ᠨᠠᠮ᠎ᠠ ᠶᠢ ᠵᠢᠭᠠᠬᠠᠨ ᠪᠠᠶᠢᠬᠤ ᠳᠤ ᠠᠪᠤ ᠡᠵᠢ ᠮᠢᠨᠢ ᠨᠢᠭᠡ ᠭᠦᠯᠦᠭᠡ ᠠᠪᠴᠤ ᠦᠭᠪᠡ᠃ ᠲᠡᠭᠦᠨ ᠤ ᠨᠢᠳᠦ ᠨᠢ | ᠪᠤᠷᠤ᠂ ᠪᠡᠶ᠎ᠡ ᠨᠢ ᠬᠠᠷ᠎ᠠ᠂ ᠭᠡᠳᠡᠰᠦ ᠪᠠᠷ ᠢᠶᠠᠨ ᠵᠢᠭᠠᠬᠠᠨ ᠴᠠᠭᠠᠨ ᠥᠩᠭᠡ ᠲᠠᠢ᠂ ᠪᠢ ᠲᠡᠭᠦᠨ ᠳᠤ ᠪᠠᠮᠪᠠ ᠭᠡᠰᠡᠨ | ᠨᠡᠷ᠎ᠡ ᠦᠭᠴᠠᠢ᠃ | ᠨᠢᠭᠡ ᠤᠳᠠᠭ᠎ᠠ ᠪᠢ ᠪᠠᠮᠪᠠ ᠪᠠᠨ ᠲᠠᠭᠠᠭᠤᠯᠤᠭᠠᠳ ᠬᠦᠳᠡᠭᠡ ᠨᠠᠭᠠᠳᠬᠤ ᠪᠠᠷ ᠶᠠᠪᠤᠬᠤ ᠦᠶ᠎ᠡ ᠳᠤ ᠴᠢᠨ᠋ᠸ᠎ᠠ ᠲᠠᠢ | ᠲᠠᠭᠠᠷᠠᠯᠳᠤᠪᠠ᠃ ᠪᠠᠮᠪᠠ ᠮᠢᠨᠢ ᠠᠮᠢ ᠴᠦᠯᠡᠨ ᠨᠤᠴᠤᠯᠳᠤᠵᠤ ᠦᠯᠦᠨ ᠴᠢᠨ᠋ᠸ᠎ᠠ ᠶᠢ ᠬᠦᠭᠡᠭᠡᠵᠦ ᠶᠠᠪᠤᠭᠤᠯᠤᠭᠠᠳ | ᠨᠠᠮ᠎ᠠ ᠶᠢ ᠬᠠᠮᠠᠭᠠᠯᠠᠨ᠂ ᠪᠢ ᠪᠠᠮᠪᠠ ᠪᠠᠨ ᠰᠢᠷᠬᠠᠳᠤᠭᠰᠠᠨ ᠪᠤᠯᠪᠠ ᠦᠦ ᠭᠡᠵᠦ ᠦᠵᠡᠭᠰᠡᠨ ᠴᠢᠨᠢ ᠭᠤᠶ᠎ᠠ ᠶᠢᠨ ᠬᠢᠨᠢ | ᠲᠡᠨᠳᠡ ᠵᠢᠭᠠᠬᠠᠨ ᠰᠢᠷᠬᠠᠳᠤᠴᠢᠬᠠᠭᠰᠠᠨ ᠪᠠᠶᠢᠪᠠ᠃ ᠪᠢ ᠰᠡᠳᠬᠢᠯ ᠲᠤᠭᠳᠤᠯᠤᠨ ᠪᠠᠮᠪᠠ ᠪᠠᠨ ᠲᠡᠪᠡᠷᠢᠪᠡ᠃ | ᠲᠡᠷᠡ ᠡᠳᠦᠷ ᠠᠴᠠ ᠬᠤᠶᠢᠰᠢ ᠪᠠᠮᠪᠠ ᠪᠢᠳᠡ ᠬᠤᠶᠠᠷ ᠨᠡᠩ ᠰᠠᠶᠢᠨ ᠨᠠᠶᠢᠵᠠ ᠪᠤᠯᠪᠠ᠃ ᠬᠤᠵᠢᠮ ᠪᠠᠮᠪᠠ ᠮᠢᠨᠢ | ᠪᠠᠰᠠ ᠬᠦᠯᠤᠭᠡᠯᠡᠵᠤ᠂ ᠡᠵᠢ ᠪᠤᠯᠴᠢᠬᠠᠯ᠎ᠠ᠃ ᠪᠢ ᠡᠨᠡ ᠬᠦ ᠪᠠᠶᠠᠷ ᠢ ᠠᠪᠤ ᠡᠵᠢ ᠳᠤ ᠪᠠᠨ ᠬᠡᠯᠡᠵᠤ ᠦᠭᠬᠦ ᠭᠡᠵᠦ | ᠭᠦᠶᠦᠪᠡ ᠁ | ᠨᠢᠭᠡᠨ ᠦᠷᠯᠦᠭᠡ ᠪᠢ ᠪᠠᠮᠪᠠ ᠳᠤ ᠪᠠᠨ ᠬᠤᠭᠤᠯᠠ ᠦᠭᠬᠦ ᠪᠠᠷ ᠤᠴᠢᠭᠠᠳ ᠡᠷᠢᠵᠤ ᠤᠯᠤᠭᠰᠠᠨ ᠦᠭᠡᠢ᠃ ᠪᠢ | ᠰᠠᠨᠳᠤᠷᠤᠨ ᠡᠵᠢ ᠠᠪᠤ ᠳᠤ ᠪᠠᠨ ᠬᠡᠯᠡᠭᠡᠳ ᠪᠠᠮᠪᠠ ᠮᠢᠨᠢ ᠶᠠᠭᠠᠬᠢᠴᠢᠬᠠᠪᠠ︖ ᠭᠡᠵᠦ ᠠᠰᠠᠭᠤᠪᠠ᠃ ᠠᠪᠤ ᠮᠢᠨᠢ᠄ ︽ | ᠨᠤᠬᠠᠢ ᠵᠠᠷᠢᠮ ᠳᠤ ᠪᠠᠨ ᠠᠶᠢᠯ ᠭᠡᠰᠦᠭᠡᠳ ᠠᠯᠠᠭ᠎ᠠ ᠪᠤᠯᠳᠠᠭ ᠶᠤᠮ᠂ ᠬᠡᠳᠦᠨ ᠡᠳᠦᠷ ᠤᠨ ᠲᠠᠷᠠᠭ᠎ᠠ ᠢᠷᠡᠴᠢᠭᠡᠬᠦ | ᠪᠠᠶᠢᠯᠭᠦᠢ︕︾ ᠭᠡᠪᠡ᠃ ᠭᠡᠳᠦᠨ ᠡᠳᠦᠷ ᠪᠤᠯᠪᠠ᠂ ᠪᠠᠮᠪᠠ ᠮᠢᠨᠢ ᠠᠯᠠᠭ᠎ᠠ ᠪᠠᠶᠢᠵᠠᠢ᠂ ᠪᠢ ᠪᠠᠮᠪᠠ ᠪᠠᠨ | ᠦᠭᠡᠶᠢᠯᠡᠭᠰᠡᠭᠡᠷ ᠁ | ᠪᠢ ᠰᠤᠷᠭᠠᠭᠤᠯᠢ ᠳᠤ ᠪᠠᠨ ᠶᠠᠪᠤᠬᠤ ᠴᠠᠭ ᠪᠤᠯᠵᠤ᠂ ᠲᠡᠷᠭᠡᠨ ᠭᠡᠷ ᠲᠤ ᠤᠷᠤᠭᠠᠳ ᠲᠡᠷᠭᠡᠨ ᠳᠤ ᠪᠠᠨ ᠰᠠᠭᠤᠶ᠎ᠠ | ᠭᠡᠬᠦ ᠳᠤ ᠬᠦᠯ ᠳᠤ ᠨᠢᠭᠡ ᠶᠠᠭᠤᠮ᠎ᠠ ᠬᠢᠰᠬᠢᠭᠳᠡᠪᠡ᠃ ᠲᠤᠷᠤᠭᠰᠢ ᠬᠠᠷᠠᠵᠤ ᠦᠵᠡᠭᠰᠡᠨ ᠴᠢᠨᠢ ᠪᠠᠮᠪᠠ ᠶᠢᠨ ᠮᠢᠨᠢ ᠪᠦᠬᠦ | ᠪᠡᠶ᠎ᠡ ᠨᠢ ᠴᠢᠰᠦ ᠪᠤᠯᠤᠭᠰᠠᠨ ᠪᠦᠭᠡᠳ ᠠᠮᠠᠨ ᠠᠴᠠ ᠨᠢ ᠬᠦᠭᠡᠰᠦ ᠭᠠᠷᠤᠭᠠᠳ ᠭᠡᠷ ᠵᠦᠭ ᠬᠠᠷᠠᠭᠠᠳ ᠦᠬᠦᠴᠢᠭᠡᠭᠰᠡᠨ | ᠪᠠᠶᠢᠪᠠ᠃ ᠪᠢ ᠤᠬᠢᠯᠠᠬᠤ ᠠᠯᠲᠠᠨ ᠠᠪᠤ ᠡᠵᠢ ᠪᠠᠨ ᠲᠠᠭᠤᠳᠠᠪᠠ᠃ ᠡᠵᠢ᠄ ︽ᠪᠠᠮᠪᠠ ᠮᠢᠨᠢ ᠰᠠᠶᠢᠨ ᠨᠤᠬᠠᠢ ᠪᠠᠶᠢᠨ᠎ᠠ︕ | ︾ ᠭᠡᠪᠡ᠃ ᠪᠢ ᠭᠠᠶᠢᠬᠠᠨ᠄ ︽ᠶᠠᠭᠠᠬᠢᠭᠠᠳ ᠪᠤᠢ︖︾ ᠭᠡᠵᠦ ᠠᠰᠠᠭᠤᠬᠤ ᠳᠤ᠂ ᠡᠵᠢ᠄ ︽ᠰᠠᠶᠢᠨ ᠨᠤᠬᠠᠢ ᠭᠡᠷ | ᠵᠦᠭ ᠢᠶᠠᠨ ᠬᠠᠷᠠᠭᠠᠳ ᠦᠬᠦᠳᠡᠭ︾ ᠭᠡᠵᠦ ᠬᠡᠯᠡᠪᠡ᠃ ᠠᠪᠤ ᠮᠢᠨᠢ ᠶᠠᠭᠤ ᠴᠦ ᠲᠤᠤᠭᠠᠷᠤᠯ ᠦᠭᠡᠢ ᠣᠯᠣᠰᠤᠨ | ᠤᠭᠤᠲᠠ ᠪᠠᠷ ᠪᠤᠭᠤᠭᠠᠳ ᠲᠡᠪᠡᠷᠢᠭᠡᠳ ᠵᠡᠬᠦᠨ ᠬᠤᠶᠢᠨᠠᠬᠢ ᠠᠭᠤᠯᠠᠨ ᠤᠷᠤᠢ ᠶᠢ ᠴᠢᠭᠯᠡᠯ᠎ᠡ ᠁ | ᠲᠡᠷᠡ ᠡᠳᠦᠷ ᠠᠴᠠ ᠬᠤᠶᠢᠰᠢ ᠪᠢ ᠪᠠᠮᠪᠠ ᠶᠢᠨ ᠬᠦᠯᠦᠭᠡ ᠶᠢ ᠰᠠᠶᠢᠨ ᠬᠠᠷᠠᠵᠤ ᠲᠤᠮᠤ ᠪᠤᠯᠭᠠᠪᠠ᠃ | ᠵᠤᠬᠢᠶᠠᠭᠴᠢ᠄ ᠰᠤᠷᠭᠤᠭᠴᠢᠮᠡᠭ ︵ᠵᠡᠬᠦᠨ ᠦᠵᠦᠮᠦᠴᠢᠨ ᠬᠤᠰᠢᠭᠤᠨ ᠤ ᠮᠤᠩᠭᠤᠯ ᠦᠨᠳᠦᠰᠦᠳᠡᠨ ᠤ | ᠬᠤᠶᠠᠳᠤᠭᠠᠷ ᠪᠠᠭ᠎ᠠ ᠰᠤᠷᠭᠠᠭᠤᠯᠢ ᠶᠢᠨ ᠲᠠᠪᠤ ᠶᠢᠨ ᠲᠦᠷᠪᠡ︶ | ᠵᠢᠯᠤᠭᠤᠳᠤᠭᠰᠠᠨ ᠪᠠᠭᠰᠢ᠄ ᠰᠠᠷᠠᠨᠴᠢᠮᠡᠭ |