︽ᠬᠡᠴᠢᠨᠡᠨ ᠬᠠᠯᠠᠭᠤᠨ ᠪᠤᠢ︕︾ ᠭᠡᠵᠦ ᠪᠢ ᠲᠤᠯᠤᠭᠠᠢ ᠲᠡᠭᠡᠷᠡᠬᠢ ᠪᠤᠷᠴᠠᠭ ᠤᠨ ᠵᠡᠷᠭᠡ ᠶᠡᠭᠡ | ᠬᠦᠯᠦᠰᠦ ᠪᠠᠨ ᠠᠷᠴᠢᠪᠠ᠃ ᠦᠨᠦᠳᠦᠷ ᠪᠤᠯ ᠭᠠᠷᠠᠭ ᠤᠨ ᠡᠳᠦᠷ ᠪᠤᠯᠬᠤᠷ ᠪᠢ ᠳᠠᠰᠬᠠᠯ ᠵᠶᠠᠨ ᠪᠠᠷᠠᠭᠰᠠᠨ ᠤ ᠰᠡᠬᠦᠯᠡᠷ | ᠦᠳᠡ ᠵᠢᠨ ᠦᠶ᠎ᠠ ᠪᠠᠷ ᠬᠠᠮᠲᠤ ᠰᠤᠷᠤᠯᠭᠠᠲᠠᠨ ᠤ ᠭᠡᠷ ᠤᠷᠤᠭᠤ ᠨᠠᠭᠠᠳᠬᠤ ᠪᠠᠷ ᠵᠤᠷᠢᠭᠰᠠᠨ ᠪᠠᠶᠢᠨ᠎ᠠ᠃ | ᠨᠠᠷᠠᠨ ᠤ ᠭᠡᠷᠡᠯ ᠮᠢᠨᠦ ᠬᠠᠴᠠᠷ ᠳᠡᠭᠡᠷ᠎ᠡ ᠳᠤᠯᠠᠶᠢᠲᠠᠯᠠ ᠳᠤᠰᠪᠠ᠃ ᠶᠠᠭ ᠡᠨᠡ ᠨᠠᠷᠠᠨ ᠤ ᠭᠡᠷᠡᠯ ᠤᠨ | ᠳᠤᠰᠤᠯᠲᠠ ᠳᠤᠤᠷ᠎ᠠ ᠨᠦᠢᠷᠮᠤᠬᠯᠠᠵᠤ ᠶᠠᠪᠤᠵᠤ ᠪᠠᠶᠢᠭ᠎ᠠ ᠳᠤ ᠭᠡᠨᠡᠳᠲᠡ ᠨᠢᠭᠡ ᠲᠠᠭᠤ ᠵᠢ ᠤᠯᠵᠤ ᠰᠤᠨᠤᠰᠪᠠ᠃ ︽ | ᠵᠢᠷ᠂ ᠵᠢᠷ᠂ ᠵᠢᠷ︕︾᠃ ᠡᠨᠡ ᠲᠠᠭᠤ ᠵᠢ ᠰᠤᠨᠤᠰᠬᠤ ᠳᠤ ᠴᠢᠬᠢ ᠬᠦᠡᠭᠭᠢᠨᠡᠨᠡ᠂ ᠰᠤᠨᠤᠰᠬᠤ ᠳᠤ ᠶᠠᠭ ᠵᠢᠶᠣᠤᠫᠢ | ᠭᠠᠵᠠᠷ ᠲᠠᠢ ᠶᠡᠭᠡ ᠬᠡᠮᠵᠢᠶ᠎ᠠ ᠵᠢᠨ ᠰᠢᠷᠭᠦᠭᠦᠯᠲᠠ ᠭᠠᠷᠤᠭᠰᠠᠨ ᠲᠠᠭᠤ ᠮᠡᠲᠦ᠂ ᠰᠤᠨᠤᠰᠬᠤ ᠳᠤ ᠪᠠᠰᠠ ᠰᠢᠪᠠᠭᠤᠨ ᠤ | ᠨᠢᠭᠡᠨ ᠲᠠᠭᠤᠨ ᠵᠢᠷᠬᠢᠬᠡᠨ ᠮᠡᠳᠦ᠃ ᠪᠢ ᠰᠤᠨᠢᠭᠤᠴᠢ ᠪᠤᠳᠤᠯ ᠳᠠᠭᠠᠨ ᠬᠦᠳᠦᠯᠦᠭᠳᠡᠨ ᠲᠡᠷᠡ ᠨᠢᠭᠡᠨ ᠰᠤᠨᠢᠨ ᠲᠠᠭᠤᠨ | ᠵᠦ᠋ᠭ ᠠᠯᠬᠤᠯᠠᠪᠠ᠃ ᠪᠢ ᠲᠤᠲᠤᠷ᠎ᠠ ᠪᠠᠨ ᠡᠯᠳᠡᠪ ᠵᠶᠠᠷ ᠪᠤᠳᠤᠵᠤ ᠡᠬᠢᠯᠡᠪᠡ᠃ ︽ᠤᠴᠢᠨ᠎ᠠ ᠤᠤ︖ ᠤᠴᠢᠬᠤ | ᠦᠭᠡᠢ ᠤᠤ︖ ᠬᠡᠷᠪᠡ ᠤᠴᠢᠭᠰᠠᠨ ᠪᠤᠯ ᠦᠨᠡᠨ ᠬᠦ ᠶᠡᠭᠡ ᠬᠡᠷᠡᠭ ᠭᠠᠷᠤᠭᠰᠠᠨ ᠪᠤᠯ ᠪᠢ ᠪᠠᠰᠠ ᠤᠴᠢᠷ | ᠲᠤᠬᠢᠶᠠᠯᠳᠤᠵᠤ ᠮᠡᠳᠡᠨ᠎ᠠ᠂ ᠬᠡᠷᠪᠡ ᠤᠴᠢᠬᠤ ᠦᠭᠡᠢ ᠪᠤᠯ ᠲᠤᠲᠤᠷ᠎ᠠ ᠪᠠᠰᠠ ᠰᠤᠨᠢᠬᠠᠨ ᠰᠠᠨᠠᠬᠳᠠᠬᠤ ᠶᠤᠮ ᠡ᠂ | ᠤᠴᠢᠪᠡᠯ ᠠᠶᠤᠨ᠎ᠠ᠂ ᠤᠴᠢᠬᠤ ᠦᠭᠡᠢ ᠪᠤᠯ ᠪᠠᠰᠠ ᠪᠦᠲᠦᠬᠦ ᠦᠭᠡᠢ︾ ᠡᠷᠡᠭᠡᠯᠵᠡᠨ ᠲᠠᠳᠠᠭᠠᠯᠵᠠᠬᠰᠠᠭᠠᠷ ᠪᠢ | ᠤᠴᠢᠵᠤ ᠦᠵᠡᠬᠦ ᠪᠠᠷ ᠪᠤᠯᠪᠠ᠃ ᠪᠢ ᠰᠠᠶᠢᠨ ᠶᠠᠭᠤᠮ᠎ᠠ ᠤᠯᠵᠤ ᠦᠵᠡᠬᠦ ᠦᠭᠡᠢ ᠡᠴᠠ ᠠᠶᠤᠵᠤ ᠬᠤᠷᠳᠤᠨ | ᠬᠦᠶᠦᠵᠦ ᠡᠬᠢᠯᠡᠪᠡ᠃ ᠵᠤᠷᠢᠭᠰᠠᠨ ᠭᠠᠵᠠᠷ ᠲᠤ ᠪᠠᠨ ᠬᠦᠷᠦᠯ᠎ᠡ᠃ ᠨᠢᠭᠡ ᠤᠪᠤᠭ᠎ᠠ ᠬᠦᠮᠦᠨ ᠲᠤᠭᠤᠷᠢᠵᠦ | ᠵᠤᠭᠰᠤᠭᠠᠳ ᠶᠠᠷᠢᠯᠴᠠᠬᠤ ᠨᠢ ᠶᠠᠷᠢᠯᠴᠠᠵᠤ᠂ ᠤᠳᠡᠰᠤ ᠠᠪᠬᠤ ᠨᠢ ᠠᠪᠴᠤ ᠪᠠᠶᠢᠨ᠎ᠠ᠃ ᠪᠢ ᠬᠦᠮᠦᠨ ᠤ ᠳᠤᠮᠳᠠ | ᠰᠢᠬᠠᠨ ᠤᠷᠤᠵᠤ᠂ ᠬᠦᠮᠦᠨ ᠤ ᠲᠤᠭᠤᠷᠢᠨ ᠵᠤᠭᠰᠤᠵᠤ ᠪᠠᠶᠢᠭ᠎ᠠ ᠲᠠᠷᠡ ᠶᠠᠭᠤᠮ᠎ᠠ ᠵᠢ ᠦᠵᠡᠬᠦ ᠪᠠᠷ ᠴᠢᠷᠮᠠᠶᠢᠪᠠ᠃ | ᠭᠡᠪᠡᠴᠦ ᠰᠢᠬᠠᠵᠤ ᠤᠷᠤᠵᠤ ᠲᠡᠶᠢᠯᠦᠭᠰᠡᠨ ᠦᠭᠡᠢ᠃ ᠭᠡᠨᠡᠳᠲᠡ ᠨᠢᠭᠡᠨ ᠲᠠᠯᠠᠭᠠᠳ ᠨᠠᠰᠤᠨ ᠤ ᠡᠮᠡᠭᠡ ᠬᠦᠮᠦᠨ ᠤ | ᠲᠤᠮᠲᠠ ᠰᠢᠬᠠᠨ ᠤᠷᠤᠵᠤ ᠴᠢᠨᠡᠭᠡ ᠮᠡᠳᠡᠨ ᠤᠬᠢᠯᠠᠪᠠ᠃ ᠬᠦᠮᠦᠨ ᠪᠦᠷᠢ ᠲᠡᠭᠦᠨ ᠳᠤ ᠤᠷᠤ ᠲᠠᠯᠪᠢᠵᠤ ᠦᠭᠪᠡ᠃ | ᠬᠦᠮᠦᠰ ᠤᠷᠤ ᠲᠠᠯᠪᠢᠵᠤ ᠦᠭᠭᠦᠭᠰᠡᠨ ᠲᠡᠷᠡ ᠬᠤᠭᠤᠷᠤᠨᠳᠤ ᠨᠢ ᠲᠡᠷᠡ ᠶᠠᠭᠤᠮ᠎ᠠ ᠵᠢ ᠤᠯᠵᠤ ᠦᠵᠡᠪᠡ᠃ ᠨᠢᠭᠡᠨ | ᠲᠤᠮᠤ ᠤᠯᠠᠭᠠᠨ ᠠᠴᠢᠶᠠᠨ ᠤ ᠲᠡᠷᠭᠡ ᠪᠤᠯᠤᠨ ᠨᠢᠭᠡᠨ ᠵᠢᠵᠢᠭ ᠮᠠᠰᠢᠨ ᠲᠡᠷᠭᠡ ᠮᠦᠷᠭᠦᠪᠡ᠃ ᠲᠡᠷᠡ ᠤᠭ ᠲᠤ ᠪᠠᠨ | ᠲᠤᠩ ᠴᠠᠭᠠᠨ ᠪᠠᠶᠢᠭᠰᠠᠨ ᠵᠢᠵᠢᠭ ᠮᠠᠰᠢᠨ ᠲᠡᠷᠭᠡ ᠤᠳᠤ ᠨᠢᠭᠡᠨ ᠤᠯᠠᠭᠠᠨ ᠦᠡᠭᠭᠡ ᠪᠠᠷ ᠰᠢᠷᠳᠡᠭᠰᠡᠨ ᠮᠡᠲᠦ ᠬᠡᠰᠡᠭ | ᠴᠠᠭᠠᠨ ᠬᠡᠰᠡᠭ ᠤᠯᠠᠭᠠᠨ ᠪᠤᠯᠪᠠ᠃ ᠪᠢ ᠡᠨᠡ ᠵᠢ ᠦᠵᠡᠭᠡᠳ ᠪᠦᠭᠡᠯᠵᠢᠵᠦ ᠡᠬᠢᠯᠡᠪᠡ᠃ ᠪᠢ ᠡᠳᠤᠢ ᠲᠤᠮᠤ ᠪᠤᠯᠳᠠᠯ᠎ᠠ | ᠡᠶᠢᠮᠦ ᠪᠠᠶᠢᠳᠠᠯ ᠨᠢᠭᠡ ᠴᠦ ᠪᠠᠰᠠ ᠲᠠᠭᠠᠷᠠᠯᠳᠤᠬᠰᠠᠨ ᠦᠭᠡᠢ᠂ ᠲᠡᠮᠡᠢ ᠤᠳᠠᠯ ᠦᠭᠡᠢ ᠡᠮᠨᠡᠯᠭᠡ ᠵᠢᠨ ᠪᠠᠴᠢᠮ | ᠠᠪᠤᠷᠠᠯᠲᠠ ᠵᠢᠨ ᠲᠡᠷᠭᠡ ᠵᠢᠨ ᠲᠠᠭᠤ ᠭᠠᠷᠴᠤ᠂ ᠬᠦᠷᠴᠤ ᠢᠷᠡᠨ ᠲᠡᠷᠡ ᠬᠦᠮᠦᠨ ᠢ ᠴᠠᠭᠠᠨ ᠤᠷᠤ ᠲᠡᠭᠡᠷ᠎ᠡ ᠲᠠᠯᠪᠢᠵᠤ | ᠲᠡᠷᠭᠡᠨ ᠳᠡᠭᠡᠨ ᠠᠪᠴᠤ ᠭᠠᠷᠪᠠ᠃ ᠲᠡᠷᠡ ᠤᠬᠢᠯᠠᠵᠤ ᠪᠠᠶᠢᠭ᠎ᠠ ᠡᠮᠡᠭᠡ ᠪᠠᠰᠠ ᠲᠡᠷᠭᠡᠨ ᠲᠡᠭᠡᠷ᠎ᠡ ᠭᠠᠷᠪᠠ᠃ ᠪᠢ | ᠢᠷᠡᠭᠰᠡᠨ ᠳᠤ ᠪᠠᠨ ᠭᠡᠮᠰᠢᠪᠠ᠂ ᠪᠢ ᠨᠦᠬᠦᠳ ᠤᠨ ᠭᠡᠷ ᠲᠤ ᠤᠴᠢᠬᠤ ᠳᠤᠷ᠎ᠠ ᠠᠯᠳᠠᠷᠠᠵᠤ᠂ ᠬᠤᠷᠳᠤᠨ ᠭᠡᠷ ᠲᠤ ᠪᠠᠨ | ᠬᠠᠷᠢᠪᠠ᠃ | ᠬᠡᠳᠦᠨ ᠡᠳᠦᠷ ᠤᠨ ᠲᠠᠷᠠᠭ᠎ᠠ ᠪᠢ ᠪᠤᠰᠤᠳ ᠠᠮᠠ ᠡᠴᠠ ᠲᠡᠷᠠ ᠬᠦᠮᠦᠨ ᠡᠳᠡᠭᠡᠷᠡᠭᠰᠡᠨ ᠴᠢᠮᠡᠭᠡ ᠵᠢ ᠤᠯᠪᠠ᠃ | ︽ᠤᠳᠤ ᠵᠢᠨ ᠡᠮᠨᠡᠯᠭᠡ ᠬᠡᠴᠢᠨᠡᠨ ᠤᠷᠤᠭᠰᠢᠯᠠᠭᠰᠠᠨ ᠪᠤᠢ᠂ ᠦᠬᠦᠮᠡᠷ ᠬᠦᠮᠦᠡ ᠢ ᠪᠠᠰᠠ ᠡᠳᠡᠭᠡᠷᠡᠭᠦᠯᠵᠦ ᠲᠡᠶᠢᠯᠦᠨ᠎ᠡ︕ | ︾ ᠭᠡᠳ ᠬᠦᠮᠦᠰ ᠶᠠᠷᠢᠵᠠᠭᠠᠨ᠎ᠠ᠃ ᠡᠨᠡ ᠦᠭᠡ ᠪᠤᠷᠤᠭᠤ ᠦᠭᠡᠢ᠂ ᠭᠡᠳᠡᠯ᠎ᠡ ᠮᠢᠨᠦ ᠪᠤᠳᠣᠬᠤ ᠪᠠᠷ ᠪᠢᠳᠡ ᠤᠳᠤ ᠵᠢᠨ | ᠮᠡᠷᠭᠡᠵᠢᠯ ᠢ ᠬᠡᠲᠦᠷᠬᠡᠢ ᠲᠦᠰᠢᠭᠯᠡᠵᠦ ᠪᠣᠯᠬᠤ ᠦᠭᠡᠢ᠂ ᠬᠡᠷᠪᠡ ᠪᠤᠰᠤᠳ ᠬᠦᠮᠦᠨ ᠪᠠᠰᠠ ᠡᠶᠢᠮᠦ ᠠᠶᠤᠯ ᠤᠴᠠᠷᠠᠭᠰᠠᠨ | ᠪᠤᠯ︖ ᠲᠡᠷᠠ ᠬᠦᠮᠦᠨ ᠵᠠᠭᠤᠨ ᠤ ᠵᠠᠭᠤ ᠪᠠᠷ ᠡᠳᠡᠭᠡᠷᠡᠬᠦ ᠵᠢ ᠬᠡᠨ ᠴᠦ ᠪᠠᠲᠤᠯᠠᠵᠤ ᠲᠡᠶᠢᠯᠬᠦ ᠪᠤᠢ︖ ᠡᠶᠢᠮᠦ ᠡᠴᠠ | ᠪᠢᠳᠡ ᠠᠶᠤᠯ ᠢ ᠢᠷᠡᠬᠦ ᠡᠴᠠ ᠨᠢ ᠡᠮᠦᠨ᠎ᠡ ᠰᠡᠷᠭᠡᠶᠢᠯᠡᠬᠦ ᠵᠢ ᠬᠢᠴᠢᠶᠡᠬᠦ ᠬᠡᠷᠡᠭᠳᠡᠢ᠃ ᠵᠢᠱᠢᠶᠡᠯᠡᠪᠠᠯ᠄ ︽ᠲᠡᠷᠭᠡ | ᠵᠢᠯᠤᠭᠤᠳᠬᠤ ᠳᠤ ᠵᠠᠮ ᠬᠠᠷᠢᠯᠴᠠᠭᠠᠨ ᠤ ᠶᠤᠰᠤ ᠵᠢ ᠲᠠᠭᠠᠵᠤ᠂ ᠬᠡᠳᠦᠷᠬᠡᠢ ᠬᠤᠷᠳᠤᠨ ᠲᠡᠷᠭᠡ ᠪᠠᠨ ᠵᠢᠯᠤᠭᠤᠳᠬᠤ | ᠦᠭᠡᠢ᠂ ᠠᠷᠢᠬᠢ ᠤᠤᠭᠤᠬᠰᠠ ᠤ ᠲᠠᠷᠠᠭ᠎ᠠ ᠲᠡᠷᠭᠡ ᠵᠢᠯᠤᠭᠤᠳᠬᠤ ᠦᠭᠡᠢ ᠵᠡᠷᠭᠡ ᠁ ᠬᠡᠷᠪᠡ ᠬᠦᠮᠦᠨ ᠪᠦᠷᠢ ᠵᠠᠮ | ᠬᠠᠷᠢᠯᠴᠠᠭᠠᠨ ᠤ ᠶᠤᠰᠤ ᠵᠢ ᠪᠠᠲᠤ ᠴᠡᠭᠡᠵᠢᠯᠡᠵᠦ ᠶᠠᠪᠤᠭ᠎ᠠ ᠪᠤᠯ ᠠᠶᠤᠯ ᠭᠠᠷᠬᠤ ᠨᠤᠷᠮ᠎ᠠ ᠵᠢ ᠶᠡᠭᠡ ᠬᠡᠮᠵᠢᠶ᠎ᠡ ᠪᠠᠷ | ᠪᠠᠭᠠᠰᠴᠤ ᠲᠡᠶᠢᠯᠤᠨ᠎ᠠ᠃ ᠵᠠᠷᠢᠮ ᠵᠢᠯᠤᠭᠤᠴᠢ ᠵᠠᠮ ᠬᠠᠷᠢᠯᠴᠠᠭᠠᠨ ᠤ ᠶᠤᠰᠤ ᠵᠢ ᠪᠦᠷ ᠮᠡᠳᠡᠨ᠎ᠡ᠂ ᠶᠠᠭᠤᠨ ᠳᠤ ᠪᠠᠰᠠ | ᠴᠦ ᠲᠡᠷᠭᠡᠨ ᠡ᠊ᠨᠳᠡᠯ ᠭᠠᠷᠴᠤ ᠪᠠᠶᠢᠭ᠎ᠠ ᠪᠤᠢ︖ ᠲᠡᠳᠡ ᠪᠦᠷ ᠨᠢᠭᠡᠨ ᠮᠠᠭᠤ ᠦᠵᠡᠯ ᠰᠠᠨᠠᠭ᠎ᠠ ᠲᠠᠢ᠂ ᠪᠢ ᠤᠯᠠᠭᠠᠨ | ᠳ᠋ᠧᠩ ᠲᠠᠢ ᠦᠷᠢᠰᠦᠪᠠᠯ᠂ ᠭᠠᠷᠴᠤ ᠠᠮᠵᠢᠨ᠎ᠠ︕ ᠡᠨᠡ ᠤᠷᠴᠢᠮ ᠴᠠᠭᠳᠠᠭ᠎ᠠ ᠵᠢᠨ ᠬᠠᠮᠢᠶᠠᠷᠤᠯᠲᠠ ᠰᠤᠯᠠᠷᠠᠪᠠ᠂ | ᠵᠢᠭᠠᠬᠠᠨ ᠠᠷᠢᠬᠢ ᠤᠤᠭᠤᠬᠰᠠᠨ ᠴᠤ ᠲᠡᠷᠭᠡ ᠵᠢᠯᠤᠭᠤᠳᠤᠭᠠᠳ ᠠᠶᠤᠬᠤ ᠦᠭᠡᠢ︕︾ ᠵᠡᠷᠭᠡ ᠁ ᠴᠢ ᠬᠡᠷᠪᠠ | ᠡᠶᠢᠮᠦ ᠰᠡᠳᠬᠢᠯ ᠢ ᠡᠪᠤᠷᠯᠡᠵᠤ ᠲᠡᠷᠭᠡ ᠵᠢᠯᠤᠭᠤᠳᠴᠤ ᠪᠠᠶᠢᠪᠡᠯ ᠲᠠᠷᠤᠢ ᠦᠪᠡᠷ ᠤᠨ ᠠᠮᠢ ᠨᠠᠰᠤ ᠪᠠᠨ ᠬᠠᠶᠢᠷᠠᠯᠠᠬᠤ | ᠦᠭᠡᠢ᠂ ᠪᠤᠰᠤᠳ ᠲᠤ ᠴᠤ ᠬᠠᠷᠢᠭᠤᠴᠠᠵᠤ ᠦᠭᠡᠢ᠂ ᠬᠦᠮᠦᠨ ᠢ ᠵᠢᠭᠰᠢᠭᠦᠯᠳᠡᠭ ᠬᠦᠮᠤᠨ ᠪᠤᠯᠤᠨ᠎ᠠ᠃ | ᠨᠠᠰᠤᠨ ᠳᠤ ᠬᠦᠷᠦᠭᠰᠡᠳ᠂ ᠨᠠᠰᠤᠨ ᠳᠤ ᠦᠯᠦ ᠬᠦᠷᠦᠭᠰᠡᠳ᠂ ᠵᠢᠯᠤᠭᠤᠴᠢ᠂ ᠶᠠᠪᠠᠭᠠᠨ ᠬᠦᠮᠦᠨ ᠪᠦᠷ ᠵᠠᠮ | ᠬᠠᠷᠢᠯᠴᠠᠭᠠᠨ ᠤ ᠶᠤᠰᠤ ᠵᠢ ᠰᠠᠬᠢᠬᠤ ᠬᠠᠷᠢᠭᠤᠴᠠᠯᠭ᠎ᠠ ᠲᠠᠢ ᠪᠠᠶᠢᠳᠠᠭ᠃ ᠪᠢᠳᠡ ᠤᠳᠤ ᠡᠴᠠ ᠡᠬᠢᠯᠡᠭᠡᠳ ᠵᠠᠮ | ᠬᠠᠷᠢᠯᠴᠠᠭᠠᠨ ᠤ ᠲᠦᠷᠢᠮ ᠢ ᠴᠢᠩᠭ᠎ᠠ ᠰᠠᠬᠢᠵᠤ᠂ ᠠᠮᠤᠷ ᠲᠦᠪᠰᠢᠨ᠂ ᠡᠶ᠎ᠡ ᠵᠤᠬᠢᠴᠠᠩᠭᠤᠢ ᠤᠷᠴᠢᠨ ᠲᠤᠭᠤᠷᠢᠨ ᠢ | ᠪᠦᠲᠦᠭᠡᠨ ᠪᠠᠶᠢᠭᠤᠯᠤᠶ᠎ᠠ︕ | ᠵᠤᠬᠢᠶᠠᠬᠴᠢ᠄ ᠵᠧᠦ ᠢᠤᠢ ᠬᠠᠨ ︵ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠮᠤᠩᠭᠤᠯ | ᠦᠨᠳᠦᠰᠦᠲᠡᠨ ᠤ ᠲᠤᠷᠰᠢᠯᠲᠠ ᠵᠢᠨ ᠪᠠᠭ᠎ᠠ ᠰᠤᠷᠭᠠᠭᠤᠯᠢ ᠵᠢᠨ ᠵᠢᠷᠭᠤᠳᠤᠭᠠᠷ ᠤᠨ ᠤ ᠨᠢᠭᠡᠳᠦᠭᠡᠷ ᠠᠩᠭᠢ︶ | ᠵᠢᠯᠤᠭᠤᠳᠤᠬᠰᠠᠨ ᠪᠠᠭᠰᠢ᠄ ᠪᠤᠤ ᠰᠡᠷᠭᠦᠯᠡᠩ |