ᠴᠤᠩᠬᠤᠨ ᠰᠢᠯ ᠵᠦᠯᠬᠦᠬᠦ ᠭᠡᠳᠡᠭ ᠴᠢᠨᠢ ᠮᠦᠨᠴᠦ ᠨᠠᠷᠢᠯᠢᠭ ᠮᠦᠷᠳᠡᠭᠡᠨ ᠬᠦᠴᠢᠷᠳᠠᠢ ᠯᠡ ᠠᠵᠢᠯ ᠪᠠᠶᠢᠨ᠎ᠠ ᠳ᠋ᠠ︕ | | ᠡᠵᠢ ᠮᠢᠨᠢ ᠨᠠᠳᠠ ᠳᠤ᠄ ︽ᠴᠤᠩᠬᠤᠨ ᠰᠢᠯ ᠢ ᠵᠦᠯᠬᠦᠬᠦ ᠳᠤ ᠪᠠᠨ ᠡᠷᠭᠡᠪᠰᠢ ᠨᠢᠭᠡ ᠲᠠᠯ᠎ᠠ ᠠᠴᠠ ᠨᠢ ᠨᠠᠷᠢᠨ | ᠬᠢᠨᠠᠮᠠᠭᠠᠢ ᠵᠦᠯᠬᠦᠬᠦ ᠬᠡᠷᠡᠭᠳᠡᠢ᠃ ᠠᠯᠴᠢᠭᠤᠷ ᠢᠶᠠᠨ ᠰᠠᠶᠢᠳᠦᠷ ᠤᠬᠢᠶᠠᠨ ᠤᠰᠤ ᠶᠢ ᠨᠢ ᠰᠢᠪᠬᠠᠨ ᠭᠠᠷᠭᠠᠵᠤ ᠨᠦᠢᠳᠠᠨ | ᠠᠯᠴᠢᠭᠤᠷ ᠢᠶᠠᠷ ᠢᠶᠠᠨ ᠨᠢᠭᠡ ᠤᠳᠠᠭ᠎ᠠ ᠬᠦᠴᠦᠳᠡᠢ ᠵᠦᠯᠬᠦᠵᠦ ᠪᠠᠷᠠᠭᠰᠠᠨ ᠤ ᠲᠠᠷᠠᠭ᠎ᠠ ᠲᠠᠬᠢᠨ ᠬᠠᠭᠤᠷᠠᠢ ᠵᠦᠭᠡᠯᠡᠨ | ᠠᠯᠴᠢᠭᠤᠷ ᠢᠶᠠᠷ ᠠᠷᠴᠢᠪᠠᠯ ᠰᠢᠯ ᠠᠶᠠᠨᠳᠠᠭᠠᠨ ᠬᠢᠯᠠᠶᠢᠴᠢᠬᠠᠨᠠ ᠰᠢᠦ︕︾ ᠭᠡᠵᠤ ᠵᠢᠭᠠᠵᠤ ᠦᠭᠪᠡ᠃ | ᠪᠢ᠂ ᠡᠵᠢ ᠶᠢᠨ ᠵᠢᠭᠠᠭᠰᠠᠨ ᠶᠤᠰᠤᠭᠠᠷ ᠵᠠᠯᠬᠠᠭᠤᠷᠠᠯ ᠦᠭᠡᠢ ᠬᠡᠳᠦ ᠬᠡᠳᠦᠨ ᠤᠳᠠᠭ᠎ᠠ ᠵᠦᠯᠬᠦᠵᠦ | ᠤᠷᠤᠯᠳᠤᠭᠰᠠᠭᠠᠷ ᠪᠠᠶᠢᠭᠠᠳ ᠬᠠᠭᠠᠰ ᠡᠳᠦᠷ ᠪᠤᠯᠤᠯ ᠦᠭᠡᠢ ᠰᠢᠯ ᠵᠦᠯᠬᠦᠬᠦ ᠳᠤ ᠪᠠᠨ ᠨᠡᠯᠢᠶᠡᠳ ᠳᠠᠮ ᠢ ᠨᠢ | ᠤᠯᠤᠬᠰᠠᠨ ᠪᠠᠶᠢᠨ᠎ᠠ᠃ ᠰᠢᠯ ᠵᠦᠯᠬᠦᠬᠦ ᠳᠤ ᠪᠠᠨ ᠵᠠᠪᠠᠯ ᠤᠷᠢᠳᠠᠪᠡᠷ ᠠᠯᠴᠢᠭᠤᠷ ᠢᠶᠠᠨ ᠰᠠᠶᠢᠳᠦᠷ ᠤᠬᠢᠶᠠᠵᠤ | ᠤᠰᠤ ᠶᠢ ᠨᠢ ᠰᠢᠪᠬᠠᠨ᠂ ᠤᠬᠢᠶᠠᠭᠰᠠᠨ ᠠᠯᠴᠢᠭᠤᠷ ᠪᠠᠷ ᠢᠶᠠᠨ ᠰᠢᠯ ᠢᠶᠠᠨ ᠨᠢᠬᠡ ᠤᠳᠠᠭ᠎ᠠ ᠡᠬᠢ ᠲᠠᠷᠠᠭ᠎ᠠ ᠲᠠᠢ | ᠪᠦᠭᠡᠳ ᠬᠦᠨᠳᠦ ᠬᠦᠩᠬᠡᠨ ᠢ ᠨᠢ ᠲᠠᠭᠠᠷᠠᠭᠤᠯᠤᠨ ᠵᠦᠯᠬᠦᠨᠡ᠃ ᠲᠠᠬᠢᠭᠠᠳ ᠴᠡᠪᠡᠷ ᠬᠠᠭᠤᠷᠠᠢ ᠠᠯᠴᠢᠭᠤᠷ ᠢᠶᠠᠷ ᠪᠠᠰᠠ | ᠨᠢᠭᠡ ᠤᠳᠠᠭ᠎ᠠ ᠲᠤᠳᠤᠨ᠎ᠠ ᠭᠠᠳᠠᠨ᠎ᠠ ᠠᠴᠠ ᠨᠢ ᠨᠠᠷᠢᠯᠢᠭ ᠠᠵᠢᠭᠯᠠᠵᠤ ᠪᠠᠶᠢᠭᠠᠳ ᠡᠮᠬᠢ ᠲᠠᠷᠠᠭ᠎ᠠ ᠲᠠᠢ ᠵᠦᠯᠬᠦᠵᠦ | ᠠᠷᠴᠢᠪᠠᠯ ᠰᠢᠯ ᠬᠢᠯᠠᠶᠢᠴᠢᠬᠠᠬᠤ ᠶᠤᠮ᠃ | ︽ᠰᠤᠨᠤᠰᠴᠤ ᠰᠠᠭᠤᠬᠤ ᠠᠴᠠ ᠤᠷᠤᠯᠳᠤᠵᠤ ᠬᠢᠭᠰᠡᠨ ᠨᠢ ᠲᠡᠭᠡᠷ᠎ᠡ︾ ᠭᠡᠵᠤ ᠡᠮᠡᠭᠡ ᠶᠢᠨ ᠬᠡᠯᠡᠳᠡᠭ ᠦᠭᠡ | ᠰᠡᠳᠬᠢᠯ ᠳᠤ ᠪᠤᠳᠤᠭᠳᠠᠯ᠎ᠠ᠃ ᠶᠠᠭᠤ ᠶᠢ ᠬᠢᠭᠰᠡᠨ ᠴᠦ ᠪᠤᠳᠤᠵᠤ ᠰᠠᠭᠤᠭᠠᠳ ᠪᠠᠶᠢᠵᠤ ᠪᠤᠯᠬᠤ ᠦᠭᠡᠢ᠂ ᠵᠠᠪᠠᠯ ᠭᠠᠷ | ᠬᠦᠳᠡᠯᠦᠨ ᠤᠷᠤᠯᠳᠤᠪᠠᠯ ᠰᠠᠶ᠋ᠢ ᠤᠬᠠᠭᠠᠨ ᠲᠡᠮ ᠢ ᠨᠢ ᠤᠯᠵᠣ ᠴᠢᠳᠠᠬᠤ ᠶᠤᠮ ᠪᠠᠶᠢᠨ᠎ᠠ᠃ | ᠡ᠊ᠨᠡ ᠡᠳᠦᠷ ᠢ ᠪᠢ ᠤᠨᠴᠠ ᠶᠢᠨ ᠤᠳᠬ᠎ᠠ ᠠᠭᠤᠯᠭ᠎ᠠ ᠲᠠᠢ ᠦᠩᠭᠡᠷᠡᠭᠡᠭᠰᠡᠨ︕ ᠮᠢᠨᠦ ᠰᠡᠳᠬᠢᠯ ᠲᠤᠩ | ᠲᠠᠭᠠᠳᠠᠢ ᠪᠠᠶᠢᠨ᠎ᠠ᠃ | ᠵᠤᠬᠢᠶᠠᠭᠴᠢ᠄ ᠸᠠᠩ ᠬᠠᠶᠢᠷᠬᠠᠨ ︵ᠨᠠᠢᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ ᠶᠢᠨ | ᠭᠤᠷᠪᠠ ᠶᠢᠨ ᠭᠤᠷᠪᠠ︶ | ᠵᠢᠯᠤᠭᠤᠳᠤᠭᠰᠠᠨ ᠪᠠᠭᠰᠢ᠄ ᠲᠠᠪᠬᠤᠷᠪᠠᠶᠠᠷ |