︽ᠨᠤᠮ ᠪᠤᠯ ᠶᠢᠷᠳᠢᠨᠴᠥ ᠶᠢ ᠬᠠᠷᠠᠬᠤ ᠴᠤᠩᠬᠤ ᠮᠥᠨ︾᠂ ︽ᠨᠤᠮ ᠪᠤᠯ ᠬᠥᠮᠥᠨ ᠲᠥᠷᠥᠯᠬᠢᠳᠡᠨ ᠤ ᠭᠡᠪ | ᠪᠤᠯᠪᠠᠰᠤᠷᠠᠯ ᠢᠶᠠᠨ ᠲᠡᠭᠡᠭᠰᠢᠯᠡᠬᠦᠯᠬᠦ ᠱᠠᠳᠤ ᠮᠥᠨ︾ ᠭᠡᠬᠦ ᠮᠡᠳᠥ ᠶᠢᠨ ᠤᠯᠠᠨ ᠵᠥᠢᠯ ᠤᠨ ᠨᠤᠮ ᠤᠨ ᠲᠤᠬᠠᠢ ᠰᠠᠶᠢᠬᠠᠨ | ᠬᠡᠯᠡᠴᠡ ᠪᠠᠶᠢᠳᠠᠭ᠃ ᠲᠡᠶᠢᠮᠥ ᠡ᠂ ᠨᠤᠮ ᠤᠩᠰᠢᠬᠤ ᠨᠢ ᠤᠯᠠᠨ ᠰᠠᠶᠢᠨ ᠲᠠᠢ ᠲᠠᠯ᠎ᠠ ᠪᠠᠶᠢᠳᠠᠭ᠃ | ᠨᠤᠮ ᠤᠩᠰᠢᠬᠤ ᠨᠢ ᠶᠠᠭᠤᠨ ᠤ ᠡᠮᠥᠨ᠎ᠡ ᠬᠥᠮᠥᠨ ᠤ ᠲᠤᠳᠤᠭᠠᠳᠤ ᠰᠡᠳᠭᠢᠯᠭᠡ ᠶᠢ ᠲᠠᠶᠢᠪᠦᠰᠢᠷᠠᠭᠤᠯᠦᠨ | ᠬᠥᠮᠥᠨ ᠢ ᠥᠢᠮᠡᠭᠡᠨ ᠲᠡᠪᠵᠢᠶᠡᠨ ᠲᠠᠢ ᠠᠮᠢᠳᠤᠷᠠᠯ ᠠᠴᠠ ᠰᠠᠯᠭᠠᠵᠤ᠂ ᠥᠭᠡᠷ᠎ᠡ ᠨᠢᠭᠡᠨ ᠨᠠᠮ ᠰᠡᠯᠡᠭᠦᠥ ᠶᠢᠷᠳᠢᠨᠴᠥ ᠳᠤ | ᠬᠥᠳᠥᠯᠥᠨ ᠤᠷᠤᠭᠤᠯᠳᠠᠭ᠃ ᠪᠠᠰᠠ ᠬᠥᠮᠥᠨ ᠤ ᠲᠡᠰᠪᠥᠷᠢ ᠲᠡᠪᠴᠢᠶᠡᠷᠢ ᠶᠢ ᠪᠤᠯᠪᠠᠰᠤᠷᠠᠭᠤᠯᠤᠨ᠂ ᠠᠵᠢᠯ ᠬᠢᠬᠦ ᠳᠤ | ᠠᠩᠬᠠᠷᠤᠯ ᠢ ᠲᠥᠪᠯᠡᠷᠡᠭᠦᠯᠬᠦ ᠥᠢᠯᠡᠳᠥᠯ ᠲᠠᠢ᠃ ᠮᠢᠨᠥ ᠨᠤᠮ ᠳᠤ ᠪᠠᠬ᠎ᠠ ᠲᠠᠢ ᠪᠤᠯᠤᠭᠰᠠᠨ ᠨᠢ ᠨᠢᠭᠡ ᠤᠳᠠᠭᠠᠨ ᠤ | ᠤᠴᠢᠷ ᠠᠴᠠ ᠪᠤᠯᠤᠭᠰᠠᠨ ᠶᠤᠮ ᠡ᠃ ᠬᠡᠷᠪᠡ ᠲᠡᠶᠢᠮᠥ ᠪᠢᠰᠢ ᠪᠤᠯ ᠪᠢ ᠥᠨᠥ ᠪᠤᠯᠳᠠᠯ᠎ᠠ ᠨᠤᠮ ᠤᠩᠰᠢᠬᠤ ᠶᠢᠨ ᠠᠮᠳᠠ | ᠰᠢᠮᠳᠡ ᠶᠢ ᠤᠯᠵᠤ ᠮᠡᠳᠡᠬᠦ ᠥᠭᠡᠢ ᠮᠠᠭᠠᠳ᠃ ᠪᠢ ᠪᠠᠭ᠎ᠠ ᠪᠠᠶᠢᠬᠤ ᠳᠤ ᠠᠮᠠᠷᠠᠯᠳᠠ ᠪᠠᠷ ᠡᠮᠡᠭᠡ ᠶᠢᠨ ᠳᠤ ᠪᠠᠨ | ᠤᠴᠢᠭᠰᠠᠨ᠂ ᠮᠢᠨᠥ ᠡᠮᠡᠭᠡ ᠪᠤᠯ ᠤᠶᠢᠷ᠎ᠠ ᠬᠠᠪᠢ ᠳᠤ ᠪᠠᠨ ᠨᠡᠷᠡᠳᠡᠢ ᠨᠤᠮ ᠤᠩᠰᠢᠳᠠᠭ ᠬᠥᠮᠥᠨ ᠪᠠᠶᠢᠭᠰᠠᠨ᠂ | ᠡᠮᠡᠭᠡ ᠶᠢᠨ ᠭᠡᠷ ᠤᠨ ᠨᠢᠭᠡ ᠥᠷᠥᠭᠡ ᠨᠢ ᠪᠥᠷ ᠨᠤᠮ᠂ ᠪᠠᠷᠤᠭ ᠨᠤᠮ ᠲᠠᠯᠪᠢᠳᠠᠭ ᠥᠷᠥᠭᠡ ᠪᠤᠯᠭᠠᠭᠰᠠᠨ ᠪᠠᠶᠢᠬ᠎ᠠ᠃ | ᠡᠮᠡᠭᠡ ᠠᠵᠢᠯ ᠢᠶᠠᠨ ᠬᠢᠵᠤ ᠪᠠᠷᠠᠭᠠᠳ ᠪᠠᠭ᠎ᠠ ᠯᠡ ᠴᠢᠯᠥᠭᠡ ᠭᠠᠷᠤᠭᠰᠠᠭᠠᠷ ᠯᠡ ᠲᠡᠷᠡ ᠥᠷᠥᠭᠡᠨ ᠳᠤ ᠪᠠᠨ ᠤᠷᠤᠵᠤ | ᠨᠤᠮ ᠤᠡᠭᠰᠢᠵᠦ᠂ ᠡᠳᠥᠷ ᠨᠢ ᠮᠠᠯ ᠳᠤ ᠪᠠᠨ ᠶᠠᠪᠤᠭᠰᠠᠨ ᠴᠦ ᠨᠢᠭᠡ ᠬᠤᠶᠠᠷ ᠨᠤᠮ ᠪᠤᠭᠴᠤᠨ ᠳᠤ ᠪᠠᠨ ᠬᠢᠭᠡᠳ | ᠶᠠᠪᠤᠳᠠᠭ ᠶᠤᠮ᠃ ᠵᠠᠷᠢᠮ ᠳᠤ ᠪᠠᠨ ᠨᠠᠳᠠ ᠳᠤ ︽ᠬᠡᠷᠪᠡ ᠡᠨᠡ ᠲᠡᠯᠡᠬᠡᠢ ᠲᠡᠭᠡᠷ᠎ᠡ ᠨᠤᠮ ᠥᠭᠡᠢ ᠪᠤᠯ ᠪᠢ ᠶᠠᠭᠤᠨ ᠤ | ᠲᠥᠯᠥᠭᠡ ᠠᠮᠢᠳᠤᠷᠠᠵᠤ ᠪᠠᠶᠢᠬᠤ ᠪᠠᠨ ᠮᠡᠳᠡᠬᠦ ᠥᠭᠡᠢ ᠪᠤᠯᠤᠨ᠎ᠠ︾ ᠭᠡᠵᠤ ᠬᠡᠯᠡᠳᠡᠭ᠃ ᠡᠮᠡᠭᠡ ᠬᠥᠳᠡᠭᠡ ᠰᠠᠭᠤᠳᠠᠭ | ᠪᠤᠯᠬᠤᠷ ᠤᠯᠠᠨ ᠰᠠᠶᠢᠬᠠᠨ ᠨᠠᠭᠠᠳᠤᠮ᠂ ᠭᠠᠷ ᠤᠳᠠᠰᠤ ᠭᠡᠵᠤ ᠪᠠᠶᠢᠬᠤ ᠥᠭᠡᠢ ᠵᠥᠪᠬᠡᠨ ᠲᠤᠭᠤᠰᠤ ᠤᠳᠤᠬᠠᠨ ᠳᠤ | ᠰᠢᠷᠠᠯᠠᠭᠰᠠᠨ ᠨᠠᠶᠠᠭᠠᠳ ᠤᠨ ᠤ ᠥᠶ᠎ᠡ ᠶᠢᠨ ᠵᠤᠵᠠᠭᠠᠨ ᠲᠧᠯᠸᠢᠰ ᠪᠠᠶᠢᠨ᠎ᠠ᠃ ᠬᠡᠥᠬᠡᠳ ᠤᠨ ᠵᠥᠴᠥᠭᠡ ᠴᠦ | ᠲᠤᠭ᠎ᠠ ᠲᠠᠢ᠂ ᠲᠤᠭᠳᠠᠭᠰᠠᠨ ᠴᠠᠭ ᠲᠤ ᠪᠠᠨ ᠭᠠᠷᠳᠠᠭ ᠪᠤᠯᠬᠤᠷ ᠪᠢ ᠲᠤᠩ ᠤᠷᠮ᠎ᠠ ᠥᠭᠡᠢ ᠪᠠᠶᠢᠪᠠ᠃ | ᠵᠠᠷᠢᠮ ᠳᠤ ᠪᠠᠨ ᠨᠢᠭᠡ ᠥᠳᠡ ᠶᠢᠨ ᠬᠤᠶᠢᠨ᠎ᠡ ᠮᠡᠯᠡᠷᠡᠭᠡᠳ ᠰᠠᠭᠤᠴᠢᠬᠠᠳᠠᠭ ᠵᠠᠷᠢᠮ ᠳᠤ ᠪᠠᠨ ᠬᠤᠷᠤᠭᠤ | ᠭᠠᠷ ᠢᠶᠠᠷ ᠢᠶᠠᠨ ᠨᠠᠭᠠᠳᠴᠥ ᠴᠠᠭ ᠥᠩᠭᠡᠷᠡᠭᠡᠳᠡᠭ ᠪᠢ ᠲᠤᠳᠤᠷ᠎ᠠ ᠪᠠᠨ ᠠᠷᠪᠠᠨ ᠬᠡᠳᠥᠨ ᠡᠳᠥᠷ ᠬᠤᠷᠳᠤᠨ | ᠥᠩᠭᠡᠷᠡᠭᠡᠰᠡᠢ ᠢᠩᠭᠢᠪᠡᠯ ᠪᠢ ᠠᠪᠤ ᠡᠵᠢ ᠳᠤ ᠪᠠᠨ ᠤᠴᠢᠵᠤ ᠠᠮᠳᠠᠳᠤ ᠰᠠᠶᠢᠬᠠᠨ ᠬᠤᠭᠤᠯᠠ ᠶᠢ ᠲᠠᠭᠠᠳᠠᠶᠢᠬᠠᠨ | ᠢᠳᠡᠴᠢᠭᠡᠭᠡᠳ ᠭᠠᠷ ᠤᠳᠠᠰᠤ ᠪᠠᠷ ᠢᠶᠠᠨ ᠬᠠᠨᠳᠠᠯ᠎ᠠ ᠨᠠᠭᠠᠳᠬᠤ ᠶᠤᠮ ᠰᠠᠨ ᠭᠡᠵᠤ ᠪᠤᠳᠤᠪᠠ᠃ ᠠᠮᠠᠷᠠᠯᠳᠠ ᠶᠢᠨ | ᠭᠤᠷᠪᠠᠳᠤᠭᠠᠷ ᠡᠳᠥᠷ ᠪᠢ ᠬᠡᠥᠬᠡᠳ ᠤᠨ ᠵᠥᠴᠥᠭᠡ ᠪᠠᠨ ᠥᠵᠡᠵᠤ ᠪᠠᠷᠠᠭᠠᠳ ᠤᠷᠮ᠎ᠠ ᠥᠭᠡᠢ ᠬᠡᠪᠳᠡᠵᠤ ᠪᠠᠶᠢᠳᠠᠯ᠎ᠠ | ᠡᠮᠡᠭᠡ ᠲᠡᠷᠭᠡᠳᠡ ᠢᠷᠡᠴᠢᠭᠡᠭᠡᠳ ︽ᠮᠢᠨᠥ ᠬᠥᠥ ᠡᠮᠡᠭᠡ ᠪᠠᠨ ᠲᠠᠭᠠᠭᠠᠳ ᠢᠷ᠎ᠡ︾ ᠭᠡᠳ ᠮᠢᠨᠥ ᠡᠮᠤᠨ᠎ᠠ | ᠮᠠᠶᠢᠵᠢᠭᠢᠨᠠᠭᠰᠠᠭᠠᠷ ᠥᠨᠥ ᠨᠤᠮ ᠤᠨ ᠥᠷᠥᠭᠡᠨ ᠳᠤ ᠪᠠᠨ ᠤᠷᠤᠭᠠᠳ ᠨᠢᠭᠡ ᠬᠡᠥᠬᠡᠳ ᠤᠨ ᠥᠯᠢᠭᠡᠷ ᠤᠨ ᠨᠤᠮ | ᠠᠪᠴᠥ ︽ᠡᠭᠦᠨ ᠢ ᠤᠩᠰᠢᠵᠤ ᠥᠵᠡ ᠶᠡᠭᠡ ᠭᠤᠶᠤ ᠰᠢᠥ︾ ᠭᠡᠵᠤ ᠨᠠᠳᠠ ᠳᠤ ᠤᠷᠤᠭᠤ ᠰᠢᠷᠳᠡᠨ᠎ᠡ᠃ ︽ᠨᠤᠮ | ᠶᠠᠭᠤ ᠨᠢ ᠭᠤᠶᠤ ᠪᠤᠢ᠂ ᠶᠠᠮᠠᠷ ᠠᠮᠳᠠ ᠰᠢᠮᠳᠠ ᠲᠠᠢ ᠪᠤᠯᠴᠢᠬᠠᠪᠠ︖ ᠤᠩᠰᠢᠭᠠᠳ ᠪᠠᠷᠠᠪᠠᠯ ᠮᠠᠷᠳᠠᠴᠢᠬᠠᠬᠤ | ᠶᠠᠭᠤᠮ᠎ᠠ ᠶᠢ ᠥᠵᠡᠬᠦ ᠪᠠᠷ ᠢᠶᠠᠨ ᠭᠠᠳᠠᠨ᠎ᠠ ᠭᠠᠷᠤᠭᠠᠳ ᠲᠤᠭᠯᠠᠬᠤ ᠨᠢ ᠡᠭᠦᠨ ᠠᠴᠠ ᠲᠡᠭᠡᠷ᠎ᠡ︾ ᠭᠡᠬᠦ ᠳᠤ ᠡᠮᠡᠭᠡ ︽ | ᠢᠳᠡᠭᠡᠬᠦ ᠥᠭᠡᠢ ᠪᠤᠯ ᠴᠢ ᠨᠢᠭᠡ ᠤᠩᠰᠢᠭᠠᠳ ᠥᠵᠡᠴᠢᠭᠡ ᠳ᠋ᠠ᠂ ᠬᠡᠷᠪᠡ ᠤᠩᠰᠢᠭᠠᠳ ᠤᠶᠢᠯᠠᠭᠠᠪᠠᠯ ᠴᠢᠨᠥ ᠲᠡᠷᠡ | ᠠᠯᠢ ᠠᠮᠳᠠ ᠲᠠᠢ ᠨᠤᠭᠤᠭ᠎ᠠ ᠪᠤᠳᠠᠭ᠎ᠠ ᠠᠴᠠ ᠴᠢᠨᠢ ᠠᠮᠳᠠᠳᠠᠢ ᠰᠢᠥ︾ ᠭᠡᠪᠡ᠂ ᠠᠩᠬ᠎ᠠ ᠡᠬᠢᠨ ᠳᠤ ᠪᠠᠨ ᠪᠢ ᠢᠳᠡᠭᠡᠬᠦ | ᠥᠭᠡᠢ ᠪᠠᠶᠢᠬᠰᠠᠨ᠂ ᠭᠡᠪᠡᠴᠦ ᠪᠤᠰᠤᠳ ᠬᠢᠬᠦ ᠤᠴᠢᠷ ᠥᠭᠡᠢ ᠶᠤᠮ ᠴᠢᠨᠢ ᠤᠩᠰᠢᠭᠠᠳ ᠥᠵᠡᠴᠢᠭᠡᠶᠡ ᠭᠡᠳ ᠰᠢᠷᠡᠭᠡᠨ | ᠲᠡᠭᠡᠷ᠎ᠡ ᠪᠠᠶᠢᠭᠰᠠᠨ ᠥᠨᠥ ᠨᠤᠮ ᠢ ᠨᠢ ᠠᠪᠤᠭᠠᠳ ᠤᠩᠰᠢᠪᠠ᠃ ᠡᠬᠢᠯᠡᠭᠡᠳ ᠪᠢ ᠲᠤᠷ᠎ᠠ ᠮᠠᠭᠤᠳᠠᠶᠢᠬᠠᠨ | ᠤᠪᠤᠷ ᠢᠶᠠᠷ ᠢᠶᠠᠨ ᠵᠥᠪᠬᠡᠨ ᠨᠢᠭᠤᠷ ᠲᠡᠭᠡᠷᠡᠬᠢ ᠵᠢᠷᠤᠭ ᠢ ᠨᠢ ᠥᠵᠡᠭᠡᠳ ᠨᠠᠰᠢ ᠴᠠᠭᠠᠰᠢ ᠤᠷᠪᠠᠭᠤᠯᠵᠤ ᠠᠷᠭ᠎ᠠ | ᠠᠭᠠᠰᠢ ᠪᠠᠷᠠᠵᠤ ᠪᠠᠶᠢᠳᠠᠯ᠎ᠠ ᠡᠮᠡᠭᠡ ᠬᠠᠵᠠᠭᠤ ᠳᠤ ᠢᠷᠡᠵᠦ ᠨᠤᠮ ᠢ ᠠᠪᠤᠨ ᠪᠠᠷᠢᠭᠠᠳ ᠤᠩᠰᠢᠬᠤ ᠳᠤ ᠠᠮᠳᠠ ᠥᠭᠡᠢ | ᠪᠠᠶᠢᠳᠠᠭ ᠭᠡᠪᠡᠴᠥ ᠤᠩᠰᠢᠬᠤ ᠲᠤᠳᠤᠮ ᠤᠴᠢᠷ ᠤᠬᠠᠭᠠᠨ ᠢ ᠨᠢ ᠤᠶᠢᠯᠠᠭᠠᠵᠤ ᠠᠮᠳᠠᠨ ᠳᠤ ᠨᠢ ᠤᠷᠤᠴᠢᠬᠠᠳᠠᠭ︾ | ᠤᠷᠮᠠᠳᠠᠶᠢᠬᠠᠨ ᠶᠠᠷᠢᠵᠦ ᠪᠠᠶᠢᠯ᠎ᠠ᠃ ᠪᠢ ᠡᠨᠡ ᠨᠤᠮ ᠲᠤᠳᠤᠷᠠᠬᠢ ᠬᠥᠮᠥᠨ ᠶᠠᠭᠠᠬᠢᠵᠤ ᠢᠩᠭᠢᠵᠤ ᠬᠢᠭᠰᠡᠨ ᠪᠤᠯ︖ | ᠶᠠᠭᠤ ᠭᠡᠵᠤ ᠢᠩᠭᠢᠵᠤ ᠬᠢᠭᠰᠡᠨ ᠪᠤᠯ᠂ ᠶᠠᠮᠠᠷ ᠱᠤᠭ ᠲᠠᠢ ᠪᠤᠢ ᠭᠡᠵᠤ ᠪᠤᠳᠤᠬᠤ ᠲᠤᠳᠤᠮ ᠲᠤᠭᠤᠭᠰᠢ ᠪᠠᠨ | ᠤᠩᠰᠢᠭᠰᠠᠭᠠᠷ ᠪᠠᠶᠢᠳᠠᠯ᠎ᠠ ᠤᠷᠤᠢ ᠪᠤᠯᠴᠢᠬᠠᠪᠠ ᠮᠢᠨᠥ ᠡᠨᠡ ᠪᠠᠶᠢᠳᠠᠯ ᠢ ᠥᠵᠡᠭᠰᠡᠨ ᠡᠮᠡᠭᠡ ᠶᠡᠬᠡᠳᠡ ᠪᠠᠶᠠᠷᠯᠠᠨ ︽ᠮᠢᠨᠥ | ᠬᠥᠥ ᠤᠳᠤ ᠬᠤᠭᠤᠯᠠ ᠪᠠᠨ ᠢᠳᠡ ᠭᠡᠰᠡᠨ ᠳᠤ︾ ᠪᠢ ︽ᠬᠥᠯᠢᠶᠡᠵᠤ ᠪᠠᠢ ᠲᠠᠬᠢᠭᠠᠳ ᠵᠢᠭᠠᠬᠠᠨ ᠥᠵᠡᠶ᠎ᠡ︾ ᠭᠡᠳ | ᠵᠠᠯᠭᠠᠭᠠᠳ ᠤᠩᠰᠢᠵᠤ ᠰᠠᠭᠤᠨ᠎ᠠ᠃ ᠡᠮᠡᠭᠡ ︽ᠬᠤᠭᠤᠯᠠ ᠬᠥᠷᠬᠦ ᠠᠴᠠ ᠡᠮᠥᠨ᠎ᠡ ᠢᠳᠡ᠂ ᠥᠯᠥᠰᠴᠢᠭᠡᠳ ᠢᠳᠡᠪᠡᠯ | ᠪᠡᠶ᠎ᠡ ᠳᠤ ᠮᠠᠭᠤ︾ ᠭᠡᠳ ᠨᠠᠮ᠎ᠠ ᠶᠢ ᠲᠠᠳᠠᠨ ᠪᠤᠰᠬᠠᠪᠠ᠃ ᠪᠢ ᠨᠤᠮ ᠳᠤ ᠪᠠᠨ ᠲᠠᠳᠠᠭᠠᠯᠵᠠᠭᠰᠠᠭᠠᠷ ᠬᠤᠭᠤᠯᠠ ᠪᠠᠨ | ᠢᠳᠡᠬᠦ ᠳᠤ ᠪᠠᠨ ᠵᠠᠵᠢᠯᠠᠭᠰᠠᠨ ᠴᠦ ᠥᠭᠡᠢ ᠪᠥᠬᠦᠯᠢ ᠬᠠᠭ᠋ᠤᠯ ᠢᠶᠠᠷ ᠨᠢ ᠵᠠᠯᠭᠢᠨ ᠤᠷᠤᠭᠤᠯᠵᠤ ᠬᠤᠷᠳᠤᠬᠠᠨ ᠪᠠᠷᠠᠭᠠᠳ | ᠨᠤᠮ ᠢᠶᠠᠨ ᠥᠵᠡᠬᠦ ᠪᠠᠷ ᠶᠠᠪᠤᠪᠠ᠃ | ᠨᠢᠭᠡ ᠤᠳᠠᠭ᠎ᠠ ᠪᠢ ᠤᠩᠰᠢᠵᠤ ᠪᠠᠷᠠᠭᠰᠠᠨ ᠨᠤᠮ ᠢᠶᠠᠨ ᠲᠤᠷ᠎ᠠ ᠪᠠᠷ ᠬᠠᠶᠠᠴᠢᠬᠠᠪᠠ᠂ ᠡᠮᠡᠭᠡ ᠡᠭᠦᠨ ᠢ ᠬᠠᠷᠠᠭᠠᠳ | ᠶᠡᠭᠡ ᠠᠭᠤᠷᠯᠠᠨ ︽ᠨᠤᠮ ᠢ ᠲᠤᠷ᠎ᠠ ᠪᠠᠷ ᠬᠠᠶᠠᠵᠤ ᠪᠤᠯᠬᠤ ᠥᠭᠡᠢ᠂ ᠨᠤᠮ ᠪᠤᠯ ᠡᠷᠬᠢᠮ ᠲᠡᠭᠡᠳᠥ ᠥᠪ ᠬᠥᠷᠥᠩᠭᠡ᠂ | ᠨᠤᠮ ᠢ ᠵᠠᠪᠠᠯ ᠲᠡᠭᠡᠷ᠎ᠡ ᠲᠠᠯᠪᠢᠵᠤ ᠰᠠᠶᠢᠬᠠᠨ ᠬᠠᠳᠠᠭᠠᠯᠠᠬᠤ ᠬᠡᠷᠡᠭᠳᠡᠢ︾ ᠭᠡᠪᠡ᠃ ᠪᠢ ᠡᠮᠡᠭᠡ ᠶᠢᠨ ᠢᠩᠭᠢᠵᠤ | ᠠᠭᠤᠷᠯᠠᠬᠤ ᠶᠢ ᠠᠩᠬ᠎ᠠ ᠤᠳᠠᠭ᠎ᠠ ᠬᠠᠷᠠᠵᠤ ᠪᠠᠶᠢᠭ᠎ᠠ ᠪᠤᠯᠬᠤᠷ ᠠᠶᠤᠭᠠᠳ ᠳᠠᠷᠠ ᠲᠤᠤᠷ᠎ᠠ ᠪᠠᠨ ᠤᠭᠢᠯᠠᠴᠢᠬᠠᠪᠠ᠃ | ᠲᠡᠭᠦᠨ ᠠᠴᠠ ᠬᠤᠶᠢᠰᠢ ᠨᠤᠮ ᠢᠶᠠᠨ ᠤᠩᠰᠢᠵᠤ ᠪᠠᠷᠠᠭᠰᠠᠭᠠᠷ ᠨᠤᠮ ᠤᠨ ᠬᠤᠷᠤᠭᠠᠠ ᠳᠤ ᠤᠭ ᠤᠷᠤᠨ ᠳᠤᠨᠢ | ᠲᠠᠯᠪᠢᠬᠤ ᠪᠤᠯᠪᠠ᠃ ᠠᠷᠪᠠᠨ ᠡᠳᠥᠷ ᠨᠢᠰᠬᠦ ᠮᠡᠳᠥ ᠬᠤᠷᠳᠤᠨ ᠥᠩᠭᠡᠷᠡᠭᠰᠡᠨ ᠰᠢᠭ ᠰᠠᠨᠠᠭᠳᠠᠯ᠎ᠠ ᠪᠢ ᠶᠠᠪᠤᠬᠤ ᠲᠤᠷ᠎ᠠ | ᠥᠭᠡᠢ ᠪᠤᠯᠬᠤ ᠳᠤ ᠡᠮᠡᠭᠡ ᠨᠠᠳᠠ ᠳᠤ ᠲᠠᠪᠤᠨ ᠨᠤᠮ ᠥᠭᠴᠥ᠂ ᠲᠠᠷᠠᠭ᠎ᠠ ᠤᠳᠠᠭ᠎ᠠ ᠢᠷᠡᠬᠦ ᠳᠤ ᠪᠠᠨ ᠤᠩᠰᠢᠵᠤ | ᠪᠠᠷᠠᠭᠠᠳ ᠠᠪᠤᠭᠠᠳ ᠢᠷᠡᠨ᠎ᠡ ᠰᠢᠥ ᠭᠡᠳ ᠨᠠᠮ᠎ᠠ ᠶᠢ ᠲᠡᠷᠭᠡᠨ ᠳᠤ ᠰᠠᠭᠤᠯᠭᠠᠪᠠ᠃ ᠪᠢ ᠰᠤᠷᠭᠠᠭᠤᠯᠢ ᠳᠤ ᠤᠴᠢᠭᠰᠠᠨ | ᠴᠦ ᠴᠠᠭ ᠭᠠᠷᠤᠭᠰᠠᠭᠠᠷ ᠥᠨᠥᠬᠢ ᠨᠤᠮ ᠢᠶᠠᠨ ᠤᠩᠰᠢᠳᠠᠭ ᠪᠤᠯᠤᠬᠰᠠᠨ ᠮᠦᠷᠲᠡᠭᠡᠨ ᠭᠡᠷ ᠲᠤ ᠪᠠᠨ ᠬᠠᠷᠢᠭᠰᠠᠨ ᠴᠦ | ᠲᠠᠰᠬᠠᠯ ᠢᠶᠠᠨ ᠪᠠᠷᠠᠭᠰᠠᠭᠠᠷ ᠥᠨᠥ ᠨᠤᠮ ᠢᠶᠠᠨ ᠤᠩᠰᠢᠳᠠᠭ ᠪᠤᠯᠪᠠ᠃ ᠡᠭᠦᠨ ᠠᠴᠠ ᠬᠤᠶᠢᠰᠢ ᠪᠢ ᠨᠤᠮ ᠳᠤ | ᠬᠤᠷᠤᠬᠠᠢ ᠲᠠᠢ ᠪᠤᠯᠤᠬᠰᠠᠨ ᠭᠡᠵᠦ ᠡᠨᠡ ᠠᠵᠢ᠃ | ᠲᠡᠷᠡ ᠵᠤᠨ ᠡᠮᠡᠭᠡ ᠶᠢᠨ ᠮᠢᠨᠢ ᠪᠡᠶ᠎ᠡ ᠮᠠᠭᠤᠳᠠᠵᠦ ᠡᠮᠨᠡᠯᠭᠡ ᠳᠤ ᠤᠷᠤᠪᠠ᠃ ᠪᠢ ᠡᠷᠭᠢᠬᠦ ᠪᠠᠷ ᠤᠴᠢᠬᠤ ᠳᠤ | ᠡᠮᠡᠭᠡ ᠬᠡᠪᠳᠡᠴᠢᠭᠡᠳ ᠨᠤᠮ ᠤᠩᠰᠢᠵᠤ ᠪᠠᠶᠢᠪᠠ᠃ ᠮᠢᠨᠥ ᠢᠷᠡᠭᠰᠡᠨ ᠢ ᠥᠵᠡᠭᠡᠳ ︽ᠬᠥᠥ ᠮᠢᠨᠢ ᠨᠠᠰᠢ ᠢᠷ᠎ᠡ | ᠡᠮᠡᠭᠡ ᠨᠢ ᠡᠨᠡ ᠥᠰᠥᠭ ᠢ ᠤᠯᠵᠤ ᠬᠠᠷᠠᠬᠤ ᠥᠭᠡᠢ ᠪᠠᠶᠢᠨ᠎ᠠ︾ ᠭᠡᠳ ᠨᠠᠳᠠ ᠳᠤ ᠨᠤᠮ ᠢᠶᠠᠨ ᠥᠭᠪᠡ᠃ ᠪᠢ | ᠨᠤᠮ ᠢ ᠪᠠᠷᠢᠵᠤ ᠠᠪᠬᠤ ᠳᠤ ᠭᠠᠳᠠᠷ ᠨᠢ ᠪᠥᠷ ᠤᠷᠤᠴᠢᠬᠠᠭᠰᠠᠨ ᠪᠠᠶᠢᠪᠠ᠃ ᠲᠡᠭᠦᠨ ᠠᠴᠠ ᠬᠤᠶᠢᠰᠢ ᠪᠢ ᠢᠷᠡᠬᠦ | ᠪᠤᠯᠭᠠᠨ ᠡᠮᠡᠭᠡ ᠳᠤ ᠪᠠᠨ ᠨᠤᠮ ᠤᠩᠰᠢᠵᠤ ᠥᠭᠳᠡᠭ ᠪᠤᠯᠪᠠ᠃ ᠡᠮᠡᠭᠡ ᠨᠠᠳᠠ ᠶᠢ ᠥᠵᠡᠭᠰᠡᠭᠡᠷ ᠨᠢᠭᠤᠷ ᠲᠤ ᠨᠢ | ᠢᠨᠢᠶᠡᠳᠥ ᠲᠥᠭᠦᠷᠡᠩ ᠪᠤᠯᠵᠤ ᠢᠷᠡᠳᠡᠭ᠃ ᠲᠡᠷᠡ ᠨᠢᠭᠡ ᠡᠳᠥᠷ ᠡᠮᠡᠭᠡ ᠶᠢᠨ ᠡᠪᠡᠳᠴᠢᠨ ᠬᠥᠨᠳᠥᠷᠡᠭᠰᠡᠨ ᠳᠤ | ᠨᠠᠳᠠ ᠳᠤ ︽ᠪᠢ ᠪᠠᠰᠠ ᠤᠯᠠᠨ ᠨᠤᠮ ᠤᠩᠰᠢᠵᠤ ᠪᠠᠷᠠᠭᠠᠳᠥᠢ ᠰᠢᠥ︾ ᠭᠡᠵᠤ ᠬᠡᠯᠡᠪᠡ᠃ ᠪᠢ ᠲᠤᠳᠤᠷ᠎ᠠ ᠪᠠᠨ | ᠬᠥᠮᠥᠨ ᠨᠤᠮ ᠤᠩᠰᠢᠭᠠᠳ ᠬᠥᠷᠥᠨ᠎ᠡ ᠭᠡᠰᠡᠨ ᠥᠨᠡᠬᠡᠷ ᠭᠠᠶᠢᠬᠠᠮᠰᠢᠭ ᠡ ᠭᠡᠵᠤ ᠪᠤᠳᠤᠪᠠ᠃ ᠠᠮᠢ ᠨᠠᠰᠤᠨ ᠤ ᠪᠠᠨ | ᠡᠴᠥᠰ ᠤᠨ ᠮᠥᠴᠡ ᠳᠤ ᠪᠠᠰᠠ ᠨᠤᠮ ᠢᠶᠠᠨ ᠤᠩᠰᠢᠬᠤ ᠶᠢ ᠰᠠᠨᠠᠳᠠᠭ ᠴᠢᠨᠢ ᠨᠤᠮ ᠤᠨ ᠬᠤᠷᠤᠬᠠᠢ ᠭᠡᠰᠡᠨ ᠯᠡ ᠥᠭᠡ᠃ | | ᠡᠮᠡᠭᠡ ᠶᠠᠪᠤᠭᠰᠠᠨ ᠤ ᠰᠡᠭᠦᠯᠡᠷ ᠪᠢ ᠡᠮᠡᠭᠡ ᠶᠢᠨ ᠨᠤᠮ ᠢ ᠪᠥᠬᠦᠨ ᠢ ᠭᠡᠷ ᠲᠤ ᠪᠠᠨ ᠵᠥᠭᠡᠭᠡᠵᠤ ᠠᠪᠠᠴᠢᠪᠠ᠃ | ᠤᠷᠤᠢ ᠨᠢ ᠤᠨᠳᠠᠬᠤ ᠳᠤ ᠪᠠᠨ ᠴᠦ ᠬᠠᠵᠠᠭᠤ ᠳᠤ ᠪᠠᠨ ᠨᠤᠮ ᠲᠠᠯᠪᠢᠳᠠᠭ ᠪᠤᠯᠪᠠ᠃ ᠮᠠᠨ ᠤ ᠪᠠᠭᠰᠢ ︽ᠨᠤᠮ ᠪᠤᠯ | ᠲᠠ ᠨᠠᠷ ᠤᠨ ᠬᠠᠮᠤᠭ ᠤᠨ ᠰᠠᠶᠢᠨ ᠨᠠᠶᠢᠵᠠ ᠨᠤᠮ ᠲᠠ ᠨᠠᠷ ᠤᠨ ᠬᠠᠮᠤᠭ ᠤᠨ ᠲᠤᠷᠠᠳᠠᠢ ᠬᠤᠭᠤᠯᠠ ᠠᠴᠠ ᠴᠢᠨᠢ ᠪᠠᠰᠠ | ᠠᠮᠳᠠᠳᠠᠢ︾ ᠭᠡᠵᠤ ᠬᠡᠯᠡᠳᠡᠭ ᠢᠩᠭᠢᠵᠤ ᠬᠡᠯᠡᠬᠦ ᠶᠢ ᠰᠤᠨᠤᠰᠬᠤ ᠪᠥᠷᠢ ᠡᠮᠡᠭᠡ ᠪᠠᠨ ᠰᠠᠨᠠᠭᠠᠨ ᠳᠤ ᠤᠷᠤᠳᠠᠭ᠃ ᠴ᠊ · | ᠲᠠᠮᠳᠢᠨᠰᠥᠷᠥᠩ ᠭᠤᠸᠠᠢ ︽ᠨᠤᠮ ᠤᠨ ᠤᠳᠬ᠎ᠠ ᠠᠨᠤ ᠲᠡᠭᠷᠢ ᠮᠡᠳᠥ ᠠᠭᠤᠤ᠂ ᠲᠠᠯᠠᠢ ᠮᠡᠳᠥ ᠠᠭᠤᠳᠠᠮ ᠠᠵᠢ᠂ ᠨᠤᠮ | ᠤᠩᠰᠢᠬᠤ ᠨᠢ ᠲᠡᠭᠷᠢ ᠳᠤ ᠨᠢᠰᠴᠥ᠂ ᠲᠠᠯᠠᠢ ᠳᠤ ᠱᠤᠩᠪᠠᠵᠤ ᠲᠡᠯᠡᠬᠡᠢ ᠪᠠᠷ ᠲᠤᠭᠤᠷᠢᠬᠤ ᠮᠡᠳᠥ︾ ᠭᠡᠵᠤ ᠬᠡᠯᠡᠵᠤ | ᠥᠩᠭᠡᠷᠡᠵᠡᠢ ᠡᠶᠢᠮᠥ ᠠᠴᠠ ᠪᠢᠳᠡ ᠵᠠᠪᠠᠯ ᠨᠤᠮ ᠲᠠᠢ ᠨᠥᠬᠦᠷᠯᠡᠨ ᠨᠤᠮ ᠲᠠᠢ ᠠᠮᠢᠳᠤᠷᠠᠨ ᠨᠤᠮ ᠢ ᠬᠥᠨᠳᠥᠯᠡᠨ | ᠲᠡᠭᠡᠳᠥᠯᠡᠵᠤ ᠶᠠᠪᠤᠬᠤ ᠬᠡᠷᠡᠭᠳᠡᠢ᠃ | ᠵᠤᠬᠢᠶᠠᠬᠴᠢ᠄ ᠴᠠᠭᠠᠨᠯᠤᠤ ︵ᠬᠥᠯᠥᠨ ᠪᠤᠶᠢᠷ ᠤᠨ ᠰᠢᠨ᠎ᠡ ᠪᠠᠷᠭᠤ ᠵᠡᠭᠦᠨ ᠬᠤᠰᠢᠭᠤᠨ ᠤ ᠨᠢᠭᠡᠳᠥᠭᠡᠷ ᠲᠤᠮᠳᠠᠳᠤ | ᠰᠤᠷᠭᠠᠭᠤᠯᠢ ᠶᠢᠨ ᠠᠩᠬ᠎ᠠ ᠭᠤᠷᠪᠠ ᠶᠢᠨ ᠲᠥᠷᠪᠡ ᠶᠢᠨ ᠰᠤᠷᠤᠭᠴᠢ︶ | ᠵᠢᠯᠤᠭᠤᠳᠤᠭᠰᠠᠨ ᠪᠠᠭᠰᠢ᠄ ᠵᠢᠮᠢᠰ |