ᠮᠢᠨᠦ ᠬᠠᠮᠤᠭ ᠤᠨ ᠲᠤᠭᠤᠳᠠᠭ ᠠᠮᠢᠲᠠᠨ ᠪᠤᠯ ᠲᠡᠮᠡᠭᠡ ᠶᠤᠮ ᠡ᠃ ᠨᠠᠢᠮᠠᠨ ᠨᠠᠰᠣ ᠲᠠᠢ ᠲᠡᠷᠡ ᠡᠪᠦᠯ ᠤᠨ | ᠠᠮᠠᠷᠠᠯᠲᠠ ᠳᠤ ᠪᠢ ᠬᠦᠳᠡᠭᠡ ᠭᠡᠷ ᠲᠤ ᠪᠠᠨ ᠬᠠᠷᠢᠭᠠᠳ ︽ᠲᠡᠮᠡᠭᠡ ᠤᠨᠤᠵᠤ ᠰᠤᠷᠤᠨ᠎ᠠ︾ ᠭᠡᠬᠦ ᠳᠤ ᠠᠪᠤ ︽ᠲᠡᠭᠡ᠂ | ᠲᠡᠭᠡ︾ ᠭᠡᠳ ᠲᠡᠮᠡᠭᠡ ᠪᠠᠨ ᠰᠦᠭᠦᠳᠬᠡᠬᠦ ᠳᠤ ᠪᠢ ᠲᠡᠭᠡᠷ᠎ᠡ ᠨᠢ ᠭᠠᠷᠴᠤ ᠤᠨᠤᠯᠠ᠃ ᠠᠪᠤ ᠬᠤᠳᠳᠤᠭ ᠬᠦᠷᠳᠡᠯ᠎ᠡ | ᠬᠦᠳᠦᠯᠵᠦ ᠶᠠᠪᠤᠬᠤ ᠳᠤ ᠪᠢ ᠠᠶᠤᠬᠤ ᠳᠤ ᠪᠠᠨ ᠪᠦᠬᠦ ᠶᠢ ᠨᠢ ᠴᠢᠩᠭ᠎ᠠ ᠲᠡᠪᠡᠷᠢᠭᠡᠳ ᠯᠡ ᠪᠠᠶᠢᠪᠠ᠃ ᠪᠢ ︽ᠪᠠᠭᠤᠶ᠎ᠠ | ︾ ᠭᠡᠬᠦ ᠳᠤ ᠠᠪᠤ ︽ᠭᠡᠷ ᠲᠤ ᠪᠠᠨ ᠬᠦᠷᠳᠡᠯ᠎ᠡ ᠦᠪᠡᠷ ᠢᠶᠠᠨ ᠤᠨᠤᠭᠠᠳ ᠶᠠᠪᠤ︾ ᠭᠡᠪᠡ᠃ ᠪᠢ ᠶᠠᠭᠠᠬᠢᠵᠤ ᠤᠨᠤᠬᠤ | ᠪᠤᠢ ᠭᠡᠬᠦ ᠳᠤ ᠠᠪᠤ᠄ ︽ᠴᠢ ᠪᠤᠷᠠᠨᠳᠠᠭ ᠠᠴᠠ ᠪᠠᠨ ᠪᠠᠷᠢᠭᠠᠳ ᠬᠠᠮᠢᠭᠠᠰᠢ ᠪᠠᠨ ᠶᠠᠪᠤᠭᠤᠯᠬᠤ ᠭᠡᠪᠡᠯ ᠲᠡᠶᠢᠰᠢ ᠪᠠᠨ | ᠲᠠᠳᠠ︾ ᠭᠡᠪᠡ᠃ ᠪᠢ ᠠᠪᠤ ᠶᠢᠨ ᠬᠡᠯᠡᠭᠰᠡᠨ ᠶᠤᠰᠤ ᠪᠠᠷ ᠲᠡᠮᠡᠭᠡ ᠪᠠᠨ ᠤᠨᠤᠭᠠᠳ ᠭᠡᠷ ᠲᠤ ᠪᠠᠨ ᠬᠦᠷᠬᠦ ᠳᠤ ᠮᠢᠩᠭᠠᠨ | ᠴᠠᠭᠠᠨ ᠬᠤᠨᠢᠳ ᠮᠢᠨᠢ ᠬᠤᠳᠳᠤᠭ ᠵᠦᠭ ᠬᠦᠶᠦᠵᠦ ᠪᠠᠶᠢᠪᠠ᠃ ᠪᠢ ᠠᠪᠤ ᠶᠢ ᠲᠠᠭᠤᠳᠠᠨ ᠬᠤᠨᠢᠳ ᠬᠤᠳᠳᠤᠭ | ᠵᠦᠭ ᠬᠦᠶᠦᠵᠦ ᠪᠠᠶᠢᠬᠤ ᠶᠢ ᠬᠡᠯᠡᠵᠦ ᠦᠭᠬᠦᠭᠡᠳ ᠲᠠᠬᠢᠭᠠᠳ ᠬᠤᠳᠳᠤᠭ ᠵᠦᠭ ᠲᠠᠪᠬᠢᠯ᠎ᠠ᠃ ᠠᠪᠤ ᠬᠤᠳᠳᠤᠭ ᠤᠨ | ᠲᠡᠷᠭᠡᠳᠡ ᠤᠰᠤ ᠭᠠᠷᠭᠠᠵᠤ ᠪᠠᠶᠢᠯ᠎ᠠ᠃ ᠪᠢ ᠲᠡᠮᠡᠭᠡ ᠪᠠᠨ ︽ᠰᠦᠬᠦ᠂ ᠰᠦᠬᠦ︾ ᠭᠡᠵᠦ ᠰᠦᠭᠦᠳᠦᠭᠦᠯᠵᠦ | ᠲᠡᠮᠡᠭᠡᠨ ᠠᠴᠠ ᠪᠠᠨ ᠪᠠᠭᠤᠯ᠎ᠠ᠃ ᠪᠢ ᠬᠤᠨᠢ ᠪᠠᠨ ᠬᠠᠭᠠᠰ ᠤᠰᠤᠯᠠᠵᠤ᠂ ᠪᠠᠶᠠᠷ ᠬᠦᠷ ᠲᠠᠢ ᠭᠡᠷ ᠲᠤ ᠪᠠᠨ ᠤᠷᠤᠯ᠎ᠠ᠃ | ᠪᠢ ᠲᠡᠮᠡᠭᠡ ᠤᠨᠤᠵᠤ ᠶᠠᠪᠤᠬᠤ ᠶᠢ ᠠᠪᠤ ᠰᠡᠮᠡᠭᠡᠷ ᠭᠠᠷ ᠤᠳᠠᠰᠤ ᠪᠠᠷ ᠢᠶᠠᠨ ᠰᠢᠩᠭᠡᠭᠡᠳ ︽ᠤᠶᠠᠩᠭ᠎ᠠ ᠶᠢ ᠦᠵᠡ᠂ | ᠲᠡᠮᠡᠭᠡ ᠤᠨᠤᠭᠠᠳ ᠶᠠᠪᠤᠵᠤ ᠪᠠᠶᠢᠨ᠎ᠠ︕︾ ᠭᠡᠵᠦ ᠭᠡᠷ ᠪᠦᠯᠢ ᠶᠢᠨ ᠸᠢᠴᠠᠲ ᠬᠤᠯᠪᠤᠭᠠᠨ ᠲᠡᠭᠡᠷ᠎ᠡ ᠲᠠᠯᠪᠢᠭᠰᠠᠨ | ᠪᠠᠶᠢᠵᠠᠢ᠃ ᠤᠯᠠᠨ ᠬᠦᠮᠦᠨ ᠸᠢᠴᠠᠲ ᠲᠠᠪᠴᠠᠩ ᠢᠶᠠᠷ ᠨᠠᠳᠠ ᠳᠤ ᠴᠡᠴᠡᠭ ᠦᠭᠴᠦ ᠪᠠᠶᠠᠷ ᠬᠦᠷᠬᠡᠵᠦ ᠪᠠᠶᠢᠯ᠎ᠠ᠃ ᠪᠢ | ᠲᠡᠭᠦᠨ ᠢ ᠨᠢ ᠦᠵᠡᠭᠡᠳ ᠲᠤᠩ ᠵᠤᠷᠢᠭᠵᠢᠯ᠎ᠠ᠃ | ᠠᠷᠪᠠᠭᠠᠳ ᠡᠳᠦᠷ ᠤᠨ ᠲᠠᠷᠠᠭ᠎ᠠ ᠮᠠᠨ ᠤ ᠭᠠᠴᠠᠭᠠᠨ ᠠᠴᠠ ᠬᠡᠦᠬᠡᠳ ᠤᠨ ᠲᠡᠮᠡᠭᠡ ᠤᠨᠤᠬᠤ ᠤᠷᠤᠯᠳᠣᠭᠠᠨ | ᠶᠠᠪᠤᠭᠤᠯᠤᠯ᠎ᠠ᠃ ᠪᠢ ᠴᠠᠭᠠᠨ ᠲᠡᠮᠡᠭᠡ ᠪᠠᠨ ᠤᠨᠤᠵᠤ ᠤᠷᠤᠯᠳᠣᠭᠠᠨ ᠳᠤ ᠤᠷᠤᠯᠴᠠᠵᠤ᠂ ᠭᠤᠷᠪᠠᠳᠤᠭᠠᠷ ᠲᠡᠰ ᠲᠤ | ᠲᠤᠳᠤᠷᠠᠭᠠᠳ ᠶᠡᠭᠡᠳᠠ ᠪᠠᠶᠠᠷᠯᠠᠪᠠ᠃ ᠨᠢᠭᠡ ᠰᠠᠷ᠎ᠠ ᠶᠢᠨ ᠲᠠᠷᠠᠭ᠎ᠠ ᠠᠪᠤ ᠬᠤᠰᠢᠭᠤᠨ ᠤ ᠮᠦᠩᠭᠦᠨ ᠡᠪᠦᠯ ᠤᠨ | ᠨᠠᠭᠠᠳᠤᠮ ᠤᠨ ᠲᠡᠮᠡᠭᠡᠨ ᠤᠷᠤᠯᠳᠣᠭᠠᠨ ᠳᠤ ᠴᠠᠭᠠᠨ ᠲᠡᠮᠡᠭᠡ ᠲᠠᠢ ᠪᠠᠨ ᠤᠷᠤᠯᠴᠠᠵᠤ ᠬᠤᠶᠠᠳᠣᠭᠠᠷ ᠲᠤ ᠲᠤᠳᠤᠷᠠᠵᠤ | ᠮᠦᠩᠬᠦᠨ ᠮᠧᠲᠠᠯ ᠲᠤᠰᠤᠭᠰᠠᠨ ᠪᠠᠶᠢᠯ᠎ᠠ᠃ ᠠᠪᠤ ᠮᠢᠨᠢ ᠪᠠᠰᠠ ᠲᠠᠷᠠᠭ᠎ᠠ ᠵᠢᠯ ᠤᠨ ᠤᠷᠤᠯᠳᠤᠭᠠᠨ ᠳᠤ ᠬᠡᠦᠬᠡᠳ ᠤᠨ | ᠤᠷᠤᠯᠳᠤᠭᠠᠨ ᠪᠠ ᠮᠦᠩᠬᠦᠨ ᠡᠪᠦᠯ ᠤᠨ ᠤᠷᠤᠯᠳᠣᠭᠠᠨ ᠳᠤ ᠬᠦᠤ ᠨᠠᠳᠠ ᠲᠠᠢ ᠪᠠᠨ ᠠᠯᠲᠠᠨ ᠮᠧᠲᠠᠯ ᠲᠡᠪᠡᠷᠢᠵᠦ | ᠢᠷᠡᠨ᠎ᠡ ᠭᠡᠵᠦ ᠢᠳᠡᠭᠡᠯ ᠲᠠᠢ ᠬᠡᠯᠡᠵᠦ ᠪᠠᠶᠢᠯ᠎ᠠ᠃ | ᠪᠢ ᠲᠡᠮᠡᠭᠡ ᠪᠠᠨ ᠬᠠᠶᠢᠷᠠᠯᠠᠨ ᠠᠷᠠᠴᠢᠯᠠᠵᠤ᠂ ᠲᠠᠷᠠᠭ᠎ᠠ ᠵᠢᠯ ᠤᠨ ᠤᠷᠤᠯᠳᠤᠭᠠᠨ ᠳᠤ ᠰᠠᠶᠢᠨ ᠠᠮᠵᠢᠯᠲᠠ | ᠤᠯᠬᠤ ᠶᠢ ᠪᠤᠳᠤᠯ᠎ᠠ᠃ | | ᠵᠤᠬᠢᠶᠠᠭᠴᠢ᠄ ᠤᠶᠠᠩᠭ᠎ᠠ ︵ᠵᠡᠬᠦᠨ ᠦᠵᠦᠮᠦᠴᠢᠨ ᠬᠤᠰᠢᠭᠤᠨ ᠤ ᠮᠤᠩᠭᠤᠯ ᠦᠨᠳᠦᠰᠦᠳᠡᠨ ᠤ ᠬᠤᠶᠠᠳᠤᠭᠠᠷ | ᠪᠠᠭ᠎ᠠ ᠰᠤᠷᠭᠠᠭᠤᠯᠢ ᠶᠢᠨ ᠲᠠᠪᠤ ᠶᠢᠨ ᠲᠦᠷᠪᠡ︶ | ᠵᠢᠯᠤᠭᠤᠳᠤᠭᠰᠠᠨ ᠪᠠᠭᠰᠢ᠄ ᠰᠠᠷᠠᠨᠴᠢᠮᠡᠭ | |