ᠬᠢᠴᠢᠶᠡᠯ ᠵᠠᠪᠰᠠᠷᠯᠠᠬᠤ ᠷᠠᠳᠢᠣ᠋ ᠶᠢᠨ ᠤᠶᠠᠩᠭᠠᠳᠤ ᠠᠶᠠᠰ ᠬᠦᠭᠵᠢᠮᠳᠡᠨ ᠲᠤᠤᠭᠠᠷᠪᠠ᠃ ᠪᠠᠭᠰᠢ ᠠᠴᠠ | ᠬᠢᠴᠢᠶᠡᠯ ᠪᠠᠭᠤᠭᠰᠠᠨ ᠢ ᠵᠠᠷᠯᠠᠬᠤ ᠲᠠᠢ ᠵᠡᠷᠭᠡ ᠰᠤᠷᠤᠭᠴᠢᠳ ᠠᠩᠭᠢ ᠶᠢᠨ ᠭᠡᠷ ᠠᠴᠠ ᠪᠠᠨ ︽ᠪᠢᠴᠢᠬᠠᠨ ᠴᠤᠷᠪᠠᠭ᠎ᠠ︾ | ᠰᠢᠭ᠋ ᠴᠤᠪᠤᠷᠠᠯᠳᠤᠨ ᠭᠠᠷᠴᠤ ᠲᠠᠮᠢᠷ ᠤᠨ ᠲᠠᠯᠠᠪᠤᠷ ᠲᠤ ᠤᠴᠢᠵᠦ ᠦᠪᠡᠷ ᠦᠪᠡᠷ ᠤᠨ ᠲᠤᠷᠠᠳᠠᠢ ᠨᠠᠭᠠᠳᠤᠮ ᠢᠶᠠᠨ | ᠨᠠᠭᠠᠳᠴᠤ ᠲᠤᠭᠯᠠᠵᠠᠭᠠᠯᠠ᠃ ᠨᠠᠮ ᠵᠢᠮᠬᠡᠨ ᠪᠠᠶᠢᠭᠰᠠᠨ ᠰᠤᠷᠭᠠᠭᠤᠯᠢ ᠶᠢᠨ ᠬᠦᠷᠢᠶ᠎ᠡ ᠲᠡᠷᠡ ᠲᠠᠷᠦ᠋ᠢᠬᠠᠨ ᠬᠦ᠋ᠷ | ᠬᠦᠭᠵᠢᠶᠡᠨ ᠢᠶᠠᠷ ᠪᠢᠯᠬᠠᠵᠤ ᠦᠢᠮᠡᠭᠡᠨ ᠲᠡᠪᠵᠢᠶᠡᠨ ᠲᠠᠢ ᠪᠤᠯᠴᠢᠬᠠᠯ᠎ᠠ᠃ | ᠲᠤᠮᠤ ᠲᠠᠮᠢᠷ ᠤᠨ ᠲᠠᠯᠠᠪᠤᠷ ᠲᠤ ᠨᠦᠬᠦᠳ ᠨᠠᠷ ᠬᠤᠪᠢ ᠬᠤᠪᠢᠨ ᠤ ᠲᠤᠷ᠎ᠠ ᠲᠠᠢ ᠲᠤᠭᠯᠠᠭᠠᠮ ᠢᠶᠠᠷ ᠢᠶᠠᠨ | ᠨᠠᠭᠠᠳᠴᠤ ᠨᠠᠭᠠᠰᠢ ᠴᠠᠭᠠᠰᠢ ᠵᠦᠷᠢᠯᠳᠦᠵᠦ ᠪᠠᠶᠢᠬᠤ ᠳᠤ ᠪᠠᠭᠰᠢ ᠶᠢᠨ ᠠᠯᠪᠠᠨ ᠭᠡᠷ ᠤᠨ ᠡᠮᠦᠨ᠎ᠡ ᠪᠠᠶᠢᠭ᠎ᠠ ᠪᠠᠭ᠎ᠠ | ᠲᠠᠮᠢᠷ ᠤᠨ ᠲᠠᠯᠠᠪᠦᠷ ᠲᠠᠬᠢ ᠬᠦᠯ ᠪᠦᠮᠪᠦᠭᠡᠨ ᠲᠠᠯᠠᠪᠦᠷ ᠲᠤ ᠲᠠᠪᠤ᠂ ᠵᠢᠷᠭᠤᠳᠤᠭᠠᠷ ᠤᠨ ᠤ ᠬᠡᠰᠡᠭ ᠨᠦᠬᠦᠳ ᠬᠦᠯ | ᠪᠦᠮᠪᠦᠭᠡ ᠢᠰᠬᠦᠯᠵᠦ ︽ᠬᠤᠰᠢᠭᠤᠨ ᠲᠠᠷᠤᠭ᠎ᠠ ᠬᠤᠨᠳᠠᠭᠠᠳᠤ︾ ᠬᠦᠯ ᠪᠦᠮᠪᠦᠭᠡ ᠶᠢᠨ ᠤᠷᠤᠯᠳᠤᠭᠠᠨ ᠳᠤ | ᠤᠷᠦ᠋ᠢᠯᠠᠬᠤ ᠪᠠᠷ ᠴᠠᠭ ᠢ ᠠᠮᠵᠢᠨ ᠬᠦᠭᠡᠷᠦᠯᠳᠤᠨ ᠪᠤᠯᠪᠠᠰᠤᠷᠠᠵᠤ᠂ ᠬᠠᠶᠠ ᠵᠠᠷᠢᠮ ᠨᠦᠬᠦᠳ ᠮᠠᠨᠢ ᠰᠠᠭᠰᠤᠨ | ᠪᠦᠮᠪᠦᠭᠡ ᠶᠢᠨ ᠲᠠᠯᠠᠪᠦᠷ ᠲᠤ ᠪᠦᠮᠪᠦᠭᠡ ᠬᠠᠶᠠᠵᠤ ᠨᠠᠭᠠᠳᠤᠨ ᠪᠠᠶᠠᠰᠤᠯᠴᠠᠨ᠎ᠠ᠃ ᠡᠬᠦᠨ ᠳᠤ ᠠᠩᠭᠢ ᠶᠢᠨ | ᠭᠡᠷ ᠤᠨ ᠢᠶᠠᠨ ᠡᠮᠦᠨ᠎ᠡ ᠲᠡᠭᠡᠰᠦ ᠦᠰᠦᠷᠴᠦ ᠪᠠᠶᠢᠬᠤ ᠪᠠ ᠪᠦᠮᠪᠦᠭᠡ ᠠᠯᠠᠭᠠᠳᠠᠵᠤ ᠲᠤᠭᠯᠠᠬᠤ ᠨᠢ ᠰᠤᠷᠤᠭᠴᠢᠳ ᠤᠨ | ᠬᠠᠮᠤᠭ ᠤᠨ ᠲᠤᠷᠠᠳᠠᠢ ᠮᠦᠷᠳᠡᠭᠡᠨ ᠬᠦᠭᠵᠢᠶᠡᠨ ᠲᠠᠢ ᠨᠠᠭᠠᠳᠤᠮ ᠤᠨ ᠨᠢᠭᠡ ᠪᠤᠯᠵᠠᠢ᠃ | ᠬᠢᠴᠢᠶᠡᠯ ᠤᠨ ᠵᠠᠪᠰᠠᠷᠯᠠᠭ᠎ᠠ ᠶᠢᠨ ᠬᠦᠳᠡᠯᠭᠡᠭᠡᠨ ᠬᠡᠳᠦ᠋ᠢᠪᠡᠷ ᠠᠷᠪᠠᠭ᠋ᠠᠨ ᠮᠢᠨᠦ᠋ᠲ ᠪᠤᠯᠪᠠᠴᠤ ᠨᠠᠭᠠᠳᠤᠮ ᠤᠨ | ᠲᠦᠷᠦᠯ ᠵᠦᠢᠯ ᠦᠨᠡᠬᠡᠷ ᠤᠯᠠᠨ ᠪᠠᠶᠢᠨ᠎ᠠ ᠳ᠋ᠠ᠃ ᠦᠵᠡᠬᠦ ᠦᠭᠡᠢ ᠤᠤ︖ ᠰᠤᠷᠤᠭᠴᠢᠳ ᠵᠠᠷᠢᠮ ᠨᠢ ᠲᠡᠭᠡᠰᠦ | ᠴᠢᠩᠭᠠᠭᠠᠵᠤ᠂ ᠵᠠᠷᠢᠮ ᠨᠢ ᠪᠦᠮᠪᠦᠭᠡ ᠨᠠᠭᠠᠳᠤᠵᠤ᠂ ᠪᠠᠰᠠ ᠵᠠᠷᠢᠮ ᠨᠢ ᠲᠡᠪᠡᠭ ᠢᠰᠭᠦᠯᠦᠨᠠ᠃ ᠬᠦᠯ ᠪᠦᠮᠪᠦᠭᠡ | ᠬᠦᠭᠡᠭᠡᠵᠦ᠂ ᠰᠠᠭᠰᠤᠨ ᠪᠦᠮᠪᠦᠭᠡ ᠬᠠᠶᠠᠬᠤ ᠨᠢ ᠴᠦ ᠤᠯᠠᠨ ᠤ ᠠᠩᠬᠠᠷᠤᠯ ᠢ ᠲᠠᠳᠠᠨ᠎ᠠ᠃ ᠬᠠᠮᠤᠭ ᠤᠨ ᠱᠤᠭ ᠲᠠᠢ ᠨᠢ | ᠬᠡᠤᠬᠡᠳ ᠤᠨ ᠴᠡᠴᠡᠷᠯᠢᠭ ᠤᠨ ᠪᠢᠴᠢᠬᠠᠨ ᠨᠠᠶᠢᠵᠠ ᠨᠠᠷ ᠰᠢᠦ︕ ᠲᠡᠳᠡ ᠪᠠᠭᠰᠢ ᠠᠨᠢᠶ᠎ᠠ ᠲᠠᠢ ᠪᠠᠨ ︽ᠡᠯᠢᠶ᠎ᠡ | ᠲᠠᠬᠢᠶ᠎ᠠ ᠶᠢ ᠰᠢᠬᠦᠷᠡᠬᠦ︾ ᠲᠤᠭᠯᠠᠭᠠᠮ ᠢ ᠤᠷᠮ᠎ᠠ ᠲᠠᠢ ᠲᠤᠭᠯᠠᠵᠠᠭᠠᠨᠠ᠃ | | ᠵᠤᠬᠢᠶᠠᠬᠴᠢ᠄ ᠸᠠᠩ ᠶᠢᠨ ᠯᠢᠩ ︵ᠨᠠᠢᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ ᠶᠢᠨ | ᠭᠤᠷᠪᠠ ᠶᠢᠨ ᠭᠤᠷᠪᠠ︶ | ᠵᠢᠯᠤᠭᠤᠳᠤᠭᠰᠠᠨ ᠪᠠᠭᠰᠢ᠄ ᠲᠠᠪᠬᠤᠷᠪᠠᠶᠠᠷ |