● ᠵᠠᠩ ᠮᠠᠨ ᠴᠢᠤᠸᠠᠨ ᠵᠢᠶᠠᠩ ᠱᠠᠨ ︵ᠦᠪᠦᠷ ᠮᠤᠩᠭᠤᠯ ᠤᠨ ᠦᠨᠳᠦᠰᠦᠲᠡᠨ ᠤ ᠴᠢᠯᠦᠭᠡᠯᠡᠯᠲᠡ ᠶᠢᠨ | ᠳᠤᠷᠠᠰᠬᠠᠯ ᠤᠨ ᠤᠷᠳᠤᠨ︶ | | ᠤᠯᠠᠭᠠᠨᠬᠤᠲᠠ ᠶᠢᠨ ᠭᠡᠭᠡᠨᠰᠦ᠋ᠮ᠎ᠡ ᠨᠢ ᠤᠯᠠᠭᠠᠨᠬᠤᠲᠠ ᠶᠢᠨ ᠵᠡᠭᠦᠨ ᠡᠮᠦᠨ᠎ᠡ 60 ᠭᠠᠵᠠᠷ᠂ ᠲᠤᠭᠤᠷ ᠤᠨ | ᠭᠤᠣᠯ ᠤᠨ ᠵᠡᠭᠦᠨ ᠡᠷᠭᠢ᠂ ᠲᠠᠦᠯᠠᠶᠢᠲᠦ ᠠᠭᠤᠯᠠ ᠶᠢᠨ ᠬᠤᠷᠮᠣᠢ ᠳᠤ ᠪᠠᠶᠢᠷᠢᠯᠠᠵᠤ ᠪᠠᠶᠢᠳᠠᠭ᠃ | ᠤᠤᠯ ᠳᠤ ᠪᠠᠨ ᠭᠡᠭᠡᠨᠰᠦ᠋ᠮ᠎ᠡ ᠶᠢ ᠵᠡᠭᠦᠨ ᠪᠠᠷᠠᠭᠤᠨ ᠬᠤᠶᠠᠷ ᠰᠦᠮ᠎ᠡ ᠬᠤᠪᠢᠶᠠᠳᠠᠭ᠃ ᠵᠡᠭᠦᠨ ᠰᠦᠮ᠎ᠡ ᠨᠢ | ᠴᠣᠭᠴᠢᠨ ︵ᠹᠠᠨ ᠲᠦᠩ ᠰᠧ ᠰᠦᠮ᠎ᠡ︶᠂ ᠵᠤᠨᠳᠠᠮᠪᠤ ︵ᠾᠦᠢ ᠲᠦᠩ ᠰᠧ ᠰᠦᠮ᠎ᠡ︶᠂ ᠯᠠᠰᠤᠨ ︵ᠭᠤᠸᠠᠩ | ᠱᠸᠦ ᠰᠧ ᠰᠦᠮ᠎ᠡ︶ ᠰᠦᠮ᠎ᠡ ᠪᠠᠷ ᠪᠦᠷᠢᠯᠳᠦᠵᠤ᠂ ᠪᠠᠷᠠᠭᠤᠨ ᠰᠦᠮ᠎ᠡ ᠨᠢ ᠴᠠᠭᠠᠨ ︵ᠬᠤᠩ ᠵᠢᠶ ᠰᠦᠮ᠎ᠡ︶᠂ | ᠬᠤᠰᠢᠭᠤ ︵ᠭᠤᠸᠠᠩ ᠵᠢᠤᠸᠠᠢ ᠰᠦᠮ᠎ᠡ︶ ᠰᠦᠮ᠎ᠡ ᠪᠠᠷ ᠪᠦᠷᠢᠯᠳᠦᠵᠡᠢ᠃ ᠶᠡᠷᠦ ᠳᠡᠭᠡᠨ ᠭᠡᠭᠡᠨᠰᠦ᠋ᠮ᠎ᠡ ᠭᠡᠳᠡᠭ ᠨᠢ | ᠵᠡᠭᠦᠨ ᠰᠦᠮ᠎ᠡ ᠶᠢ ᠵᠢᠭᠠᠳᠠᠭ᠃ ᠭᠡᠭᠡᠨᠰᠦ᠋ᠮ᠎ᠡ ᠶᠢᠨ ᠲᠡᠦᠬᠡ ᠶᠢ ᠰᠢᠨᠵᠢᠯᠡᠬᠦ ᠳᠤ ᠯᠠᠮᠠ ᠶᠢᠨ ᠱᠠᠰᠢᠨ ᠪᠣᠯᠤᠨ ᠬᠤᠷᠴᠢᠨ | ᠠᠶᠢᠮᠠᠭ ᠤᠨ ᠡᠬᠢ ᠰᠤᠷᠪᠤᠯᠵᠢ ᠶᠢ ᠤᠷᠢᠳᠠᠪᠠᠷ ᠣᠶᠢᠯᠠᠭᠠᠬᠤ ᠬᠡᠷᠡᠭᠲᠡᠢ᠃ | ᠨᠢᠭᠡ᠂ ᠯᠠᠮᠠ ᠶᠢᠨ ᠱᠠᠰᠢᠨ ᠤ ᠬᠤᠷᠴᠢᠨ ᠠᠶᠢᠮᠠᠭ ᠲᠠᠬᠢ ᠨᠡᠪᠴᠢᠯᠲᠡ ᠪᠠ ᠨᠥᠯᠥᠭᠡ | ᠮᠠᠨᠵᠤ ᠬᠥᠮᠦᠨ ᠵᠦᠩᠶᠤᠸᠠᠨ ᠣᠷᠣᠨ ᠢ ᠡᠵᠡᠯᠡᠭᠰᠡᠨ ᠤ ᠳᠠᠷᠠᠭ᠎ᠠ᠂ ᠮᠣᠩᠭᠤᠯ ᠦᠨᠳᠦᠰᠦᠲᠡᠨ ᠤ | ᠰᠦᠷᠳᠡᠭᠦᠯᠭᠡ ᠶᠢ ᠲᠣᠳᠣᠷᠬᠠᠢ ᠲᠠᠨᠢᠵᠤ ᠣᠯᠤᠭᠰᠠᠨ ᠪᠥᠭᠡᠳ ᠯᠠᠮᠠ ᠶᠢᠨ ᠱᠠᠰᠢᠨ ᠤ ᠨᠦᠯᠦᠭᠡ ᠦᠢᠯᠡᠳᠦᠯ ᠢ ᠨᠡᠩ | ᠲᠣᠳᠣᠷᠬᠠᠢ ᠣᠯᠵᠤ ᠲᠠᠨᠢᠵᠠᠢ᠃ ᠡᠶᠢᠮᠦ ᠠᠴᠠ ᠨᠢᠭᠡ ᠲᠠᠯ᠎ᠠ ᠪᠠᠷ ᠤᠮᠠᠷᠠᠲᠤ ᠣᠷᠣᠨ ᠳᠤ ᠲᠠᠰᠤᠷᠠᠯᠲᠠ ᠦᠭᠡᠢ | ᠤᠷᠤᠭᠴᠠᠭᠠᠬᠤ ᠲᠥᠷᠥ ᠶᠢᠨ ᠪᠣᠳᠣᠯᠭ᠎ᠠ ᠶᠢ ᠠᠪᠴᠤ᠂ ᠴᠢᠩ ᠤᠯᠤᠰ ᠤᠨ ᠤᠯᠠᠨ ᠭᠦᠩᠵᠦ ᠶᠢ ᠮᠣᠩᠭᠤᠯ ᠸᠠᠩ | ᠬᠥᠩ ᠨᠡᠷ ᠲᠤ ᠪᠠᠭᠤᠯᠭᠠᠵᠤ ᠥᠭᠭᠦᠭᠰᠡᠨ ᠪᠥᠭᠡᠳ ᠦᠷ᠎ᠡ ᠬᠤᠶᠢᠴᠢᠰ ᠲᠠᠭᠠᠨ ᠴᠤ ᠮᠣᠩᠭᠤᠯ ᠸᠠᠩ ᠬᠥᠩ ᠨᠡᠷ ᠤᠨ | ᠦᠬᠢᠳ ᠢ ᠡᠬᠡᠨᠡᠷ ᠪᠣᠯᠭᠠᠨ ᠪᠠᠭᠤᠯᠭᠠᠨ ᠠᠪᠴᠦ᠂ ᠠᠷᠭᠠᠳᠠᠨ ᠲᠠᠲᠠᠬᠤ ᠮᠥᠷᠲᠡᠭᠡᠨ ᠬᠢᠨᠠᠨ ᠠᠵᠢᠭᠯᠠᠵᠤ᠂ ᠥᠪᠡᠷ ᠤᠨ | ᠬᠦᠴᠦ ᠪᠠᠨ ᠪᠤᠯᠭᠠᠵᠤ ᠲᠦᠷᠤ ᠭᠦᠷᠦᠨ ᠳᠤ ᠦᠢᠯᠡᠴᠢᠯᠡᠭᠦᠯᠦᠭᠰᠡᠨ ᠪᠠᠶᠢᠨ᠎ᠠ᠃ ᠨᠦᠭᠦᠭᠡ ᠲᠠᠯ᠎ᠠ ᠪᠠᠷ ︽ᠰᠢᠷ᠎ᠠ ᠶᠢᠨ | ᠱᠠᠰᠢᠨ ︵ᠯᠠᠮᠠ ᠶᠢᠨ ᠱᠠᠰᠢᠨ︶ ᠢᠶᠠᠷ ᠮᠣᠩᠭᠤᠯᠴᠤᠳ ᠢ ᠢᠯᠪᠢᠨ ᠵᠠᠰᠠᠬᠤ︾ ᠲᠦᠷᠦ ᠶᠢᠨ ᠪᠤᠳᠤᠯᠭ᠎ᠠ ᠶᠢ | ᠬᠡᠷᠡᠭᠵᠢᠭᠦᠯᠵᠡᠢ᠃ ᠡᠭᠦᠨ ᠤ ᠲᠤᠬᠠᠶ ᠬᠤᠸᠠᠩ ᠲᠠᠶᠢᠵᠢ ᠪᠣᠯᠤᠨ ᠲᠩᠷᠢ ᠲᠡᠳᠬᠦᠭᠴᠢ ᠬᠠᠭᠠᠨ ᠤ ᠵᠠᠷᠯᠢᠭ ᠲᠤ ᠴᠥᠮ | ᠭᠦᠢᠴᠡᠳ ᠲᠣᠳᠣᠷᠬᠠᠶᠢᠯᠠᠭᠰᠠᠨ ᠪᠠᠶᠢᠳᠠᠭ᠃ ᠵᠢᠱᠢᠶᠡᠯᠡᠪᠡᠯ᠄ ︽ᠰᠢᠷ᠎ᠠ ᠶᠢᠨ ᠱᠠᠰᠢᠨ ᠢ ᠮᠠᠨᠳᠤᠭᠤᠯᠪᠠᠯ ᠳᠠᠷᠤᠶ ᠤᠯᠠᠨ | ᠮᠣᠩᠭᠤᠯ ᠢ ᠠᠮᠤᠷᠵᠢᠭᠤᠯᠵᠤ ᠴᠢᠳᠠᠮᠤᠶ᠂ ᠡᠨᠡ ᠨᠢ ᠪᠠᠭ᠎ᠠ ᠪᠤᠰᠤ ᠶᠠᠪᠤᠳᠠᠯ ᠶᠤᠮ︾᠂ ︽ᠮᠤᠩᠭᠤᠯᠴᠣᠳ ᠪᠤᠷᠬᠠᠨ | ᠲᠠᠬᠢᠵᠤ ᠯᠠᠮᠠ ᠶᠢᠨ ᠱᠠᠰᠢᠨ ᠢ ᠬᠠᠮᠤᠭ ᠠᠴᠠ ᠢᠯᠡᠭᠦᠤ ᠢᠲᠡᠭᠡᠳᠡᠭ ᠲᠤᠯᠠ ᠲᠡᠭᠦᠨ ᠢ ᠦᠯᠦ ᠬᠠᠮᠠᠭᠠᠯᠠᠬᠤ ᠶᠣᠰᠣ | ᠬᠡᠮᠡᠨ ᠦᠭᠡᠢ᠂ ᠡᠭᠦᠨ ᠢ ᠢᠯᠪᠢᠨ ᠵᠠᠰᠠᠬᠤ ᠶᠣᠰᠤ ᠬᠡᠮᠡᠮᠦᠶ︾᠂ ︽ᠨᠢᠭᠡ ᠰᠦᠮ᠎ᠡ ᠵᠠᠰᠠᠪᠠᠯ᠂ ᠠᠷᠪᠠᠨ ᠲᠦᠮᠡᠨ | ᠴᠡᠷᠢᠭ ᠲᠡᠵᠢᠭᠡᠭᠰᠡᠨ ᠲᠠᠢ ᠲᠡᠩᠴᠡᠨ᠎ᠡ︾ ᠬᠡᠮᠡᠨ ᠯᠠᠮᠠ ᠶᠢᠨ ᠱᠠᠰᠢᠨ ᠢ ᠦᠳᠲᠡᠷ ᠲᠦᠷᠭᠡᠨ ᠳᠡᠯᠭᠡᠷᠡᠭᠦᠯᠬᠦ ᠶᠢ ᠵᠤᠷᠢᠪᠠ | ᠃ ᠯᠠᠮᠠ ᠶᠢᠨ ᠱᠠᠰᠢᠨ ᠢ ᠮᠣᠩᠭᠤᠯ ᠤᠨ ᠨᠡᠶᠢᠭᠡᠮ ᠤᠨ ᠡᠯ᠎ᠡ ᠳᠠᠪᠬᠤᠷᠭ᠎ᠠ ᠳᠤ ᠨᠡᠪᠴᠢᠭᠦᠯᠬᠦ ᠶᠢᠨ ᠲᠥᠯᠥᠭᠡ᠂ ᠴᠢᠩ | ᠤᠯᠤᠰ ᠤᠨ ᠵᠠᠰᠠᠭ ᠤᠨ ᠭᠠᠵᠠᠷ ᠠᠴᠠ ︽ᠭᠠᠳᠠᠭᠠᠳᠤ ᠮᠣᠩᠭᠤᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠤ | ᠬᠠᠤᠯᠢ ᠴᠠᠭᠠᠵᠠ︾ ᠳᠤ ︽ᠯᠠᠮᠠ ᠨᠠᠷ ᠣᠯᠠᠨ ᠢ ᠵᠠᠬᠢᠷᠪᠠᠰᠤ ᠵᠠᠰᠠᠭ ᠵᠠᠰᠠᠭᠴᠢ ᠮᠡᠲᠦ ᠪᠣᠯᠭᠠᠮᠤᠶ︾ ᠬᠡᠮᠡᠨ | ᠲᠣᠭᠲᠠᠭᠠᠵᠤ᠂ ᠡᠷᠬᠡ ᠠᠳᠬᠤᠭᠰᠠᠨ ᠯᠠᠮᠠ ᠨᠠᠷ ᠢ ᠬᠤᠰᠢᠭᠤᠨ ᠳᠠᠷᠤᠭ᠎ᠠ ᠲᠠᠢ ᠠᠳᠠᠯᠢ ᠲᠡᠭᠰᠢ ᠬᠠᠷᠠᠭᠠᠯᠵᠠᠯ ᠪᠠ | ᠡᠷᠬᠡ ᠲᠠᠢ ᠪᠤᠯᠭᠠᠭᠰᠠᠨ ᠠᠴᠠ ᠮᠣᠩᠭᠤᠯ ᠤᠨ ᠨᠡᠶᠢᠭᠡᠮ ᠳᠤ ᠯᠠᠮᠠ ᠬᠤᠸᠠᠷᠠᠭ ᠤᠨ ᠹᠧᠣᠳᠠᠯ ᠡᠵᠡᠳ ᠤᠨ ᠪᠦᠯᠦᠭ ᠪᠤᠢ | ᠪᠣᠯᠤᠨ ᠪᠦᠷᠢᠯᠳᠦᠵᠦ᠂ ᠡᠭᠡᠯ ᠬᠠᠷᠠᠴᠤ ᠶᠢᠨ ᠹᠧᠣᠳᠠᠯ ᠡᠵᠡᠳ ᠤᠨ ᠪᠦᠯᠦᠭ ᠲᠠᠢ ᠬᠠᠮᠲᠤ ᠣᠷᠣᠰᠢᠬᠤ ᠪᠠᠶᠢᠳᠠᠯ ᠪᠤᠢ | ᠪᠣᠯᠪᠠ᠃ ᠯᠠᠮᠠ ᠶᠢᠨ ᠱᠠᠰᠢᠨ ᠢ ᠦᠳᠲᠡᠷ ᠲᠦᠷᠭᠡᠨ ᠳᠡᠯᠭᠡᠷᠡᠭᠦᠯᠬᠦ ᠶᠢᠨ ᠲᠥᠯᠥᠭᠡ ᠯᠠᠮᠠ ᠨᠠᠷ ᠲᠤ ᠬᠠᠷᠠᠭᠠᠯᠵᠠᠯ | ᠬᠦᠷᠲᠡᠭᠡᠬᠦ ᠪᠠᠷ ᠪᠠᠷᠠᠬᠤ ᠦᠭᠡᠢ ᠴᠢᠩ ᠤᠯᠤᠰ ᠤᠨ ᠬᠠᠭᠠᠳ ᠥᠪᠡᠷ ᠤᠨ ᠪᠡᠶ᠎ᠡ ᠪᠠᠷ ᠢᠶᠠᠨ ᠤᠯᠤᠰ ᠤᠨ ᠰᠠᠩ ᠠᠴᠠ | ᠡᠳ᠋ ᠮᠦᠩᠭᠦ ᠭᠠᠷᠭᠠᠵᠤ ᠰᠦᠮ᠎ᠡ ᠬᠡᠶᠢᠳ ᠪᠠᠶᠢᠭᠤᠯᠵᠤ ᠥᠭᠭᠦᠭᠰᠡᠨ ᠪᠠᠶᠢᠨ᠎ᠠ᠃ ᠴᠢᠩ ᠤᠯᠤᠰ ᠤᠨ ᠡᠶᠡᠪᠡᠷ ᠵᠠᠰᠠᠭᠴᠢ | ᠂ ᠡᠩᠬᠡ ᠠᠮᠤᠭᠤᠯᠠᠩ᠂ ᠨᠠᠶᠢᠷᠠᠯᠲᠤ ᠲᠥᠪ᠂ ᠲᠩᠷᠢ ᠲᠡᠳᠬᠦᠭᠴᠢ ᠶᠢᠨ ᠨᠣᠶᠠᠷᠬᠠᠯ ᠤᠨ ᠦᠶ᠎ᠡ ᠳᠤ᠂ ᠯᠠᠮᠠ ᠶᠢᠨ | ᠱᠠᠰᠢᠨ ᠤ ᠲᠦᠷᠦ ᠶᠢᠨ ᠪᠤᠳᠤᠯᠭ᠎ᠠ ᠨᠢ ᠲᠦᠢᠯ ᠤᠨ ᠪᠦᠷᠢᠨ ᠲᠡᠭᠦᠯᠳᠡᠷ ᠬᠡᠮᠵᠢᠶᠡᠨ ᠳᠤ ᠬᠦᠷᠴᠦ᠂ ᠮᠣᠩᠭᠤᠯ | ᠤᠷᠤᠨ ᠢ ᠢᠯᠪᠢᠨ ᠵᠠᠰᠠᠬᠤ ᠠᠷᠭ᠎ᠠ ᠪᠤᠳᠤᠯᠭ᠎ᠠ ᠨᠢ ᠶᠡᠷᠦ ᠪᠤᠰᠤ ᠶᠢᠨ ᠦᠷ᠎ᠡ ᠪᠦᠲᠦᠭᠡᠯ ᠣᠯᠵᠠᠢ᠃ | ᠬᠤᠷᠴᠢᠨ ᠠᠶᠢᠮᠠᠭ ᠪᠣᠯ ᠯᠠᠮᠠ ᠶᠢᠨ ᠱᠠᠰᠢᠨ ᠤ ᠨᠥᠯᠥᠭᠡ ᠶᠢ ᠭᠦᠨ ᠬᠦᠷᠲᠡᠭᠰᠡᠨ ᠣᠷᠣᠨ ᠤ ᠨᠢᠭᠡ ᠪᠣᠯᠤᠨ᠎ᠠ᠃ | ᠴᠢᠩ ᠤᠯᠤᠰ ᠤᠨ ᠭᠤᠷᠪᠠᠨ ᠵᠠᠭᠤ ᠭᠠᠷᠤᠢ ᠵᠢᠯ ᠤᠨ ᠬᠤᠭᠤᠷᠣᠨᠳᠣ ᠯᠠᠮᠠ ᠶᠢᠨ ᠱᠠᠰᠢᠨ ᠨᠢ ᠮᠣᠩᠭᠤᠯ | ᠦᠨᠳᠦᠰᠦᠲᠡᠨ ᠤ ᠠᠷᠠᠳ ᠲᠦᠮᠡᠨ ᠯᠦᠭᠡ ᠥᠷᠭᠡᠨ ᠳᠡᠯᠭᠡᠷ ᠪᠦᠭᠡᠳ ᠨᠢᠭᠲᠠ ᠬᠠᠷᠢᠴᠠᠭ᠎ᠠ ᠲᠠᠢ ᠪᠣᠯᠵᠠᠢ᠃ ᠮᠣᠩᠭᠤᠯ | ᠠᠶᠢᠯ ᠡᠷᠦᠬᠡ ᠪᠣᠯᠭᠠᠨ ᠪᠤᠷᠬᠠᠨ ᠲᠠᠬᠢᠵᠤ ᠡᠳᠦᠷ ᠰᠥᠨᠢ ᠦᠭᠡᠶ ᠬᠦᠵᠢ ᠠᠰᠠᠭᠠᠨ ᠮᠥᠷᠭᠦᠳᠡᠭ ᠪᠦᠭᠡᠳ ᠠᠶᠢᠯ | ᠭᠡᠷ ᠤᠨ ᠶᠡᠭᠡ ᠪᠠᠭ᠎ᠠ ᠶᠠᠪᠤᠳᠠᠯ ᠳᠤ ᠪᠦᠷ ᠯᠠᠮᠠ ᠵᠠᠯᠠᠵᠤ ᠨᠣᠮ ᠭᠦᠷᠢᠮ ᠤᠩᠰᠢᠭᠤᠯᠳᠠᠭ᠃ ᠡᠶᠢᠨ ᠭᠦ ᠯᠠᠮᠠ ᠶᠢᠨ | ᠱᠠᠰᠢᠨ ᠦᠨᠡᠬᠡᠷ ᠣᠶᠣᠨ ᠰᠠᠨᠠᠭᠠᠨ ᠤ ᠲᠠᠯ᠎ᠠ ᠪᠠᠷ ᠮᠣᠩᠭᠤᠯ ᠠᠷᠠᠳ ᠲᠦᠮᠡᠨ ᠢ ᠨᠣᠶᠠᠷᠬᠠᠵᠤ᠂ ᠨᠣᠶᠠᠷᠬᠠᠭᠴᠢ | ᠠᠩᠭᠢ ᠶᠢᠨ ᠦᠵᠡᠯ ᠰᠠᠨᠠᠭ᠎ᠠ ᠨᠢ ᠴᠤ ᠯᠠᠮᠠ ᠶᠢᠨ ᠱᠠᠰᠢᠨ ᠤ ᠨᠣᠶᠠᠷᠬᠠᠯ ᠳᠤ ᠣᠷᠣᠭᠰᠠᠨ ᠪᠠᠶᠢᠨ᠎ᠠ᠃ | ᠮᠣᠩᠭᠤᠯ ᠤᠨ ᠬᠤᠷᠴᠢᠨ ᠠᠶᠢᠮᠠᠭ ᠲᠤ ᠯᠠᠮᠠ ᠶᠢᠨ ᠰᠦᠮ᠎ᠡ ᠭᠠᠵᠠᠷ ᠪᠤᠯᠭᠠᠨ ᠰᠦᠨᠳᠡᠷᠯᠡᠵᠦ᠂ ᠯᠠᠮᠠ ᠨᠠᠷ ᠤᠨ | ᠲᠤᠭ᠎ᠠ ᠴᠦ ᠮᠠᠰᠢ ᠤᠯᠠᠨ ᠪᠠᠶᠢᠳᠠᠭ᠃ ᠵᠢᠷᠢᠮ ᠠᠶᠢᠮᠠᠭ ᠤᠨ ᠠᠷᠪᠠᠨ ᠬᠤᠰᠢᠭᠤ ᠤᠷᠢᠳ ᠬᠤᠵᠢᠳ 180 ᠭᠠᠷᠤᠢ | ᠰᠦᠮ᠎ᠡ ᠬᠡᠶᠢᠳ ᠪᠠᠶᠢᠭᠤᠯᠵᠠᠢ᠃ ᠡᠳᠡᠭᠡᠷ ᠰᠦᠮ᠎ᠡ ᠬᠡᠶᠢᠳ ᠤᠨ ᠣᠯᠠᠩᠬᠢ ᠨᠢ ᠡᠩᠬᠡ ᠠᠮᠤᠭᠤᠯᠠᠩ᠂ ᠲᠩᠷᠢ | ᠲᠡᠳᠬᠦᠭᠴᠢ ᠪᠣᠯᠤᠨ ᠰᠠᠶᠢᠰᠢᠶᠠᠯ ᠢᠷᠦᠭᠡᠯᠲᠦ ᠶᠢᠨ ᠣᠨ ᠳᠤ ᠪᠠᠶᠢᠭᠤᠯᠤᠭᠰᠠᠨ ᠪᠥᠭᠡᠳ ᠵᠠᠷᠢᠮ ᠰᠦᠮ᠎ᠡ ᠬᠡᠶᠢᠳ ᠲᠤ | ᠬᠠᠭᠠᠨ ᠦᠪᠡᠷ ᠤᠨ ᠭᠠᠷ ᠤᠨ ᠦᠰᠦᠭ ᠢᠶᠠᠨ ᠵᠢᠷᠤᠵᠤ᠂ ᠪᠢᠴᠢᠭᠡᠰᠦ ᠢᠯᠡᠷᠬᠡᠶᠢᠯᠡᠯ ᠡᠯᠭᠦᠳᠡᠭ ᠪᠠᠶᠢᠵᠠᠢ᠃ | ᠡᠭᠦᠨ ᠠᠴᠠ ᠴᠢᠩ ᠤᠯᠤᠰ ᠤᠨ ᠵᠠᠰᠠᠭ ᠤᠨ ᠭᠠᠵᠠᠷ ᠬᠤᠷᠴᠢᠨ ᠠᠶᠢᠮᠠᠭ ᠢ ᠬᠦᠨᠳᠦᠳᠬᠡᠵᠦ ᠪᠠᠶᠢᠭᠰᠠᠨ ᠢ ᠮᠠᠳᠡᠵᠤ | ᠪᠣᠯᠤᠨ᠎ᠠ᠃ ᠡᠭᠦᠨ ᠠᠴᠠ ᠭᠠᠳᠠᠨ᠎ᠠ᠂ ᠬᠤᠷᠴᠢᠨ ᠨᠤᠲᠤᠭ ᠤᠨ ᠭᠠᠵᠠᠷ ᠵᠦᠢ ᠶᠢᠨ ᠪᠠᠶᠢᠷᠢᠯᠠᠯ ᠤᠨ ᠴᠢᠬᠤᠯᠠ | ᠴᠢᠨᠠᠷ ᠨᠢ ᠬᠤᠷᠴᠢᠨ ᠮᠣᠷᠢᠲᠤ ᠴᠡᠷᠢᠭ ᠢ ᠮᠠᠨᠵᠤ ᠴᠢᠩ ᠤᠨ ᠰᠢᠯᠢᠳᠡᠭ ᠴᠡᠷᠢᠭ ᠪᠤᠯᠭᠠᠭᠰᠠᠨ ᠤ ᠬᠤᠪᠢ ᠳᠤ᠂ ᠴᠢᠩ | ᠤᠯᠤᠰ ᠤᠨ ᠨᠣᠶᠠᠷᠬᠠᠭᠴᠢᠳ ᠲᠠᠢ ᠤᠯᠠᠮ ᠨᠢᠭᠲᠠ ᠬᠠᠷᠢᠴᠠᠭ᠎ᠠ ᠲᠠᠢ ᠪᠤᠯᠭᠠᠪᠠ᠃ ᠡᠨᠡ ᠨᠢ ᠮᠦᠨ ᠬᠦ ᠬᠤᠷᠴᠢᠨ | ᠨᠤᠲᠤᠭ ᠲᠤ ᠯᠠᠮᠠ ᠶᠢᠨ ᠱᠠᠰᠢᠨ ᠬᠥᠭᠵᠢᠨ ᠪᠠᠳᠠᠷᠠᠭᠰᠠᠨ ᠤ ᠪᠠᠰᠠ ᠨᠢᠭᠡᠨ ᠰᠢᠯᠲᠠᠭᠠᠨ ᠪᠣᠯᠤᠭᠰᠠᠨ ᠪᠠᠶᠢᠵᠤ ᠮᠡᠳᠡᠨ᠎ᠡ᠃ | | ᠵᠢᠷᠢᠮ ᠤᠨ ᠠᠷᠪᠠᠨ ᠬᠤᠰᠢᠭᠤᠨ ᠤ 180 ᠭᠠᠷᠤᠶ ᠰᠦᠮ᠎ᠡ ᠬᠡᠶᠢᠳ ᠤᠨ ᠳᠣᠲᠣᠷ᠎ᠠ ᠵᠠᠰᠠᠭᠲᠤ ᠵᠢᠶᠦ᠋ᠨ | ᠸᠠᠩ ᠤᠨ ᠬᠤᠰᠢᠭᠤ ︵ᠣᠳᠣ ᠶᠢᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ︶ ᠶᠢᠨ ᠲᠠᠦᠯᠠᠶᠢᠲᠦ | ᠭᠡᠭᠡᠨᠰᠦ᠋ᠮ᠎ᠡ᠂ ᠣᠳᠣ ᠶᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠤᠸᠠᠩ ᠹᠦ᠋ ᠰᠧ ᠰᠦᠮ᠎ᠡ ᠪᠠ | ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠢᠯᠢ ᠳᠣᠲᠣᠷᠠᠬᠢ ᠪᠠᠶᠠᠨᠬᠤᠰᠢᠭᠤ ᠰᠦᠮ᠎ᠡ ᠵᠡᠷᠭᠡ ᠨᠡᠷ᠎ᠡ | ᠠᠯᠳᠠᠷ ᠲᠠᠢ ᠰᠦᠮ᠎ᠡ ᠬᠡᠶᠢᠳ ᠪᠤᠶ᠃ ᠭᠡᠪᠡᠴᠦ ᠵᠡᠷᠭᠡ ᠳᠡᠰ᠂ ᠬᠦᠷᠢᠶ᠎ᠡ ᠬᠡᠪᠴᠢᠶ᠎ᠡ ᠪᠣᠯᠤᠨ ᠨᠥᠯᠥᠭᠡᠯᠡᠬᠦ ᠬᠦᠴᠦᠨ | ᠵᠡᠷᠭᠡ ᠲᠠᠯ᠎ᠠ ᠠᠴᠠ ᠠᠪᠴᠦ ᠦᠵᠡᠪᠡᠯ ᠲᠠᠦᠯᠠᠶᠢᠲᠦ ᠶᠢᠨ ᠭᠡᠭᠡᠨᠰᠦ᠋ᠮ᠎ᠡ ᠨᠢ ᠴᠥᠮ ᠲᠡᠷᠢᠭᠦᠨ ᠴᠢᠬᠤᠯᠠ ᠪᠠᠶᠢᠷᠢ | ᠰᠠᠭᠤᠷᠢ ᠲᠠᠢ ᠶᠤᠮ᠃ | ᠬᠤᠶᠠᠷ᠂ ᠲᠠᠦᠯᠠᠶᠢᠲᠦ ᠶᠢᠨ ᠭᠡᠭᠡᠨᠰᠦ᠋ᠮ᠎ᠡ ᠶᠢ ᠪᠠᠶᠢᠭᠤᠯᠤᠭᠰᠠᠨ ᠨᠢ | ᠵᠢᠷᠢᠮ ᠤᠨ ᠴᠢᠭᠤᠯᠭᠠᠨ ᠤ ᠠᠷᠪᠠᠨ ᠬᠤᠰᠢᠭᠤᠨ ᠤ ᠠᠩᠬᠠᠳᠠᠭᠴᠢ ᠭᠡᠭᠡᠨ ᠪᠣᠯ ᠴᠢᠩ ᠤᠯᠤᠰ ᠤᠨ ᠲᠩᠷᠢ | ᠲᠡᠳᠬᠦᠭᠴᠢ ᠶᠢᠨ ᠦᠶ᠎ᠡ ᠳᠤ ᠭᠠᠷᠤᠭᠰᠠᠨ ᠶᠤᠮ᠃ ᠲᠤᠬᠠᠢ ᠶᠢᠨ ᠦᠶ᠎ᠡ ᠳᠤ ᠲᠦᠰᠢᠶᠡᠲᠦ ᠸᠠᠩ ᠤᠨ ᠣᠷᠳᠣᠨ ᠤ | ᠰᠦᠮ᠎ᠡ ᠳᠤ ᠴᠦᠢᠷᠤᠪᠵᠠᠮᠰᠤ ᠯᠠᠮᠠ ᠬᠡᠮᠡᠨ ᠪᠠᠶᠢᠵᠠᠢ᠃ ᠲᠡᠷᠡ ᠯᠠᠮᠠ ᠡᠮᠨᠡᠯᠭᠡ ᠶᠢᠨ ᠤᠬᠠᠭᠠᠨ ᠳᠤ ᠪᠠᠭ᠎ᠠ ᠰᠠᠭ᠎ᠠ | ᠨᠡᠪᠲᠡᠷᠡᠭᠰᠡᠨ ᠪᠠᠶᠢᠵᠤ ᠳᠠᠷᠬᠠᠨ ᠸᠠᠩ ᠤᠨ ᠤᠳᠠᠭᠠᠨ ᠤᠨ ᠡᠮᠨᠡᠭᠦᠯᠦᠭᠡᠳ ᠡᠰᠡ ᠡᠳᠡᠭᠡᠷᠡᠭᠰᠡᠨ ᠡᠪᠡᠳᠴᠢᠨ ᠢ ᠵᠠᠰᠠᠵᠤ | ᠡᠳᠡᠭᠡᠷᠡᠭᠦᠯᠵᠡᠢ᠃ ᠡᠶᠢᠮᠦ ᠠᠴᠠ ᠳᠠᠷᠬᠠᠨ ᠸᠠᠩ ᠴᠦᠢᠷᠤᠪᠵᠠᠮᠰᠤ ᠶᠢ ︽ᠠᠪᠠᠭ᠎ᠠ︾ ᠯᠠᠮᠠ ᠡᠷᠭᠦᠮᠵᠢᠯᠡᠭᠰᠡᠨ ᠠᠴᠠ | ᠲᠡᠭᠦᠨ ᠤ ᠨᠡᠷ᠎ᠡ ᠠᠯᠳᠠᠷ ᠨᠢ ᠪᠦᠬᠦ ᠬᠤᠰᠢᠭᠤᠨ ᠳᠤ ᠮᠠᠨᠳᠦᠵᠠᠢ᠃ ᠢᠩᠭᠢᠭᠡᠳ ᠬᠥᠮᠦᠰ ᠮᠠᠰᠢ ᠲᠦᠷᠭᠡᠨ ᠢᠶᠠᠷ | ᠸᠠᠩ ᠤᠨ ︽ᠠᠪᠠᠭ᠎ᠠ︾ ᠭᠡᠰᠡᠨ ᠬᠦᠨᠳᠦᠳᠬᠡᠯ ᠤᠨ ᠨᠡᠷᠡᠶᠢᠳᠦᠯ ᠢᠶᠠᠷ ᠲᠡᠭᠦᠨ ᠢ ᠭᠡᠭᠡᠨ ᠪᠣᠯᠭᠠᠨ ᠤᠯᠠᠮᠵᠢᠯᠠᠪᠠ᠃ | ᠤᠤᠯ ᠤᠨ ᠭᠡᠭᠡᠨᠰᠦ᠋ᠮ᠎ᠡ ᠨᠢ ᠣᠳᠣ ᠶᠢᠨ ᠭᠢᠷᠢᠨ ᠮᠤᠵᠢ ᠶᠢᠨ ᠲᠤᠤ ᠨᠠᠨ ᠠᠴᠠ ᠵᠡᠭᠦᠨ ᠬᠤᠶᠢᠰᠢ 30 ᠭᠠᠵᠠᠷ ᠲᠤ | ᠪᠠᠶᠢᠭ᠎ᠠ ᠯᠢᠩᠬᠤᠸᠠᠲᠤ ᠰᠦᠮ᠎ᠡ ᠶᠤᠮ᠃ ᠴᠢᠩ ᠤᠯᠤᠰ ᠤᠨ ᠭᠤᠣᠽᠦ᠋ᠩ ᠬᠠᠭᠠᠨ ᠲᠩᠷᠢ ᠲᠡᠳᠬᠦᠭᠴᠢ ᠶᠢᠨ ᠠᠷᠪᠠᠨ | ᠭᠤᠷᠪᠠᠳᠤᠭᠠᠷ ᠣᠨ ︵1748 ᠣᠨ︶ ᠳᠤ ᠲᠩᠷᠢ ᠲᠡᠳᠬᠦᠭᠴᠢ ᠬᠠᠭᠠᠨ ᠯᠢᠩᠬᠤᠸᠠᠲᠤ ᠰᠦᠮ᠎ᠡ ᠶᠢ ᠰᠠᠨᠰᠺᠷᠢᠲ | ᠰᠦᠮ᠎ᠡ ᠪᠠᠷ ᠡᠷᠭᠦᠮᠵᠢᠯᠡᠵᠡᠢ᠃ ᠰᠠᠶᠢᠰᠢᠶᠠᠯᠲᠤ ᠢᠷᠥᠭᠡᠯᠲᠦ ᠶᠢᠨ ᠲᠡᠷᠢᠭᠦᠨ ᠣᠨ ︵1796 ᠣᠨ︶ ᠳᠤ᠂ | ᠬᠤᠶᠠᠳᠤᠭᠠᠷ ᠲᠦᠷᠢ ᠶᠢᠨ ᠭᠡᠭᠡᠨ ᠠᠭᠸᠠᠩᠳᠠᠨᠪᠠᠶᠠᠷ ᠤᠨ ᠭᠠᠵᠠᠷ ᠰᠣᠩᠭᠤᠬᠤ ᠪᠠᠷ ᠳᠠᠮᠵᠢᠨ᠂ ᠤᠤᠯ ᠤᠨ ᠵᠢᠷᠢᠮ ᠤᠨ | ᠴᠢᠭᠤᠯᠭᠠᠨ ᠤ ᠠᠷᠪᠠᠨ ᠬᠤᠰᠢᠭᠤᠨ ᠤ ᠸᠠᠩ ᠭᠦᠩ ᠨᠡᠷ ᠪᠡᠯᠡ ᠮᠥᠩᠭᠦ ᠴᠤᠭᠯᠠᠭᠤᠯᠵᠤ᠂ ᠵᠠᠰᠠᠭᠲᠤ ᠬᠤᠰᠢᠭᠤᠨ ᠤ | ᠳᠤᠮᠳᠠ ᠬᠡᠰᠡᠭ ︵ᠤᠳᠤ ᠶᠢᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠡᠮᠦᠨᠡᠲᠦ ᠬᠡᠰᠡᠭ︶ ᠤᠨ | ᠲᠠᠦᠯᠠᠶᠢᠲᠦ ᠠᠭᠤᠯᠠ ᠶᠢᠨ ᠡᠮᠦᠨ᠎ᠡ ᠪᠠᠯ ᠳᠤ ᠲᠣᠮᠣ ᠬᠡᠯᠪᠡᠷᠢ ᠶᠢᠨ ᠰᠦᠮ᠎ᠡ ᠬᠡᠶᠢᠳ ᠪᠠᠶᠢᠭᠤᠯᠵᠠᠢ᠃ ᠰᠢᠨ᠎ᠡ | ᠰᠦᠮ᠎ᠡ ᠶᠢ ︽ᠲᠠᠦᠯᠠᠶᠢᠲᠦ ᠭᠡᠭᠡᠨᠰᠦ᠋ᠮ᠎ᠡ︾ ᠬᠡᠮᠡᠨ ᠨᠡᠷᠡᠯᠡᠵᠦ᠂ ᠲᠠᠤᠯᠠᠶᠢᠳᠤ ᠭᠡᠭᠡᠨᠰᠦ᠋ᠮ᠎ᠡ ᠪᠠᠶᠢᠭᠤᠯᠬᠤ ᠶᠢᠨ | ᠲᠥᠯᠥᠭᠡ ᠪᠡᠭᠡᠵᠢᠩ ᠠᠴᠠ ᠲᠦᠮᠬᠠᠦ᠋ᠯᠵᠡᠢ ᠵᠡᠷᠭᠡ 30 ᠭᠠᠷᠤᠢ ᠤᠷᠠᠨ ᠳᠠᠷᠬᠠᠳ ᠢ ᠤᠷᠢᠨ ᠠᠪᠴᠢᠷᠠᠵᠤ᠂ | ᠲᠥᠪᠡᠳ ᠤᠨ ᠰᠷᠢ ᠿᠤᠵᠢᠶᠤᠪᠰᠠᠩ ᠤᠨ ᠰᠦᠮ᠎ᠡ ᠶᠢᠨ ᠮᠠᠶ᠋ᠢᠭ ᠢ ᠳᠠᠭᠤᠷᠢᠶᠠᠵᠤ ᠪᠠᠷᠢᠭᠰᠠᠨ ᠪᠠᠶᠢᠨ᠎ᠠ᠃ ᠨᠢᠭᠡᠳᠦᠭᠡᠷ | ᠪᠦᠯᠦᠭ ᠪᠠᠷᠢᠯᠭ᠎ᠠ ᠨᠢ ᠰᠠᠶᠢᠰᠢᠶᠠᠯᠲᠤ ᠢᠷᠥᠭᠡᠯᠲᠦ ᠶᠢᠨ ᠭᠤᠷᠪᠠᠳᠤᠭᠠᠷ ᠤᠨ ︵1778 ᠤᠨ︶ ᠤ 7 ᠰᠠᠷ᠎ᠠ ᠶᠢᠨ | 12 ᠤᠨ ᠡᠳᠦᠷ ᠪᠠᠷᠢᠯᠭ᠎ᠠ ᠳᠠᠭᠤᠰᠴᠤ᠂ ᠰᠡᠭᠦᠯᠡᠷ ᠨᠢ ᠪᠠᠰᠠ ᠬᠡᠳᠦᠨ ᠤᠳᠠᠭ᠎ᠠ ᠦᠷᠭᠦᠯᠵᠢᠯᠡᠨ ᠵᠠᠰᠠᠨ ᠪᠠᠶᠢᠭᠤᠯᠵᠤ᠂ | ᠡᠯ᠎ᠡ ᠶᠡᠭᠡ ᠪᠠᠭ᠎ᠠ ᠳᠤᠭᠠᠩ ᠵᠢᠴᠢ ᠯᠠᠮᠠ ᠶᠢᠨ ᠣᠷᠣᠨ ᠰᠠᠭᠤᠴᠠ ᠵᠡᠷᠭᠡ ᠨᠢ ᠪᠠᠷᠤᠭ 6 ᠲᠦᠮᠡ ᠭᠠᠷᠤᠶ ᠲᠡᠭᠰᠢ | ᠳᠥᠷᠪᠡᠯᠵᠢᠨ ᠮᠧᠳ᠋ᠷ ᠭᠠᠵᠠᠷ ᠡᠵᠡᠯᠡᠵᠦ᠂ ᠳᠥᠷᠪᠡᠨ ᠲᠠᠯ᠎ᠠ ᠪᠠᠷ ᠢᠶᠠᠨ 30 ᠴᠢᠯᠠᠭᠤᠨ ᠰᠡᠶᠢᠯᠦᠮᠡᠯ ᠤᠨ ᠰᠦᠮ᠎ᠡ | ᠪᠠᠶᠢᠭᠤᠯᠵᠤ᠂ ᠲᠤᠰ ᠰᠦᠮ᠎ᠡ ᠶᠢ ᠬᠤᠷᠢᠭᠠᠲᠤ ᠣᠷᠣᠨ ᠪᠤᠯᠭᠠᠭᠰᠠᠨ ᠠᠴᠠ ᠭᠡᠭᠡᠨᠰᠦ᠋ᠮ᠎ᠡ ᠨᠢ ᠵᠢᠩᠭᠢᠨᠢ ᠪᠠᠷ | ᠪᠠᠶᠢᠭᠤᠯᠤᠭᠳᠠᠵᠠᠢ᠃ | ᠭᠤᠷᠪᠠ᠂ ᠲᠠᠦᠯᠠᠶᠢᠲᠦ ᠭᠡᠭᠡᠨᠰᠦ᠋ᠮ᠎ᠡ ᠶᠢᠨ ᠱᠠᠰᠢᠨ ᠰᠤᠷᠲᠠᠬᠤᠨ ᠤ ᠠᠵᠢᠯᠯᠠᠭ᠎ᠠ | ᠭᠡᠭᠡᠨᠰᠦ᠋ᠮ᠎ᠡ ᠨᠢ ᠰᠠᠨᠰᠺᠷᠢᠲ ᠰᠦᠮ᠎ᠡ᠂ ᠭᠤᠸᠠᠩ ᠶᠤᠸᠠᠢ ᠰᠧ ᠰᠦᠮ᠎ᠡ᠂ ᠭᠤᠸᠠᠩ ᠵᠢᠤᠸᠠᠢ ᠰᠧ ᠰᠦᠮ᠎ᠡ᠂ | ᠬᠤᠩ ᠵᠢᠶ ᠰᠧ ᠰᠦᠮ᠎ᠡ᠂ ᠾᠦᠢ ᠲᠦᠩ ᠰᠧ ᠰᠦᠮ᠎ᠡ ᠵᠡᠷᠭᠡ ᠲᠠᠪᠤᠨ ᠶᠡᠭᠡ ᠳᠤᠭᠠᠩ ᠢᠶᠠᠷ ᠭᠤᠣᠯᠯᠠᠵᠤ᠂ ᠭᠡᠭᠡᠨ | ᠨᠣᠶᠠᠨ᠂ ᠨᠢᠮ᠎ᠠ ᠣᠷᠳᠣᠨ᠂ ᠭᠡᠭᠡᠨ ᠣᠩᠭᠤᠨ ᠵᠡᠷᠭᠡ ᠪᠠᠭ᠎ᠠ ᠳᠤᠭᠠᠩ ᠲᠠᠢ ᠪᠠᠶᠢᠵᠤ᠂ ᠲᠤᠰ ᠬᠤᠰᠢᠭᠤᠨ ᠤ ᠲᠡᠦᠬᠡᠨ | ᠳᠡᠭᠡᠷᠡᠬᠢ ᠬᠠᠮᠤᠭ ᠲᠣᠮᠣ ᠯᠠᠮᠠ ᠶᠢᠨ ᠰᠦᠮ᠎ᠡ ᠪᠣᠯᠤᠭᠰᠠᠨ ᠪᠠᠶᠢᠨ᠎ᠠ᠃ ᠡᠯ᠎ᠡ ᠬᠠᠷᠰᠢ ᠶᠢᠨ ᠳᠣᠲᠣᠷ᠎ᠠ ᠨᠢ ᠪᠦᠷ | ᠤᠯᠠᠭᠠᠨ ᠰᠢᠷᠢᠡ ᠪᠠᠭᠠᠨ᠎ᠠ ᠲᠠᠢ᠂ ᠳᠡᠭᠡᠪᠦᠷ ᠨᠢ ᠡᠷᠲᠡᠨ ᠤ ᠰᠠᠯᠬᠢᠨ ᠯᠣᠣ ᠶᠢᠨ ᠵᠢᠷᠤᠭ ᠲᠠᠢ᠂ ᠭᠡᠷᠡᠯ ᠭᠢᠯᠪᠠᠭ᠎ᠠ | ᠰᠠᠴᠤᠷᠠᠵᠤ᠂ ᠲᠥᠪ ᠶᠡᠬᠡᠮᠰᠦᠭ ᠪᠠᠶᠢᠳᠠᠭ᠃ ᠬᠠᠷᠰᠢ ᠲᠠᠩᠬᠢᠮ ᠢ ᠡᠮᠦᠨ᠎ᠡ ᠬᠤᠶᠢᠨ᠎ᠠ ᠬᠤᠶᠠᠷ ᠬᠡᠰᠡᠭ ᠲᠤ | ᠬᠤᠪᠢᠶᠠᠳᠠᠭ᠃ ᠡᠮᠦᠨ᠎ᠡ ᠬᠡᠰᠡᠭ ᠨᠢ ᠳᠤᠭᠠᠩ ᠪᠠᠶᠢᠵᠤ᠂ ᠬᠤᠶᠠᠷ ᠲᠠᠯ᠎ᠠ ᠨᠢ ᠪᠦᠷ ᠡᠯ᠎ᠡ ᠵᠦᠢᠯ ᠤᠨ ᠰᠤᠳᠤᠷ ᠪᠠ | ᠪᠤᠷᠬᠠᠨ ᠤ ᠬᠥᠷᠥᠭ᠂ ᠨᠣᠮ ᠤᠨ ᠬᠡᠷᠡᠭᠰᠡᠯ᠂ ᠰᠠᠪᠠ ᠰᠠᠭᠠᠯᠢ ᠶᠢ ᠳᠡᠯᠭᠡᠨ ᠦᠵᠡᠭᠦᠯᠵᠦ ᠪᠠᠶᠢᠳᠠᠭ᠃ ᠠᠷᠤ ᠲᠠᠯ᠎ᠠ ᠨᠢ | ᠪᠤᠷᠬᠠᠨ ᠤ ᠰᠦᠮ᠎ᠡ ᠪᠣᠯᠤᠨ᠎ᠠ᠃ ᠡᠯ᠎ᠡ ᠳᠤᠭᠠᠩ ᠨᠢ ᠭᠤᠣᠯ ᠳᠡᠳ᠋ ᠤᠨ ᠢᠯᠭᠠᠭ᠎ᠠ ᠲᠠᠢ᠂ ᠱᠠᠰᠢᠨ ᠤ ᠪᠦᠯᠦᠭ ᠤᠨ | ᠢᠯᠭᠠᠭ᠎ᠠ ᠲᠠᠢ᠂ ᠭᠤᠣᠯ ᠲᠠᠬᠢᠯᠭ᠎ᠠ ᠪᠠ ᠭᠤᠣᠯ ᠤᠩᠰᠢᠯᠭ᠎ᠠ ᠶᠢᠨ ᠪᠤᠳᠢ ᠨᠢ ᠴᠦ ᠠᠳᠠᠯᠢ ᠦᠭᠡᠢ ᠪᠠᠶᠢᠳᠠᠭ᠃ | | ︵ᠦᠷᠬᠦᠯᠵᠢᠯᠡᠯ ᠪᠤᠢ︶ | |