ᠮᠢᠨᠦ ᠬᠠᠮᠤᠭ ᠤᠨ ᠪᠢᠰᠢᠷᠡᠳᠡᠭ ᠬᠥᠮᠦᠨ
ᠨᠡᠶᠢᠲᠡᠯᠡᠭᠰᠡᠨ ᠴᠠᠭ᠄
2020/9/15
      ᠮᠢᠨᠦ ᠬᠠᠮᠤᠭ ᠤᠨ ᠪᠢᠰᠢᠷᠡᠳᠡᠭ ᠬᠥᠮᠦᠨ ᠪᠣᠯ ᠨᠢᠭᠡᠨ ᠠᠩᠬ᠎ᠠ ᠳᠤᠮᠳᠠᠳᠤ ᠶᠢᠨ ᠰᠤᠷᠤᠭᠴᠢᠳ ᠲᠤ ᠮᠡᠳᠡᠯᠭᠡ ᠬᠦᠷᠲᠡᠭᠡᠵᠦ ᠪᠠᠶᠢᠭ᠎ᠠ ᠪᠠᠭᠰᠢ ᠪᠣᠯᠤᠨ᠎ᠠ᠃ ᠲᠡᠷᠡ ᠤᠬᠤᠷ ᠭᠡᠵᠢᠭᠡ ᠲᠠᠢ᠂ ᠪᠣᠭᠤᠨᠢ ᠪᠡᠶ᠎ᠡ ᠲᠠᠢ᠂ ᠠᠭᠤᠷ ᠨᠢ ᠬᠥᠳᠡᠯᠪᠡᠯ ᠪᠠᠷᠰ ᠰᠢᠭ᠋᠂ ᠠᠭᠤᠷ ᠦᠭᠡᠢ ᠦᠶᠡᠰ ᠬᠤᠨᠢ ᠰᠢᠭ᠋ ᠪᠠᠶᠢᠳᠠᠭ᠃ ᠲᠡᠭᠦᠨ ᠤ ᠵᠢᠭᠠᠬᠰᠠᠨ ᠰᠤᠷᠤᠬᠴᠢ ᠨᠢ ᠮᠢᠨᠦ ᠪᠠᠶᠢᠷᠢ ᠶᠢᠨ ᠭᠡᠷ ᠲᠤ ᠢᠷᠡᠪᠡᠯ᠄ ︽ᠮᠠᠨ ᠤ ᠬᠢᠮᠢ ᠶᠢᠨ ᠪᠠᠭᠰᠢ ᠦᠨᠡᠬᠡᠷ ᠠᠶᠤᠮᠠᠷ᠂ ᠶᠠᠭ ᠬᠥᠮᠦᠨ ᠢ ᠪᠠᠷᠢᠵᠦ ᠢᠳᠡᠮᠡᠷ ᠁︾ ᠭᠡᠵᠦ ᠬᠡᠯᠡᠳᠡᠭ᠃ ᠪᠢ ᠰᠣᠨᠤᠰᠴᠤ ᠪᠠᠶᠢᠭᠠᠳ᠄ ︽ᠦᠨᠡᠬᠡᠷ ᠲᠡᠶᠢᠮᠤ ᠰᠦᠷᠡᠬᠡᠢ ᠭᠡᠵᠦ ᠤᠤ︖ ᠦᠨᠡᠬᠡᠷ ᠲᠡᠳᠡᠨ ᠤ ᠬᠡᠯᠡᠵᠦ ᠪᠠᠶᠢᠭ᠎ᠠ ᠰᠢᠭ᠋ ᠪᠣᠯ ᠤᠤ︖︾ ᠭᠡᠵᠦ ᠲᠤᠳᠤᠷ᠎ᠠ ᠪᠠᠨ ᠪᠣᠳᠤᠳᠠᠭ ᠪᠠᠶᠢᠯ᠎ᠠ᠃ ᠴᠠᠭ ᠬᠤᠭᠤᠴᠠᠭ᠎ᠠ ᠦᠡᠭᠭᠡᠷᠡᠭᠰᠡᠭᠡᠷ ᠪᠢ ᠴᠤ ᠨᠢᠭᠡᠨ ᠠᠩᠬ᠎ᠠ ᠳᠤᠮᠳᠠᠳᠤ ᠶᠢᠨ ᠭᠤᠷᠪᠠᠳᠤᠭᠠᠷ ᠤᠨ ᠤ ᠰᠤᠷᠤᠭᠴᠢ ᠪᠤᠯᠴᠢᠬᠠᠯ᠎ᠠ᠃       ᠵᠤᠨ ᠤ ᠠᠮᠠᠷᠠᠯᠲᠠ ᠪᠣᠯᠬᠤ ᠳᠤ ᠡᠵᠢ ᠮᠢᠨᠦ ᠬᠠᠵᠠᠭᠤ ᠳᠤ ᠢᠷᠡᠵᠦ᠄ ︽ᠮᠠᠷᠭᠠᠰᠢ ᠪᠢ ᠴᠢᠨᠦ ᠪᠠᠭ᠎ᠠ ᠰᠤᠷᠭᠠᠭᠤᠯᠢ ᠶᠢᠨ ᠨᠠᠶᠢᠵᠠ ᠲᠤᠶᠠᠭ᠎ᠠ ᠲᠠ ᠬᠤᠶᠠᠭᠤᠯᠠ ᠳᠤ ᠬᠢᠮᠢ ᠶᠢᠨ ᠬᠢᠴᠢᠶᠡᠯ ᠢ ᠴᠢᠨᠢ ᠤᠷᠢᠳᠴᠢᠯᠠᠨ ᠵᠢᠭᠠᠵᠦ ᠥᠭᠭᠦᠶ᠎ᠡ᠂ ᠰᠠᠶᠢᠬᠠᠨ ᠪᠡᠯᠡᠳᠭᠡᠵᠦ ᠪᠠᠢ︕︾ ᠭᠡᠪᠡ᠃ ᠪᠢ ᠪᠠᠭ᠋ᠠᠨ ᠮᠡᠯᠡᠷᠡᠵᠦ ᠳᠣᠲᠤᠷ᠎ᠠ ᠪᠠᠨ᠄ ︽ᠣᠳᠣ ᠲᠡᠭᠦᠨ ᠤ ᠰᠤᠷᠤᠭᠴᠢ ᠶᠢᠨ ᠬᠡᠯᠡᠭᠰᠡᠨ ᠦᠭᠡ ᠶᠢᠨ ᠦᠨᠡᠨ ᠬᠤᠳᠠᠯ ᠢ ᠭᠡᠷᠡᠴᠢᠯᠡᠬᠦ ᠴᠠᠭ ᠪᠣᠯᠤᠭᠰᠠᠨ︾ ᠭᠡᠵᠦ ᠪᠣᠳᠤᠯ᠎ᠠ᠃       ᠮᠠᠷᠭᠠᠰᠢ ᠨᠢ ᠪᠢ ᠦᠳᠡ ᠶᠢᠨ ᠬᠤᠭᠤᠯᠠ ᠪᠠᠨ ᠢᠳᠡᠵᠦ ᠪᠠᠶᠢᠬᠤ ᠳᠤ ᠡᠭᠦᠳᠡ ᠲᠣᠭᠰᠢᠬᠤ ᠳᠠᠭᠤ ᠭᠠᠷᠪᠠ᠃ ᠲᠡᠷᠡ ᠨᠢ ᠶᠠᠭ ᠰᠠᠶᠢᠬᠠᠨ ᠮᠢᠨᠦ ᠪᠠᠭ᠎ᠠ ᠰᠤᠷᠭᠠᠭᠤᠯᠢ ᠶᠢᠨ ᠨᠠᠶᠢᠵᠠ ᠲᠤᠶᠠᠭ᠎ᠠ ᠪᠠᠶᠢᠯ᠎ᠠ᠃ ᠲᠡᠷᠡ ᠨᠠᠮ᠎ᠠ ᠶᠢ ᠤᠯᠵᠦ ᠦᠵᠡᠮᠡᠭᠴᠡ᠄ ︽ᠲᠠ ᠰᠠᠶᠢᠨ ᠪᠠᠶᠢᠨ᠎ᠠ ᠤᠤ︖ ᠲᠠ ᠨᠠᠳᠠ ᠲᠠᠢ ᠴᠤᠭ ᠬᠢᠴᠢᠶᠡᠯ ᠣᠷᠤᠨ᠎ᠠ ᠤᠤ︖︾ ᠭᠡᠬᠦ ᠳᠤ ᠪᠢ᠄ ︽ᠮᠥᠨ᠂ ᠲᠠ ᠪᠠᠭ᠎ᠠ ᠬᠦᠯᠢᠶᠡᠵᠦ ᠪᠠᠢ᠂ ᠡᠵᠢ ᠬᠢᠴᠢᠶᠡᠯ ᠤᠷᠤᠬᠤ ᠭᠡᠵᠦ ᠪᠡᠯᠡᠳᠭᠡᠵᠦ ᠪᠠᠢᠨ᠎ᠠ︾ ᠭᠡᠳ ᠲᠡᠭᠦᠨ ᠢ ᠥᠷᠦᠭᠡᠨ ᠳᠤ ᠪᠠᠨ ᠳᠠᠭᠠᠭᠤᠯᠵᠦ ᠣᠷᠤᠪᠠ᠃       ᠪᠠᠭ᠎ᠠ ᠤᠳᠠᠰᠬᠢᠭᠡᠳ ᠡᠵᠢ ᠡᠬᠢᠯᠡᠨ ᠬᠢᠴᠢᠶᠡᠯ ᠣᠷᠤᠯ᠎ᠠ᠃ ᠬᠢᠮᠢ ᠶᠢᠨ ᠬᠤᠪᠢᠷᠠᠯᠲᠠ ᠪᠠ ᠹᠢᠽᠢᠺ ᠤᠨ ᠬᠤᠪᠢᠷᠠᠯᠲᠠ ᠶᠢ ᠵᠢᠭᠠᠵᠦ ᠥᠭᠴᠦ ᠪᠠᠶᠢᠨ᠎ᠠ᠃ ᠰᠠᠶ᠋ᠢ ᠬᠢᠴᠢᠶᠡᠯ ᠤᠷᠤᠬᠤ ᠳᠤ ᠶᠠᠮᠠᠷ ᠴᠤ ᠬᠥᠳᠡᠯᠭᠡᠭᠡᠨ ᠦᠭᠡᠢ᠃       ᠤᠳᠠᠯ ᠦᠭᠡᠢ᠂ ᠡᠵᠢ ᠲᠣᠭᠤᠭᠠᠨ ᠭᠡᠷ ᠠᠴᠠ ᠪᠤᠳᠤᠤ ᠠᠪᠴᠢᠷᠠᠵᠦ ᠳᠡᠭᠡᠭᠰᠢ ᠡᠷᠭᠦᠭᠡᠳ ᠮᠠᠨ ᠤ ᠬᠤᠶᠠᠭᠤᠯᠠ ᠠᠴᠠ᠄ ︽ᠪᠤᠳᠤᠤ ᠵᠢᠪᠡᠷᠡᠬᠦ ᠨᠢ ᠶᠠᠮᠠᠷ ᠬᠤᠪᠢᠷᠠᠯᠲᠠ ᠪᠤᠢ︖︾ ᠭᠡᠬᠦ ᠳᠤ᠂       ᠪᠢ ︽ᠬᠢᠮᠢ ᠶᠢᠨ ᠬᠤᠪᠢᠷᠠᠯᠲᠠ︾ ᠭᠡᠵᠦ ᠬᠠᠷᠢᠭᠤᠯᠪᠠ᠃       ᠡᠵᠢ᠄ ︽ᠶᠠᠭᠠᠬᠢᠭᠠᠳ︖︾ ᠭᠡᠬᠦ ᠳᠤ ᠪᠢ ᠪᠠᠭ᠎ᠠ ᠪᠣᠳᠤᠯᠬᠢᠯᠠᠭᠠᠳ᠄ ︽ᠳᠡᠭᠡᠷ᠎ᠡ ᠨᠢ ᠵᠢᠪᠡ ᠲᠠᠢ ᠪᠣᠯᠴᠢᠬᠠᠭᠰᠠᠨ︾ ᠭᠡᠬᠦ ᠳᠤ ᠡᠵᠢ ᠲᠣᠯᠤᠭᠠᠢ ᠪᠠᠨ ᠲᠤᠬᠢᠨ ᠪᠢᠳᠡᠨ ᠢ᠄ ︽ᠠᠷᠤ ᠶᠢᠨ ᠰᠡᠳᠤᠪ ᠢ ᠬᠢᠵᠦ ᠪᠠᠢ︾ ᠭᠡᠳ ᠪᠠᠰᠠ ᠲᠣᠭᠤᠭᠠᠨ ᠭᠡᠷ ᠲᠤ ᠣᠴᠢᠪᠠ᠃         ︽ᠫᠠᠰ︾ ᠭᠡᠬᠦ ᠳᠠᠭᠤ ᠭᠠᠷᠬᠤ ᠳᠤ ᠪᠢᠳᠡ ᠬᠤᠶᠠᠭᠤᠯᠠ ᠰᠣᠴᠢᠰᠬᠢᠨ ᠡᠵᠢ ᠶᠢ ᠬᠠᠷᠠᠨ᠎ᠠ᠃       ᠡᠵᠢ᠄ ︽ᠲᠡᠭᠡᠪᠡᠯ ᠫᠢᠯᠡ ᠬᠠᠭᠠᠷᠠᠬᠤ ᠨᠢ ᠶᠠᠮᠠᠷ ᠬᠤᠪᠢᠷᠠᠯᠲᠠ ᠪᠤᠢ︖︾ ᠭᠡᠬᠦ ᠳᠤ ᠨᠠᠶᠢᠵᠠ ᠮᠢᠨᠢ᠄ ︽ᠹᠢᠽᠢᠺ ᠤᠨ ᠬᠤᠪᠢᠷᠠᠯᠲᠠ︾ ᠭᠡᠬᠦ ᠳᠤ ᠪᠢ ︽ᠬᠢᠮᠢ ᠶᠢᠨ ᠬᠤᠪᠢᠷᠠᠯᠲᠠ︾ ᠭᠡᠵᠡᠢ᠃ ᠡᠵᠢ ᠶᠠᠭ ᠪᠦᠷᠭᠦᠳ ᠳᠠᠤᠯᠠᠢ ᠳᠤ ᠪᠠᠭᠤᠬᠤ ᠮᠡᠲᠦ ᠮᠢᠨᠦ ᠵᠠᠬ᠎ᠠ ᠳᠤ ᠢᠷᠡᠵᠦ ᠲᠥᠭᠦᠷᠢᠭᠯᠡᠭᠰᠡᠨ ᠲᠣᠮᠤ ᠨᠢᠳᠦ ᠪᠠᠨ ᠪᠦᠯᠳᠡᠶᠢᠵᠤ ᠨᠠᠳᠠ ᠶᠢ ᠦᠵᠡᠪᠡ᠃ ᠪᠢ ᠠᠶᠤᠵᠦ ᠬᠠᠯᠢᠷᠠᠭᠠᠳ ᠡᠵᠢ ᠶᠢ ᠲᠡᠭᠰᠢᠬᠡᠨ ᠬᠠᠷᠠᠬᠤ ᠦᠭᠡᠢ ᠪᠣᠯᠤᠭᠰᠠᠨ ᠪᠢᠯᠡ᠃       ︽ᠫᠢᠯᠡ ᠬᠠᠭᠠᠷᠠᠬᠤ ᠤᠤ︖︾ ᠭᠡᠬᠦ ᠳᠤ ᠪᠢ ︽ᠪᠢᠰᠢᠤ︖︾ ᠭᠡᠬᠦ ᠳᠤ ᠡᠵᠢ ᠪᠠᠰᠠ ᠨᠢᠭᠡ ᠤᠳᠠᠭ᠎ᠠ᠄ ︽ᠫᠢᠯᠠ ᠬᠠᠭᠠᠷᠠᠭᠠᠳ ᠥᠭᠡᠷ᠎ᠡ ᠪᠣᠳᠠᠰ ᠡᠭᠦᠰᠦᠭᠰᠡᠨ ᠭᠡᠵᠦ ᠤᠤ︖︾ ᠭᠡᠬᠦ ᠳᠤ᠂ ᠪᠢ ᠪᠠᠭ᠎ᠠ ᠪᠤᠳᠤᠯᠬᠢᠯᠡᠨ ᠪᠠᠰᠠ ᠯᠠ ︽ᠬᠢᠮᠢ ᠶᠢᠨ ᠬᠤᠪᠢᠷᠠᠯᠲᠠ︾ ᠭᠡᠪᠡ᠃        ᠡᠵᠢ ᠠᠷᠭ᠎ᠠ ᠦᠭᠡᠢ ᠳᠤ ᠪᠠᠨ ᠮᠢᠨᠦ ᠨᠠᠶᠢᠵᠠ ᠠᠴᠠ᠄ ︽ᠶᠠᠭᠤᠨ ᠳᠤ ᠹᠢᠽᠢᠺ ᠤᠨ ᠬᠤᠪᠢᠷᠠᠯᠲᠠ ᠭᠡᠳᠡᠭ ᠪᠤᠢ︖︾ ᠭᠡᠪᠡ᠃        ᠨᠠᠶᠢᠵᠠ᠄ ︽ᠲᠡᠭᠦᠨ ᠤ ᠳᠦᠷᠰᠦ ᠨᠢ ᠬᠤᠪᠢᠷᠠᠭᠰᠠᠨ ᠠᠴᠠ ᠪᠢᠰᠢ ᠥᠭᠡᠷ᠎ᠡ ᠪᠣᠳᠠᠰ ᠡᠭᠦᠰᠦᠭᠰᠡᠨ ᠦᠭᠡᠢ︾       ᠡᠵᠢ ᠨᠠᠲᠠ ᠶᠢ ᠦᠵᠡᠵᠦ᠄ ︽ᠣᠳᠣ ᠮᠡᠳᠡᠭᠰᠡᠨ ᠤᠤ︖︾ ᠭᠡᠬᠦ ᠳᠤ ᠪᠢ ᠬᠠᠴᠠᠷ ᠢᠶᠠᠨ ᠤᠯᠠᠶᠢᠯᠭᠠᠨ᠄ ︽ᠮᠡᠳᠡᠭᠰᠡᠨ︾ ᠭᠡᠪᠡ᠃       ᠡᠵᠢ ᠠᠪᠤ ᠶᠢ ᠳᠠᠭᠤᠳᠠᠵᠦ ᠬᠥᠯᠳᠡᠭᠦᠷ ᠠᠴᠠ ᠠᠶᠠᠭ᠎ᠠ ᠲᠠᠢ ᠮᠦᠰᠤ ᠶᠢ ᠠᠪᠴᠢᠷᠠᠭᠤᠯᠵᠦ ᠪᠠᠭ᠎ᠠ ᠬᠠᠶᠢᠯᠤᠭᠤᠯᠵᠤ᠄ ︽ᠲᠡᠭᠡᠪᠡᠯ ᠮᠦᠰᠤ ᠬᠠᠶᠢᠯᠵᠤ ᠤᠰᠤ ᠪᠣᠯᠬᠤ ᠨᠢ ᠶᠠᠮᠠᠷ ᠬᠤᠪᠢᠷᠠᠯᠲᠠ ᠪᠤᠢ︖︾ ᠭᠡᠬᠦ ᠳᠤ ᠪᠢ ᠫᠢᠯᠠ ᠬᠠᠭᠠᠷᠠᠬᠤ ᠶᠢ ᠪᠤᠳᠤᠵᠦ ᠣᠯᠤᠭᠠᠳ ︽ᠹᠢᠽᠢᠺ ᠤᠨ ᠬᠤᠪᠢᠷᠠᠯᠲᠠ︾ ᠭᠡᠪᠡ᠃         ᠭᠡᠲᠡᠯ᠎ᠡ ᠮᠢᠨᠦ ᠨᠠᠶᠢᠵᠠ᠄ ︽ᠬᠢᠮᠢ ᠶᠢᠨ ᠬᠤᠪᠢᠷᠠᠯᠲᠠ︾ ᠭᠡᠪᠡ᠃       ᠡᠵᠢ ᠠᠭᠤᠷ ᠨᠢ ᠬᠦᠷᠦᠭᠰᠡᠨ ᠮᠠᠶ᠋ᠢᠭ ᠲᠠᠢ ᠪᠠᠷ᠄ ︽ᠡᠨᠡ ᠴᠢᠨᠢ ᠫᠢᠯᠠ ᠬᠠᠭᠠᠷᠠᠬᠤ ᠶᠣᠰᠤ ᠲᠠᠢ ᠠᠳᠠᠯᠢ ᠪᠢᠰᠢᠤ︖︾ ᠭᠡᠪᠡ᠃        ᠨᠠᠢᠵᠠ ᠮᠢᠨᠢ ᠢᠨᠢᠶᠡᠵᠦ ᠲᠣᠯᠤᠭᠠᠢ ᠪᠠᠨ ᠳᠣᠬᠢᠪᠠ᠃       ᠡᠵᠢ᠄ ︽ᠬᠠᠮᠤᠭ ᠤᠨ ᠰᠡᠭᠦᠯ ᠤᠨ ᠨᠢᠭᠡ︾ ᠭᠡᠳ ᠬᠡᠯᠡᠵᠦ ᠪᠠᠷᠠᠮᠠᠭᠴᠠ ᠨᠢᠭᠡᠨ ᠬᠠᠭᠤᠳᠠᠰᠤ ᠴᠠᠭᠠᠰᠤ ᠶᠢ ᠰᠢᠲᠠᠭᠠᠭᠠᠳ᠄ ︽ᠴᠠᠭᠠᠰᠤ ᠰᠢᠲᠠᠬᠤ ᠨᠢ ᠶᠠᠮᠠᠷ ᠬᠤᠪᠢᠷᠠᠯᠲᠠ ᠪᠤᠢ︖︾ ᠭᠡᠪᠡ᠃        ᠪᠢᠳᠡ ᠬᠤᠶᠠᠷ ᠴᠤᠭ ᠲᠤ ᠪᠠᠨ᠄ ︽ᠬᠢᠮᠢ ᠶᠢᠨ ᠬᠤᠪᠢᠷᠠᠯᠲᠠ︾ ᠭᠡᠪᠡ᠃        — ︽ᠶᠠᠭᠠᠬᠢᠭᠠᠳ︖︾        — ︽ᠦᠨᠡᠰᠤ ᠡᠭᠦᠰᠦᠭᠰᠡᠨ︾    — ︽ᠦᠨᠡᠰᠤ ᠡᠭᠦᠰᠦᠭᠰᠡᠨ ᠨᠢ ᠴᠠᠭᠠᠰᠤ ᠨᠣᠴᠤᠭᠠᠳ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠪᠠ ᠤᠰᠤ ᠡᠭᠦᠰᠦᠭᠰᠡᠨ ᠠᠴᠠ ᠪᠣᠯᠵᠠᠢ᠂ ᠡᠨᠡ ᠬᠢᠴᠢᠶᠡᠯ ᠡ᠊ᠨᠳᠡ ᠬᠦᠷᠦᠶ᠎ᠡ︾ ᠭᠡᠵᠦ ᠡᠵᠢ ᠬᠡᠯᠡᠪᠡ᠃       ᠨᠠᠶᠢᠵᠠ ᠮᠢᠨᠢ ᠶᠠᠪᠤᠪᠠ᠃ ᠪᠢ ᠲᠡᠮᠲᠡᠭᠯᠡᠯ ᠢᠶᠠᠨ ᠡᠮᠬᠢᠳᠭᠡᠵᠦ ᠪᠠᠶᠢᠲᠠᠯ᠎ᠠ ᠡᠵᠢ ᠮᠢᠨᠢ ᠬᠠᠵᠠᠭᠤ ᠳᠤ ᠢᠷᠡᠭᠡᠳ ᠄ ︽ᠶᠠᠮᠠᠷ ᠵᠡᠷᠭᠡ ᠪᠤᠢ︖ ᠨᠠᠮ᠎ᠠ ᠶᠢ ᠰᠣᠯᠢᠶ᠎ᠠ ᠲᠠᠢ ᠶᠤᠮ ᠰᠢᠭ᠋ ᠭᠡᠵᠦ ᠪᠤᠳᠤᠵᠦ ᠦᠭᠡᠢ ᠪᠡ︖︾ ᠭᠡᠪᠡ᠃ ᠪᠢ ᠡᠵᠢ ᠶᠢ ᠦᠵᠡᠨ ᠢᠨᠢᠶᠡᠭᠡᠳ᠄ ︽ᠦᠨᠡᠬᠡᠷ ᠡ᠂ ᠤᠳᠠᠯ ᠦᠭᠡᠢ ᠪᠤᠳᠤᠤ ᠠᠪᠴᠢᠷᠠᠵᠦ᠂ ᠤᠳᠠᠯ ᠦᠭᠡᠢ ᠫᠢᠯᠠ ᠬᠠᠭᠠᠯᠤᠭᠠᠳ ᠮᠡᠳᠡᠬᠦ ᠦᠭᠡᠢ ᠬᠥᠮᠦᠨ ᠪᠦᠷ ᠢᠩᠭᠢᠵᠦ ᠪᠣᠳᠤᠨ᠎ᠠ᠂ ᠲᠠᠨ ᠤ ᠵᠢᠭᠠᠵᠦ ᠥᠩᠭᠡᠷᠡᠭᠰᠡᠨ ᠰᠤᠷᠤᠭᠴᠢ ᠴᠢᠨᠢ ᠴᠢᠮ᠎ᠠ ᠶᠢ ᠠᠶᠤᠮᠠᠷ ᠭᠡᠳᠡᠭ ᠨᠢ ᠦᠨᠡᠨ ᠡ︕︾ ᠭᠡᠳ ᠡᠵᠢ ᠪᠢᠳᠠ ᠬᠤᠶᠠᠭᠤᠯᠠ ᠬᠠᠳᠠᠭᠠᠨᠠᠲᠠᠯ᠎ᠠ ᠢᠨᠢᠶᠡᠪᠡ᠃       ᠡᠨᠡ ᠪᠣᠯ ᠳᠠᠷᠤᠢ ᠮᠢᠨᠦ ᠬᠠᠮᠤᠭ ᠠᠴᠠ ᠪᠢᠰᠢᠷᠡᠳᠡᠭ ᠬᠥᠮᠦᠨ ᠡ︕ ᠲᠡᠷᠡ ᠨᠢ ᠮᠢᠨᠦ ᠡᠵᠢ ᠪᠣᠯᠬᠤ ᠪᠠᠷ ᠪᠠᠷᠠᠬᠤ ᠦᠭᠡᠢ ᠪᠠᠰᠠ ᠨᠢᠭᠡᠨ ᠬᠠᠲᠠᠭᠤ ᠴᠢᠩᠭ᠎ᠠ ᠪᠠᠭᠰᠢ ᠡ︕ ᠡᠨᠡ ᠬᠢᠴᠢᠶᠡᠯ ᠣᠷᠤᠭᠰᠠᠨ ᠨᠢ ᠶᠠᠭ ᠠᠯᠳᠠᠷᠲᠦ ᠰᠢᠯᠦᠭᠴᠢ ᠠᠷᠳᠠᠢ ᠶᠢᠨ ︽ᠮᠢᠨᠦ ᠪᠠᠭᠰᠢ︾ ᠳᠠᠬᠢ ︽ᠭᠠᠯᠲᠤ ᠠᠭᠤᠯᠠ ᠠᠴᠠ ᠨᠡᠩ ᠬᠡᠴᠡᠭᠦᠦ ᠪᠠᠭᠰᠢ ᠡ᠂ ᠭᠠᠭᠴᠠᠬᠠᠨ ᠤᠳᠠᠭ᠎ᠠ ᠬᠢᠴᠢᠶᠡᠯ ᠣᠷᠤᠪᠠᠴᠤ ᠮᠠᠷᠲᠠᠭᠳᠠᠰᠢ ᠦᠭᠡᠢ︾ ᠭᠡᠳᠡᠭ ᠢᠶᠠᠷ ᠲᠦᠷᠰᠦᠯᠡᠵᠦ ᠪᠣᠯᠤᠨ᠎ᠠ᠃      ᠵᠤᠬᠢᠶᠠᠬᠴᠢ᠄ ᠸᠠᠩ ᠸᠧᠨ ᠰᠢᠨ ︵ᠰᠤᠯᠤᠨ ᠳᠤᠮᠳᠠᠳᠤ ᠰᠤᠷᠭᠠᠭᠤᠯᠢ ᠶᠢᠨ ᠶᠢᠰᠤᠳᠤᠭᠡᠷ ᠤᠨ ᠤ ᠵᠢᠷᠭᠤᠳᠤᠭᠠᠷ ᠠᠩᠬᠢ︶      ᠵᠢᠯᠤᠭᠠᠳᠤᠭᠰᠠᠨ ᠪᠠᠭᠰᠢ᠄ ᠸᠠᠩ ᠶᠢᠨ ᠬᠤᠸᠠ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号