ᠠᠮᠠᠷᠠᠯᠳᠠ ᠵᠢᠨ ᠡᠳᠤᠷ ᠭᠠᠷ ᠤᠳᠠᠰᠤᠨ ᠳᠠᠬᠢ ᠰᠡᠭᠦᠳᠡᠷ ᠤᠳ ᠵᠶᠠᠨ ᠤᠷᠪᠠᠭᠤᠯᠤᠨ ᠰᠠᠭᠤᠵᠤ ᠪᠠᠶᠢᠭᠰᠠᠭᠠᠷ | ᠨᠠᠶᠢᠵᠠ ᠴᠡᠴᠡᠭ ᠤᠨ ᠵᠶᠠᠨ ᠰᠡᠭᠦᠳᠡᠷ ᠢ ᠬᠠᠷᠠᠭᠠᠳ ᠦᠪᠡᠷ ᠤᠨ ᠡᠷᠭᠡ ᠦᠭᠡᠢ ᠨᠢᠯᠪᠤᠰᠤ ᠪᠦᠮᠪᠤᠷᠢᠭᠦᠯᠪᠡ᠃ | ᠴᠡᠴᠡᠭ ᠲᠠᠢ ᠬᠠᠮᠳᠤ ᠲᠠᠳᠠᠭᠤᠯᠤᠭᠰᠠᠨ ᠰᠡᠭᠦᠳᠡᠷ ᠤᠳ ᠵᠶᠠᠨ ᠬᠠᠷᠠᠬᠤ ᠳᠤ ᠦᠩᠭᠡᠷᠡᠭᠰᠡᠨ ᠤ ᠪᠠᠶᠠᠷ ᠪᠠᠶᠠᠰᠤᠯ᠂ | ᠬᠠᠶᠢᠷ᠎ᠠ ᠬᠠᠯᠠᠮᠵᠢ᠂ ᠵᠤᠪᠠᠨᠢᠯ ᠭᠤᠮᠤᠳᠠᠯ᠂ ᠵᠤᠯ ᠵᠢᠷᠭᠠᠯ ᠲᠠᠢ ᠶᠠᠪᠤᠳᠠᠯ ᠤᠳ ᠨᠢᠯᠪᠤᠰᠤ ᠲᠠᠢ ᠨᠢᠳᠤᠨ ᠳᠤ | ᠬᠠᠷᠠᠭᠳᠠᠬᠤ ᠰᠢᠭ᠋ ᠪᠤᠯᠤᠨ᠎ᠠ᠃ | ᠠᠷᠪᠠᠨ ᠵᠢᠷᠭᠤᠭᠠᠲᠠᠢ ᠴᠡᠴᠡᠭ ᠨᠠᠳᠠ ᠲᠠᠢ ᠠᠩᠬ᠎ᠠ ᠬᠤᠶᠠᠳᠤᠭᠠᠷ ᠤᠨ ᠳᠤ ᠲᠠᠨᠢᠯᠴᠠᠭᠰᠠᠨ ᠶᠤᠮ᠃ | ᠨᠠᠷᠢᠬᠠᠨ ᠰᠤᠭᠤᠶᠢᠭᠰᠠᠨ ᠤᠷᠳᠤ ᠬᠦᠯ ᠲᠠᠢ᠂ ᠬᠦᠯᠤ ᠬᠠᠷ᠎ᠠ ᠬᠡᠵᠢᠭᠡ ᠪᠠᠨ ᠴᠢᠪᠬᠢᠳᠡᠯᠠ ᠡᠪᠬᠡᠨ ᠤᠶᠠᠵᠤ᠂ ᠲᠦᠯᠭᠡᠨ | ᠬᠠᠷᠠᠴᠠᠨ ᠳᠤ ᠪᠠᠨ ᠢᠨᠢᠶᠡᠳᠤ ᠲᠤᠳᠤᠷᠠᠭᠤᠯᠤᠨ ᠶᠠᠪᠤᠳᠠᠭ ᠲᠡᠷᠡ ᠦᠭᠢᠨ ᠮᠠᠨ ᠤ ᠰᠤᠷᠭᠠᠭᠤᠯᠢ ᠵᠢᠨ ᠬᠦᠤᠴᠤᠤᠯ ᠤᠨ | ᠨᠢᠳᠤᠨ ᠤ ᠬᠤᠷᠤᠬᠠᠢ ᠪᠤᠯᠤᠭᠰᠠᠨ ᠪᠠᠶᠢᠨ᠎ᠠ᠃ ᠭᠡᠪᠡᠴᠤ ᠲᠡᠷᠡ ᠬᠡᠵᠢᠶᠡᠳᠡ ᠲᠤᠷ᠎ᠠ ᠪᠠᠷ ᠠᠭᠠᠰᠢᠯᠠᠳᠠᠭ ᠦᠭᠡᠢ᠂ | ᠰᠤᠷᠭᠠᠭᠤᠯᠢ ᠵᠢᠨ ᠲᠦᠷᠢᠮᠳᠤ ᠬᠤᠪᠴᠠᠰᠤ ᠪᠠᠨ ᠴᠠᠪ ᠴᠠᠪᠡᠷᠭᠡᠨ ᠡᠮᠤᠰᠴᠢᠭᠡᠭᠡᠳ ᠲᠠᠷᠤᠤ ᠨᠤᠮᠤᠬᠠᠨ ᠶᠠᠪᠤᠳᠠᠭ᠃ | ᠪᠢ ᠨᠢᠭᠡ ᠤᠳᠠᠭ᠎ᠠ ᠨᠠᠶᠢᠵᠠ ᠲᠠᠢ ᠪᠠᠨ ᠮᠠᠭᠤᠳᠠᠯᠴᠠᠭᠠᠳ ᠮᠠᠭᠤ ᠴᠢᠷᠠᠶᠢᠯᠠᠨ ᠶᠠᠪᠤᠵᠤ ᠪᠠᠶᠢᠭᠠᠳ | ᠴᠡᠴᠡᠭ ᠲᠠᠢ ᠬᠤᠭᠤᠯᠠᠨ ᠭᠡᠷ ᠤᠨ ᠡᠭᠦᠳᠡᠨ ᠳᠤ ᠤᠴᠠᠷᠠᠪᠠ᠃ ᠮᠢᠨᠤ ᠤᠷᠮ᠎ᠠ ᠮᠠᠭᠤᠳᠠᠢ ᠶᠠᠪᠤᠭ᠎ᠠ ᠵᠢ ᠬᠠᠷᠠᠩᠭᠤᠳᠠ | ᠭᠠᠳᠠᠷᠯᠠᠵᠤ ᠦᠭᠡᠳᠡ ᠡᠴᠠ ᠢᠨᠢᠶᠡᠮᠰᠤᠭ᠌ ᠴᠢᠷᠠᠶᠢᠯᠠᠨ᠄ ︽ᠬᠤᠭᠤᠯᠠ ᠪᠠᠨ ᠢᠳᠡᠴᠢᠭᠡᠪᠡ ᠤᠤ︖ ᠬᠤᠶᠠᠭᠤᠯᠠ | ᠲᠠᠮᠢᠷ ᠤᠨ ᠲᠠᠯᠠᠪᠤᠷ ᠲᠤ ᠤᠴᠢᠵᠤ ᠵᠢᠭᠠᠬᠠᠨ ᠰᠤᠯᠠ ᠠᠯᠬᠤᠶ᠎ᠠ︕︾ ᠭᠡᠳ ᠭᠠᠷ ᠡᠴᠠ ᠬᠦᠳᠤᠯᠪᠡ᠃ | ᠭᠠᠴᠢᠭᠳᠠᠭᠰᠠᠨ ᠦᠶ᠎ᠡ ᠳᠤ ᠬᠠᠯᠠᠭᠤᠨ ᠭᠠᠷ ᠵᠶᠠᠨ ᠰᠤᠩᠭᠠᠵᠤ ᠬᠠᠪᠰᠤᠷᠤᠨ ᠲᠠᠮᠵᠢᠭ᠍ᠰᠡᠨ ᠴᠡᠴᠡᠭ ᠪᠢᠳᠡ ᠬᠤᠶᠠᠷ | ᠢᠩᠬᠢᠭᠡᠳ ᠤᠭᠤᠨᠤ ᠵᠢᠨ ᠬᠤᠶᠠᠷ ᠡᠪᠡᠷ ᠰᠢᠭ ᠰᠠᠶᠢᠨ ᠨᠠᠶᠢᠵᠠ ᠪᠤᠯᠤᠯᠴᠠᠪᠠ᠃ ᠲᠡᠷᠡ ᠲᠤᠭᠠᠨ ᠤ | ᠬᠢᠴᠢᠶᠡᠯ ᠳᠤ ᠪᠠᠨ ᠰᠠᠶᠢᠨ᠂ ᠪᠢ ᠲᠤᠭᠠᠨ ᠤ ᠬᠢᠴᠢᠶᠡᠯ ᠵᠶᠠᠨ ᠴᠢᠳᠠᠬᠤ ᠦᠭᠡᠢ ᠢᠳᠡᠭᠡᠯ ᠠᠯᠳᠠᠨ ᠤᠨᠵᠢᠩ ᠯᠠᠪᠳᠠᠩ | ᠶᠠᠪᠤᠵᠤ ᠪᠠᠶᠢᠬᠤ ᠳᠤ ᠵᠤᠷᠢᠭ ᠤᠷᠤᠭᠤᠯᠵᠤ ᠬᠦᠴᠤ ᠨᠡᠮᠡᠳᠡᠭ᠃ | ᠴᠡᠴᠡᠭ ᠡᠭᠡᠯ ᠪᠤᠷᠤᠭᠵᠢᠭᠤᠨ ᠵᠠᠩ ᠲᠠᠢ ᠵᠢᠷ ᠤᠨ ᠨᠢᠭᠡᠨ ᠰᠤᠷᠤᠭᠴᠢ ᠮᠦᠨ᠃ ᠲᠡᠷᠡ ᠨᠠᠳᠠ ᠵᠢ ᠦᠬᠢᠨ | ᠲᠡᠭᠦᠤ ᠪᠠᠨ ᠰᠢᠬ ᠬᠠᠶᠢᠷᠠᠯᠠᠳᠠᠭ᠃ ᠨᠢᠭᠡ ᠤᠳᠠᠭᠠᠨ ᠤ ᠬᠤᠤᠰ ᠭᠠᠷᠠᠭ ᠤᠨ ᠠᠮᠠᠷᠠᠯᠲᠠ ᠳᠤ ᠠᠪᠤ ᠨᠠᠳᠠ ᠵᠢ | ᠰᠤᠷᠭᠠᠭᠤᠯᠢ ᠵᠢᠨ ᠡᠭᠦᠳᠡᠨ ᠳᠤ ᠲᠤᠰᠬᠤ ᠪᠠᠷ ᠢᠷᠡᠪᠡ᠃ ᠪᠢ ᠰᠠᠷ᠎ᠠ ᠵᠢᠨ ᠰᠢᠯᠭᠠᠯᠲᠠ ᠳᠤ ᠤᠨᠴᠠ ᠮᠠᠭᠤ ᠳ᠋ᠦᠩ | ᠠᠪᠤᠭᠰᠠᠨ ᠲᠤᠯᠠ ᠠᠪᠤ ᠵᠢᠨ ᠴᠢᠷᠠᠢ ᠬᠤᠵᠢᠢᠵᠤ ᠪᠠᠶᠢᠯ᠎ᠠ᠃ ᠠᠪᠤ᠄ ︽ᠰᠤᠷᠤᠯᠭ᠎ᠠ ᠵᠢᠨ ᠬᠢᠷᠢ ᠪᠦᠳᠤᠮᠵᠢ ᠴᠢᠨᠢ | ᠶᠠᠭᠠᠬᠢᠭᠠᠳ ᠤᠯᠠᠮ ᠡᠴᠠ ᠤᠯᠠᠮ ᠲᠤᠷᠤᠭᠰᠢᠯᠠᠵᠤ ᠪᠠᠶᠢᠭ᠎ᠠ ᠪᠤᠢ︖︾ ᠭᠡᠵᠤ ᠭᠡᠭᠵᠡᠭᠦᠨ ᠲᠤᠤᠭᠠᠷᠪᠠ᠃ ᠪᠢ | ᠤᠯᠠᠨ ᠤ ᠡᠮᠤᠨ᠎ᠠ ᠨᠡᠷ᠎ᠠ ᠨᠢᠭᠤᠷ ᠵᠶᠠᠨ ᠭᠤᠳᠤᠭᠠᠬᠰᠠᠨ ᠳᠤ ᠪᠠᠨ ᠲᠦᠢᠯ ᠵᠶᠠᠷ ᠢᠴᠢᠵᠤ ᠠᠷᠭ᠎ᠠ ᠦᠭᠡᠢ | ᠤᠬᠢᠯᠠᠴᠢᠬᠠᠪᠠ᠃ ᠡᠨᠡ ᠦᠶ᠎ᠠ ᠳᠤ ᠴᠡᠴᠡᠭ ᠮᠢᠨᠢ ᠬᠠᠷᠮᠠᠨ ᠡᠴᠠ ᠪᠠᠨ ᠭᠠᠷ ᠠᠯᠴᠢᠭᠤᠷ ᠵᠶᠠᠨ ᠭᠠᠷᠭᠠᠨ ᠨᠢᠯᠪᠤᠰᠤ ᠵᠢ | ᠠᠷᠴᠢᠵᠤ ᠦᠭᠭᠦ ᠵᠢᠨ ᠲᠠᠭᠠᠤ᠄ ︽ᠦᠨᠤᠳᠤᠷ ᠴᠢ ᠨᠠᠷᠠ ᠪᠠᠨ ᠠᠯᠳᠠᠭᠠᠳ ᠤᠬᠢᠯᠠᠬᠤ ᠳᠤ ᠬᠦᠷᠪᠡᠯ ᠮᠠᠷᠭᠠᠰᠢ ᠰᠠᠷ᠎ᠠ | ᠪᠠ ᠤᠳᠤᠨ ᠭᠠᠷᠠᠭ ᠤᠳ ᠵᠶᠠᠨ ᠪᠦᠷ ᠠᠯᠳᠠᠨ᠎ᠠ᠂ ᠵᠤᠷᠢᠭ ᠵᠶᠠᠨ ᠡᠷᠴᠢᠯᠠᠨ ᠴᠢᠷᠮᠠᠶᠢᠬᠤ ᠭᠡᠷᠡᠭᠲᠠᠢ ᠰᠢᠤ︕︾ ᠭᠡᠵᠤ | ᠠᠷᠭᠠᠳᠠᠨ ᠬᠡᠯᠡᠪᠡ᠃ ᠴᠡᠴᠡᠭ ᠤᠨ ᠲᠡᠷᠡ ᠰᠠᠶᠢᠬᠠᠨ ᠰᠡᠳᠬᠢᠯ ᠨᠠᠳᠠ ᠳᠤ ᠲᠦᠰᠢᠭ ᠪᠤᠯᠵᠤ᠂ ᠴᠢᠷᠮᠠᠶᠢᠨ | ᠰᠤᠷᠤᠯᠴᠠᠬᠤ ᠵᠤᠷᠢᠭ ᠢ ᠡᠷᠴᠢᠯᠡᠪᠡ᠃ ᠪᠢ ᠫᠦᠰᠬᠢᠳᠡᠯᠠ ᠢᠨᠢᠶᠡᠴᠢᠭᠡᠪᠡ᠂ ᠴᠡᠴᠡᠭ ᠴᠦ ᠨᠠᠳᠠ ᠵᠢ ᠲᠠᠭᠠᠭᠠᠳ | ᠢᠨᠢᠶᠡᠴᠢᠭᠡᠪᠡ᠃ ᠴᠡᠴᠡᠭ ᠪᠠᠶᠢᠭᠰᠠᠨ ᠴᠠᠭ ᠲᠤ ᠪᠢ ᠭᠠᠭᠴᠠᠭᠠᠷᠳᠠᠬᠤ ᠶᠤᠰᠤ ᠦᠭᠡᠢ᠃ ᠡᠪᠤᠯ ᠤᠨ ᠬᠦᠢᠳᠡᠨ ᠳᠤ | ᠲᠠᠭᠠᠷᠠᠵᠤ ᠪᠡᠭᠡᠷᠡᠵᠤ ᠪᠠᠶᠢᠬᠤ ᠳᠤ ᠴᠡᠴᠡᠭ ᠵᠤᠵᠠᠭᠠᠨ ᠬᠦᠷᠮ᠎ᠡ ᠪᠠᠨ ᠨᠠᠳᠠ ᠳᠤ ᠡᠮᠤᠰᠭᠡᠳᠡᠭ᠃ ᠦᠪᠡᠷ ᠵᠶᠠᠨ | ᠲᠠᠭᠵᠢᠨ ᠴᠡᠴᠡᠷᠡᠵᠤ ᠪᠠᠶᠢᠭᠠᠳ ᠨᠠᠳᠠ ᠵᠢ ᠲᠤᠯᠠᠭᠠᠯᠠᠳᠠᠭ ᠰᠠᠶᠢᠬᠠᠨ ᠰᠡᠳᠬᠢᠯᠳᠤ ᠴᠡᠴᠡᠭ ᠤᠨ ᠰᠡᠳᠬᠢᠯ ᠠᠯᠳᠠ ᠡᠴᠠ | ᠦᠨ᠎ᠡ ᠲᠠᠢ᠃ | ᠪᠢᠳᠡ ᠤᠳᠤ ᠤᠳᠠᠯ ᠦᠭᠡᠢ ᠭᠤᠷᠪᠠᠳᠤᠭᠠᠷ ᠤᠨ ᠵᠶᠠᠨ ᠲᠡᠭᠦᠰᠤᠭᠡᠳ ᠰᠠᠯᠤᠯᠴᠠᠬᠤ ᠪᠤᠯᠤᠯ᠎ᠠ᠃ ᠪᠢ | ᠲᠡᠭᠦᠨ ᠡᠴᠠ ᠰᠠᠯᠵᠤ ᠶᠠᠳᠠᠨ᠎ᠠ᠃ ᠵᠠᠷᠢᠮ ᠳᠤ ᠪᠠᠨ ᠲᠡᠭᠦᠨ ᠢ ᠤᠶᠢᠯᠠᠭᠠᠭᠠ ᠦᠭᠡᠢ ᠭᠤᠮᠤᠳᠠᠭᠠᠵᠤ | ᠭᠠᠭᠴᠠᠭᠠᠷᠳᠠᠭᠤᠯᠵᠤ ᠶᠠᠪᠤᠭᠰᠠᠨ ᠳᠤ ᠪᠠᠨ ᠲᠤᠩ ᠬᠠᠷᠠᠮᠰᠠᠨ᠎ᠠ᠃ ᠪᠢ ᠶᠠᠮᠠᠷ ᠤᠰᠤᠯ ᠡ᠊ᠨᠳᠡᠭᠦᠤ ᠭᠠᠷᠭᠠᠵᠤ | ᠴᠠᠯᠠᠭᠠᠶᠢᠷᠠᠵᠤ ᠶᠠᠪᠤᠬᠤ ᠦᠶ᠎ᠠ ᠳᠤ ᠴᠡᠴᠡᠭ ᠨᠠᠳᠠ ᠡᠴᠠ ᠵᠠᠶᠢᠳᠠᠵᠤ ᠶᠠᠪᠤᠭ᠎ᠠ ᠦᠭᠡᠢ᠂ ᠦᠨᠡᠨ ᠰᠡᠳᠬᠢᠯ ᠵᠶᠠᠷ ᠵᠶᠠᠨ | ᠰᠤᠷᠭᠠᠵᠤ ᠤᠬᠠᠭᠠᠷᠠᠭᠤᠯᠳᠠᠭ᠃ ᠴᠡᠴᠡᠭ ᠦᠭᠡᠢ ᠪᠤᠯ ᠪᠢ ᠭᠤᠷᠪᠠᠨ ᠵᠢᠯ ᠤᠨ ᠰᠤᠷᠤᠯᠭ᠎ᠠ ᠵᠢᠨ ᠵᠠᠮ ᠳᠤ ᠶᠠᠮᠠᠷ | ᠬᠦᠮᠤᠨ ᠪᠤᠯᠬᠤ ᠵᠢ ᠪᠤᠦ ᠮᠡᠳᠡ︕ | ᠴᠡᠴᠡᠭ ᠲᠠᠢ ᠬᠠᠮᠳᠤ ᠪᠠᠶᠢᠭᠰᠠᠨ ᠡᠳᠤᠷ ᠤᠳ ᠵᠶᠠᠨ ᠡᠷᠬᠢᠴᠡᠭᠦᠯᠤᠨ ᠪᠤᠳᠤᠪᠡᠯ ᠬᠠᠮᠠᠷ ᠤᠨ ᠦᠵᠤᠭᠦᠷ | ᠱᠠᠷᠬᠢᠷᠠᠭᠠᠳ ᠪᠠᠶᠢᠬᠤ ᠶᠤᠮ ᠡ︕ ᠴᠡᠴᠡᠭ ᠪᠢᠳᠡ ᠬᠤᠶᠠᠷ ᠴᠢᠩ ᠵᠢᠷᠤᠮ ᠤᠨ ᠰᠠᠶᠢᠨ ᠨᠠᠶᠢᠵᠠ ᠶᠤᠮ ᠡ︕ | | ᠵᠤᠬᠢᠶᠠᠬᠴᠢ᠄ ᠬᠠᠨ ᠹᠸᠢ ᠹᠸᠢ ︵ᠵᠠᠯᠠᠶᠢᠳ ᠬᠤᠰᠢᠭᠤᠨ ᠤ ᠢᠨᠳᠡᠷ ᠲᠠᠬᠢ ᠵᠢᠷᠭᠤᠳᠤᠭᠠᠷ ᠲᠤᠮᠳᠠᠳᠤ | ᠰᠤᠷᠭᠠᠭᠤᠯᠢ ᠵᠢᠨ ᠭᠤᠷᠪᠠ ᠵᠢᠨ ᠠᠷᠪᠠ︶ | ᠵᠢᠯᠤᠭᠤᠳᠤᠭᠰᠠᠨ ᠪᠠᠭᠰᠢ᠄ ᠪᠠᠶᠠᠷᠳᠤ |