ᠮᠢᠨᠦ ᠡᠭᠡ ᠰᠤᠷᠭᠠᠭᠤᠯᠢ
ᠨᠡᠶᠢᠲᠡᠯᠡᠭᠰᠡᠨ ᠴᠠᠭ᠄
2020-06-24
   ᠰᠠᠷᠠᠭᠤᠯ ᠲᠠᠩᠬᠢᠮ ᠳᠤᠨᠢ ᠰᠤᠳᠤᠨ ᠰᠤᠷᠤᠬᠴᠢᠳ ᠲᠠᠢ    ᠰᠤᠷᠭᠠᠨ ᠬᠦᠮᠦᠵᠢᠬᠦᠯᠬᠦ ᠪᠠᠷ ᠮᠡᠷᠭᠡᠨ ᠪᠠᠭᠰᠢ ᠨᠠᠷ ᠲᠠᠢ    ᠰᠤᠷᠭᠠᠭᠤᠯᠢ ᠪᠠᠨ ᠰᠠᠬᠢᠬᠰᠠᠨ ᠬᠦᠭᠰᠢᠨ ᠬᠠᠶᠢᠯᠠᠰᠤ ᠲᠠᠢ    ᠰᠠᠨᠠᠭ᠎ᠠ ᠪᠠᠨ ᠠᠷᠢᠭᠤᠳᠬᠠᠬᠰᠠᠨ ᠰᠦᠨ ᠰᠠᠴᠤᠯᠢ ᠲᠠᠢ    ᠡᠨᠡ ᠪᠤᠯ ᠮᠢᠨᠦ ᠡᠭᠡ ᠰᠤᠷᠭᠠᠭᠤᠯᠢ    ᠡᠯᠢᠭᠡᠨ ᠬᠠᠶᠢᠷᠠᠳᠠᠢ ᠲᠤᠯᠠᠭᠠᠨ ᠦᠯᠦᠬᠡᠢ︕    ᠨᠠᠮ ᠵᠶᠠᠨ ᠬᠦᠷᠢᠶᠡᠯᠡᠭᠰᠡᠨ ᠤᠯᠠᠭᠠᠨ ᠲᠤᠭ ᠲᠠᠢ    ᠨᠠᠷᠠ ᠪᠠᠨ ᠲᠠᠯᠠᠯᠤᠬᠰᠠᠨ ᠬᠦᠭᠡ ᠰᠦᠯᠳᠡ ᠲᠠᠢ    ᠨᠠᠴᠢᠨ ᠲᠠᠢ ᠮᠦᠴᠡᠷᠭᠡᠭᠰᠡᠨ ᠴᠢᠬᠢᠷᠠᠬ ᠭᠡᠤᠭᠡᠳ ᠲᠠᠢ    ᠨᠠᠶᠢᠵᠠ ᠪᠠᠨ ᠤᠬᠳᠤᠬᠰᠠᠨ ᠬᠠᠮᠳᠤ ᠰᠤᠷᠤᠯᠭᠠᠳᠠᠨ ᠲᠠᠢ    ᠡᠨᠡ ᠪᠤᠯ ᠮᠢᠨᠦ ᠡᠭᠡ ᠰᠤᠷᠭᠠᠭᠤᠯᠢ    ᠡᠯᠢᠭᠡᠨ ᠬᠠᠶᠢᠷᠠᠳᠠᠢ ᠲᠤᠯᠠᠭᠠᠨ ᠦᠯᠦᠬᠡᠢ︕    ᠡᠷᠳᠡᠮ ᠰᠤᠷᠭᠠᠬᠤ ᠡᠴᠠ ᠡᠷᠬᠢᠮ ᠪᠠᠭᠰᠢᠨᠠᠷ ᠤᠨ ᠵᠢᠳᠬᠦᠯ ᠲᠠᠢ    ᠡᠷᠡᠨ ᠤ ᠴᠤᠤᠷᠠᠢ ᠳᠤ ᠡᠭᠡ ᠰᠤᠷᠭᠠᠭᠤᠯᠢ ᠵᠢᠨ ᠲᠠᠭᠤᠤ ᠲᠠᠢ    ᠡᠰᠡᠨᠢᠯ ᠤᠨ ᠬᠠᠪᠤᠷ ᠲᠤ ᠬᠠᠨᠢ ᠨᠦᠬᠦᠳ ᠤᠨ ᠲᠦᠰᠢᠭ ᠲᠠᠢ    ᠡᠷᠢᠯ ᠤᠨ ᠢᠷᠡᠭᠡᠳᠦᠢ ᠳᠤ ᠵᠢᠷᠦᠭᠡᠨ ᠤ ᠬᠦᠰᠡᠯ ᠲᠠᠢ    ᠡᠨᠡ ᠪᠤᠯ ᠮᠢᠨᠦ ᠡᠭᠡ ᠰᠤᠷᠭᠠᠭᠤᠯᠢ    ᠡᠯᠢᠭᠡᠨ ᠬᠠᠶᠢᠷᠠᠳᠠᠢ ᠲᠤᠯᠠᠭᠠᠨ ᠦᠯᠦᠬᠡᠢ︕         ᠵᠤᠬᠢᠶᠠᠬᠴᠢ᠄ ᠪᠠᠢ ᠨᠠᠷᠠᠰᠤ ︵ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠦᠷᠦᠯᠵᠢ ᠭᠤᠤᠯ ᠪᠠᠭ᠎ᠠ ᠰᠤᠷᠭᠠᠭᠤᠯᠢ ᠵᠢᠨ ᠵᠢᠷᠭᠤᠭ᠎ᠠ ᠵᠢᠨ ᠭᠤᠷᠪᠠ︶         ᠵᠢᠯᠤᠭᠤᠳᠤᠬᠰᠠᠨ ᠪᠠᠭᠰᠢ᠄ ᠪᠠᠢ ᠭᠦᠢ ᠯᠠᠨ
 
ᠢᠷᠡᠯᠲᠡ᠄ ᠬᠢᠩᠭᠠᠨ ᠠᠶᠢᠮᠠᠭ ‍ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠡᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠡᠷ ᠬᠠᠭᠤᠯᠪᠤᠷᠢᠯᠠᠬᠤ ᠵᠢ ᠡᠷᠡᠰ ᠬᠤᠷᠢᠭᠯᠠᠨ᠎ᠠ 蒙ICP备05070829号