ᠡᠮᠦᠨ᠎ᠡ ᠹᠷᠤᠨᠲ ᠲᠤ ᠭᠠᠪᠰᠢᠭᠠᠶᠢᠯᠠᠵᠤ ᠪᠠᠶᠢᠭ᠎ᠠ ᠠᠪᠤ ᠳᠤ ᠪᠠᠨ
ᠨᠡᠶᠢᠲᠡᠯᠡᠭᠰᠡᠨ ᠴᠠᠭ᠄
2020-06-24
   ᠠᠭᠤᠤ ᠨᠠᠮ ᠤᠨ ᠭᠡᠰᠢᠬᠦᠨ ᠪᠤᠯᠤᠭᠰᠠᠨ ᠠᠪᠤ ᠮᠢᠨᠢ    ᠠᠶᠤᠮᠰᠢᠭᠳᠤ ᠬᠢᠵᠢᠭ ᠲᠠᠢ ᠰᠢᠭᠤᠷᠬᠠᠶᠢᠯᠠᠨ ᠲᠡᠮᠡᠴᠡᠬᠦ ᠹᠷᠤᠨᠲ ᠲᠤ ᠪᠤᠢ    ᠠᠷᠠᠳ ᠲᠦᠮᠡᠨ ᠤ ᠠᠮᠤᠷ ᠲᠠᠶᠢᠪᠤᠩ ᠤᠨ ᠲᠦᠯᠦᠭᠡ ᠡᠬᠦᠷᠭᠡ ᠲᠠᠭᠠᠭᠠᠴᠢᠯᠠᠨ    ᠠᠷᠤ ᠭᠡᠷ ᠵᠶᠠᠨ ᠬᠠᠶᠠᠵᠦ ᠠᠷᠠᠳ ᠤᠯᠠᠨ ᠳᠠᠭᠠᠨ ᠵᠢᠳᠭᠦᠨ᠎ᠠ ᠠᠪᠤ ᠮᠢᠨᠢ    ᠬᠠᠳᠠ ᠴᠢᠯᠠᠭᠤ ᠰᠢᠭ᠋ ᠬᠠᠳᠠᠭᠤ ᠵᠤᠷᠢᠭ ᠲᠠᠢ    ᠬᠠᠮᠤᠭ ᠪᠡᠷᠬᠡᠰᠢᠶᠡᠯ ᠢ ᠢᠯᠠᠨ ᠲᠠᠪᠠᠭ᠋ᠤ ᠰᠦᠰᠦ ᠲᠠᠢ    ᠬᠠᠨ ᠲᠡᠯᠡᠬᠡᠢ ᠵᠢᠨ ᠬᠦᠮᠤᠨ ᠠᠷᠠᠳ ᠤᠨ ᠵᠶᠠᠨ ᠲᠦᠯᠦᠭᠡ    ᠬᠠᠯᠠᠰᠢᠷᠡᠯ ᠦᠭᠡᠢ ᠴᠢᠷᠮᠠᠶᠢᠵᠤ ᠶᠠᠪᠤᠭ᠎ᠠ ᠠᠪᠤ ᠮᠢᠨᠢ    ᠡᠩ ᠤᠨ ᠪᠤᠯᠪᠠᠴᠤ ᠡᠷᠡᠮᠡᠭᠡᠢ ᠵᠤᠷᠢᠭ ᠲᠠᠢ    ᠡᠨᠡᠷᠢᠯ ᠪᠢᠯᠬᠠᠬᠰᠠᠨ ᠬᠠᠯᠠᠭᠤᠨ ᠰᠡᠳᠭᠢᠯ ᠲᠠᠢ    ᠡᠷᠬᠢᠮ ᠨᠠᠨᠳᠢᠨ ᠠᠮᠢ ᠪᠡᠶ᠎ᠡ ᠪᠠᠨ ᠬᠠᠶᠢᠬᠤᠷᠤᠯ ᠦᠭᠡᠢ    ᠠᠷᠠᠳ ᠲᠦᠮᠡᠨ ᠵᠶᠠᠨ ᠠᠪᠤᠷᠠᠬᠤ ᠪᠠᠷ ᠠᠪᠤ ᠮᠢᠨᠢ    ᠬᠠᠬᠢᠷ ᠬᠦᠢᠳᠡᠨ ᠡᠪᠦᠯ ᠤᠨ ᠰᠢᠭᠤᠷᠭ᠎ᠠ ᠵᠢ ᠰᠦᠷᠴᠦ    ᠬᠠᠪᠢᠷᠭ᠎ᠠ ᠨᠡᠪᠳᠡᠯᠬᠦ ᠦᠳᠡᠰᠢ ᠵᠢᠨ ᠬᠦᠢᠳᠡᠨ ᠢ ᠲᠡᠰᠪᠦᠷᠢᠯᠡᠵᠦ    ᠬᠠᠮᠤᠭ ᠤᠯᠠᠨ ᠤ ᠪᠠᠨ ᠡᠮᠦᠨ᠎ᠡ ᠭᠠᠪᠰᠢᠭᠠᠶᠢᠯᠠᠭᠰᠠᠨ    ᠬᠠᠮᠳᠤ ᠵᠢᠨ ᠮᠠᠨᠠᠭᠠᠴᠢ ᠪᠤᠯᠵᠦ ᠶᠠᠪᠤᠨ᠎ᠠ ᠠᠪᠤ ᠮᠢᠨᠢ᠃       ᠵᠤᠬᠢᠶᠠᠬᠴᠢ᠄ ᠠᠰᠤᠷᠤ ︵ᠵᠠᠯᠠᠶᠢᠳ ᠬᠤᠰᠢᠭᠤᠨ ᠤ ᠢᠨᠳᠡᠷ ᠲᠠᠬᠢ ᠵᠢᠷᠭᠤᠳᠤᠭᠠᠷ ᠲᠤᠮᠳᠠᠳᠤ ᠰᠤᠷᠭᠠᠭᠤᠯᠢ ᠵᠢᠨ ᠬᠤᠶᠠᠷ ᠤᠨ ᠠᠷᠪᠠᠨ ᠨᠢᠭᠡ︶       ᠵᠢᠯᠤᠭᠤᠳᠤᠭᠴᠢ ᠪᠠᠭᠰᠢ᠄ ᠵᠤᠤ ᠰᠢᠶᠦᠤ ᠶᠢᠩ
 
ᠢᠷᠡᠯᠲᠡ᠄ ᠬᠢᠩᠭᠠᠨ ᠠᠶᠢᠮᠠᠭ ‍ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠡᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠡᠷ ᠬᠠᠭᠤᠯᠪᠤᠷᠢᠯᠠᠬᠤ ᠵᠢ ᠡᠷᠡᠰ ᠬᠤᠷᠢᠭᠯᠠᠨ᠎ᠠ 蒙ICP备05070829号