ᠪᠢ ᠬᠦᠭᠦᠷᠭᠡ ᠶᠢ ᠲᠣᠩ ᠪᠠᠭ᠋ᠠᠷᠬᠠᠳᠠᠭ ᠶᠣᠮ᠃ | ᠬᠦᠭᠦᠷᠭᠡ ᠪᠣᠯ ᠪᠠᠶᠢᠭᠠᠯᠢ ᠶᠢᠨ ᠦᠵᠡᠮᠵᠢ ᠪᠦᠭᠡᠳ ᠣᠷᠣᠨ ᠨᠣᠲᠤᠭ ᠤᠨ ᠮᠢᠨᠢ ᠭᠤᠶᠣ ᠦᠵᠡᠮᠵᠢ ᠰᠢᠣ ᠳ᠋ᠠ | ︕ | ᠡᠭᠦᠨ ᠳᠤ ᠨᠣᠳᠤᠭ ᠤᠨ ᠮᠢᠨᠢ ᠬᠦᠭᠦᠷᠭᠡ ᠴᠣᠣᠯ ᠭᠤᠣᠯ ᠤᠨ ᠲᠡᠭᠡᠷ᠎ᠡ ᠰᠣᠯᠣᠩᠭᠠᠷᠠᠨ᠂ ᠴᠣᠣᠯ ᠭᠤᠣᠯ ᠢᠶᠠᠷ | ᠵᠣᠭᠠᠴᠠᠨ ᠰᠡᠯᠡᠭᠦᠴᠡᠬᠦ ᠵᠣᠴᠢᠳ ᠢᠶᠠᠨ ᠵᠣᠷᠢᠭ ᠲᠠᠢ ᠪᠠᠷ ᠲᠣᠰᠣᠨ ᠡᠭᠦᠷᠴᠦ᠂ ᠣᠭᠳᠣᠨ ᠮᠣᠷᠳᠠᠭᠤᠯᠵᠦ ᠶᠠᠭᠠᠷᠠᠵᠦ | ᠯᠠ ᠪᠣᠢ︕ ᠡᠨᠡ ᠨᠢ ᠳᠡᠭᠡᠷ᠎ᠡ ᠱᠠᠳᠣᠨ ᠤ ᠳᠠᠷᠤᠭ᠎ᠠ ᠨᠠᠷ ᠤᠨ ᠲᠡᠮᠵᠢᠯᠭᠡ ᠪᠠᠷ ᠨᠣᠲᠤᠭ ᠤᠨ ᠱᠦᠵᠢ ᠶᠢᠨ | ᠴᠢᠷᠮᠠᠶᠢᠯᠭ᠎ᠠ ᠪᠠᠷ ᠰᠣᠯᠣᠩᠭᠠᠲᠦ ᠬᠦᠭᠦᠷᠭᠡ ᠨᠣᠳᠤᠭ ᠲᠤ ᠮᠢᠨᠢ ᠪᠠᠶᠢᠭᠤᠯᠤᠬᠳᠠᠯ ᠠ᠃ ᠪᠠᠰᠠ ᠡᠭᠦᠨ ᠢᠶᠠᠨ ᠲᠠᠭᠠᠭᠰᠠᠨ | ᠤᠯᠠᠨ ᠦᠩᠭᠡ ᠶᠢᠨ ᠴᠠᠬᠢᠯᠭᠠᠨ ᠳ᠋ᠧᠩ ᠭᠢᠯᠠᠯᠵᠠᠵᠤ ᠲᠡᠭᠷᠢ ᠶᠢᠨ ᠤᠳᠤ ᠰᠢᠭ᠋ ᠲᠤᠩ ᠪᠠᠭ᠋ᠠᠷᠬᠠᠯᠳᠠᠢ ᠰᠠᠨᠠᠭᠳᠠᠵᠤ | ᠲᠦᠮᠡᠨ ᠤᠯᠠᠨ ᠤ ᠪᠠᠨ ᠰᠡᠳᠭᠢᠯ ᠢ ᠪᠠᠶᠠᠰᠬᠠᠨ᠎ᠠ᠃ | ᠪᠢ ᠡᠮᠡᠭᠡ ᠪᠠᠨ ᠲᠠᠭᠠᠵᠤ ᠵᠤᠨ ᠤ ᠨᠢᠭᠡᠨ ᠭᠠᠷᠠᠭ ᠤᠨ ᠡᠳᠤᠷ ᠨᠤᠳᠤᠭ ᠤᠨ ᠬᠦᠭᠦᠷᠭᠡ ᠲᠡᠭᠡᠷ᠎ᠡ ᠬᠦᠷᠪᠡ᠃ | ᠬᠦᠭᠦᠷᠭᠡ ᠲᠡᠭᠡᠷ᠎ᠡ ᠬᠦᠮᠤᠰ ᠨᠠᠭᠠᠰᠢ ᠴᠠᠭᠠᠰᠢ ᠵᠦᠷᠢᠯᠳᠤᠵᠤ ᠮᠠᠰᠢᠨ ᠲᠡᠷᠭᠡ ᠰᠦᠯᠵᠢᠯᠳᠤᠨᠡ᠃ ᠵᠠᠷᠢᠮ ᠨᠢ ᠪᠠᠰᠠ | ᠨᠤᠳᠤᠭ ᠤᠨ ᠬᠦᠬᠦᠷᠭᠡ ᠪᠠᠨ ᠮᠠᠭᠳᠠᠨ ᠳᠠᠭᠤᠯᠠᠨ᠎ᠠ︕ ᠡᠨᠡᠬᠦ ᠵᠤᠯ ᠴᠠᠭ ᠲᠤ ᠨᠤᠳᠤᠭ ᠤᠨ ᠬᠦᠭᠦᠷᠭᠡ ᠶᠢᠨ ᠢᠶᠠᠨ | ᠮᠦᠩᠭᠦᠨ ᠨᠢᠷᠤᠭᠤᠨ ᠲᠡᠭᠡᠷ᠎ᠡ ᠠᠴᠠ ᠲᠦᠷᠪᠡᠨ ᠵᠦᠭ ᠢ ᠪᠠᠷᠠᠯᠠᠬᠤ ᠳᠤ ᠶᠤᠰᠤᠳᠠᠢ ᠭᠤᠶᠤ ᠰᠠᠨᠠᠬᠳᠠᠨ᠎ᠠ᠃ ᠲᠡᠷᠳᠡᠭᠡ | ᠨᠤᠭᠤᠭᠠᠨ ᠲᠠᠯ᠎ᠠ ᠳᠤ ᠤᠳᠠ ᠤᠯᠢᠶᠠᠰᠤ ᠵᠢᠭᠳᠡᠷᠡᠨ ᠦᠷᠢᠯ ᠮᠦᠢᠯ ᠤᠨᠵᠠᠶᠢᠨ᠂ ᠡᠷᠳᠡᠨᠢ ᠰᠢᠰᠢ ᠬᠠᠯᠢᠭᠤᠷᠠᠨ᠂ | ᠴᠠᠷᠠᠰᠤ ᠭᠦᠢᠯᠡᠰᠤ ᠬᠦᠬᠡᠷᠡᠨ᠎ᠡ᠂ ᠰᠢᠷ᠎ᠠ ᠬᠠᠳᠠ ᠰᠦᠨᠳᠡᠷᠯᠡᠨ ᠰᠢᠷ᠎ᠠ ᠰᠢᠪᠠᠭᠤ ᠳᠤᠩᠭᠤᠳᠤᠨ᠂ ᠴᠤᠤᠯ ᠭᠤᠤᠯ | ᠬᠦᠭᠵᠢᠮᠳᠡᠨ ᠵᠢᠭᠠᠰᠤ ᠵᠢᠷᠠᠭᠠᠬᠠᠢ ᠪᠦᠵᠢᠭᠯᠡᠨ᠎ᠡ᠃ ᠪᠢ ᠡᠨᠡ ᠪᠦᠬᠦᠨ ᠳᠤ ᠪᠠᠨ ᠰᠤᠭᠳᠤᠷᠤᠨ᠄ ︽ᠡᠮᠡᠭᠡ ᠡ︕ | ᠤᠷᠢᠳᠤ ᠡᠨᠡᠭᠦᠷ ᠭᠤᠤᠯ ᠭᠠᠳᠤᠯᠬᠤ ᠳᠤ ᠬᠦᠮᠤᠰ ᠶᠠᠭᠠᠬᠢᠵᠤ ᠶᠠᠪᠤᠵᠤ ᠪᠠᠶᠢᠭᠰᠠᠨ ᠪᠤᠢ︖︾ ᠭᠡᠵᠤ ᠠᠰᠠᠭᠤᠬᠤ ᠳᠤ | ︽ᠤᠯᠤᠮ ᠢᠶᠠᠷ ᠨᠢ ᠭᠠᠳᠤᠯᠵᠤ᠂ ᠭᠦᠨ ᠤᠰᠤᠨ ᠳᠤ ᠤᠩᠭᠤᠴᠠ ᠪᠠᠷ ᠭᠠᠷᠴᠤ ᠤᠷᠤᠵᠤ ᠪᠠᠶᠢᠭᠰᠠᠨ ᠰᠢᠤ ᠳ᠋ᠠ︾ | ᠭᠡᠵᠤ ᠡᠮᠡᠭᠡ ᠬᠠᠷᠢᠭᠤᠯᠬᠤ ᠶᠢᠨ ᠵᠠᠭᠤᠷ᠎ᠠ ᠤᠳᠤ ᠶᠢᠨ ᠲᠠ ᠮᠢᠨᠢ ᠬᠡᠴᠢᠨᠡᠬᠡᠨ ᠵᠤᠯ ᠵᠢᠷᠭᠠᠯᠲᠠᠢ ᠦᠰᠤᠨ ᠪᠤᠶᠢᠵᠢᠵᠤ | ᠪᠠᠶᠢᠭ᠎ᠠ ᠪᠤᠶᠠᠨᠲᠠᠢ ᠴᠠᠭ ᠤᠨ ᠬᠡᠦᠬᠡᠳ ᠠᠵᠢ︕ ᠡᠬᠡ ᠤᠯᠤᠰ ᠬᠠᠷᠢ ᠶᠢᠨ ᠤᠯᠤᠰ ᠲᠤ ᠳᠠᠷᠤᠯᠠᠭᠳᠠᠵᠤ ᠠᠷᠠᠳ | ᠢᠷᠭᠡᠳ ᠢᠳᠡᠵᠤ ᠡᠮᠦᠰᠬᠦ ᠳᠤ ᠪᠠᠨ ᠬᠦᠷᠦᠯᠴᠡᠬᠦ ᠦᠭᠡᠢ ᠠᠶᠢᠯ ᠬᠦᠳᠡᠭᠡ ᠭᠠᠭᠴᠠᠭᠠᠷᠳᠠᠵᠤ ᠶᠠᠪᠤᠵᠤ ᠰᠠᠭᠤᠬᠤ ᠳᠤ | ᠬᠦᠭᠦᠷᠭᠡ ᠪᠡᠯᠡᠬᠡᠨ ᠦᠭᠡᠢ ᠠᠴᠠ ᠤᠰᠤᠨ ᠤᠷᠤᠰᠬᠠᠯ ᠳᠤ ᠬᠡᠴᠢᠨᠡᠬᠡᠨ ᠬᠦᠮᠤᠰ ᠵᠤᠯ ᠪᠤᠰᠤ ᠬᠦᠪᠪᠤᠵᠤ ᠶᠠᠪᠤᠭᠰᠠᠨ ᠢ | ᠪᠤᠤ ᠮᠡᠳᠡ ᠭᠡᠵᠤ ᠡᠮᠡᠭᠡ ᠶᠢᠨ ᠦᠯᠢᠭᠡᠷ ᠡᠬᠢᠯᠡᠯ᠎ᠡ︕ | ᠡᠮᠡᠭᠡ ᠴᠢᠨᠢ ᠵᠠᠯᠠᠭᠤ ᠶᠢᠨ ᠦᠶ᠎ᠡ ᠳᠤ ᠪᠠᠨ ᠵᠡᠷᠭᠡᠯᠡᠳᠡᠭᠡ ᠠᠶᠢᠯ ᠤᠨ ᠯᠢ ᠠᠪᠠᠭ᠎ᠠ ᠶᠢᠨ ᠳᠤ ᠤᠴᠢᠪᠠ᠃ | ᠲᠡᠭᠡᠭᠰᠡᠨ ᠴᠢᠨᠢ ᠯᠢ ᠠᠪᠠᠭ᠎ᠠ ᠴᠢᠨᠢ ᠬᠡᠪᠳᠡᠰᠢ ᠳᠤ ᠤᠷᠤᠵᠤ᠂ ᠬᠠᠨᠵᠤᠨ ᠲᠡᠭᠡᠷ᠎ᠡ ᠪᠠᠨ ᠴᠡᠴᠡᠷᠡᠵᠤ ᠴᠢᠷᠠᠢ ᠨᠢ | ᠬᠤᠵᠢᠢᠵᠤ ᠪᠠᠶᠢᠪᠠ᠃ ᠡᠪᠡᠳᠴᠢᠯᠡᠭᠰᠡᠨ ᠤᠤ︖ ᠭᠡᠵᠤ ᠡᠮᠡᠭᠡ ᠨᠢ ᠲᠡᠭᠦᠨ ᠠᠴᠠ ᠠᠰᠠᠭᠤᠬᠤ ᠳᠤ ᠪᠢᠰᠢ ᠭᠡᠵᠤ | ᠬᠡᠷᠡᠭ ᠤᠴᠢᠷ ᠢᠶᠠᠨ ᠲᠤᠭᠠᠴᠢᠨ᠎ᠠ᠃ ᠤᠤᠯ ᠨᠢ ︽ᠯᠢ ᠠᠪᠠᠭ᠎ᠠ ᠬᠤᠶᠠᠷ ᠨᠠᠶᠢᠵᠠ ᠲᠠᠢ ᠪᠠᠨ ᠬᠠᠮᠳᠤ ᠭᠤᠤᠯ ᠤᠨ | ᠡᠮᠤᠨ᠎ᠡ ᠠᠶᠢᠯ ᠳᠤ ᠡᠮ ᠤᠨ ᠦᠨᠳᠤᠰᠤ ᠬᠤᠳᠠᠯᠳᠤᠬᠤ ᠪᠠᠷ ᠬᠦᠭᠦᠷᠭᠡ ᠦᠭᠡᠢ ᠲᠤᠯᠠ ᠤᠯᠤᠮ ᠢᠶᠠᠷ ᠨᠢ | ᠭᠠᠳᠤᠯᠬᠤ ᠳᠤ ᠬᠡᠳᠤᠨ ᠡᠳᠤᠷ ᠪᠤᠷᠤᠭᠠᠨ ᠤᠷᠤᠭᠰᠠᠨ ᠠᠴᠠ ᠭᠡᠨᠡᠳᠳᠡ ᠭᠤᠤᠯ ᠤᠨ ᠤᠰᠤ ᠶᠡᠬᠡᠳᠴᠤ ᠮᠤᠷᠢ ᠨᠢ | ᠬᠦᠷᠪᠡᠵᠤ᠂ ᠲᠡᠷᠭᠡ ᠨᠢ ᠤᠰᠤ ᠦᠭᠡᠳᠡ ᠪᠠᠨ ᠤᠷᠪᠠᠵᠤ᠂ ᠯᠢ ᠠᠪᠠᠭ᠎ᠠ ᠠᠵᠠ ᠲᠠᠢ ᠳᠤ ᠪᠠᠨ ᠠᠷᠠᠢ ᠤᠰᠤᠨ ᠠᠴᠠ | ᠤᠮᠪᠠᠵᠤ ᠠᠮᠢ ᠵᠢᠭᠤᠳᠠᠨ ᠭᠠᠷᠤᠭᠰᠠᠨ ᠨᠢ ᠡᠨᠡ ᠪᠠᠶᠢᠵᠠᠢ᠃ ᠭᠡᠪᠡᠴᠤ ᠨᠦᠭᠦᠭᠡ ᠬᠤᠶᠠᠷ ᠨᠢ ᠡᠮ ᠤᠨ | ᠦᠨᠳᠤᠰᠤ ᠲᠠᠢ ᠪᠠᠨ ᠡᠭᠦᠷᠢᠳᠡ ᠲᠤᠭᠰᠢᠨ ᠤᠰᠤᠨ ᠳᠤ ᠲᠠᠷᠤᠭᠳᠠᠵᠤ ᠳᠠᠬᠢᠵᠤ ᠭᠠᠷᠴᠤ ᠢᠷᠡᠭᠡ ᠦᠭᠡᠢ︾ | ᠡᠭᠦᠨ ᠠᠴᠠ ᠭᠠᠳᠠᠨ᠎ᠠ ᠪᠤᠰᠤᠳ ᠠᠶᠢᠯ ᠤᠨ ᠬᠢᠨᠢ ︽ᠡᠪᠦᠭᠡ ᠦᠬᠢᠨ ᠬᠤᠶᠠᠭᠤᠯᠠ ᠪᠠᠨ ᠭᠤᠷᠤᠬ᠎ᠠ ᠭᠡᠳᠦᠯᠬᠦ ᠳᠤ ᠪᠠᠨ | ᠪᠦᠷ ᠤᠰᠤᠨ ᠳᠤ ᠴᠠᠴᠠᠵᠤ ᠦᠬᠦᠪᠡ︾ ᠭᠡᠨ᠎ᠡ᠃ ᠡᠨᠡ ᠪᠦᠬᠦᠨ ᠨᠢ ᠬᠦᠬᠦᠷᠭᠡ ᠦᠭᠡᠢ ᠶᠢᠨ ᠬᠤᠤᠷ ᠬᠦᠨᠤᠭᠡᠯ ᠰᠢᠦ | ᠳ᠋ᠠ︕ ᠤᠳᠤ ᠡᠬᠡ ᠤᠯᠤᠰ ᠤᠨ ᠮᠢᠨᠢ ᠬᠦᠭᠵᠢᠨ ᠴᠡᠴᠡᠭᠯᠡᠬᠦ ᠶᠢ ᠲᠠᠭᠠᠯᠳᠤᠨ ᠨᠤᠳᠤᠭ ᠤᠷᠤᠨ ᠳᠤ ᠴᠤ ᠰᠠᠶᠢᠬᠠᠨ | ᠬᠤᠪᠢᠷᠠᠯᠳᠡ ᠭᠠᠷᠤᠯ᠎ᠠ᠃ ᠤᠳᠤ ᠲᠠ ᠪᠢᠳᠡᠨ ᠤ ᠠᠮᠢᠳᠤᠷᠠᠯ ᠦᠨᠡᠬᠡᠷ ᠵᠢᠷᠭᠠᠯ ᠲᠠᠢ ᠠᠳᠠᠯᠢ ᠰᠢᠤ︕ ᠡᠮᠡᠭᠡ ᠶᠢᠨ | ᠦᠯᠢᠭᠡᠷ ᠢ ᠰᠤᠨᠤᠰᠤᠭᠰᠠᠭᠠᠷ ᠭᠡᠷ ᠵᠦᠭ ᠢᠶᠠᠨ ᠡᠷᠭᠢᠯ᠎ᠡ᠃ | ᠪᠢ ᠡᠬᠡ ᠤᠯᠤᠰ ᠢᠶᠠᠨ ᠬᠠᠶᠢᠷᠠᠯᠠᠨ᠎ᠠ᠂ ᠤᠷᠤᠨ ᠨᠤᠳᠤᠭ ᠢᠶᠠᠨ ᠬᠠᠶᠢᠷᠠᠯᠠᠨ᠎ᠠ᠃ | ᠮᠦᠩᠭᠦᠨ ᠰᠤᠯᠤᠩᠭᠠᠳᠤ ᠬᠦᠬᠦᠷᠭᠡ ᠮᠢᠨᠢ ᠡ︕ | ᠮᠢᠨᠤ ᠨᠤᠳᠤᠭ ᠲᠤ ᠮᠦᠩᠭᠡᠷᠡᠭᠡᠰᠡᠢ︕ | | ᠵᠤᠬᠢᠶᠠᠬᠴᠢ᠄ ᠵᠠᠩ ᠴᠣᠸᠠᠨ ᠪᠢᠨ ︵ᠵᠠᠯᠠᠶᠢᠳ ᠬᠤᠰᠢᠭᠤᠨ ᠤ ᠪᠠᠳᠠᠷᠠᠬᠤ ᠭᠤᠣᠯ ᠰᠣᠷᠭᠠᠭᠤᠯᠢ ᠶᠢᠨ | ᠭᠤᠷᠪᠠ ᠶᠢᠨ ᠬᠤᠶᠠᠷ︶ | ᠵᠢᠯᠣᠭᠤᠳᠣᠭᠰᠠᠨ ᠪᠠᠭᠰᠢ᠄ ᠸᠠᠩ ᠬᠦᠦᠳᠠᠭᠤᠯᠠ |