ᠬᠦᠰᠡᠯ ᠬᠦᠭᠡᠭᠡᠴᠡᠯᠳᠦᠯ ᠦᠭᠡᠢ ᠬᠦᠮᠦᠨ ᠪᠣᠯ ᠲᠠᠯᠠᠪᠴᠢ ᠦᠭᠡᠢ ᠰᠢᠪᠠᠭᠤ᠂ ᠰᠡᠯᠢᠬᠦᠷ ᠦᠭᠡᠢ ᠤᠩᠭᠤᠴᠠ ᠲᠠᠢ | ᠠᠳᠠᠯᠢ ᠪᠤᠯᠵᠤ ᠡᠳᠦᠷ ᠬᠤᠨᠤᠭ ᠢ ᠲᠠᠯᠠᠭᠠᠷ ᠨᠦᠭᠴᠢᠭᠡᠵᠦ ᠠᠮᠢᠳᠤᠷᠠᠯ ᠤᠨ ᠤᠳᠬ᠎ᠠ ᠠᠭᠤᠯᠭ᠎ᠠ ᠪᠠᠨ ᠠᠯᠳᠠᠳᠠᠭ᠃ | ᠠᠮᠢᠳᠤᠷᠠᠯ ᠤᠨ ᠤᠴᠢᠷ ᠤᠳᠬ᠎ᠠ ᠪᠣᠯ ᠦᠪᠡᠷ ᠤᠨ ᠵᠤᠷᠢᠯᠭ᠎ᠠ ᠶᠢ ᠲᠤᠳᠤᠷᠬᠠᠶᠢᠯᠠᠵᠤ᠂ ᠲᠡᠬᠦᠨ ᠳᠤ ᠪᠠᠨ ᠪᠦᠬᠦ | ᠰᠡᠳᠬᠢᠯ ᠪᠦᠬᠦ ᠵᠤᠷᠢᠭ ᠢᠶᠠᠨ ᠵᠤᠷᠢᠭᠤᠯᠬᠤ ᠳᠤ ᠪᠤᠢ᠃ ᠵᠤᠷᠢᠯᠭ᠎ᠠ ᠨᠢ ᠬᠦᠰᠡᠯ ᠬᠦᠭᠡᠭᠡᠴᠡᠯᠳᠦᠯ ᠢ ᠵᠢᠭᠠᠵᠤ ᠪᠤᠢ᠃ | ᠬᠦᠰᠡᠯ ᠬᠦᠭᠡᠭᠡᠴᠡᠯᠳᠦᠯ ᠪᠣᠯ ᠪᠢᠳᠡᠨ ᠤ ᠠᠮᠢᠳᠤᠷᠠᠯ ᠤᠨ ᠤᠷᠤᠭᠰᠢ ᠠᠬᠢᠬᠤ ᠶᠢᠨ ᠬᠠᠷᠠᠯᠳᠠ ᠴᠢᠭᠯᠡᠬᠦᠷ ᠮᠥᠨ᠃ | ᠬᠦᠰᠡᠯ ᠬᠦᠭᠡᠭᠡᠴᠡᠯᠳᠦᠯ ᠲᠤᠳᠤᠷᠬᠠᠢ ᠪᠣᠯ ᠰᠠᠶ᠋ᠢ ᠤᠷᠤᠭᠰᠢᠯᠠᠵᠤ ᠲᠠᠪᠰᠢᠬᠤ ᠵᠦᠭ ᠴᠢᠭᠯᠡᠯ ᠲᠤᠳᠤᠷᠬᠠᠢ ᠪᠠᠶᠢᠵᠤ᠂ | ᠲᠡᠷᠡ ᠵᠦᠭ ᠲᠤ ᠪᠠᠨ ᠵᠢᠳᠬᠦᠵᠤ ᠴᠢᠷᠮᠠᠶᠢᠬᠤ ᠵᠤᠷᠢᠭ ᠰᠦᠰᠦ ᠶᠢ ᠬᠦᠢᠴᠡᠳ ᠬᠦᠪᠴᠢᠯᠡᠵᠤ ᠴᠢᠳᠠᠳᠠᠭ᠃ | ᠤᠤᠯ ᠳᠤ ᠪᠠᠨ ᠪᠢ ᠠᠯᠤᠰ ᠤᠨ ᠪᠤᠳᠤᠯᠭ᠎ᠠ ᠬᠤᠯᠠ ᠶᠢᠨ ᠬᠠᠷᠠᠯᠳᠠ ᠭᠡᠵᠤ ᠦᠭᠡᠢ᠂ ᠲᠤᠳᠤᠷᠬᠠᠢ ᠬᠦᠰᠡᠯ | ᠬᠦᠭᠡᠭᠡᠴᠡᠯᠳᠦᠯ ᠦᠭᠡᠢ ᠪᠠᠶᠢᠭᠰᠠᠨ ᠠᠴᠠ ᠪᠢᠴᠢᠭ ᠨᠤᠮ ᠢᠶᠠᠨ ᠰᠠᠶᠢᠨ ᠰᠤᠷᠴᠤ ᠲᠡᠶᠢᠯᠬᠦ ᠦᠭᠡᠢ ᠲᠡᠮᠡᠢ ᠤᠶᠢᠰᠢᠶᠠᠬᠤ | ᠦᠭᠡᠢ ᠤᠪᠤᠷ ᠢᠶᠠᠷ ᠡᠳᠦᠷ ᠬᠤᠨᠤᠭ ᠢ ᠨᠦᠭᠴᠢᠭᠡᠵᠦ ᠪᠠᠶᠢᠭᠰᠠᠨ ᠶᠤᠮ᠃ ᠲᠡᠷᠡ ᠦᠶ᠎ᠡ ᠳᠤ ᠨᠠᠳᠠ ᠳᠤ ᠠᠪᠴᠤ | ᠬᠡᠯᠡᠪᠡᠯ ᠰᠤᠷᠤᠯᠭ᠎ᠠ ᠪᠣᠯ ᠨᠠᠭᠠᠳᠤᠮ ᠲᠡᠳᠦᠢ ᠪᠠᠶᠢᠵᠤ᠂ ᠨᠠᠭᠠᠳᠴᠤ ᠲᠤᠭᠯᠠᠵᠤ ᠯᠡ ᠪᠠᠶᠢᠪᠠᠯ ᠪᠠᠶᠠᠷ ᠪᠠᠶᠠᠰᠤᠯ ᠭᠡᠵᠦ | ᠡᠳᠦᠷᠴᠢᠨ ᠪᠤᠰᠤᠳ ᠢ ᠲᠠᠭᠠᠨ ᠲᠡᠷᠪᠡᠭᠡᠳ ᠤᠳᠠᠵᠤ ᠲᠦᠳᠡᠯ ᠦᠭᠡᠢ ᠭᠡᠷᠡᠭ ᠵᠠᠷᠭᠤ ᠴᠢᠷᠴᠦ ᠪᠠᠭᠰᠢ ᠪᠠ ᠭᠡᠷ ᠤᠨ | ᠠᠬᠠᠮᠠᠳ ᠲᠤ ᠪᠠᠨ ᠵᠢᠮᠡᠯᠡᠭᠳᠡᠨ ᠲᠡᠳᠡᠨ ᠤ ᠠᠭᠤᠷ ᠤᠴᠠᠭᠠᠷ ᠢ ᠬᠦᠷᠭᠡᠵᠤ ᠯᠡ ᠪᠠᠶᠢᠭᠰᠠᠨ ᠪᠢᠯᠡ᠃ | ᠨᠢᠭᠡᠨ ᠤᠳᠠᠭ᠎ᠠ ᠪᠠᠶᠢᠵᠤ ᠪᠢᠯᠡ᠃ ᠨᠤᠮ ᠤᠨ ᠰᠠᠩ ᠤᠨ ᠬᠠᠮᠢᠶᠠᠷᠤᠭᠴᠢ ᠪᠠᠭᠰᠢ ᠢᠷᠡᠭᠡᠳ ᠪᠢᠳᠡᠨ ᠳᠤ ᠨᠤᠮ | ᠵᠢᠭᠡᠯᠡᠬᠦ ᠺᠠᠷᠲ ᠭᠡᠵᠤ ᠬᠦᠮᠦᠨ ᠪᠦᠷᠢ ᠳᠤ ᠲᠠᠷᠬᠠᠭᠠᠯ᠎ᠠ᠃ ᠪᠢ ᠲᠤᠳᠤᠷ᠎ᠠ ᠪᠠᠨ᠄ ︽ᠡᠨᠡ ᠪᠠᠭᠰᠢ ᠨᠡᠭᠡᠷᠡᠨ | ᠡᠭᠳᠡᠬᠦᠦ ᠲᠠᠢ᠂ ︿ᠴᠢᠯᠦᠭᠡ ᠵᠠᠪ ᠢᠶᠠᠷ ᠢᠶᠠᠨ ᠨᠤᠮ ᠤᠨ ᠰᠠᠩ ᠳᠤ ᠤᠴᠢᠵᠤ ᠨᠤᠮ ᠤᠩᠰᠢ﹀ ᠬᠡᠨ᠎ᠡ᠃ ᠪᠢᠳᠡ | ᠬᠢᠴᠢᠶᠡᠯ ᠪᠠᠭᠤᠪᠠᠯ ᠰᠠᠶ᠋ᠢ ᠴᠢᠯᠦᠭᠡ ᠲᠠᠢ᠂ ᠲᠡᠷᠡ ᠴᠠᠭ ᠲᠤ ᠪᠠᠨ ᠨᠠᠭᠠᠳᠤᠭᠠᠳ ᠪᠠᠰᠠ ᠬᠠᠨᠤᠬᠤ ᠦᠭᠡᠢ ᠪᠠᠶᠢᠳᠠᠯ᠎ᠠ | ᠬᠠᠮᠢᠭ᠎ᠠ ᠠᠴᠠ ᠢᠷᠡᠭᠰᠡᠨ ᠲᠡᠶᠢᠮᠦ ᠯᠡ ᠤᠯᠠᠨ ᠰᠤᠯᠠ ᠴᠠᠭ ᠪᠠᠶᠢᠭᠠᠳ ᠪᠠᠶᠢᠬᠤ ᠪᠤᠢ︖ ᠪᠠᠰᠠ ᠯᠠ ᠮᠠᠨ ᠤ | ᠨᠠᠭᠠᠳᠬᠤ ᠴᠠᠭ ᠢ ᠱᠠᠮᠰᠢᠬᠤ ᠭᠡᠳ ᠁︾ ᠭᠡᠵᠤ ᠶᠡᠭᠡ ᠯᠡ ᠲᠤᠷ᠎ᠠ ᠦᠭᠡᠶᠢᠴᠡᠵᠤ ᠪᠢᠯᠡ᠃ ᠨᠤᠮ ᠵᠢᠭᠡᠯᠡᠬᠦ | ᠺᠠᠷᠲ ᠢᠶᠠᠨ ᠶᠢᠰᠦᠨ ᠲᠡᠭᠷᠢ ᠶᠢᠨ ᠴᠠᠭᠠᠨ᠎ᠠ ᠮᠠᠷᠳᠠᠨ ᠨᠠᠭᠠᠳᠬᠤ ᠪᠠᠷ ᠢᠶᠠᠨ ᠨᠠᠭᠠᠳᠴᠤ᠂ ᠲᠤᠭᠯᠠᠬᠤ ᠪᠠᠷ ᠢᠶᠠᠨ | ᠲᠤᠭᠯᠠᠵᠤ ᠯᠡ ᠪᠠᠶᠢᠯ᠎ᠠ᠃ | ᠤᠯᠠᠩᠭᠢ ᠬᠠᠮᠳᠤ ᠰᠤᠷᠤᠯᠭᠠᠳᠠᠳ ᠤᠨ ᠨᠤᠮ ᠵᠢᠭᠡᠯᠡᠵᠤ ᠦᠵᠡᠭᠡᠳ ᠨᠤᠮ ᠲᠤᠳᠤᠷᠠᠬᠢ ᠠᠭᠤᠯᠭ᠎ᠠ ᠶᠢ ᠨᠢ | ᠵᠤᠭᠤᠭ ᠪᠤᠯᠭᠠᠨ ᠶᠠᠷᠢᠯᠴᠠᠨ ᠶᠠᠪᠤᠬᠤ ᠶᠢ ᠰᠤᠨᠤᠰᠤᠭᠠᠳ ᠰᠤᠨᠢᠭᠤᠴᠢ ᠰᠡᠳᠬᠢᠯ ᠲᠦᠷᠦᠭᠳᠡᠵᠦ ᠨᠤᠮ ᠤᠨ ᠰᠠᠩ ᠤᠨ | ᠡᠬᠦᠳᠡ ᠶᠢ ᠲᠦᠯᠬᠢᠨ ᠤᠷᠤᠵᠤ ᠦᠵᠡᠯ᠎ᠡ᠃ ᠡᠨᠡ ᠤᠳᠠᠭᠠᠨ ᠤ ᠨᠤᠮ ᠤᠨ ᠰᠠᠩ ᠤᠨ ᠡᠬᠦᠳᠡ ᠶᠢ ᠲᠦᠯᠬᠢᠭᠰᠡᠨ ᠨᠢ | ᠮᠢᠨᠤ ᠰᠤᠷᠤᠯᠴᠠᠯᠭ᠎ᠠ ᠶᠢᠨ ᠠᠮᠢᠳᠤᠷᠠᠯ ᠤᠨ ᠰᠢᠨ᠎ᠡ ᠴᠠᠭ ᠦᠶ᠎ᠡ᠂ ᠰᠢᠨ᠎ᠡ ᠠᠮᠢᠳᠤᠷᠠᠯ ᠤᠨ ᠵᠠᠮ ᠢ ᠡᠬᠢᠯᠡᠬᠦᠯᠦᠭᠰᠡᠨ | ᠶᠤᠮ᠃ | ᠪᠢ ᠪᠠᠭ᠎ᠠ ᠠᠴᠠ ᠪᠠᠨ ᠡᠮᠡᠭᠡ ᠡᠵᠢ ᠶᠢᠨ ᠤᠯᠠᠨ ᠠᠷᠪᠢᠨ ᠦᠯᠢᠭᠡᠷ ᠤᠨ ᠲᠤᠮᠳᠠ ᠦᠰᠦᠭᠰᠡᠨ ᠲᠤᠯᠠ ᠲᠡᠦᠭᠡᠳᠦ | ᠦᠯᠢᠭᠡᠷ᠂ ᠠᠯᠳᠠᠷᠳᠤ ᠬᠦᠮᠦᠰ ᠤᠨ ᠦᠢᠯᠡ ᠶᠠᠪᠤᠳᠠᠯ ᠳᠤ ᠮᠠᠰᠢ ᠰᠤᠨᠢᠷᠬᠠᠯ ᠲᠠᠢ ᠪᠠᠶᠢᠭᠰᠠᠨ ᠶᠤᠮ᠃ ᠲᠡᠭᠡᠭᠡᠳ ᠯᠡ | ᠨᠤᠮ ᠤᠨ ᠰᠠᠩ ᠳᠤ ᠤᠷᠤᠵᠤ ᠤᠴᠢᠭᠠᠳ ᠲᠡᠦᠭᠡᠳᠦ ᠦᠯᠢᠭᠡᠷ ᠤᠨ ᠨᠤᠮ ᠢ ᠵᠢᠭᠡᠯᠡᠵᠤ ᠦᠵᠡᠭᠰᠡᠨ ᠶᠤᠮ᠃ ᠲᠡᠳᠡᠭᠡᠷ | ᠤᠯᠠᠨ ᠦᠯᠢᠭᠡᠷ ᠤᠨ ᠲᠤᠮᠳᠠ ᠠᠴᠠ ᠪᠢ ᠠᠳᠠᠯᠢ ᠨᠢᠭᠡ ᠲᠠᠯ᠎ᠠ ᠶᠢ ᠤᠯᠵᠤ ᠬᠠᠷᠠᠭᠰᠠᠨ᠃ ᠠᠭᠤᠤ ᠬᠦᠮᠦᠨ᠂ | ᠠᠯᠳᠠᠷᠳᠤ ᠵᠤᠬᠢᠶᠠᠯᠴᠢ᠂ ᠰᠢᠨᠵᠢᠯᠡᠬᠦ ᠤᠬᠠᠭᠠᠨᠳᠠᠨ᠂ ᠵᠠᠩᠵᠤᠨ ᠪᠠᠭᠠᠳᠤᠷ ᠁ ᠵᠡᠷᠭᠡ ᠬᠦᠮᠦᠨ ᠲᠦᠷᠦᠯᠬᠢᠳᠡᠨ ᠤ | ᠭᠡᠳᠦᠨ ᠮᠢᠩᠭᠠᠨ ᠵᠢᠯ ᠤᠨ ᠤᠷᠳᠤ ᠲᠡᠦᠭᠡᠨ ᠬᠠᠭᠤᠳᠠᠰᠤᠨ ᠳᠤ ᠠᠯᠳᠠᠨ ᠨᠡᠷ᠎ᠡ ᠪᠠᠨ ᠲᠡᠮᠳᠡᠭᠯᠡᠬᠦᠯᠵᠦ ᠠᠯᠳᠠᠷ | ᠭᠠᠪᠢᠶ᠎ᠠ ᠪᠠᠨ ᠲᠠᠭᠤᠷᠢᠰᠤᠭᠤᠯᠵᠤ ᠶᠠᠪᠤᠭᠴᠢᠳ ᠪᠦᠷ ᠯᠡ ᠬᠠᠷᠠᠬᠠᠨ ᠪᠠᠭ᠎ᠠ ᠠᠴᠠ ᠪᠠᠨ ᠦᠪᠡᠷ ᠤᠨ ᠬᠢ ᠭᠡᠰᠡᠨ | ᠲᠤᠳᠤᠷᠬᠠᠢ ᠬᠠᠷᠠᠯᠳᠠ ᠲᠠᠢ ᠪᠠᠶᠢᠵᠤ ᠲᠡᠬᠦᠨ ᠤ ᠪᠠᠨ ᠲᠦᠯᠦᠭᠡ ᠶᠠᠮᠠᠷᠪᠠ ᠬᠦᠴᠢᠷ ᠪᠡᠷᠭᠡ ᠶᠢ ᠴᠦ ᠢᠯᠠᠨ ᠲᠠᠪᠠᠵᠤ | ᠲᠤᠭᠤᠯᠵᠤ ᠢᠷᠡᠭᠰᠡᠨ ᠭᠡᠳᠡᠭ ᠢ ᠤᠯᠵᠤ ᠤᠩᠰᠢᠯ᠎ᠠ᠃ ᠬᠦᠴᠢᠷ ᠤᠨ ᠡᠮᠦᠨ᠎ᠡ ᠬᠦᠯ ᠨᠤᠭᠤᠷᠠᠬᠤ ᠦᠭᠡᠢ᠂ | ᠪᠡᠷᠭᠡᠰᠢᠶᠡᠯ ᠤᠨ ᠡᠮᠦᠨ᠎ᠡ ᠪᠡᠶ᠎ᠡ ᠪᠦᠬᠦ᠋ᠢᠬᠦ ᠦᠭᠡᠢ ᠵᠤᠷᠢᠭ ᠢ ᠪᠠᠷᠢᠨ ᠲᠦᠮᠡᠨ ᠪᠡᠷᠭᠡ ᠮᠢᠩᠭᠠᠨ ᠬᠦᠴᠢᠷ ᠢ ᠢᠯᠠᠨ | ᠲᠠᠪᠠᠭᠰᠠᠭᠠᠷ ᠡᠴᠦᠰ ᠤᠨ ᠵᠤᠷᠢᠯᠳᠠ ᠳᠤ ᠪᠠᠨ ᠬᠦᠷᠴᠦ ᠬᠦᠰᠡᠯ ᠬᠦᠭᠡᠭᠡᠴᠡᠯᠳᠦᠯ ᠢᠶᠠᠨ ᠪᠤᠳᠠᠳᠤ ᠠᠬᠤᠢ ᠪᠤᠯᠭᠠᠨ | ᠦᠭᠡᠷᠡᠴᠢᠯᠡᠵᠤ ᠴᠢᠳᠠᠭᠰᠠᠨ ᠲᠡᠳᠡᠭᠡᠷ ᠠᠭᠤᠤ ᠬᠦᠮᠦᠰ ᠢ ᠪᠢᠰᠢᠷᠡᠨ ᠬᠦᠨᠳᠦᠳᠭᠡᠬᠦ ᠰᠡᠳᠬᠢᠯᠭᠡ ᠦᠪᠡᠷ ᠤᠨ ᠡᠷᠭᠡ | ᠦᠭᠡᠢ ᠤᠷᠬᠢᠯᠤᠭᠰᠠᠨ ᠶᠤᠮ᠃ | ᠮᠠᠦ ᠲᠡᠷᠢᠬᠦᠯᠡᠭᠴᠢ ᠲᠤᠮᠳᠠᠳᠤ ᠶᠢᠨ ᠦᠨᠳᠦᠰᠦᠳᠡᠨ ᠤ ᠬᠤᠪᠢ ᠵᠠᠶᠠᠭ᠎ᠠ ᠶᠢ ᠦᠭᠡᠷᠡᠴᠢᠯᠡᠬᠦ ᠪᠠᠷ ᠦᠪᠡᠷ ᠤᠨ ᠢᠶᠠᠨ | ᠬᠦᠰᠡᠯ ᠬᠦᠭᠡᠭᠡᠴᠡᠯᠳᠦᠯ ᠪᠤᠯᠭᠠᠵᠦ᠂ ᠮᠡᠷᠡᠶᠢᠨ ᠴᠢᠷᠮᠠᠶᠢᠭᠰᠠᠨ ᠠᠴᠠ ᠭᠤᠷᠪᠠᠨ ᠠᠭᠤᠯᠠ ᠶᠢᠨ ᠲᠠᠷᠤᠯᠠᠯ ᠢ ᠲᠦᠯᠬᠢᠨ | ᠤᠨᠠᠭᠠᠵᠤ ᠲᠤᠮᠳᠠᠳᠤ ᠶᠢᠨ ᠠᠷᠠᠳ ᠲᠦᠮᠡᠨ ᠢ ᠭᠠᠯ ᠤᠰᠤᠨ ᠤ ᠭᠠᠰᠢᠭᠤᠨ ᠵᠤᠪᠠᠯᠠᠩ ᠠᠴᠠ ᠠᠪᠤᠷᠠᠭᠠᠳ ᠰᠢᠨ᠎ᠡ | ᠲᠤᠮᠳᠠᠳᠤ ᠤᠯᠤᠰ ᠢ ᠪᠠᠶᠢᠭᠤᠯᠤᠨ ᠠᠭᠤᠤ ᠲᠡᠷᠢᠬᠦᠯᠡᠭᠴᠢ ᠪᠤᠯᠵᠤ ᠴᠢᠳᠠᠭᠰᠠᠨ ᠪᠠᠶᠢᠨ᠎ᠠ᠃ ᠵᠸᠦ ᠡᠸ᠋ᠨ ᠯᠠᠢ ᠶᠡᠷᠦᠩᠬᠡᠢ | ᠰᠠᠶᠢᠳ ᠠᠴᠠ ︽ᠲᠤᠮᠳᠠᠳᠤ ᠶᠢᠨ ᠬᠦᠭᠵᠢᠯ ᠮᠠᠨᠳᠤᠯ ᠤᠨ ᠲᠦᠯᠦᠭᠡ ᠪᠢᠴᠢᠭ ᠦᠵᠡᠨ᠎ᠡ︾ ᠭᠡᠬᠦ ᠬᠦᠰᠡᠯ ᠢᠶᠠᠷ | ᠦᠪᠡᠷ ᠤᠨ ᠪᠡᠶ᠎ᠡ ᠪᠠᠨ ᠴᠢᠮᠡᠵᠤ ᠨᠠᠰᠤᠨ ᠲᠤᠷᠰᠢ ᠳᠤ ᠪᠠᠨ ᠲᠡᠬᠦᠨ ᠤ ᠪᠠᠨ ᠲᠦᠯᠦᠭᠡ ᠴᠢᠷᠮᠠᠶᠢᠨ ᠲᠡᠮᠡᠴᠡᠵᠤ ᠵᠢᠳᠬᠦᠨ | ᠬᠦᠭᠡᠭᠡᠴᠡᠯᠳᠦᠭᠰᠡᠨ ᠠᠴᠠ ᠤᠯᠤᠰ ᠤᠨ ᠲᠤᠳᠤᠭᠠᠳᠤ ᠭᠠᠳᠠᠭᠠᠳᠤ ᠳᠤ ᠠᠯᠳᠠᠷᠳᠠᠢ ᠠᠭᠤᠤ ᠶᠡᠭᠡ ᠶᠡᠷᠦᠩᠭᠡᠢ ᠰᠠᠶᠢᠨ | ᠪᠤᠯᠵᠤ ᠲᠡᠶᠢᠯᠤᠵᠡᠢ᠃ ᠰᠧ ᠮᠠ ᠴᠢᠶᠠᠨ ᠬᠠᠷᠠᠬᠠᠨ ᠪᠠᠭ᠎ᠠ ᠠᠴᠠ ᠪᠠᠨ ᠨᠤᠮ ᠤᠩᠰᠢᠬᠤ ᠮᠠᠰᠢ ᠲᠤᠷᠠᠳᠠᠢ ᠠᠴᠠ | ᠦᠷᠭᠡᠨ ᠮᠡᠳᠡᠯᠭᠡ ᠲᠡᠯᠭᠡᠷ ᠤᠬᠠᠭᠠᠨ ᠲᠠᠢ ᠪᠤᠯᠵᠤ ᠠᠯᠳᠠᠷᠳᠤ ᠲᠡᠦᠭᠡᠴᠢᠨ ᠪᠤᠯᠤᠨ ᠬᠦᠮᠦᠵᠢᠭᠳᠡᠭᠰᠡᠨ᠃ ᠲᠡᠷᠡ | ᠠᠪᠤ ᠶᠢᠨ ᠢᠶᠠᠨ ᠨᠦᠯᠦᠭᠡ ᠶᠢ ᠶᠡᠭᠡ ᠬᠦᠷᠳᠡᠵᠤ ᠲᠡᠦᠭᠡᠳᠦ ᠭᠡᠷᠡᠭ ᠶᠠᠪᠤᠳᠠᠯ ᠳᠤ ᠶᠡᠭᠡ ᠪᠠᠷ ᠪᠠᠬ᠎ᠠ ᠲᠠᠢ ᠪᠤᠯᠵᠠᠢ᠃ | ᠲᠡᠬᠦᠨ ᠤ ᠠᠪᠤ ᠨᠢ ᠠᠮᠢᠳᠤ ᠰᠡᠷᠡᠬᠦᠨ ᠪᠠᠶᠢᠬᠤ ᠳᠤ ᠪᠠᠨ ᠭᠡᠳᠦᠨ ᠮᠢᠩᠭᠠᠨ ᠵᠢᠯ ᠤᠨ ᠲᠡᠦᠭᠡ ᠶᠢ ᠡᠮᠬᠢᠳᠭᠡᠨ | ᠴᠤᠭᠯᠠᠭᠤᠯᠤᠭᠠᠳ ᠠᠪᠤᠷᠭᠤ ᠲᠤᠮᠤ ᠲᠡᠦᠭᠡ ᠶᠢᠨ ᠨᠤᠮ ᠢ ᠪᠢᠴᠢᠬᠦ ᠭᠡᠰᠡᠨ ᠠᠤᠭ᠎ᠠ ᠬᠦᠰᠡᠯ ᠢ ᠡᠪᠦᠷᠯᠡᠨ ᠨᠠᠰᠤᠨ | ᠲᠤᠷᠰᠢᠳᠠ ᠪᠠᠨ ᠲᠡᠬᠦᠨ ᠤ ᠪᠠᠨ ᠲᠦᠯᠦᠭᠡ ᠵᠢᠳᠬᠦᠵᠤ ᠶᠠᠪᠤᠭᠰᠠᠨ ᠶᠤᠮ᠃ ᠭᠡᠰᠡᠨ ᠴᠦ ᠡᠨᠡᠬᠦ ᠬᠦᠰᠡᠯ ᠢᠶᠠᠨ | ᠪᠡᠶᠡᠯᠡᠬᠦᠯᠵᠤ ᠲᠡᠶᠢᠯᠦᠭᠰᠡᠨ ᠦᠭᠡᠢ ᠪᠠᠷ ᠡᠨᠡ ᠶᠢᠷᠳᠢᠨᠴᠦ ᠠᠴᠠ ᠰᠠᠯᠵᠤ ᠤᠳᠤᠭᠰᠠᠨ ᠪᠠᠶᠢᠨ᠎ᠠ᠃ ᠡᠨᠡ ᠵᠤᠯ ᠪᠤᠰᠤ | ᠶᠠᠪᠤᠳᠠᠯ ᠨᠢ ᠰᠧ ᠮᠠ ᠴᠢᠶᠠᠨ ᠤ ᠲᠡᠦᠭᠡᠳᠦ ᠨᠤᠮ ᠪᠢᠴᠢᠨ ᠠᠪᠤ ᠶᠢᠨ ᠢᠶᠠᠨ ᠪᠡᠶᠡᠯᠡᠬᠦᠯᠵᠤ ᠲᠡᠶᠢᠯᠦᠭᠰᠡᠨ ᠦᠭᠡᠢ | ᠬᠦᠰᠡᠯ ᠢ ᠨᠢ ᠵᠠᠯᠭᠠᠭᠠᠳ ᠪᠡᠶᠡᠯᠡᠬᠦᠯᠬᠦ ᠭᠡᠷᠢᠶᠡᠰ ᠢ ᠬᠦᠯᠢᠶᠡᠨ ᠠᠪᠤᠭᠠᠳ ᠵᠠᠪᠠᠯ ᠲᠡᠦᠭᠡᠳᠦ ᠨᠤᠮ ᠪᠢᠴᠢᠬᠦ ᠡᠷᠴᠢ | ᠵᠤᠷᠢᠭ ᠢ ᠨᠢ ᠬᠦᠪᠴᠢᠯᠡᠭᠰᠡᠨ ᠪᠠᠶᠢᠯ᠎ᠠ᠃ ᠲᠡᠷᠡ ᠤᠯᠠᠨ ᠭᠠᠵᠠᠷ ᠢᠶᠠᠷ ᠶᠠᠪᠤᠵᠤ ᠲᠤᠭ᠎ᠠ ᠲᠤᠮᠰᠢ ᠦᠭᠡᠢ ᠤᠯᠠᠨ | ᠪᠢᠴᠢᠭ ᠮᠠᠲᠧᠷᠢᠶᠠᠯ ᠢ ᠬᠤᠷᠠᠮᠳᠤᠭᠤᠯᠤᠨ᠂ ᠮᠠᠰᠢ ᠤᠯᠠᠨ ᠬᠦᠮᠦᠰ ᠢ ᠰᠤᠷᠪᠤᠯᠵᠢᠯᠠᠨ ᠲᠡᠦᠭᠡᠳᠦ ᠭᠡᠷᠡᠭ ᠤᠴᠢᠷ ᠤᠳ ᠢ | ᠡᠮᠬᠢᠳᠭᠡᠨ ᠴᠤᠭᠯᠠᠭᠤᠯᠤᠭᠠᠳ ᠲᠡᠦᠭᠡᠨ ᠠᠪᠤᠷᠭᠤ ᠨᠤᠮ ︽ᠰᠤᠳᠤᠷ ᠲᠡᠮᠳᠡᠭᠯᠡᠯ︾ ᠢ ᠲᠤᠭᠤᠷᠪᠢᠨ ᠪᠢᠴᠢᠭᠰᠡᠨ | ᠪᠠᠶᠢᠨ᠎ᠠ᠃ ᠲᠤᠰ ᠨᠤᠮ ᠳᠤ ᠪᠠᠨ ᠲᠤᠮᠳᠠᠳᠤ ᠶᠢᠨ ᠦᠨᠳᠦᠰᠦᠳᠡᠨ ᠤ ᠭᠤᠷᠪᠠᠨ ᠮᠢᠩᠭ᠎ᠠ ᠭᠠᠷᠤᠢ ᠵᠢᠯ ᠤᠨ ᠲᠡᠦᠭᠡᠳᠦ | ᠭᠡᠷᠡᠭ ᠤᠴᠢᠷ᠂ ᠲᠡᠦᠭᠡᠳᠦ ᠬᠦᠮᠦᠨ ᠢ ᠲᠦᠬᠦᠮ ᠤᠶᠢᠯᠠᠭᠠᠮᠵᠢᠳᠠᠢ ᠲᠤᠪᠴᠢ ᠠᠪᠰᠠᠷᠬᠠᠨ ᠢᠶᠠᠷ ᠲᠡᠮᠳᠡᠭᠯᠡᠨ᠂ ᠪᠠᠯᠠᠷᠠᠨ | ᠭᠡᠭᠡᠭᠳᠡᠬᠦ ᠭᠡᠮᠵᠢᠶᠡᠨ ᠳᠤ ᠬᠦᠷᠦᠭᠰᠡᠨ ᠲᠡᠦᠭᠡ ᠶᠢ ᠬᠤᠷᠢᠶᠠᠨ ᠡᠮᠬᠢᠳᠭᠡᠭᠡᠳ ᠬᠤᠵᠢᠮ ᠤᠨ ᠬᠦᠮᠦᠰ ᠲᠤ ᠤᠯᠠᠮᠵᠢᠯᠠᠨ | ᠵᠠᠯᠭᠠᠮᠵᠢᠯᠠᠬᠤ ᠠᠭᠤᠤ ᠦᠢᠯᠡᠰ ᠢ ᠪᠦᠳᠦᠭᠡᠭᠰᠡᠨ ᠪᠠᠶᠢᠨ᠎ᠠ᠃ | ᠬᠤᠷᠸ᠎ᠠ ᠳᠤ ᠠᠮᠢᠳᠤᠷᠠᠭ᠎ᠠ ᠬᠦᠮᠦᠨ ᠪᠦᠬᠦᠨ ᠴᠦᠮ ᠰᠠᠶᠢᠨ ᠰᠠᠶᠢᠬᠠᠨ ᠬᠦᠰᠡᠯ ᠢᠶᠠᠨ ᠡᠪᠦᠷᠯᠡᠨ ᠰᠡᠳᠬᠢᠯ ᠤᠨ | ᠬᠦᠨ ᠳᠤ ᠪᠠᠨ ᠨᠠᠷᠠ ᠪᠤᠯᠭᠠᠨ ᠲᠡᠵᠢᠭᠡᠵᠤ ᠶᠠᠪᠤᠭ᠎ᠠ ᠨᠢ ᠯᠠᠪᠳᠠᠢ᠃ ᠲᠡᠷᠡ ᠤᠳᠠᠭᠠᠨ ᠤ ᠨᠤᠮ ᠤᠨ ᠰᠠᠩ ᠳᠤ | ᠤᠴᠢᠭᠰᠠᠨ ᠠᠴᠠ ᠮᠢᠨᠤ ᠵᠢᠷᠦᠭᠡᠨ ᠤᠭ ᠠᠴᠠ ᠵᠦᠢᠯ ᠵᠦᠢᠯ ᠤᠨ ᠬᠦᠰᠡᠯ ᠬᠦᠪᠦᠷᠡᠨ ᠰᠤᠶᠤᠭᠠᠯᠠᠭᠠᠳ ᠡᠳᠦᠷ ᠠᠴᠠ | ᠡᠳᠦᠷ ᠢᠯᠡ ᠲᠤᠳᠤᠷᠬᠠᠢ ᠪᠤᠯᠵᠤ ᠲᠤᠮᠤᠷᠠᠭᠠᠳ ᠨᠠᠮ᠎ᠠ ᠶᠢ ᠲᠡᠬᠦᠨ ᠤ ᠪᠠᠨ ᠲᠦᠯᠦᠭᠡ ᠮᠡᠷᠡᠶᠢᠨ ᠲᠡᠮᠡᠴᠡᠬᠦ | ᠭᠡᠮᠵᠢᠶᠡᠨ ᠳᠤ ᠬᠦᠷᠭᠡᠭᠰᠡᠨ ᠶᠤᠮ᠃ ᠭᠡᠳᠡᠯ᠎ᠡ ᠡᠳᠡᠭᠡᠷ ᠨᠢ ᠵᠦᠪᠭᠡᠨ ᠰᠠᠨᠠᠵᠤ ᠬᠦᠰᠡᠵᠤ ᠪᠠᠶᠢᠭ᠎ᠠ ᠬᠦᠷᠴᠦ ᠢᠷᠡᠭᠡᠳᠦᠢ | ᠶᠠᠭᠤᠮ᠎ᠠ᠂ ᠰᠡᠳᠬᠢᠯ ᠤᠨ ᠰᠢᠵᠢᠮ ᠢᠶᠠᠷ ᠬᠤᠯᠪᠤᠭᠠᠳᠠᠢ ᠠᠯᠤᠰ ᠬᠤᠯᠠ ᠶᠢᠨ ᠴᠠᠮᠬᠠᠭ ᠶᠤᠮ᠃ ᠲᠡᠬᠦᠨ ᠳᠤ ᠬᠦᠷᠦᠶ᠎ᠡ | ᠭᠡᠪᠡᠯ ᠡᠷᠭᠡᠪᠰᠢ ᠲᠦᠮᠡᠨ ᠤᠰᠤ ᠮᠢᠩᠭᠠᠨ ᠠᠭᠤᠯᠠ ᠶᠢ ᠲᠠᠮᠵᠢᠨ᠂ ᠤᠯᠠᠨ ᠠᠷᠪᠢᠨ ᠬᠦᠴᠢᠷ ᠪᠡᠷᠭᠡ ᠶᠢ ᠲᠤᠭᠤᠯᠤᠨ | ᠦᠨᠡᠨ ᠪᠤᠳᠠᠳᠠᠢ ᠦᠢᠯᠡᠳᠦᠯᠭᠡ ᠲᠡᠮᠡᠴᠡᠯ ᠪᠠᠶᠢᠮᠠᠨᠵᠢᠨ ᠰᠠᠶ᠋ᠢ ᠪᠡᠶᠡᠯᠡᠬᠦᠯᠵᠤ ᠲᠡᠶᠢᠯᠦᠨ᠎ᠡ᠃ | ᠮᠢᠨᠤ ᠬᠦᠰᠡᠯ ᠭᠡᠳᠦ᠋ᠢᠪᠡᠷ ᠰᠧ ᠮᠠ ᠴᠢᠶᠠᠨ ᠤ ᠠᠳᠠᠯᠢ ᠠᠭᠤᠤ ᠶᠡᠭᠡ ᠲᠡᠦᠭᠡᠴᠢᠨ ᠪᠤᠯᠬᠤ ᠪᠢᠰᠢ᠂ ᠮᠠᠦ ᠽᠧ | ᠳ᠋ᠦᠩ᠂ ᠵᠸᠦ ᠡᠧᠨ ᠯᠠᠢ ᠮᠡᠳᠦ ᠠᠭᠤᠤ ᠶᠡᠭᠡ ᠪᠢᠰᠢ ᠴᠦ ᠲᠡᠯᠡᠭᠡᠢ ᠳᠤ ᠠᠯᠳᠠᠷᠳᠠᠢ ᠠᠪᠤᠷᠭᠤ ᠬᠤᠳᠠᠯᠳᠤᠭᠠᠴᠢᠨ | ᠪᠤᠯᠬᠤ ᠨᠢ ᠮᠢᠨᠤ ᠤᠳᠤᠬᠠᠨ ᠤ ᠬᠦᠰᠡᠯ ᠬᠦᠭᠡᠭᠡᠴᠡᠯᠳᠦᠯ ᠪᠤᠯᠤᠨ᠎ᠠ᠃ ᠡᠨᠡᠬᠦ ᠬᠦᠰᠡᠯ ᠢᠶᠠᠨ ᠪᠡᠶᠡᠯᠡᠬᠦᠯᠬᠦ ᠳᠤ ᠮᠠᠰᠢ | ᠤᠯᠠᠨ ᠬᠦᠴᠢᠷ ᠪᠡᠷᠭᠡ ᠲᠠᠭᠠᠷᠠᠨ᠎ᠠ ᠭᠡᠰᠡᠨ ᠢ ᠪᠢ ᠢᠳᠡᠭᠡᠵᠤ ᠪᠠᠶᠢᠨ᠎ᠠ᠃ ᠡᠶᠢᠮᠦᠷᠬᠦ ᠬᠦᠰᠡᠯ ᠤᠨ ᠢᠶᠠᠨ ᠲᠦᠯᠦᠭᠡ | ᠶᠠᠳᠠᠷᠠᠯ ᠵᠦᠳᠡᠷᠡᠯ᠂ ᠭᠤᠨᠢᠭ ᠵᠤᠪᠠᠯᠠᠩ᠂ ᠬᠦᠴᠢᠷ ᠲᠦᠪᠡᠭ ᠪᠦᠬᠦᠨ ᠢ ᠪᠠᠶᠠᠷᠳᠠᠢ ᠪᠠᠷ᠂ ᠰᠠᠶᠢᠨ ᠲᠤᠷ᠎ᠠ ᠠᠴᠠ ᠪᠠᠨ᠂ | ᠢᠳᠡᠪᠬᠢᠳᠡᠢ ᠪᠠᠷ ᠤᠭᠳᠤᠨ ᠠᠪᠴᠤ ᠢᠯᠠᠨ ᠲᠠᠪᠠᠭ᠋ᠤ ᠪᠠᠷ ᠪᠡᠯᠡᠭᠡᠨ ᠪᠠᠶᠢᠨ᠎ᠠ᠃ | ᠵᠤᠬᠢᠶᠠᠬᠴᠢ᠄ ᠴᠢᠷᠮᠠᠶᠢᠯᠳᠤ ︵ᠵᠠᠯᠠᠶᠢᠳ ᠬᠤᠰᠢᠭᠤᠨ ᠤ ᠪᠠᠳᠠᠷᠠᠬᠤ ᠭᠤᠤᠯ ᠰᠤᠷᠭᠠᠭᠤᠯᠢ ᠶᠢᠨ ᠨᠠᠢᠮᠠ ᠶᠢᠨ | ᠭᠤᠷᠪᠠ ︶ | ᠵᠢᠯᠤᠭᠤᠳᠤᠭᠰᠠᠨ ᠪᠠᠭᠰᠢ ᠄ ᠴᠤᠯᠮᠤᠨᠴᠡᠴᠡᠭ |