ᠠᠷᠠᠳ ᠤᠨ ᠰᠣᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠨ ᠣᠷᠣᠭᠰᠠᠨ ᠠᠩᠬᠠᠨ ᠤ ᠡᠳᠦᠷ ᠠᠴᠠ | ᠡᠬᠢᠯᠡᠭᠡᠳ ︽ᠠ᠂ ᠡ᠂ ᠢ ᠁︾ ᠭᠡᠵᠤ ᠢᠷᠠᠭᠤ ᠰᠠᠶᠢᠬᠠᠨ ᠳᠦᠷᠦᠯᠬᠢ ᠬᠡᠯᠡ ᠪᠠᠷ ᠢᠶᠠᠨ ᠪᠢᠳᠡᠨ ᠢ | ᠬᠦᠮᠦᠵᠢᠬᠦᠯᠦᠭᠰᠡᠨ ᠮᠣᠩᠭᠤᠯ ᠬᠡᠯᠡᠨ ᠤ ᠪᠠᠭᠰᠢ ᠪᠣᠯ ᠰᠠ᠊ ᠪᠠᠭᠰᠢ ᠪᠣᠯᠣᠨ᠎ᠠ᠃ ᠰᠠ᠊ ᠪᠠᠭᠰᠢ ᠪᠣᠯ ᠨᠠᠷᠢᠨ ᠦᠨᠳᠦᠷᠭᠡᠨ | ᠪᠡᠶ᠎ᠡ ᠲᠠᠢ᠂ ᠮᠦᠷᠦ ᠪᠠᠨ ᠪᠠᠭᠤᠳᠠᠯ᠎ᠠ ᠰᠣᠯᠠ ᠳᠠᠯᠪᠢᠭᠰᠠᠨ ᠰᠢᠯᠣᠭᠤᠨ ᠭᠡᠵᠢᠭᠡ ᠲᠠᠢ᠂ ᠴᠡᠷᠢᠭ ᠬᠦᠮᠦᠨ ᠰᠢᠭ | ᠬᠤᠪᠴᠠᠰᠣ ᠬᠤᠨᠠᠷ ᠢᠶᠠᠨ ᠳᠡᠷᠢ ᠳᠡᠭᠰᠢ ᠡᠮᠣᠰᠴᠣ ᠶᠠᠪᠣᠳᠠᠭ᠂ ᠶᠠᠭᠤ ᠬᠢᠭᠰᠡᠨ ᠴᠦ ᠬᠤᠷᠴᠠ ᠱᠠᠯᠠᠮᠠᠭᠠᠢ ᠴᠣᠪᠣᠭᠤ | ᠰᠡᠷᠬᠦᠯᠡᠩ ᠪᠠᠶᠢᠳᠠᠭ ᠵᠠᠯᠠᠭᠤᠬᠠᠨ ᠪᠠᠭᠰᠢ ᠶᠤᠮ᠃ | ᠪᠢ ᠰᠣᠷᠭᠠᠭᠤᠯᠢ ᠳᠤ ᠣᠷᠣᠬᠤ ᠦᠶᠡᠰ ᠮᠣᠩᠭᠤᠯ ᠦᠭᠡ ᠪᠠᠨ ᠰᠠᠶᠢᠬᠠᠨ ᠶᠠᠷᠢᠵᠣ ᠴᠢᠳᠠᠬᠤ ᠦᠭᠡᠢ᠂ | ᠵᠠᠷᠢᠮ ᠳᠤ ᠪᠠᠨ ᠪᠠᠭᠰᠢ ᠶᠢᠨ ᠬᠢᠴᠢᠶᠠᠯ ᠳᠠᠶᠢᠯᠪᠦᠷᠢᠯᠡᠬᠤ ᠶᠢ ᠣᠶᠢᠯᠠᠭᠠᠬᠤ ᠦᠭᠡᠢ ᠪᠠᠷ ᠪᠠᠷᠠᠬᠤ ᠦᠭᠡᠢ᠂ | ᠨᠦᠬᠦᠳ ᠤᠨ ᠢᠶᠠᠨ ᠵᠣᠭᠤᠭ ᠶᠠᠷᠢᠬᠤ ᠶᠢ ᠴᠦ ᠦᠢᠯᠠᠭᠠᠵᠤ ᠳᠡᠶᠢᠯᠬᠦ ᠦᠭᠡᠢ ᠪᠠᠶᠢᠭᠰᠠᠨ ᠶᠤᠮ᠃ ᠨᠢᠭᠡᠨ ᠣᠳᠠᠭ᠎ᠠ | ᠪᠢ ᠭᠠᠷ ᠡᠷᠬᠦᠨ ᠠᠰᠠᠭᠤᠯᠳᠠ ᠬᠠᠷᠢᠭᠤᠯᠬᠤ ᠳᠤ ᠰᠠ᠊ ᠪᠠᠭᠰᠢ᠄ ︽ᠮᠦᠰᠦᠨ ᠡ᠂ ᠴᠢᠨᠣ ᠶᠠᠷᠢᠭᠰᠠᠨ ᠢ ᠪᠠᠭᠰᠢ ᠨᠢ | ᠣᠶᠢᠯᠠᠭᠠᠭᠰᠠᠨ ᠦᠭᠡᠢ᠂ ᠳᠠᠬᠢᠨ ᠨᠢᠭᠡ ᠣᠳᠠᠭ᠎ᠠ ᠰᠠᠶᠢᠬᠠᠨ ᠬᠠᠷᠢᠭᠤᠯᠣᠭᠠᠷᠠᠢ︕︾ ᠭᠡᠬᠦᠯᠡᠷ ᠪᠢ ᠢᠴᠢᠵᠣ | ᠰᠢᠷᠪᠡᠭᠡᠳᠦᠬᠦ ᠳᠤ ᠪᠠᠨ ᠬᠡᠯᠡ ᠪᠠᠨ ᠭᠠᠷᠭᠠᠵᠣ ᠳᠣᠯᠣᠭᠠᠢ ᠪᠠᠨ ᠭᠤᠬᠤᠢᠢᠨ ᠳᠠᠭ ᠳᠣᠭᠤᠢ ᠪᠣᠯᠵᠠᠢ᠃ ᠪᠠᠶᠢᠳᠠᠯ ᠢ | ᠣᠶᠢᠯᠠᠭᠠᠭᠰᠠᠨ ᠰᠠ᠊ ᠪᠠᠭᠰᠢ ᠮᠢᠨᠢ ᠨᠠᠮ᠎ᠠ ᠶᠢ ᠠᠭᠤᠷᠯᠠᠭᠰᠠᠨ ᠦᠭᠡᠢ ᠮᠦᠷᠳᠡᠭᠡᠨ ᠵᠣᠷᠢᠭᠵᠢᠭᠤᠯᠣᠭᠰᠠᠨ ᠰᠢᠣ᠂ | ᠳᠡᠬᠦᠨ ᠠᠴᠠ ᠬᠤᠶᠢᠰᠢ ᠨᠠᠳᠠ ᠪᠠᠷ ᠬᠢᠴᠢᠶᠠᠯ ᠳᠡᠭᠡᠷ᠎ᠡ ᠣᠯᠠᠨ ᠬᠡᠯᠡᠬᠦᠯᠵᠣ ᠨᠠᠮ᠎ᠠ ᠶᠢ ᠪᠣᠯᠪᠠᠰᠣᠷᠠᠭᠤᠯᠳᠠᠭ ᠪᠣᠯᠵᠠᠢ᠃ | ᠪᠠᠭᠰᠢ ᠮᠢᠨᠢ ᠨᠢᠭᠡ ᠠᠴᠤᠭ ᠨᠢᠭᠡ ᠰᠢᠯᠪᠢ ᠠᠴᠠ ᠡᠬᠢᠯᠡᠨ ᠨᠠᠷᠢᠨ ᠬᠢᠨᠠᠮᠠᠭᠠᠢ ᠵᠢᠭᠠᠵᠣ᠂ ᠪᠣᠷᠣᠭᠤ ᠪᠢᠴᠢᠭᠰᠡᠨ | ᠨᠦᠬᠦᠳ ᠢ ᠠᠬᠢᠨ ᠳᠠᠬᠢᠨ ᠪᠢᠴᠢᠬᠦᠯᠦᠨ᠂ ᠨᠠᠳᠠ ᠰᠢᠭ᠋ ᠰᠣᠷᠣᠯᠭ᠎ᠠ ᠠᠨᠠᠢ ᠰᠣᠷᠣᠭᠴᠢ ᠶᠢ ᠪᠣᠯ ᠠᠯᠪᠠᠨ ᠭᠡᠷ ᠲᠤ ᠪᠠᠨ | ᠳᠠᠭᠤᠳᠠᠵᠣ ᠠᠪᠠᠴᠢᠭᠠᠳ ᠨᠢᠭᠡ ᠨᠢᠭᠡ ᠪᠠᠷ ᠪᠢᠴᠢᠬᠦᠯᠳᠡᠭ ᠶᠤᠮ᠃ ᠪᠠᠭᠰᠢ ᠶᠢᠨ ᠮᠢᠨᠢ ᠬᠠᠷᠠᠮ ᠦᠭᠡᠢ | ᠴᠢᠷᠮᠠᠶᠢᠯᠭ᠎ᠠ ᠪᠠᠷ ᠣᠬᠤᠷᠬᠠᠨ ᠬᠤᠭᠤᠴᠠᠭᠠᠨ ᠳᠤ ᠮᠢᠨᠣ ᠮᠣᠩᠭᠤᠯ ᠬᠡᠯᠡᠨ ᠤ ᠬᠢᠷᠢ ᠭᠡᠮᠵᠢᠶ᠎ᠡ ᠮᠡᠳᠡᠭᠳᠡᠮ᠎ᠡ | ᠳᠠᠪᠰᠢᠯᠳᠠ ᠲᠠᠢ ᠪᠣᠯᠵᠣ᠂ ᠰᠣᠷᠭᠠᠭᠤᠯᠢ ᠶᠢᠨ ︽ᠣᠷᠠᠨ ᠪᠢᠴᠢᠯᠭᠡ ᠶᠢᠨ ᠣᠷᠣᠯᠳᠣᠭᠠᠨ︾ ᠳᠤ ᠣᠷᠣᠯᠴᠠᠭᠠᠳ | ᠱᠠᠩᠨᠠᠯ ᠳᠣᠰᠣᠭᠰᠠᠨ ᠪᠢᠯᠡ᠃ ᠮᠢᠨᠣ ᠪᠠᠶᠠᠷᠯᠠᠭᠰᠠᠨ ᠢ ᠶᠠᠭᠤ ᠭᠡᠵᠤ ᠰᠠᠨᠠᠨ᠎ᠠ︖ ᠪᠠᠭᠰᠢ ᠮᠢᠨᠢ ᠴᠦ ᠨᠠᠮ᠎ᠠ ᠶᠢ ︽ | ᠳᠠᠪᠰᠢᠯᠳᠠ ᠲᠠᠢ ᠪᠠᠶᠢᠨ᠎ᠠ︾ ᠭᠡᠵᠤ ᠮᠠᠭᠳᠠᠬᠤ ᠪᠣᠯᠣᠭᠰᠠᠨ᠃ | ᠭᠡᠪᠡᠴᠣ ᠪᠢ ᠪᠠᠰᠠ ᠦᠷᠬᠦᠯᠵᠢ ᠪᠠᠭᠰᠢ ᠪᠠᠨ ᠠᠭᠤᠷᠯᠠᠭᠤᠯᠳᠠᠭ ᠢ ᠶᠠᠭᠠᠬᠢᠬᠤ ᠪᠢᠯᠡ︖ ᠪᠢ | ᠪᠠᠭ᠎ᠠ ᠠᠴᠠ ᠪᠠᠨ ᠣᠳᠠᠭᠠᠨ ᠰᠠᠭᠤᠵᠣ ᠳᠡᠶᠢᠯᠬᠦ ᠦᠭᠡᠢ ᠬᠦᠳᠡᠯᠬᠦ ᠳᠣᠷᠠᠳᠠᠢ ᠬᠡᠣᠭᠡᠳ ᠪᠢᠯᠡ᠃ ᠬᠢᠴᠢᠶᠠᠯ ᠤᠨ | ᠴᠠᠭ ᠤᠨ ᠳᠦᠴᠢᠨ ᠮᠢᠨᠦ᠋ᠲ ᠴᠢᠨᠢ ᠨᠠᠳᠠ ᠳᠤ ᠠᠪᠴᠣ ᠬᠡᠯᠡᠪᠡᠯ ᠠᠮᠠᠷ ᠦᠭᠡᠢ ᠣᠷᠳᠣ ᠴᠠᠭ ᠭᠡᠵᠤ ᠮᠡᠳᠡ᠃ ᠨᠢᠭᠡ | ᠬᠢᠴᠢᠶᠠᠯ ᠳᠡᠭᠡᠷ᠎ᠡ ᠪᠠᠭᠰᠢ ᠪᠠᠷ ᠭᠤᠷᠪᠠ ᠳᠦᠷᠪᠡ ᠣᠳᠠᠭ᠎ᠠ ᠨᠡᠷ᠎ᠡ ᠪᠠᠨ ᠳᠠᠭᠤᠳᠠᠭᠤᠯᠳᠠᠭ ᠪᠠᠶᠢᠭᠰᠠᠨ᠂ ᠪᠠᠭᠰᠢ ᠠᠷᠭ᠎ᠠ | ᠠᠯᠳᠠᠷᠠᠬᠤ ᠳᠤ ᠪᠠᠨ ᠨᠠᠮ᠎ᠠ ᠶᠢ ᠵᠡᠷᠭᠡᠯᠡᠳᠡᠭᠡ ᠬᠢᠳᠡᠳ ᠰᠣᠷᠭᠠᠭᠤᠯᠢ ᠳᠤ ᠠᠪᠠᠴᠢᠵᠣ ᠦᠭᠭᠦᠨ᠎ᠠ ᠭᠡᠬᠦᠯᠡᠷ ᠪᠢ᠄ ︽ | ᠳᠡᠷᠡ ᠰᠣᠷᠭᠠᠭᠤᠯᠢ ᠳᠤ ᠴᠢᠨᠢ ᠣᠴᠢᠬᠤ ᠦᠭᠡᠢ︾ ᠭᠡᠳ ᠰᠢᠷᠡᠭᠡ ᠪᠠᠨ ᠳᠠᠰᠣ ᠵᠢᠭᠤᠷᠠᠭᠠᠳ ᠣᠬᠢᠯᠠᠳᠠᠭ ᠪᠠᠶᠢᠭᠰᠠᠨ᠃ | | ᠰᠠ᠊ ᠪᠠᠭᠰᠢ ᠬᠢᠴᠢᠶᠠᠯ ᠣᠷᠣᠮᠠᠭᠴᠠ ᠪᠢᠳᠡᠨ ᠤ ᠠᠩᠭᠢ ᠨᠠᠮ ᠵᠢᠮ ᠪᠣᠯᠳᠠᠭ᠃ ᠣᠴᠢᠷ ᠨᠢ ᠬᠢᠴᠢᠶᠠᠯ ᠳᠡᠭᠡᠷ᠎ᠡ | ᠨᠣᠮᠣᠬᠠᠨ ᠰᠠᠭᠤᠬᠤ ᠦᠭᠡᠢ ᠪᠣᠯ ᠰᠠ᠊ ᠪᠠᠭᠰᠢ ᠳᠣᠩ ᠠᠶᠣᠮᠠᠷ ᠠᠭᠤᠷᠯᠠᠳᠠᠭ ᠣᠴᠢᠷ ᠠᠴᠠ ᠪᠢᠳᠡ ᠪᠦᠷ ᠠᠮᠢ ᠪᠠᠨ | ᠭᠠᠷᠳᠠᠯ᠎ᠠ ᠠᠶᠣᠳᠠᠭ᠃ ᠭᠡᠳᠡᠯ᠎ᠡ ᠬᠢᠴᠢᠶᠠᠯ ᠪᠠᠭᠤᠮᠠᠭᠴᠠ ᠪᠠᠭᠰᠢ ᠮᠢᠨᠢ ᠠᠰᠠᠳᠠᠭᠠᠨ ᠬᠦᠮᠦᠨ ᠪᠣᠯᠣᠭᠰᠠᠨ ᠰᠢᠭ᠋᠂ | ᠮᠠᠨ ᠲᠠᠢ ᠨᠠᠶᠢᠵᠠ ᠪᠣᠯᠵᠣ᠂ ᠪᠢᠳᠡᠨ ᠲᠠᠢ ᠶᠠᠮᠠᠷ ᠴᠦ ᠵᠣᠭᠤᠭ ᠪᠦᠷ ᠳᠡᠯᠭᠡᠳᠡᠭ᠃ ᠡᠨᠡ ᠦᠶᠡᠰ ᠪᠢᠳᠡ ᠴᠦ | ᠳᠡᠭᠳᠡᠭᠡᠭᠡᠢ ᠰᠢᠭ ᠳᠡᠷᠪᠡᠵᠣ ᠡᠬᠢᠯᠡᠨ᠂ ᠪᠠᠭᠰᠢ ᠶᠢ ᠲᠠᠭᠠᠨ ᠡᠷᠬᠢᠯᠳᠦᠵᠣ᠂ ᠦᠨᠦᠬᠢ ᠠᠭᠤᠷᠯᠠᠭᠳᠠᠵᠣ ᠪᠠᠶᠢᠭᠰᠠᠨ ᠢᠶᠠᠨ | ᠣᠷᠣ ᠳᠠᠰᠣ ᠮᠠᠷᠳᠠᠨ᠂ ᠡᠨᠡ ᠳᠡᠷᠡ ᠭᠡᠵᠤ ᠣᠬᠤᠴᠢᠯᠠᠵᠣ ᠠᠰᠠᠭᠤᠭᠠᠳ ᠪᠠᠭᠰᠢ ᠪᠠᠨ ᠠᠮᠣᠷ ᠰᠠᠭᠤᠯᠭᠠᠳᠠᠭ ᠦᠭᠡᠢ | ᠶᠤᠮ᠃ | ᠪᠠᠭᠰᠢ ᠮᠢᠨᠢ ᠢᠩᠭᠢᠵᠣ ᠠᠯᠳᠠᠨ ᠨᠠᠷᠠ ᠰᠢᠭ᠋ ᠮᠠᠨ ᠢ ᠪᠠᠨ ᠳᠣᠯᠠᠭᠠᠯᠠᠵᠣ᠂ ᠠᠭᠠᠷ ᠤᠨ ᠬᠤᠷ᠎ᠠ ᠰᠢᠭ᠋ | ᠮᠠᠨ ᠢ ᠪᠠᠨ ᠣᠮᠳᠠᠯᠠᠵᠣ ᠯᠠ ᠪᠠᠶᠢᠳᠠᠭ᠃ ᠳᠠᠨ ᠤ ᠪᠠᠨ ᠠᠴᠢ ᠪᠠᠷ ᠪᠢᠳᠡ ᠡᠳᠦᠷ ᠠᠴᠠ ᠡᠳᠦᠷ ᠦᠰᠦᠨ ᠳᠣᠷᠨᠢᠵᠣ᠂ | ᠡᠷᠳᠡᠮ ᠤᠨ ᠳᠠᠯᠠᠢ ᠳᠤ ᠡᠷᠭᠡ ᠳᠣᠷ᠎ᠠ ᠪᠠᠷ ᠢᠶᠠᠨ ᠱᠣᠮᠪᠠᠵᠣ ᠪᠠᠶᠢᠨ᠎ᠠ᠃ | | ᠵᠤᠬᠢᠶᠠᠬᠴᠢ᠄ ᠮᠦᠰᠦᠨ ︵ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠣᠩᠭᠤᠯ ᠦᠨᠳᠦᠰᠦᠳᠡᠨ ᠤ | ᠪᠠᠭ᠎ᠠ ᠰᠣᠷᠭᠠᠭᠤᠯᠢ ᠶᠢᠨ ᠲᠠᠪᠤ ᠶᠢᠨ ᠬᠤᠶᠠᠷ︶ | ᠵᠢᠯᠣᠭᠤᠳᠣᠭᠰᠠᠨ ᠪᠠᠭᠰᠢ᠄ ᠡᠷᠳᠡᠨᠢᠴᠢᠮᠡᠭ |