ᠬᠠᠪᠣᠷ ᠤᠨ ᠠᠭᠤᠷ ᠣᠷᠣᠯ᠎ᠠ᠃ ᠬᠠᠨ ᠲᠡᠯᠡᠬᠡᠢ ᠮᠦᠩᠬᠦᠨ ᠴᠠᠭᠠᠨ ᠬᠤᠶᠠᠭ ᠢᠶᠠᠨ ᠠᠶᠠᠷᠬᠠᠨ ᠲᠠᠶᠢᠯᠬᠤ ᠳᠤ | ᠬᠠᠮᠤᠭ ᠠᠮᠢᠳᠠᠨ ᠨᠦᠢᠷ ᠠᠴᠠ ᠪᠠᠨ ᠰᠡᠷᠡᠵᠦ ᠬᠦᠳᠡᠭᠡ ᠲᠠᠯ᠎ᠠ ᠲᠡᠨᠢᠢᠪᠡ᠃ ︽ᠬᠠᠪᠤᠷ ᠢᠷᠡᠯ᠎ᠡ᠂ ᠬᠠᠪᠤᠷ ᠢᠷᠡᠯ᠎ᠠ︾ | ᠪᠣᠷᠭᠠᠰᠣᠨ ᠪᠢᠰᠬᠢᠬᠦᠷ ᠢᠶᠠᠨ ᠦᠯᠢᠶᠡᠭᠰᠡᠨ ᠬᠡᠣᠬᠡᠳ ᠬᠠᠪᠣᠷ ᠢ ᠣᠶᠠᠩᠭᠠᠯᠠᠨ ᠨᠠᠭᠠᠳᠣᠨ ᠬᠦᠬᠡᠷᠣᠯᠳᠣᠨᠡ᠃ | ᠬᠤᠪᠠᠭ᠋ᠠᠶᠢᠷᠠᠨ ᠴᠠᠶᠢᠭᠰᠠᠨ ᠡᠪᠣᠯ ᠤᠨ ᠴᠠᠰᠤ ᠶᠢᠨ ᠬᠠᠯᠢᠶ᠎ᠠ ᠶᠢᠨ ᠣᠷᠣᠰᠬᠠᠯ ᠢᠶᠠᠷ ᠬᠠᠪᠣᠷ ᠤᠨ ᠨᠣᠭᠤᠭᠠᠷᠠᠵᠣ | ᠡᠬᠢᠯᠡᠯ᠎ᠡ᠃ ᠠᠲᠠᠷ ᠲᠠᠯ᠎ᠠ᠂ ᠠᠭᠯᠠᠭ ᠠᠭᠤᠯᠠ᠂ ᠡᠬᠡᠷᠡᠮ᠎ᠡ ᠭᠤᠪᠢ ᠳᠤ ᠠᠰᠬᠠᠭᠰᠠᠨ ᠰᠣᠪᠣᠳ ᠬᠡᠮᠡᠷ ᠬᠤᠨᠢ | ᠢᠮᠠᠭᠠᠳ ᠲᠠᠷᠬᠠᠨ ᠪᠠᠯᠴᠢᠵᠣ ᠲᠣᠷ᠎ᠠ ᠶᠢ ᠲᠠᠳᠠᠵᠣ᠂ ᠬᠠᠶᠢᠷ᠎ᠠ ᠶᠢ ᠪᠣᠯᠢᠶᠠᠮ᠎ᠠ᠂ ᠬᠤᠷᠠᠭ᠎ᠠ ᠢᠰᠢᠬᠡ ᠶᠢᠨ | ᠮᠠᠶᠢᠯᠠᠯᠳᠣᠬᠤ ᠲᠠᠭᠤᠨ ᠰᠣᠨᠣᠷ ᠢ ᠪᠠᠶᠠᠰᠬᠠᠨ᠎ᠠ᠃ | ᠣᠨᠳᠠᠵᠣ ᠪᠠᠶᠢᠭᠰᠠᠨ ᠭᠤᠣᠯ ᠭᠤᠷᠤᠬ᠎ᠠ ᠰᠣᠴᠢᠨ ᠰᠡᠷᠡᠬᠡᠳ ᠭᠤᠷ ᠭᠤᠷ ᠭᠤᠷᠴᠢᠬᠢᠨᠠᠵᠣ᠂ ᠵᠡᠬᠦᠨ ᠡᠮᠣᠨᠡᠰᠢ | ᠮᠢᠷᠠᠯᠵᠠᠨ ᠣᠷᠣᠰᠣᠨ᠎ᠠ᠂ ᠣᠢ ᠰᠢᠭᠤᠢ ᠳᠤ ᠵᠦᠢᠯ ᠪᠦᠷᠢ ᠶᠢᠨ ᠰᠢᠪᠠᠭᠤᠳ ᠡᠬᠡᠰᠢᠭ ᠨᠠᠶᠢᠯᠡᠬᠦᠯᠣᠨ ᠵᠢᠷᠬᠢᠯᠳᠣᠨ | ᠲᠠᠭᠤᠯᠠᠵᠠᠭᠠᠵᠣ ᠵᠣᠭᠤᠭ ᠪᠣᠯᠵᠠᠭᠠᠨᠠ᠃ ᠣᠷᠡᠨ ᠬᠠᠷᠢᠶᠠᠴᠠᠢ ᠰᠢᠪᠡᠷ ᠵᠦᠬᠡᠬᠡᠵᠣ ᠡᠬᠦᠷ ᠢᠶᠠᠨ ᠪᠠᠷᠢᠨ | ᠠᠮᠢᠳᠣᠷᠠᠯ ᠢᠶᠠᠨ ᠡᠬᠢᠯᠡᠬᠦᠯᠣᠨ ᠶᠠᠭᠠᠷᠠᠯᠳᠣᠨ᠎ᠠ᠃ ᠬᠠᠪᠣᠷ ᠲᠠᠷᠢᠶᠠᠨ ᠦᠷ᠎ᠠ ᠰᠠᠴᠣᠭᠳᠠᠨ ᠲᠠᠷᠢᠶᠠᠴᠢᠳ ᠤᠨ ᠣᠶᠣᠨ | ᠲᠠᠷᠢᠬᠢᠨ ᠳᠤ ᠨᠠᠮᠣᠷ ᠤᠨ ᠡᠯᠪᠡᠭ ᠬᠤᠷᠢᠶᠠᠯᠳᠠ ᠶᠢᠨ ᠪᠣᠳᠣᠯ ᠣᠷᠭᠤᠨ᠎ᠠ᠃ ᠡᠪᠡᠰᠣ ᠨᠣᠭᠤᠭ᠎ᠠ ᠬᠦᠬᠡᠷᠡᠨ | ᠣᠷᠭᠤᠭᠰᠠᠨ ᠬᠠᠪᠣᠷ ᠤᠨ ᠣᠯᠡᠷᠢᠯ ᠬᠡᠭᠴᠢ ᠶᠠᠭᠤᠳᠠᠢ ᠰᠠᠶᠢᠬᠠᠨ᠂ ᠶᠠᠭᠤᠳᠠᠢ ᠭᠤᠶᠣᠬᠠᠨ ᠠᠵᠢ︕ ᠨᠢᠯᠬ᠎ᠠ | ᠨᠣᠭᠤᠭ᠎ᠠ ᠭᠠᠵᠡᠷ ᠨᠡᠪᠳᠡᠯᠣᠨ ᠰᠣᠶᠤᠭ᠎ᠠ ᠪᠠᠨ ᠪᠣᠯᠳᠠᠶᠢᠯᠭᠠᠵᠣ᠂ ᠦᠨᠳᠣᠷ ᠮᠣᠳᠣᠨ ᠤ ᠰᠠᠯᠠᠭ᠎ᠠ ᠨᠠᠮᠠᠭ᠎ᠠ ᠨᠠᠬᠢᠶᠠᠯᠠᠨ | ᠨᠣᠳᠤᠭ ᠤᠨ ᠮᠢᠨᠢ ᠬᠠᠪᠣᠷ ᠢ ᠣᠭᠳᠣᠨ ᠠᠪᠴᠣ ᠢᠷᠡᠯ᠎ᠠ᠃ | ᠦᠳᠡᠰᠢ ᠶᠢᠨ ᠲᠣᠶᠠᠭ᠎ᠠ ᠠᠭᠤᠯᠠᠨ ᠤ ᠲᠣᠯᠣᠭᠠᠢ ᠶᠢ ᠰᠢᠬᠦᠷᠬᠦ ᠦᠶᠠᠰ ᠮᠢᠨᠣ ᠨᠣᠳᠤᠭ ᠤᠨ ᠠᠷᠣ ᠬᠢᠵᠠᠭᠠᠷ | ᠣᠯᠠᠭᠠᠨ ᠱᠠ ᠨᠦᠮᠣᠷᠣᠭ᠍ᠰᠡᠨ ᠮᠠᠳᠣ ᠨᠠᠩ ᠭᠤᠶᠢᠳᠠ ᠰᠠᠶᠢᠬᠠᠨ ᠬᠠᠷᠠᠭᠳᠠᠳᠠᠭ᠂ ᠦᠨᠢᠷ ᠠᠭᠤᠳᠠᠮ ᠦᠯᠣᠬᠡᠢ | ᠨᠣᠳᠤᠭ ᠤᠨ ᠮᠢᠨᠢ ᠦᠷᠣᠴᠡᠨ ᠳᠤ ᠬᠤᠨᠢᠴᠢᠨ ᠬᠡᠣᠬᠡᠨ ᠤ ᠣᠶᠠᠩᠭᠠᠳᠣ ᠲᠠᠭᠤᠣ ᠬᠠᠩᠬᠢᠨᠠᠵᠣ᠂ ᠠᠳᠣᠭᠤᠴᠢᠨ | ᠵᠠᠯᠠᠭᠤ ᠶᠢᠨ ᠰᠣᠨᠣᠯᠵᠠᠭᠰᠠᠨ ᠣᠷᠭ᠎ᠠ ᠶᠢᠨ ᠰᠡᠬᠦᠳᠡᠷ ᠠᠴᠠ ᠨᠢ ᠪᠣᠯᠵᠣᠮᠣᠷ ᠰᠢᠪᠠᠭᠤ ᠵᠢᠷᠬᠢᠨ ᠨᠢᠰᠣᠨᠠ᠃ ᠮᠠᠯᠴᠢᠳ | ᠮᠠᠯ ᠬᠤᠨᠢ ᠪᠠᠨ ᠲᠦᠯ ᠲᠣᠰᠣᠨ ᠶᠠᠭᠠᠷᠠᠯᠳᠣᠵᠣ ᠪᠠᠶᠢᠳᠠᠭ᠂ ᠬᠦᠮᠣᠰ ᠨᠠᠮ᠎ᠠ ᠠᠴᠠ ᠬᠠᠪᠣᠷ ᠶᠠᠮᠠᠷ ᠪᠣᠢ︖ ᠬᠡᠵᠣ | ᠠᠰᠠᠭᠤᠪᠡᠯ ᠪᠢ ᠬᠠᠪᠣᠷ ᠪᠣᠯ ᠶᠠᠭᠠᠷᠠᠯᠳᠠᠢ ᠬᠠᠪᠣᠷ᠂ ᠠᠮᠢᠯᠠᠯ ᠤᠨ ᠬᠠᠪᠣᠷ ᠬᠡᠵᠣ ᠬᠡᠯᠡᠳᠡᠭ᠃ ᠨᠠᠳᠡ ᠠᠴᠠ ᠬᠠᠪᠣᠷ ᠤᠨ | ᠶᠠᠭᠤ ᠨᠢ ᠰᠠᠶᠢᠨ ᠪᠣᠢ︖ ᠬᠡᠬᠦ ᠳᠤ ᠡᠪᠡᠰᠣ ᠨᠣᠭᠤᠭ᠎ᠠ ᠨᠢ ᠰᠠᠶᠢᠨ᠃ ᠪᠢ ᠪᠠᠭᠠᠴᠣᠳ ᠬᠡᠣᠬᠡᠳ ᠠᠴᠠ | ᠠᠰᠠᠭᠤᠬᠤ ᠳᠤ ᠣᠷᠢᠬᠠᠨ ᠬᠠᠪᠣᠷ ᠤᠨ ᠦᠵᠡᠮᠵᠢ ᠨᠢ ᠰᠠᠶᠢᠨ ᠬᠡᠵᠣ ᠶᠠᠷᠢᠳᠠᠭ᠃ ᠪᠢ ᠠᠬᠠᠮᠠᠳ ᠲᠣᠮᠣᠴᠣᠣᠯ ᠠᠴᠠ | ᠠᠰᠠᠭᠤᠬᠤ ᠳᠤ ᠰᠣᠷᠭᠠᠭᠤᠯᠢ ᠶᠢᠨ ᠬᠦᠷᠢᠶᠡᠨ ᠤ ᠰᠣᠷᠣᠭᠴᠢᠳ ᠤᠨ ᠪᠠᠶᠠᠷᠯᠠᠨ ᠬᠦᠬᠡᠷᠣᠯᠳᠣᠬᠦ ᠲᠠᠭᠤ ᠪᠠ | ᠣᠩᠰᠢᠯᠭ᠎ᠠ ᠶᠢᠨ ᠲᠠᠭᠤ ᠲᠠᠢ ᠰᠣᠶᠣᠯ ᠮᠠᠷᠬᠡᠵᠢᠯ ᠤᠨ ᠢᠷᠡᠬᠡᠳᠣᠢ ᠳᠤ ᠪᠠᠨ ᠮᠠᠷᠠᠶᠢᠨ ᠴᠠᠷᠮᠠᠶᠢᠵᠣ ᠪᠠᠶᠢᠭ᠎ᠠ | ᠮᠣᠩᠭᠤᠯᠴᠣᠳ ᠤᠨ ᠬᠤᠪᠢ ᠵᠠᠶᠠᠭ᠎ᠠ ᠰᠠᠶᠢᠨ ᠬᠡᠵᠣ ᠬᠠᠷᠢᠭᠤᠯᠳᠠᠭ᠃ | ᠠᠶᠢᠯ ᠤᠨ ᠵᠠᠬ᠎ᠠ ᠠᠴᠠ ᠰᠣᠨᠣᠨ ᠭᠠᠷᠣᠭᠰᠠᠨ ᠴᠠᠷᠳᠠᠮᠠᠯ ᠵᠠᠮ ᠢᠶᠠᠷ ᠣᠯᠠᠭᠠᠨ ᠪᠤᠨᠳᠣᠭᠤᠷ ᠬᠠᠴᠠᠷ ᠲᠠᠢ | ᠪᠠᠭᠠᠴᠣᠳ ᠡᠩᠬᠡᠷ ᠲᠡᠬᠡᠷ᠎ᠡ ᠪᠠᠨ ᠣᠯᠠᠭᠠᠨ ᠪᠦᠴᠡ ᠤᠯᠠᠯᠵᠠᠭᠤᠯᠵᠣ᠂ ᠬᠡᠳᠣᠬᠦᠯᠡ ᠪᠠᠨ ᠨᠡᠶᠢᠯᠡᠬᠡᠳ ᠬᠡᠰᠡᠭ ᠬᠦᠶᠣᠨ | ᠬᠡᠰᠡᠭ ᠠᠯᠬᠤᠵᠣ ᠬᠡᠰᠡᠭ ᠦᠰᠦᠷᠴᠦ ᠪᠠᠶᠠᠰᠣᠨ ᠲᠡᠪᠬᠡᠴᠡᠭᠰᠡᠬᠡᠷ ᠦᠷᠯᠦᠬᠡ ᠶᠢᠨ ᠨᠠᠷᠠ ᠶᠢ ᠣᠭᠳᠣᠨ | ᠰᠣᠷᠭᠠᠭᠤᠯᠢ ᠪᠠᠨ ᠴᠢᠭᠯᠡᠨ᠎ᠡ᠂ ᠴᠡᠪᠡᠷᠬᠡᠨ ᠲᠣᠬᠢᠯᠢᠭ ᠬᠢᠴᠢᠶᠡᠯ ᠤᠨ ᠬᠡᠷ ᠠᠴᠠ ᠪᠠᠭᠰᠢ ᠶᠢᠨ ᠣᠶᠠᠬᠠᠨ ᠣᠩᠰᠢᠯᠭ᠎ᠠ | ᠬᠦᠩᠬᠢᠨᠡᠬᠦ ᠳᠤ ᠰᠣᠷᠣᠭᠴᠢᠳ ᠤᠨ ᠬᠠᠩᠬᠢᠨᠠᠮ᠎ᠠ ᠣᠩᠰᠢᠯᠭ᠎ᠠ ᠴᠦ ᠲᠠᠭᠠᠯᠳᠣᠨ ᠴᠣᠣᠷᠢᠶᠠᠳᠣᠵᠣ᠂ ᠬᠦᠳᠡᠭᠡ ᠲᠠᠯ᠎ᠠ ᠳᠤ | ᠬᠦᠭᠵᠢᠯ ᠤᠨ ᠴᠢᠮᠡᠭᠡ ᠶᠢ ᠨᠠᠮᠠᠷᠢᠯᠠᠨ᠎ᠠ᠃ ᠡᠷᠳᠡᠮ ᠤᠨ ᠲᠠᠯᠠᠢ ᠳᠤ ᠱᠣᠮᠪᠠᠭ᠋ᠣ ᠰᠡᠯᠢᠬᠦᠷ ᠢ ᠡᠩᠬᠦᠷᠡᠢ | ᠪᠠᠭᠠᠴᠣᠳ ᠲᠤ ᠪᠠᠨ ᠠᠳᠬᠤᠭᠤᠯᠬᠤ ᠶᠢᠨ ᠲᠦᠯᠣᠬᠡ ᠬᠦᠨᠳᠣᠳᠣ ᠪᠠᠭᠰᠢ ᠮᠢᠨᠢ ᠶᠡᠬᠦᠯᠡᠬᠡᠳ ᠪᠡᠷᠡᠰᠢ ᠦᠬᠡᠢ | ᠡᠷᠳᠡᠮ ᠢᠶᠠᠷ ᠢᠶᠠᠨ ᠬᠡᠣᠬᠡᠳ ᠪᠠᠭᠠᠴᠣᠳ ᠪᠢᠳᠡᠨ ᠤ ᠣᠶᠣᠨ ᠤ ᠣᠨᠢᠰᠣ ᠶᠢ ᠨᠠᠬᠡᠬᠡᠨᠡ᠃ | ᠨᠣᠳᠤᠭ ᠤᠨ ᠰᠠᠯᠬᠢ ᠡ᠂ ᠨᠢᠭᠤᠷ ᠢ ᠢᠯᠪᠢᠨ᠎ᠠ᠂ ᠨᠣᠳᠤᠭ ᠤᠨ ᠮᠢᠨᠢ ᠦᠵᠡᠮᠵᠢ ᠡ᠂ ᠨᠢᠳᠣ ᠶᠢ | ᠪᠠᠶᠠᠰᠬᠠᠨ᠎ᠠ᠃ ᠮᠢᠨᠣ ᠨᠣᠳᠤᠭ ᠤᠨ ᠬᠠᠪᠣᠷ᠂ ᠬᠤᠸᠠᠷ ᠴᠡᠴᠡᠭ ᠮᠢᠷᠡᠯᠵᠡᠨ ᠲᠠᠯᠬᠡᠷᠡᠵᠣ᠂ ᠡᠪᠡᠰᠣ ᠨᠣᠭᠤᠭ᠎ᠠ ᠬᠦᠬᠡᠷᠡᠨ | ᠣᠷᠭᠤᠳᠠᠭ ᠡᠮᠣᠨᠡᠳᠣ ᠣᠷᠣᠨ ᠲᠠᠢ ᠠᠳᠠᠯᠢ ᠭᠤᠶᠣ ᠪᠢᠰᠢ᠂ ᠨᠡᠩ ᠴᠦ ᠠᠯᠳᠠᠷᠳᠣ ᠵᠣᠭᠠᠴᠠᠯ ᠤᠨ ᠣᠷᠣᠨ ᠲᠠᠢ | ᠬᠠᠷᠢᠴᠠᠭᠤᠯᠬᠤ ᠦᠩᠬᠡ ᠦᠵᠡᠮᠵᠢ ᠪᠦᠷᠢᠳᠣᠭ᠍ᠰᠡᠨ ᠠᠭᠤᠯᠠ ᠣᠰᠣ ᠦᠬᠡᠢ ᠪᠣᠯᠪᠠᠴᠣ ᠪᠢ ᠨᠣᠳᠤᠭ ᠤᠨ ᠬᠠᠪᠣᠷ ᠤᠨ | ᠦᠷᠣᠴᠡᠨ ᠳᠤ ᠰᠡᠯᠡᠬᠦᠴᠡᠨ ᠠᠯᠬᠤᠬᠤ ᠳᠤ ᠴᠡᠪᠡᠷ ᠰᠣᠷᠭᠤᠭ ᠠᠭᠠᠷ ᠢ ᠨᠢ ᠴᠡᠬᠡᠵᠢ ᠲᠦᠬᠦᠷᠡᠩ ᠠᠮᠢᠰᠬᠤᠵᠣ | ᠶᠠᠪᠣᠬᠤ ᠳᠤ ᠪᠠᠨ ᠰᠡᠳᠬᠢᠯ ᠲᠠᠨᠢᠬᠦᠨ ᠰᠠᠨᠠᠭᠳᠠᠨ᠎ᠠ᠃ | ᠬᠠᠪᠣᠷ ᠨᠣᠳᠤᠭ ᠲᠤ ᠮᠢᠨᠢ ᠡᠷᠳᠡ ᠢᠷᠡᠬᠦ ᠪᠣᠯᠣᠭᠠᠰᠠᠢ︕ ᠬᠡᠣᠬᠡᠳ ᠪᠠᠭᠠᠴᠣᠳ ᠪᠢᠳᠡᠨ ᠳᠤ ᠪᠡᠶᠡᠷ | ᠬᠦᠷ ᠢ ᠠᠪᠴᠢᠷᠠᠵᠣ᠂ ᠨᠣᠳᠤᠭ ᠤᠨ ᠬᠦᠭᠵᠢᠯᠳᠡ ᠳᠤ ᠬᠡᠵᠢᠶᠡᠳᠡ ᠬᠦᠴᠣᠨ ᠨᠡᠮᠡᠬᠦᠷᠢ ᠪᠣᠯᠵᠣ ᠪᠠᠶᠢᠳᠠᠭ᠃ ᠡᠬᠡᠯᠢᠳᠦ | ᠬᠠᠪᠣᠷ ᠡ︕ ᠡᠬᠡ ᠨᠣᠳᠤᠭ ᠲᠤ ᠮᠢᠨᠢ ᠦᠨᠢᠳᠡ ᠰᠠᠭᠠᠳᠠᠭᠠᠷᠠᠢ︕ | | ᠵᠤᠬᠢᠶᠠᠬᠴᠢ᠄ ᠯᠠᠩ ᠶᠦᠩ ᠴᠢᠶᠠᠩ ︵ᠬᠤᠷᠴᠢᠨ ᠪᠠᠷᠠᠭᠤᠨ ᠲᠣᠮᠳᠠᠳᠣ ᠬᠤᠰᠢᠭᠤᠨ ᠤ ᠵᠠᠮᠴᠢᠨ ᠭᠤᠣᠯ | ᠪᠠᠭ᠎ᠠ ᠰᠣᠷᠭᠠᠭᠤᠯᠢ ᠶᠢᠨ ᠲᠠᠪᠣᠳᠣᠭᠠᠷ ᠣᠨ︶ | ᠵᠢᠯᠣᠭᠤᠳᠣᠭᠰᠠᠨ ᠪᠠᠭᠰᠢ᠄ ᠰᠡᠴᠡᠨ |