠶᠠᠷᠯᠠᠵᠠᠢ᠃ ᠬᠡᠨᠡᠳᠳᠡ ︽ᠲᠣᠸᠠᠩ —︾ ᠬᠢᠬᠦ ᠫᠣᠣ ᠶᠢᠨ ᠲᠠᠭᠤᠨ ᠭᠠᠷᠬᠤ ᠳᠤ ᠬᠡᠳᠦᠨ ᠬᠡᠷᠢᠶ᠎ᠡ ᠦᠷᠬᠦᠨ ᠪᠣᠰᠴᠣ᠂ ᠠᠭᠠᠷ ᠲᠡᠭᠡᠷ᠎ᠡ ︽ᠭᠤᠸᠠ — ᠭᠤᠸᠠ︾ ᠲᠣᠣᠭᠠᠷᠣᠨ ᠡᠷᠬᠢᠯᠳᠦᠭᠡᠳ᠂ ᠬᠤᠯᠠ ᠦᠭᠡᠢ ᠪᠠᠶᠢᠭ᠎ᠠ ᠬᠦᠭᠰᠢᠨ ᠣᠳᠠᠨ ᠤ ᠣᠷᠣᠢ ᠳᠤ ᠰᠠᠭᠤᠯᠴᠠᠪᠠ᠃ ᠪᠠᠯᠠᠭ ᠠᠯᠳᠠᠭᠰᠠᠨ ᠠᠷᠪᠠᠭᠠᠳ ᠵᠡᠭᠡᠷ᠎ᠡ ᠭᠤᠷᠤᠬ᠎ᠠ ᠶᠢᠨ ᠬᠦᠪᠡᠭᠡᠨ ᠠᠴᠠ ᠭᠤᠰ ᠬᠠᠷᠠᠶᠢᠯᠠᠨ᠂ ᠣᠢ ᠶᠢᠨ ᠠᠬᠯᠠᠬ ᠢᠶᠠᠷ ᠭᠤᠪᠢ ᠶᠢᠨ ᠬᠦᠨ ᠵᠦᠭ ᠵᠢᠭᠤᠳᠠᠬᠤ ᠳᠤ ᠠᠷᠣ ᠳᠤ ᠬᠢ ᠰᠡᠷᠪᠡᠭᠡ ᠡᠪᠡᠷᠳᠦ ᠶᠢᠨ ᠲᠠᠯᠣ ᠣᠯᠠᠭᠠᠨ ᠨᠡᠯᠦᠢ ᠪᠣᠯᠴᠢᠬᠠᠭᠰᠠᠨ ᠬᠠᠷᠠᠭᠳᠠᠨ᠎ᠠ᠃    ᠭᠤᠷ ᠤᠨ ᠲᠣᠳᠣᠷ᠎ᠠ ᠰᠦᠷᠡᠬᠡᠢ ᠠᠶᠢᠳᠠᠰᠣ ᠬᠦᠷᠴᠦ᠂ ᠴᠠᠪᠢ ᠶᠢᠨ ᠮᠢᠬ᠎ᠠ ᠨᠢ ᠴᠡᠴᠡᠷᠡᠵᠦ᠂ ᠨᠠᠷᠢᠨ ᠬᠢᠩᠭᠠᠷ᠎ᠠ ᠨᠢ ᠵᠦᠭᠡᠯᠡᠷᠡᠨ᠎ᠡ᠃ ᠠᠷᠯᠠᠨ ᠣᠷᠣᠰᠬᠤ ᠲᠣᠩᠭᠠᠯᠠᠭ ᠭᠤᠷᠤᠬ᠎ᠠ᠂ ᠲᠡᠭᠦᠨ ᠤ ᠪᠠᠶᠢᠭ᠎ᠠ ᠰᠢᠭᠤᠢ ᠶᠢᠨ ᠵᠠᠬ᠎ᠠ ᠠᠴᠠ ᠠᠷᠠᠢ ᠬᠤᠶᠠᠷᠬᠠᠨ ᠬᠠᠷᠠᠶᠢᠯᠳᠠ ᠶᠢᠨ ᠵᠠᠶᠢᠳᠠᠢ ᠪᠠᠶᠢᠬᠰᠠᠨ ᠴᠦ ᠲᠡᠷᠡ ᠬᠦᠷᠴᠦ ᠤᠴᠢᠭᠠᠳ ᠣᠰᠣ ᠣᠣᠭᠤᠬᠤ ᠵᠣᠷᠢᠭ ᠬᠦᠷᠦᠭᠰᠡᠨ ᠦᠭᠡᠢ᠂ ᠣᠯᠠᠭᠠᠨ ᠬᠡᠯᠡ ᠪᠠᠷ ᠢᠶᠠᠨ ᠬᠠᠳᠠᠵᠣ ᠣᠮᠣᠭᠤᠯᠳᠣᠭᠰᠠᠨ ᠣᠷᠣᠭᠤᠯ ᠢᠶᠠᠨ ᠬᠡᠳᠦ ᠲᠣᠯᠢᠶᠠᠭᠠᠳ᠂ ᠪᠣᠷᠣ ᠮᠦᠷ ᠢᠶᠠᠷ ᠢᠶᠠᠨ ᠪᠣᠴᠠᠪᠠ᠃    ᠵᠦᠷ᠄ ᠬᠦᠢ︕ ᠡᠪᠦᠭᠡᠨ ᠡ᠂ ᠲᠡᠨᠳᠡ ᠮᠠᠭᠤᠬᠠᠢ ᠲᠠᠭᠤᠨ ᠭᠠᠷᠣᠭᠰᠠᠨ᠃ ᠶᠠᠭᠠᠬᠢᠴᠢᠬᠠᠪᠠ︖ ᠲᠠ ᠁    ᠭᠤᠷ᠄ ᠪᠢ ᠪᠢᠰᠢ︕ ᠵᠡᠷᠭᠡᠯᠡᠳᠡᠭᠡ ᠭᠤᠪᠢ ᠶᠢᠨ ᠰᠦᠷᠦᠭ ᠵᠡᠭᠡᠷ᠎ᠡ ᠠᠶᠣᠯ ᠳᠤ ᠣᠴᠠᠷᠠᠵᠠᠢ᠃ ᠭᠤᠷᠤᠬ᠎ᠠ ᠶᠢᠨ ᠬᠠᠵᠠᠭᠤ ᠳᠤ ᠬᠦᠮᠦᠨ ᠪᠦᠭᠬᠦᠵᠦ ᠪᠠᠶᠢᠨ᠎ᠠ᠃ ᠪᠢᠳᠡ ᠰᠦᠨᠢ ᠪᠣᠯᠳᠠᠯ᠎ᠠ ᠲᠡᠰᠬᠦ ᠯᠡ ᠬᠡᠷᠡᠭᠳᠡᠢ᠃ ᠵᠦᠷ᠄ ᠰᠦᠨᠢ ᠪᠣᠯᠣᠭᠰᠠᠭᠠᠷ ᠦᠨᠡᠭᠡ ᠴᠢᠨ᠋ᠸ᠎ᠠ ᠰᠢᠩᠰᠢᠬᠦ ᠪᠢᠰᠢ ᠤᠤ︖    ᠭᠤᠷ᠄ ᠬᠦᠮᠦᠨ ᠦᠨᠡᠭᠡ ᠴᠢᠨ᠋ᠸ᠎ᠠ ᠠᠴᠠ ᠴᠦ ᠬᠤᠣᠷᠠᠳᠠᠢ ᠰᠢᠦ ᠳ᠋ᠠ︕    ᠬᠠᠵᠠᠭᠤ ᠶᠢᠨ ᠦᠭᠡ᠄ ᠪᠢᠴᠢᠬᠠᠨ ᠢᠨᠵᠠᠭ᠎ᠠ ᠣᠮᠳᠠᠭᠠᠰᠣᠭᠠᠳ ᠨᠢᠳᠦ ᠨᠢ ᠬᠠᠷᠠᠯᠠᠨ᠂ ᠬᠠᠮᠠᠷ ᠠᠴᠠ ᠨᠢ ᠣᠳᠤᠭ᠎ᠠ ᠭᠠᠷᠣᠮᠠᠷ ᠰᠠᠨᠠᠭᠳᠠᠵᠣ᠂ ᠬᠦᠯ ᠲᠡᠭᠡᠷ᠎ᠡ ᠪᠠᠨ ᠲᠣᠭᠳᠠᠵᠣ ᠶᠠᠳᠠᠨ ᠲᠠᠶᠢᠪᠠᠯᠵᠠᠨ᠎ᠠ᠃ ᠲᠦᠳᠡᠯ ᠦᠭᠡᠢ ᠫᠣᠣ ᠶᠢᠨ ᠲᠠᠭᠤᠨ ᠲᠠᠬᠢᠨ ᠰᠣᠨᠣᠰᠳᠠᠵᠣ᠂ ᠬᠡᠷᠢᠶᠡᠳ ᠪᠠᠰᠠ ᠯᠠ ᠭᠤᠸᠠᠯᠠᠵᠣ ᠭᠠᠷᠣᠨ᠎ᠠ᠃    ᠭᠤᠷ᠂ ᠲᠡᠷᠡ ᠵᠦᠭ ᠴᠢᠬᠢ ᠲᠡᠯᠪᠡᠨᠡᠬᠦᠯᠦᠨ ᠰᠢᠷᠳᠡᠭᠡᠳ ᠣᠷᠳᠣᠬᠠᠨ ᠭᠡᠭᠴᠢ ᠰᠡᠬᠦᠷᠡᠰᠦᠯᠡᠨ᠎ᠡ᠃ ᠵᠦᠷ᠂ ᠪᠢᠴᠢᠬᠠᠨ ᠢᠨᠵᠠᠭ᠎ᠠ ᠪᠠᠨ ᠬᠠᠷᠠᠭᠰᠠᠨ ᠢᠶᠠᠨ ᠬᠤᠸᠠ ᠪᠣᠷᠣ ᠬᠠᠴᠠᠷ ᠢ ᠨᠢ ᠲᠠᠭᠠᠭᠠᠳ ᠨᠢᠳᠦᠨ ᠨᠢᠯᠪᠣᠰᠣ ᠨᠢ ᠣᠷᠣᠰᠴᠣ ᠪᠠᠭᠤᠨ᠎ᠠ᠃ ᠢᠨᠵᠠᠭ᠎ᠠ ᠶᠢᠨ ᠵᠢᠷᠦᠭᠡ ᠨᠢ ᠬᠦᠴᠦᠳᠡᠢ ᠲᠦᠭᠰᠢᠬᠦ ᠳᠤ ᠰᠦᠪᠡᠭᠡ ᠨᠢ ᠬᠤᠳᠣᠯᠵᠠᠨ᠂ ᠬᠤᠭᠤᠯᠠᠢ ᠨᠢ ᠬᠦᠴᠢᠷᠳᠡᠢ ᠭᠤᠷᠳᠣᠯᠵᠠᠨ᠎ᠠ᠃    ᠭᠤᠷ᠄ ᠶᠠᠪᠣᠶ᠎ᠠ︕ ᠣᠰᠣᠨ ᠳᠤ ᠪᠠᠭᠤᠶ᠎ᠠ︕ ᠢᠩᠬᠢᠵᠦ ᠪᠣᠯᠳᠠᠭ ᠦᠭᠡᠢ︕    ᠵᠦᠷ᠄ ᠬᠦᠢ ᠡᠪᠦᠭᠡᠨ ᠮᠢᠨᠢ᠂ ᠶᠠᠭᠠᠬᠢᠵᠣ ᠪᠣᠯᠬᠤ ᠶᠤᠮ︖    ᠭᠤᠷ᠄ ᠡ᠊ᠨᠳᠡ ᠬᠠᠭᠰᠠᠵᠣ ᠦᠬᠦᠬᠦ ᠪᠠᠷ ᠢᠶᠠᠨ ᠲᠡᠭᠷᠢ ᠶᠢᠨ ᠦᠷᠦᠰᠢᠶᠡᠯ ᠳᠤ ᠲᠠᠭᠠᠳᠬᠠᠨ ᠶᠠᠪᠣᠵᠣ ᠮᠡᠳᠡᠶ᠎ᠡ᠃ ᠪᠢ ᠰᠣᠵᠢᠭ ᠤᠨ ᠲᠣᠣᠭᠤᠷ ᠲᠠᠨ ᠢ ᠬᠠᠯᠬᠠᠯᠠᠵᠣ ᠣᠷᠣᠶ᠎ᠠ᠃ ᠡᠮᠡᠭᠡᠨ ᠮᠢᠨᠢ ᠪᠢᠴᠢᠬᠠᠨ ᠢᠨᠵᠠᠭ᠎ᠠ ᠶᠢ ᠲᠠᠭᠠᠭᠤᠯᠵᠣ ᠲᠡᠷᠡ ᠲᠡᠭᠡᠭᠦᠷ ᠪᠠᠭᠤ᠃    ᠬᠠᠵᠠᠭᠤ ᠶᠢᠨ ᠦᠬᠡ᠄ ᠭᠤᠷ᠂ ᠵᠦᠷ ᠪᠠ ᠪᠢᠴᠢᠬᠠᠨ ᠢᠨᠵᠠᠭ᠎ᠠ ᠰᠣᠵᠢᠭ ᠬᠠᠪᠴᠢᠬᠰᠠᠨ ᠰᠠᠯᠠᠭ᠎ᠠ ᠴᠣᠪᠣᠭ᠎ᠠ ᠪᠠᠷ ᠬᠤᠶᠠᠷ ᠲᠡᠰᠢ ᠰᠠᠯᠵᠣ ᠪᠠᠭᠤᠯ᠎ᠠ᠃ ᠵᠦᠷ ᠤᠨ ᠮᠦᠯᠢᠭᠡᠷ ᠬᠠᠷ᠎ᠠ ᠨᠢᠳᠦᠨ ᠳᠤ ᠨᠢᠯᠪᠣᠰᠣ ᠮᠡᠯᠮᠡᠯᠵᠡᠨ᠂ ᠭᠤᠷ ᠤᠨ ᠢᠶᠠᠨ ᠵᠦᠭ ᠠᠬᠢᠨ ᠲᠠᠬᠢᠨ ᠬᠠᠷᠠᠭ᠎ᠠ ᠬᠠᠶᠠᠨ᠎ᠠ᠃ ᠲᠡᠷᠡ ᠪᠢᠴᠢᠬᠠᠨ ᠢᠨᠵᠠᠭ᠎ᠠ ᠲᠠᠢ ᠪᠠᠨ ᠬᠦᠳᠦᠯ ᠤᠨ ᠬᠤᠰᠢᠭᠤ ᠶᠢ ᠣᠷᠢᠶᠠᠵᠣ ᠪᠠᠭᠤᠭᠠᠳ᠂ ᠲᠦᠳᠡᠯ ᠦᠭᠡᠢ ᠪᠣᠯᠠᠭ ᠤᠨ ᠡᠬᠢᠨ ᠳᠤ ᠬᠦᠷᠴᠦ ᠣᠰᠣᠨ ᠳᠤ ᠵᠣᠯᠭᠠᠯ᠎ᠠ᠃ ᠢᠨᠵᠠᠭ᠎ᠠ ᠵᠢᠰᠦ ᠦᠵᠡᠭᠳᠡᠬᠦ ᠲᠣᠩᠭᠠᠯᠠᠭ ᠣᠰᠣ ᠶᠢ ᠰᠢᠨᠣᠯᠳᠠᠶᠢᠬᠠᠨ ᠣᠣᠭᠤᠨ᠎ᠠ᠃ ᠵᠦᠷ ᠬᠡᠳᠦᠨ ᠠᠮᠠ ᠣᠰᠣ ᠣᠣᠭᠤᠭᠰᠠᠨ ᠢᠶᠠᠨ ᠲᠣᠯᠣᠭᠠᠢ ᠦᠨᠳᠡᠶᠢᠨ ᠭᠤᠷ ᠤᠨ ᠢᠶᠠᠨ ᠪᠠᠭᠤᠭᠰᠠᠨ ᠵᠠᠪᠢ ᠣᠷᠣᠭᠤ ᠵᠣᠪᠠᠭᠤᠷᠢᠳᠠᠢ ᠬᠠᠷᠠᠴᠠ ᠪᠠᠷ ᠣᠳᠠᠳᠠᠯ᠎ᠠ ᠰᠢᠷᠳᠡᠨ᠎ᠡ᠃ ᠡᠰᠡᠷᠬᠦᠦ ᠲᠠᠯ᠎ᠠ ᠶᠢᠨ ᠵᠢᠯᠠᠭ᠎ᠠ ᠶᠢᠨ ᠬᠦᠨᠳᠡᠢ᠂ ᠠᠭᠤᠯᠠᠨ ᠬᠢᠷ᠎ᠡ ᠣᠯᠠᠶᠢᠮ᠎ᠠ ᠨᠠᠷᠠᠨ ᠳᠤ ᠠᠮᠢ ᠲᠠᠯᠪᠢᠭᠰᠠᠨ ᠠᠳᠠᠯᠢ ᠢᠯᠢᠮ ᠵᠢᠯᠢᠮ ᠴᠡᠯᠠᠶᠢᠵᠦ᠂ ᠬᠠᠷᠠᠬᠤᠶ᠎ᠠ ᠨᠢᠳᠦ ᠲᠦᠭᠦᠷᠡᠩ ᠣᠶᠢᠳᠬᠠᠷ᠃ ᠬᠡᠨᠡᠳᠳᠡ ᠬᠤᠩ ᠬᠡᠷᠢᠶ᠎ᠡ ᠪᠣᠰᠴᠣ ᠣᠳᠬᠤ ᠲᠡᠷᠡ ᠵᠦᠭ ᠰᠢᠷᠳᠡᠬᠦ ᠳᠤ ᠭᠤᠷ ᠤᠨ ᠬᠠᠷ᠎ᠠ ᠬᠤᠷᠳᠣ ᠪᠠᠷ ᠬᠢᠷ᠎ᠡ ᠦᠭᠡᠳᠡ ᠲᠠᠭᠰᠢᠬᠤ ᠪᠠᠷ᠎ᠠ ᠬᠠᠷᠠᠭᠳᠠᠵᠠᠢ᠃ ᠲᠡᠬᠦᠨ ᠤ ᠣᠭᠤᠳᠣᠩ ᠴᠠᠭᠠᠨ ᠰᠡᠬᠦᠯ ᠨᠢ ᠠᠮᠢ ᠭᠠᠷᠬᠤ ᠦᠨᠦᠴᠢᠨ ᠬᠦᠰᠡᠯ ᠤᠨ ᠵᠢᠵᠢᠭᠬᠡᠨ ᠲᠠᠯᠪᠠᠭ᠎ᠠ ᠠᠳᠠᠯᠢ ᠬᠤᠷᠦ᠋ᠢᠯᠠᠬᠤ ᠶᠢ ᠨᠢ ᠬᠠᠷᠠᠭᠠᠳ᠂ ᠵᠦᠷ ᠤᠨ ᠬᠡᠭᠦᠳᠡᠭ ᠲᠤ ᠣᠶᠠᠷᠠᠯ ᠪᠢᠯᠬᠠᠨ᠎ᠠ᠃ ᠠᠪᠠ ᠶᠢᠨ ᠬᠦᠮᠦᠰ ᠵᠦᠷᠢᠭ ᠪᠠᠷᠢᠨ ᠭᠤᠷ ᠤᠨ ᠬᠤᠶᠢᠨ᠎ᠠ ᠠᠴᠠ ᠨᠡᠬᠡᠭᠡᠳ ᠶᠠᠪᠣᠪᠠ᠃ ᠵᠦᠷ ᠨᠢᠯᠪᠣᠰᠣᠳᠠᠢ ᠨᠢᠳᠦ ᠪᠠᠷ ᠲᠡᠷᠡ ᠵᠦᠭ ᠰᠢᠯᠵᠢᠯ ᠦᠭᠡᠢ ᠰᠢᠷᠳᠡᠬᠦ ᠶᠢᠨ ᠲᠠᠭᠠᠣ ᠬᠠᠩᠬᠢᠨᠠᠳᠠᠯ᠎ᠠ ᠰᠡᠬᠦᠷᠡᠰᠦᠯᠡᠨ᠎ᠡ᠃ ᠭᠤᠷ ᠲᠦᠩᠭᠡᠵᠢ ᠬᠦᠳᠦᠯ ᠤᠨ ᠣᠨᠢ ᠳᠤ ᠭᠠᠷᠳᠠᠯ᠎ᠠ ᠠᠷᠣ ᠠᠴᠠ ᠨᠢ ︽ᠲᠠᠩ — ᠲᠠᠩ︾ ᠬᠢᠨ ᠫᠣᠣ ᠣᠭᠰᠠᠷᠭ᠎ᠠ ᠲᠣᠣᠭᠠᠷᠴᠣ ᠭᠠᠷᠪᠠ᠃ ᠭᠤᠷᠪᠠᠳᠣᠭᠠᠷ ᠪᠦᠯᠦᠭ ᠠᠭᠤᠯᠠᠨ ᠦᠶᠡᠷ     ᠠᠷᠣ ᠦᠵᠡᠭᠳᠡᠯ᠄ ᠠᠭᠤᠯᠠᠨ ᠦᠶᠡᠷ ᠲᠤ ᠣᠴᠠᠷᠠᠭᠰᠠᠨ ᠪᠢᠴᠢᠬᠠᠨ ᠲᠣᠰᠬᠤᠨ ᠤ ᠪᠠᠶᠢᠳᠠᠯ᠃ ᠡᠷᠬᠢ ᠭᠠᠩᠭ᠎ᠠ᠂ ᠡᠪᠳᠡᠷᠭᠡᠢ ᠭᠡᠷ᠃ ᠴᠠᠴᠠᠵᠣ ᠦᠬᠦᠭᠰᠡᠨ ᠬᠤᠨᠢ ᠮᠠᠯ ᠤᠨ ᠦᠬᠦᠳᠡᠯ ᠡ᠊ᠨᠳᠡ ᠲᠡᠨᠳᠡ ᠬᠠᠷᠠᠭᠳᠠᠨ᠎ᠠ᠃ ᠣᠳᠣ᠂ ᠰᠣᠳᠣ ᠪᠠ ᠭᠡᠷ ᠪᠠᠶᠢᠰᠢᠩ ᠨᠢ ᠦᠶᠡᠷ ᠲᠤ ᠨᠣᠷᠠᠭᠰᠠᠨ ᠣᠯᠠᠨ ᠬᠦᠮᠦᠰ ᠬᠦᠳᠦᠯ ᠲᠡᠭᠡᠷ᠎ᠡ ᠲᠦᠷ ᠴᠠᠭ ᠤᠨ ᠮᠠᠷᠠᠭ᠎ᠠ ᠮᠠᠶᠢᠬᠠᠨ ᠪᠣᠰᠬᠠᠵᠣ ᠰᠠᠭᠤᠨ᠎ᠠ᠃     ᠬᠠᠵᠠᠭᠤ ᠶᠢᠨ ᠦᠬᠡ᠄ ᠵᠣᠭᠰᠤᠭ᠎ᠠ ᠵᠢᠯᠣᠭᠤ ᠦᠭᠡᠢ ᠭᠡᠳᠦᠨ ᠡᠳᠦᠷ ᠣᠷᠣᠭᠰᠠᠨ ᠪᠣᠷᠣᠭᠠᠨ᠂ ᠭᠤᠷᠳᠣ ᠶᠢᠨ ᠬᠦᠨᠳᠡᠢ ᠳᠤ ᠣᠰᠣᠨ ᠭᠠᠮᠰᠢᠭ ᠠᠪᠴᠢᠷᠠᠪᠠ᠃ ᠬᠦᠨᠳᠡᠢ ᠵᠢᠯᠠᠭ᠎ᠠ ᠨᠡᠯᠦᠭᠡᠷ ᠶᠡᠭᠡ ᠣᠰᠣᠨ ᠰᠠᠩ ᠪᠣᠯᠵᠠᠢ᠃ ᠬᠦᠳᠡᠷ ᠬᠠᠶᠢᠬᠴᠢᠳ ᠤᠨ ᠮᠠᠯᠳᠠᠭᠰᠠᠨ ᠭᠤᠣ ᠰᠣᠪᠠᠭ ᠦᠶᠡᠷ ᠤᠨ ᠬᠤᠭᠤᠯᠠᠢ ᠪᠣᠯᠵᠣ᠂ ᠲᠣᠭᠰᠢᠨ ᠦᠶᠡᠷ ᠬᠠᠷ᠎ᠠ ᠲᠠᠪᠠᠯᠭᠠᠨ ᠳᠤ ᠪᠠᠨ ᠡᠯᠡᠰᠦ ᠬᠠᠶᠢᠷ᠂ ᠦᠬᠡᠬᠦᠨᠳᠡᠢ ᠴᠢᠯᠠᠭᠤ ᠶᠢ ᠬᠠᠮᠣᠨ᠂ ᠭᠤᠪᠢ ᠣᠷᠣᠭᠤ᠂ ᠲᠠᠯ᠎ᠠ ᠲᠣᠪᠣᠴᠠᠭ ᠤᠨ ᠰᠢᠯᠢᠮᠳᠡᠭ ᠤᠨ ᠲᠠᠷᠢᠶ᠎ᠠ ᠣᠷᠣᠭᠤ᠂ ᠬᠤᠨᠢ ᠮᠠᠯ ᠤᠨ ᠰᠦᠷᠦᠭ ᠣᠷᠣᠭᠤ᠂ ᠠᠶᠢᠯ ᠲᠣᠰᠬᠤᠨ ᠭᠡᠷ ᠪᠠᠶᠢᠰᠢᠩ ᠣᠷᠣᠭᠤ ᠱᠣᠣᠬᠢᠨ ᠴᠢᠳᠬᠤᠯᠠᠨ᠎ᠠ᠃ ᠠᠬᠰᠣᠮᠨᠠᠨ ᠲᠠᠭᠠᠷᠢᠨ᠎ᠠ᠃ ᠪᠢᠴᠢᠬᠠᠨ ᠲᠣᠰᠬᠤᠨ ᠰᠦᠢᠷᠡᠯᠳᠡ ᠶᠢᠨ ᠴᠢᠨᠠᠷᠳᠠᠢ ᠭᠠᠮᠰᠢᠭ ᠲᠤ ᠣᠴᠠᠷᠠᠪᠠ᠃ ᠣᠳᠣ ᠶᠢᠨ ᠮᠠᠶᠢᠬᠠᠨ ᠳᠤ᠄    ᠣᠳᠣ᠄ ᠡᠪᠦᠭᠡ ᠡ᠂ ᠴᠠᠭ ᠠᠭᠤᠷ ᠶᠠᠭᠠᠬᠢᠭᠠᠳ ᠡᠶᠢᠮᠦ ᠮᠠᠭᠤ ᠪᠣᠯᠴᠢᠬᠠᠭᠰᠠᠨ ᠪᠣᠢ︖    ᠡᠪᠦᠭᠡ᠄ ᠠᠢ︕ ᠡᠨᠡ ᠴᠢᠨᠢ ᠪᠦᠷ ᠦᠨᠳᠦᠷ ᠲᠡᠭᠷᠢ ᠶᠢᠨ ᠰᠢᠳᠭᠡᠯ ᠪᠠᠶᠢᠨ᠎ᠠ ᠰᠢᠦ᠃ ᠬᠦᠮᠦᠰ ᠣᠴᠢᠷ ᠦᠭᠡᠢ ᠠᠭᠤᠯᠠ ᠬᠦᠨᠳᠡᠶᠢᠯᠡᠨ᠂ ᠮᠣᠳᠣ ᠣᠭᠳᠣᠯᠵᠣ᠂ ᠵᠢᠯᠠᠭ᠎ᠠ ᠬᠦᠳᠦᠯ ᠦᠯᠡᠳᠡᠬᠡᠯ ᠦᠭᠡᠢ ᠬᠦᠷᠦᠰᠦ ᠣᠷᠪᠠᠭᠤᠯᠣᠨ ᠲᠠᠷᠢᠭᠰᠠᠨ ᠤ ᠬᠠᠷᠢᠭᠤ ᠭᠡᠵᠤ ᠮᠡᠳᠡ︕ ᠦᠵᠡᠬᠦ ᠦᠭᠡᠢ ᠤᠤ︖ ᠲᠡᠷᠡ ᠨᠢᠳᠦᠨ ᠦᠵᠦᠬᠦᠷ ᠭᠠᠷᠳᠠᠯ᠎ᠠ ᠲᠠᠷᠢᠭᠰᠠᠨ ᠰᠢᠯᠢᠮᠳᠡᠭ ᠤᠨ ᠲᠡᠷᠢᠶ᠎ᠠ ᠶᠢ᠃     ᠣᠳᠣ᠄ ᠲᠡᠭᠡᠬᠦᠯᠡᠷ ᠰᠢᠯᠢᠮᠳᠡᠭ ᠤᠨ ᠴᠡᠴᠡᠭ ᠲᠡᠯᠭᠡᠷᠡᠬᠦ ᠶᠢ ᠭᠤᠶᠣ ᠦᠵᠡᠮᠵᠢ ᠭᠡᠵᠤ ᠬᠦᠮᠦᠰ ᠭᠠᠶᠢᠬᠠᠳᠠᠭ ᠪᠢᠰᠢ ᠤᠤ︖    ᠰᠣᠳᠣ᠄ ᠰᠢᠯᠢᠮᠳᠡᠭ ᠤᠨ ᠲᠣᠰᠣ ᠨᠢ ᠪᠠᠰᠠ ᠬᠦᠮᠦᠰ ᠤᠨ ᠰᠢᠮᠡᠳᠦ ᠢᠳᠡᠭᠡᠨ ᠪᠣᠯᠣᠨ᠎ᠠ ᠭᠡᠳᠡᠭ᠃    ᠡᠪᠦᠭᠡ᠄ ᠶᠠᠭᠤᠨ ᠤ ᠴᠢᠨᠢ ᠭᠤᠶᠣ ᠦᠵᠡᠮᠵᠢ︕ ᠶᠠᠮᠠᠷ ᠰᠢᠮᠡᠳᠦ ᠢᠳᠡᠭᠡᠨ ᠶᠤᠮ︖ ᠪᠠᠶᠢᠭᠠᠯᠢ ᠶᠢᠨ ᠵᠢᠮ᠎ᠡ ᠶᠢ ᠡᠪᠳᠡᠵᠦ ᠵᠣᠬᠢᠶᠠᠭᠰᠠᠨ ᠲᠡᠶᠢᠮᠦ ᠭᠤᠶᠣ ᠦᠵᠡᠮᠵᠢ ᠪᠣᠯᠣᠭᠠᠳ ᠰᠢᠮᠡᠳᠦ ᠢᠳᠡᠭᠡᠨ ᠴᠢᠨᠢ ᠲᠡᠷᠡ ᠴᠢᠭ ᠢᠶᠠᠷ ᠢᠶᠠᠨ ᠭᠤᠸ᠎ᠠ ᠰᠠᠶᠢᠬᠠᠨ ᠴᠠᠭ ᠤᠨ ᠬᠤᠣᠷ ᠭᠡᠵᠤ ᠰᠠᠨᠠ︕    ᠣᠳᠣ᠄ ᠡᠪᠦᠭᠡ ᠡ᠂ ᠬᠡᠷᠪᠡ ᠬᠤᠶᠢᠰᠢᠳᠠ ᠨᠡᠶᠢᠳᠡᠮ ᠡᠶᠢᠮᠦ ᠪᠣᠯᠪᠠᠯ ᠪᠢᠳᠡ ᠶᠠᠭᠠᠬᠢᠵᠣ ᠠᠮᠢᠳᠣᠷᠠᠬᠤ ᠶᠤᠮ︖    ᠡᠪᠦᠭᠡ᠄ ᠬᠡᠩ︕ ᠪᠠᠶᠢᠭᠠᠯᠢ ᠣᠷᠴᠢᠨ ᠭᠡᠰᠡᠨ ᠴᠢᠨᠢ ᠭᠠᠯᠪᠠ ᠲᠡᠯᠡᠭᠡᠢ ᠲᠣᠭᠳᠠᠬᠤ ᠶᠢᠨ ᠵᠣᠬᠢᠴᠠᠵᠣ ᠪᠦᠳᠦᠭᠰᠡᠨ ᠵᠦᠢᠯ᠃ ᠡᠪᠡᠰᠦ ᠮᠣᠳᠣ ᠴᠢᠯᠠᠭᠤ ᠰᠢᠷᠣᠢ ᠪᠠ ᠠᠮᠢᠳᠠᠨ ᠭᠤᠣᠯᠳᠠᠨ ᠪᠦᠭᠦᠨ᠂ ᠣᠷᠭᠤᠵᠣ ᠲᠣᠭᠳᠠᠭᠰᠠᠨ ᠭᠠᠵᠠᠷ᠂ ᠣᠷᠣᠰᠢᠨ ᠠᠮᠢᠳᠣᠷᠠᠭᠰᠠᠨ ᠣᠷᠣᠨ ᠳᠤ ᠪᠠᠨ ᠪᠠᠶᠢᠬᠤ ᠣᠴᠢᠷᠳᠡᠢ ᠪᠠᠶᠢᠳᠠᠭ᠃ ᠬᠦᠮᠦᠰ᠂ ᠭᠠᠵᠠᠷ ᠲᠡᠭᠡᠷᠡᠬᠢ ᠶᠢ ᠲᠣᠷ᠎ᠠ ᠪᠠᠷ ᠰᠦᠢᠳᠭᠡᠬᠦ ᠶᠢ ᠲᠡᠭᠷᠢ ᠦᠵᠡᠵᠦ ᠲᠦᠪᠳᠡᠨ᠎ᠡ ᠤᠤ︖ ᠲᠡᠭᠷᠢ᠂ ᠶᠢᠷᠳᠢᠨᠴᠦ ᠶᠢᠨ ᠶᠠᠭᠤ ᠪᠦᠭᠦᠳᠡ ᠶᠢᠨ ᠲᠣᠯᠣᠭᠠᠢ ᠲᠡᠭᠡᠷ᠎ᠡ ᠨᠢ ᠪᠠᠶᠢᠨ᠎ᠠ ᠰᠢᠦ︕ ᠬᠦᠮᠦᠰ᠂ ᠪᠠᠶᠢᠭᠠᠯᠢ ᠣᠷᠴᠢᠨ ᠤ ᠪᠠᠨ ᠣᠬᠠᠭᠠᠨ ᠢ ᠨᠢ ᠦᠵᠡᠵᠦ ᠵᠦᠢᠴᠡᠵᠦ ᠠᠮᠢᠳᠣᠷᠠᠬᠤ ᠦᠭᠡᠢ᠂ ᠬᠡᠳᠦᠷᠭᠡᠢ ᠬᠤᠪᠳᠤᠭ ᠰᠠᠨᠠᠭ᠎ᠠ ᠭᠠᠷᠭᠠᠭᠰᠠᠭᠠᠷ ᠪᠠᠶᠢᠭᠠᠳ ᠬᠤᠪᠢᠨ ᠤ ᠪᠡᠶ᠎ᠡ ᠪᠠᠨ ᠣᠷᠣᠰᠢᠬᠤ ᠭᠠᠵᠠᠷ ᠦᠭᠡᠢ ᠪᠣᠯᠭᠠᠴᠢᠬᠠᠨ᠎ᠠ ᠰᠢᠦ︕ ᠠᠢ︕    ᠣᠳᠣ᠂ ᠰᠣᠳᠣ ︵ᠵᠡᠷᠭᠡᠪᠡᠷ︶᠄ ᠦ᠂ ᠮᠡᠳᠡᠯ᠎ᠡ᠂ ᠡᠪᠦᠭᠡ ᠡ︕ ᠦᠨᠡᠭᠡᠷ ᠲᠡᠶᠢᠮᠦ ᠪᠠᠶᠢᠨ᠎ᠠ᠃    ᠲᠦᠷᠪᠡᠳᠦᠭᠡᠷ ᠪᠦᠯᠦᠭ ᠬᠠᠯᠠᠭᠤᠨ ᠨᠣᠳᠤᠭ    ᠠᠷᠣ ᠦᠵᠡᠭᠳᠡᠯ᠄ ᠭᠤᠷᠳᠣ ᠶᠢᠨ ᠬᠦᠨᠳᠡᠢ ᠶᠢᠨ ᠠᠮᠠᠨ ᠳᠤ ᠬᠢ ᠠᠭᠤᠳᠠᠮ ᠲᠠᠯ᠎ᠠ᠂ ᠨᠠᠮᠬᠠᠨ ᠲᠣᠪᠣᠴᠠᠭ ᠢᠶᠠᠷ ᠬᠠᠷᠠᠭᠠᠨ ᠦᠵᠦᠬᠦᠷ ᠭᠠᠷᠳᠠᠯ᠎ᠠ ᠨᠠᠷᠠᠰᠣᠨ ᠣᠢ ᠬᠦᠬᠡᠷᠡᠨ᠎ᠠ᠃ ᠦᠵᠡᠮᠵᠢ ᠰᠣᠨᠢᠷᠬᠠᠵᠣ᠂ ᠰᠡᠭᠦᠳᠡᠷ ᠠᠪᠬᠠᠭᠤᠯᠬᠤ ᠵᠣᠬᠢᠶᠠᠮᠠᠯ ᠲᠢᠩᠰᠡ ᠠᠯᠠᠭ᠎ᠠ ᠪᠣᠯᠵᠣ᠂ ᠬᠦᠳᠡᠷ ᠬᠠᠶᠢᠭᠴᠢᠳ ᠤᠨ ᠭᠤᠣ ᠰᠣᠪᠠᠭ ᠪᠦᠭᠯᠡᠭᠳᠡᠨ᠂ ᠺᠣᠮᠫᠠᠨᠢ ᠶᠢᠨ ᠰᠠᠭᠤᠴᠠ ᠲᠡᠭᠡᠷ᠎ᠡ ᠴᠢᠪ ᠬᠢᠭᠰᠡᠨ ᠲᠢᠭᠯᠢᠭ ᠬᠦᠷᠢᠶ᠎ᠡ ᠬᠠᠰᠢᠶ᠎ᠠ ᠲᠠᠢ ᠲᠣᠮᠣ ᠪᠠᠶᠢᠰᠢᠩ ᠪᠣᠰᠴᠣ᠂ ᠬᠠᠭᠠᠯᠭᠠᠨ ᠡᠮᠦᠨᠡᠬᠢ ᠱᠣᠰᠢᠭ᠎ᠠ ᠳᠤ ᠬᠢ ︽ᠵᠡᠭᠡᠷᠡᠳᠦ ᠶᠢᠨ ᠭᠦᠨᠳᠡᠢ ᠶᠢᠨ ᠣᠢ ᠰᠢᠭᠤᠢ ᠶᠢᠨ ᠬᠠᠮᠠᠭᠠᠯᠠᠯᠳᠠ ᠶᠢᠨ ᠦᠷᠳᠡᠭᠡ︾ ᠭᠡᠰᠡᠨ ᠦᠰᠦᠭ ᠨᠠᠷᠠᠨ ᠤ ᠭᠡᠷᠡᠯ ᠳᠤ ᠢᠯᠡᠳᠡᠢ ᠬᠠᠷᠠᠭᠳᠠᠨ᠎ᠠ᠃    ᠬᠠᠵᠠᠭᠤ ᠶᠢᠨ ᠦᠬᠡ᠄ ᠣᠰᠣᠨ ᠳᠤ ᠠᠪᠳᠠᠭᠰᠠᠨ ᠪᠢᠴᠢᠬᠠᠨ ᠲᠣᠰᠬᠤᠨ᠂ ᠬᠦᠳᠦᠯ ᠲᠠᠭᠠᠭᠠᠳ ᠪᠣᠰᠬᠠᠭᠳᠠᠭᠰᠠᠨ ᠨᠢᠭᠡ ᠯᠡ ᠮᠠᠶ᠋ᠢᠭ ᠤᠨ ᠬᠦᠭᠡ ᠣᠷᠦ᠋ᠢᠳᠠᠢ ᠣᠯᠠᠭᠠᠨ ᠲᠣᠭᠤᠰᠬ᠎ᠠ ᠶᠢᠨ ᠪᠠᠶᠢᠰᠢᠩ ᠤᠳ ᠢᠶᠠᠷ ᠰᠣᠯᠢᠭᠳᠠᠪᠠ᠃    ᠬᠡᠳᠦᠨ ᠵᠢᠯ ᠦᠩᠭᠡᠷᠡᠪᠡ᠃ ᠢᠨᠵᠠᠭ᠎ᠠ ᠨᠢᠬᠡᠨᠳᠡ ᠲᠣᠮᠦ ᠵᠦᠷ ᠪᠣᠯᠪᠠ᠃ ᠲᠡᠷᠡ ᠡᠴᠢᠭᠡ ᠠᠴᠠ ᠪᠠᠨ ᠰᠠᠯᠣᠭᠠᠳ᠂ ᠲᠠᠬᠢᠨ ᠣᠯᠵᠣ ᠣᠴᠠᠷᠠᠭᠰᠠᠨ ᠦᠭᠡᠢ᠃ ᠡᠬᠡ ᠨᠢ ᠲᠡᠭᠦᠨ ᠢ ᠬᠠᠷᠠᠭᠠᠯᠵᠠᠨ ᠡᠷ᠎ᠡ ᠶᠢᠨ ᠲᠡᠩᠭᠡᠭᠡ ᠲᠠᠢ ᠪᠣᠯᠭᠠᠭᠰᠠᠨ ᠪᠣᠯᠪᠠᠴᠣ ᠡᠳᠦᠷᠵᠢᠨ ᠡᠴᠢᠭᠡ ᠶᠢᠨ ᠬᠢᠨ ᠬᠤᠶᠢᠨ᠎ᠠ ᠠᠴᠠ ᠰᠠᠨᠠᠭ᠎ᠠ ᠵᠣᠪᠠᠭᠰᠠᠭᠠᠷ ᠬᠠᠷᠠᠭ᠎ᠠ ᠪᠠᠨ ᠠᠯᠳᠠᠨ᠂ ᠪᠡᠶ᠎ᠡ ᠨᠢ ᠮᠠᠭᠤᠳᠠᠵᠣ᠂ ᠲᠡᠭᠦᠨ ᠢ ᠬᠠᠶᠠᠭᠠᠳ ᠨᠢᠳᠦ ᠠᠨᠢᠪᠠ᠃ ᠲᠣᠮᠣᠭᠠᠵᠢᠭᠰᠠᠨ ᠵᠦᠷ᠂ ᠬᠠᠨᠢ ᠢᠵᠢᠯᠢ ᠪᠠᠨ ᠣᠯᠵᠣ᠂ ᠮᠥᠨ ᠪᠢᠴᠢᠬᠠᠨ ᠢᠨᠵᠠᠭ᠎ᠠ ᠲᠠᠢ ᠪᠣᠯᠣᠯ᠎ᠠ᠃ ᠠᠪᠠ ᠶᠢᠨ ᠬᠦᠯ ᠬᠤᠷᠢᠶᠠᠭᠳᠠᠭᠠᠳ ᠣᠳᠠᠵᠣ ᠪᠠᠶᠢᠨ᠎ᠠ᠃ ᠵᠦᠷ ᠲᠤ ᠪᠠᠭ᠎ᠠ ᠶᠢᠨ ᠨᠣᠳᠤᠭ ᠨᠢ ᠰᠠᠨᠠᠭᠳᠠᠬᠤ ᠬᠡᠴᠡᠬᠦᠦ᠃ ᠨᠢᠭᠡ ᠡᠳᠦᠷ ᠲᠡᠷᠡ ᠪᠢᠴᠢᠬᠠᠨ ᠢᠨᠵᠠᠭ᠎ᠠ ᠪᠠᠨ ᠳᠠᠭᠠᠭᠤᠯᠣᠨ ᠶᠠᠪᠣᠭᠰᠠᠭᠠᠷ ᠬᠦᠨ ᠠᠭᠤᠯᠠᠨ ᠠᠴᠠ ᠪᠠᠭᠤᠵᠣ᠂ ᠭᠤᠷᠳᠣ ᠶᠢᠨ ᠬᠦᠨᠳᠡᠢ ᠬᠦᠷᠴᠦ ᠢᠷᠡᠪᠡ᠃ ᠬᠦᠨᠳᠡᠢ ᠶᠢᠨ ᠠᠮᠠ ᠶᠢ ᠬᠠᠰᠢᠨ᠂ ᠴᠠᠷᠳᠠᠮᠠᠯ ᠵᠠᠮ ᠲᠡᠪᠢᠰᠦᠭᠳᠡᠭᠰᠡᠨ ᠪᠣᠯᠪᠠᠴᠣ᠂ ᠵᠢᠯᠠᠭ᠎ᠠ ᠶᠢᠨ ᠴᠢᠨᠡᠭᠡ ᠦᠷᠭᠡᠨ ᠢᠶᠠᠷ ᠬᠦᠬᠦᠷᠭᠡ ᠲᠠᠯᠪᠢᠨ ︽ᠬᠦᠷᠦᠭᠡᠰᠦ ᠶᠠᠪᠣᠬᠤ ᠵᠠᠮ︾ ᠭᠡᠰᠡᠨ ᠱᠣᠰᠢᠭ᠎ᠠ ᠪᠣᠰᠬᠠᠵᠠᠢ᠃    ᠵᠢᠯᠠᠭ᠎ᠠ ᠶᠢᠨ ᠬᠦᠪᠡᠭᠡ ᠪᠠᠷ ᠬᠠᠶᠠ ᠨᠢᠭᠡ ᠮᠣᠷᠢᠳᠠᠢ᠂ ᠮᠣᠲ᠋ᠣᠷᠳᠠᠢ ᠪᠣᠶᠣ ᠮᠠᠰᠢᠨᠳᠠᠢ ᠬᠦᠮᠦᠨ ᠬᠠᠷᠭᠤᠭᠰᠠᠨ ᠴᠤ ᠲᠡᠳᠡᠨ ᠲᠠᠢ ᠬᠠᠯᠳᠠᠬᠤ ᠮᠠᠶ᠋ᠢᠭ ᠦᠭᠡᠢ᠃ ᠨᠡᠩᠳᠡ ᠫᠣᠣ ᠡᠬᠦᠷᠦᠭᠰᠡᠨ ᠬᠦᠮᠦᠨ ᠶᠠᠭ ᠬᠠᠷᠠᠭᠳᠠᠬᠤ ᠦᠭᠡᠢ᠃ ᠵᠠᠷᠢᠮ ᠨᠢᠭᠡ ᠨᠢ ᠲᠡᠳᠡᠨ ᠲᠠᠢ ᠪᠠᠭ᠋ᠠᠨ ᠣᠶᠢᠷᠠᠳᠣᠬᠤ ᠶᠢ ᠬᠦᠰᠡᠪᠡᠴᠦ ᠵᠦᠪᠬᠡᠨ ᠯᠡ ᠰᠡᠭᠦᠳᠡᠷ ᠠᠪᠬᠤ ᠲᠠᠳᠦᠢ᠃ ᠬᠦᠮᠦᠰ ᠤᠨ ᠴᠢᠷᠠᠢ ᠠᠴᠠ ᠥᠬᠦᠭᠡᠷᠰᠡᠭ ᠲᠦᠷᠢ ᠬᠠᠷᠠᠭᠳᠠᠬᠤ ᠠᠴᠠ ᠪᠢᠰᠢ᠂ ᠵᠦᠷ ᠤᠨ ᠪᠠᠭ᠎ᠠ ᠶᠢᠨ ᠦᠶ᠎ᠡ ᠶᠢᠨ ᠠᠪᠠ ᠶᠢᠨ ᠬᠦᠮᠦᠨ ᠤ ᠲᠡᠶᠢᠮᠦ ᠪᠠᠯᠠᠮᠠᠳ ᠰᠢᠨᠵᠢ ᠦᠵᠡᠭᠳᠡᠬᠦ ᠦᠭᠡᠢ᠃ ᠲᠡᠭᠡᠯ᠎ᠡ ᠴᠦ ᠵᠦᠷ ᠶᠡᠷᠦ ᠠᠴᠠ ᠰᠡᠷᠡᠮᠵᠢ ᠠᠯᠳᠠᠷᠠᠬᠤ ᠦᠭᠡᠢ ᠪᠠᠶᠢᠳᠠᠭ᠃ ᠢᠨᠵᠠᠭ᠎ᠠ ᠬᠠᠷᠢᠨ ᠡᠵᠢ ᠶᠢᠨ ᠢᠶᠠᠨ ᠣᠷᠳᠣᠭᠤᠷ ᠬᠤᠶᠢᠭᠤᠷ ᠲᠡᠪᠬᠡᠷᠣᠨ ᠬᠦᠶᠦᠵᠦ᠂ ᠰᠡᠭᠦᠳᠡᠷ ᠢᠶᠠᠷ ᠢᠶᠠᠨ ᠨᠠᠭᠠᠳᠴᠣ ᠲᠣᠭᠯᠠᠨ᠎ᠠ᠃ ᠬᠤᠨᠢᠨ ᠰᠦᠷᠦᠭ ᠵᠦᠭ ᠲᠠᠪᠬᠢᠨ ᠣᠳᠴᠣ᠂ ᠬᠤᠷᠠᠭ᠎ᠠ ᠢᠰᠢᠭᠡ ᠶᠢ ᠦᠨᠦᠰᠬᠦ ᠪᠠᠷ ᠣᠷᠣᠯᠳᠣᠨ᠎ᠠ᠃ ᠴᠡᠴᠡᠭᠡᠰ ᠲᠤ ᠬᠤᠷᠭᠤᠳᠠᠬᠤ ᠡᠷᠪᠡᠭᠡᠢ ᠶᠢ ᠨᠠᠳᠬᠤᠭᠠᠭᠠᠳ᠂ ᠲᠣᠭᠤᠵᠣ ᠬᠦᠶᠦᠨ᠎ᠡ᠃ ᠶᠠᠪᠣᠭᠠᠨ ᠳᠤ ᠪᠠᠨ ᠵᠦᠷ ᠴᠦ ᠡ᠊ᠨᠳᠡ ᠠᠶᠣᠯ ᠰᠦᠷᠳᠡᠬᠦᠯᠦᠯ ᠪᠠᠶᠢᠬᠤ ᠦᠭᠡᠢ ᠪᠣᠯᠣᠭᠰᠠᠨ ᠢ ᠮᠡᠳᠡᠭᠡᠳ᠂ ᠲᠣᠳᠣᠷ᠎ᠠ ᠠᠴᠠ ᠪᠠᠨ ᠲᠠᠶᠢᠪᠣᠰᠢᠷᠠᠵᠣ ᠢᠷᠡᠪᠡ᠃ ᠲᠡᠳᠡ ᠭᠤᠷ ᠤᠨ ᠲᠠᠪᠠᠭᠠᠨ ᠤ ᠢᠬᠴᠣ ᠵᠣᠵᠠᠭᠠᠨ ᠱᠠᠭᠠᠷᠠᠭ ᠤᠨ ᠣᠢ ᠳᠤ ᠬᠦᠷᠪᠡ᠃    ᠵᠦᠷ᠄ ᠬᠡᠦᠭᠡ ᠡ︕ ᠡᠨᠡ ᠪᠣᠯ ᠡᠵᠢ ᠶᠢᠨ ᠴᠢᠨᠢ ᠲᠦᠷᠦᠭᠰᠡᠨ ᠨᠣᠳᠤᠭ ᠭᠤᠷ ᠤᠨ ᠲᠠᠪᠠᠭ᠎ᠠ ᠪᠣᠯᠣᠨ᠎ᠠ ᠰᠢᠦ︕ ᠬᠠᠶᠢᠷᠠᠳᠣ ᠦᠯᠦᠭᠡᠢ ᠮᠢᠨᠢ ᠪᠢᠯᠡ︕ ᠬᠠᠷᠢᠨ ᠮᠢᠨᠦ ᠪᠠᠭ᠎ᠠ ᠶᠢᠨ ᠦᠶ᠎ᠡ ᠳᠤ ᠴᠠᠭ ᠰᠠᠮᠠᠭᠤᠨ ᠪᠠᠶᠢᠭᠰᠠᠨ᠃ ᠢᠨᠵᠠᠭ᠎ᠠ᠄ ᠸᠠ︕ ᠶᠠᠭᠠᠬᠢᠬᠰᠠᠨ ᠰᠠᠶᠢᠬᠠᠨ ᠣᠷᠣᠨ ᠶᠤᠮ︕ ᠡᠵᠢ ᠮᠢᠨᠢ ᠲᠣᠷᠠᠰᠣᠭᠠᠳ ᠪᠠᠶᠢᠳᠠᠭ ᠨᠣᠳᠤᠭ ᠴᠢᠨᠢ ᠡᠶᠢᠮᠦ ᠭᠤᠶᠣ ᠪᠠᠶᠢᠵᠠᠢ ᠳ᠋ᠠ︕ ᠪᠢᠳᠡ ᠬᠦᠨ ᠠᠭᠤᠯᠠᠨ ᠳᠤ ᠰᠢᠷᠭᠤᠬᠤ ᠪᠠᠷ ᠢᠶᠠᠨ ᠡ᠊ᠨᠳᠡ ᠢᠷᠡᠭᠡᠳ ᠠᠮᠢᠳᠣᠷᠠᠵᠣ ᠪᠣᠯᠬᠤ ᠦᠭᠡᠢ ᠤᠤ︖ ᠦᠨᠡᠭᠡᠷ ᠰᠠᠶᠢᠬᠠᠨ ᠭᠠᠵᠠᠷ ᠡ᠃ ᠠᠭᠤᠵᠢᠷᠠᠳᠠᠯ᠎ᠠ ᠲᠣᠭᠯᠠᠬᠤ ᠲᠠᠯ᠎ᠠ ᠳᠤ ᠪᠠᠨ ᠡᠪᠡᠰᠦ ᠣᠰᠣ ᠲᠠᠢ᠂ ᠡᠷᠪᠡᠭᠡᠢ ᠴᠡᠴᠡᠭ ᠲᠠᠢ᠂ ᠢᠰᠢᠭᠡ ᠬᠤᠷᠠᠭ᠎ᠠ ᠲᠠᠢ᠂ ᠪᠠᠰᠠ ᠬᠦᠮᠦᠨ ᠲᠠᠢ᠃ ᠬᠢ᠂ ᠬᠢ᠃ ᠵᠦᠷ᠄ ᠡᠩ︕ ᠨᠠᠳᠠ ᠳᠤ ᠬᠡᠵᠢᠶᠡᠨᠡᠢ ᠠᠴᠠ ᠡᠶᠢᠮᠦ ᠰᠠᠨᠠᠭ᠎ᠠ ᠣᠷᠣᠭᠠᠳ ᠪᠠᠶᠢᠭᠰᠠᠨ᠃ ᠬᠠᠰᠢᠯᠠ ᠡᠪᠦᠭᠡ ᠲᠡᠭᠡᠳᠦ ᠶᠢᠨ ᠨᠣᠳᠤᠭ᠂ ᠦᠪᠡᠷ ᠤᠨ ᠭᠡᠷ ᠣᠷᠣᠨ ᠰᠠᠶᠢᠬᠠᠨ ᠳ᠋ᠠ︕ ᠬᠠᠯᠠᠭᠤᠨ ᠨᠣᠳᠤᠭ ᠬᠠᠶᠢᠷᠠᠳᠣ ᠣᠷᠣᠨ ᠳᠤ ᠪᠠᠨ ᠪᠣᠴᠠᠵᠣ ᠢᠷᠡᠶ᠎ᠡ︕    ᠢᠨᠵᠠᠭ᠎ᠠ᠄ ᠠᠬᠠᠢ︕ ᠠᠬᠠᠢ︕ ᠠᠬᠤ ᠪᠣᠯᠵᠠᠢ︕ ᠠᠬᠤ ᠪᠣᠯᠵᠠᠢ︕    ᠬᠠᠵᠠᠭᠤ ᠶᠢᠨ ᠦᠭᠡ᠄ ᠵᠦᠷ᠂ ᠪᠢᠴᠢᠬᠠᠨ ᠢᠨᠵᠠᠭ᠎ᠠ ᠲᠠᠢ ᠪᠠᠨ ᠵᠣᠭᠤᠭᠳᠠᠵᠣ ᠶᠠᠪᠣᠭᠰᠠᠭᠠᠷ ᠪᠠᠰᠠ ᠨᠢᠭᠡ ᠬᠦᠳᠦᠯ ᠲᠠᠪᠠᠨ᠂ ᠨᠢᠭᠡᠨ ᠵᠣᠷᠪᠣᠰ ᠵᠠᠰᠠᠮᠠᠯ ᠵᠠᠮ ᠢᠶᠠᠷ ᠣᠭᠳᠣᠯᠵᠣ ᠭᠠᠷᠬᠤ ᠪᠣᠯᠬᠤ ᠳᠤ ᠵᠦᠷ᠂ ᠲᠦᠷᠦᠯᠬᠢ ᠰᠡᠷᠡᠮᠵᠢ ᠪᠠᠷ ᠢᠶᠠᠨ ᠡᠷᠬᠢᠨ ᠲᠣᠭᠤᠷᠢᠨ ᠢ ᠠᠩᠬᠠᠷᠴᠣ ᠠᠪᠣᠪᠠ᠃ ᠬᠠᠷᠢᠨ ᠵᠠᠮ ᠲᠡᠭᠡᠷ᠎ᠡ ᠦᠭᠡᠳᠡ ᠦᠭᠡᠳᠡ ᠪᠠᠨ ᠠᠶᠠᠯᠠᠬᠤ ᠬᠡᠳᠦᠨ ᠮᠠᠰᠢᠨ ᠲᠡᠷᠭᠡ᠂ ᠵᠦᠷ ᠢᠨᠵᠠᠭ᠎ᠠ ᠳᠤ ᠵᠡᠢ ᠲᠠᠯᠪᠢᠨ ᠵᠣᠭᠰᠣᠴᠢᠬᠠᠭᠠᠳ᠂ ᠲᠡᠳᠡᠨ ᠤ ᠰᠣᠴᠢᠯ ᠦᠭᠡᠢ ᠵᠠᠮ ᠣᠭᠳᠣᠯᠵᠣ ᠦᠩᠭᠡᠷᠡᠬᠦ ᠶᠢ ᠬᠦᠯᠢᠶᠡᠬᠦ ᠮᠡᠳᠦ᠃ ᠡᠨᠡ ᠪᠠᠶᠢᠳᠠᠯ ᠢ ᠦᠵᠡᠭᠡᠳ ᠵᠦᠷ ᠤᠨ ᠰᠡᠳᠬᠢᠯ ᠵᠢᠷᠦᠭᠡ ᠨᠢᠭᠡᠮᠦᠰᠦᠨ ᠲᠣᠭᠳᠣᠯᠣᠨ᠂ ᠪᠢᠴᠢᠬᠠᠨ ᠢᠨᠵᠠᠭ᠎ᠠ ᠪᠠᠨ ᠲᠠᠭᠠᠭᠤᠯᠵᠣ᠂ ᠬᠤᠷᠳᠣᠬᠠᠨ ᠭᠡᠭᠴᠢ ᠵᠠᠮ ᠠᠴᠠ ᠪᠠᠭᠤᠭᠠᠳ᠂ ᠨᠠᠷᠠᠰᠣᠨ ᠣᠢ ᠶᠢ ᠴᠢᠭᠯᠡᠪᠡ᠃    ᠵᠦᠷ ᠦᠪᠡᠷ ᠤᠨ ᠢᠶᠠᠨ ᠬᠠᠷᠠᠰᠠᠯᠳᠣ ᠪᠠᠭ᠎ᠠ ᠨᠠᠰᠣ ᠪᠠᠨ ᠡᠷᠬᠢᠴᠡᠬᠦᠯᠦᠨ ᠪᠣᠳᠣᠭᠠᠳ ᠲᠣᠳᠣᠷ᠎ᠠ ᠨᠢ ᠣᠶᠠᠷᠠᠯ ᠲᠦᠷᠦᠭᠳᠡᠪᠠᠴᠣ᠂ ᠣᠳᠣ ᠪᠢᠴᠢᠬᠠᠨ ᠢᠨᠵᠠᠭ᠎ᠠ ᠲᠠᠢ ᠪᠠᠨ᠂ ᠠᠶᠢᠮᠠᠭ ᠲᠦᠷᠦᠯ ᠢᠶᠠᠷ ᠢᠶᠠᠨ ᠡᠷᠬᠡ ᠵᠢᠷᠭᠠᠯᠳᠠᠢ ᠠᠮᠢᠳᠣᠷᠠᠬᠤ ᠣᠷᠣᠨ ᠵᠠᠢ ᠲᠠᠢ ᠪᠣᠯᠵᠣ᠂ ᠵᠡᠬᠦᠳᠦ ᠠᠴᠠ ᠨᠢ ᠶᠡᠷᠦ ᠭᠠᠷᠳᠠᠭ ᠦᠭᠡᠢ ᠭᠡᠷ ᠨᠣᠳᠤᠭ — ᠭᠤᠷ ᠤᠨ ᠲᠠᠪᠠᠭ᠎ᠠ ᠳᠤ ᠪᠠᠨ ᠪᠣᠴᠠᠬᠤ ᠪᠣᠯᠣᠭᠰᠠᠨ ᠳᠤ ᠪᠠᠨ ᠬᠡᠭᠦᠳᠡᠭ ᠴᠡᠭᠡᠵᠢᠨ ᠳᠤ ᠨᠢ ᠪᠠᠶᠠᠷ ᠲᠦᠭᠦᠷᠴᠡᠢ᠃ ᠵᠦᠷ᠄ ᠬᠡᠦᠬᠡ ᠡ︕ ᠬᠤᠶᠠᠭᠤᠯᠠ ᠬᠤᠷᠳᠣᠨ ᠬᠠᠷᠢᠵᠣ᠂ ᠰᠠᠳᠣᠳ ᠲᠤ ᠪᠠᠨ ᠨᠣᠳᠤᠭ ᠪᠣᠴᠠᠬᠤ ᠪᠣᠯᠣᠭᠰᠠᠨ ᠢᠶᠠᠨ ᠮᠡᠳᠡᠭᠳᠡᠶ᠎ᠡ᠃ ᠲᠡᠳᠡ ᠨᠠᠷ ᠴᠤ ᠶᠠᠭᠠᠬᠢᠵᠦ ᠴᠦ ᠪᠠᠶᠠᠷᠯᠠᠬᠤ ᠪᠣᠯ︕ ᠭᠡᠨ ᠨᠣᠳᠤᠭ ᠢᠶᠠᠨ ᠰᠠᠨᠠᠬᠤ ᠦᠭᠡᠢ ᠪᠣᠢ︖    ᠢᠨᠵᠠᠭ᠎ᠠ᠄ ᠮᠡᠳᠡᠯ᠎ᠡ᠂ ᠡᠵᠢ ᠡ︕    ᠬᠠᠵᠠᠭᠤ ᠶᠢᠨ ᠦᠭᠡ᠄ ᠲᠠᠰᠢᠬᠤ ᠨᠠᠷᠠᠨ ᠤ ᠠᠯᠳᠠ ᠪᠠᠷ ᠪᠢᠴᠢᠬᠠᠨ ᠢᠨᠵᠠᠭ᠎ᠠ ᠡᠵᠢ ᠲᠠᠢ ᠪᠠᠨ ᠬᠤᠶᠠᠭᠤᠯᠠ᠂ ᠭᠤᠷᠳᠣ ᠶᠢᠨ ᠬᠦᠨᠳᠡᠢ ᠦᠭᠰᠦᠨ ᠬᠦᠨ ᠠᠭᠤᠯᠠᠨ ᠵᠦᠭ ᠵᠢᠷᠠᠶᠢᠳᠠᠯ᠎ᠠ ᠲᠠᠭᠰᠢᠭᠠᠳ ᠶᠠᠪᠣᠯ᠎ᠠ ᠁ ᠦᠵᠡᠭᠳᠡᠯ᠄ ᠵᠣᠨ ᠤ ᠰᠡᠬᠦᠯᠴᠢ ᠨᠠᠮᠣᠷ ᠤᠨ ᠡᠬᠢ ᠪᠠᠷ᠃    ᠣᠶᠢᠷ᠎ᠠ ᠳᠤ᠄ ᠡᠪᠡᠰᠦᠨ ᠲᠣᠯᠣᠭᠠᠢ ᠰᠢᠷᠠᠩᠭᠤᠢ ᠨᠣᠭᠤᠭᠠᠨ ᠢᠶᠠᠷ ᠭᠠᠩᠬᠤᠵᠣ᠂ ᠡᠯᠳᠡᠪ ᠵᠢᠮᠢᠰ ᠦᠩᠭᠡ ᠢᠯᠭᠠᠷᠠᠨ ᠪᠦᠩᠵᠢᠬᠢᠨᠡᠨ᠎ᠡ᠃ ᠭᠤᠷ ᠤᠨ ᠲᠠᠪᠠᠭᠠᠨ ᠤ ᠱᠠᠭᠠᠷᠠᠭ ᠤᠨ ᠣᠢ ᠪᠠᠷ ᠬᠡᠳᠦᠨ ᠪᠣᠷᠣ ᠬᠦᠷᠦᠭᠡᠰᠦ ᠨᠠᠮᠪᠠᠳᠠᠶᠢᠬᠠᠨ ᠰᠦᠯᠵᠢᠵᠦ᠂ ᠴᠢᠯᠦᠭᠡᠳᠡᠢ ᠢᠳᠡᠰᠢᠯᠡᠬᠦ ᠬᠠᠷᠠᠭᠳᠠᠨ᠎ᠠ᠃     ᠠᠯᠣᠰ ᠲᠤ᠄ ᠭᠤᠷ ᠤᠨ ᠲᠠᠪᠠᠭ᠎ᠠ᠂ ᠭᠤᠷᠳᠣ ᠶᠢᠨ ᠬᠦᠨᠳᠡᠢ ᠲᠠᠢ ᠬᠤᠯᠪᠣᠯᠳᠣᠭᠰᠠᠨ ᠣᠯᠠᠨ ᠲᠠᠪᠬᠤᠷ ᠠᠭᠤᠯᠠᠰ ᠂ ᠬᠦᠬᠡᠷᠡᠨ ᠴᠡᠩᠬᠡᠷᠳᠦᠭᠰᠡᠭᠡᠷ ᠲᠡᠭᠷᠢ ᠶᠢᠨ ᠬᠢᠵᠠᠭᠠᠷ ᠲᠤ ᠠᠭᠤᠰᠣᠨ᠎ᠠ᠃ ᠬᠦᠭᠡᠮᠳᠦᠭ ᠠᠭᠤᠯᠠᠰ ᠤᠨ ᠨᠠᠭᠠᠭᠤᠷᠬᠢ ᠬᠦᠨᠳᠡᠢ ᠶᠢᠨ ᠰᠢᠯᠢ ᠪᠠᠷ ᠵᠡᠭᠡᠷ᠎ᠡ ᠶᠢᠨ ᠰᠦᠷᠦᠭ ᠢᠯᠡᠷᠡᠨ᠎ᠡ᠃ ᠭᠤᠪᠢ ᠲᠣᠯᠣᠭᠠᠳ ᠲᠠᠮᠵᠢᠨ ᠨᠠᠭᠠᠰᠢᠯᠠᠬᠤ ᠰᠦᠷᠦᠭ ᠰᠦᠷᠦᠭ ᠵᠡᠭᠡᠷ᠎ᠡ᠂ ᠬᠠᠶᠠ ᠲᠠᠯᠳᠠ ᠣᠷᠣᠵᠣ᠂ ᠬᠠᠶᠠ ᠢᠯᠡ ᠬᠠᠷᠠᠭᠳᠠᠨ᠎ᠠ᠃    ︵ᠬᠦᠰᠢᠭᠡ ᠪᠠᠭᠤᠨ᠎ᠠ︶      ᠵᠤᠬᠢᠶᠠᠬᠴᠢ᠄ ᠴᠦᠯᠬᠦᠳ ᠴᠠᠭᠠᠨ      ᠬᠠᠶ᠋ᠢᠭ᠄ ᠵᠠᠯᠠᠶᠢᠤᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号