ᠬᠠᠪᠤᠷ ᠤᠨ ᠡᠳᠦᠷ ᠦᠯᠢᠭᠡᠷ ᠤᠨ ᠤᠴᠢᠭ ᠮᠡᠳᠤ
ᠨᠡᠶᠢᠲᠡᠯᠡᠭᠰᠡᠨ ᠴᠠᠭ᠄
2021/4/7
   ᠠᠯᠳᠠᠨ ᠨᠠᠷᠠᠨ ᠲᠡᠭᠷᠢ ᠳᠡᠭᠡᠨ ᠡᠯᠬᠦᠭᠳᠡᠭᠰᠡᠨ ᠮᠡᠳᠤ ᠲᠤᠭᠳᠠᠭᠠᠳ    ᠠᠯᠢᠶ᠎ᠠ ᠬᠦᠤᠴᠤᠤᠯ ᠬᠦᠳᠡᠭᠡ ᠪᠠᠷ ᠦᠷᠢᠶ᠎ᠡ ᠲᠠᠭ᠎ᠠ ᠲᠠᠭᠤᠴᠠᠯᠳᠤᠭᠠᠳ    ᠠᠶᠢᠯ ᠤᠨ ᠮᠢᠨᠢ ᠭᠡᠳᠦᠨ ᠪᠤᠭᠤᠷᠤᠯ ᠤᠳ ᠪᠤᠯᠵᠤᠭᠰᠠᠨ ᠮᠡᠳᠤ ᠴᠤᠭᠯᠠᠷᠠᠭᠠᠳ    ᠠᠳᠠᠯ ᠠᠬᠤᠢ᠂ ᠬᠤᠷ᠎ᠠ ᠪᠤᠷᠤᠭᠠᠨ ᠭᠡᠮᠡᠨ ᠵᠤᠭᠤᠭᠳᠠᠭᠠᠳ    ᠬᠠᠪᠤᠷ ᠤᠨ ᠡᠳᠦᠷ ᠶᠠᠭ ᠯᠨ ᠦᠯᠢᠭᠡᠷ ᠤᠨ ᠤᠴᠢᠭ ᠮᠡᠳᠤ ᠤᠷᠳᠤᠬᠠᠨ    ᠬᠠᠮᠢᠭ᠎ᠠ ᠬᠤᠯᠨ ᠶᠢᠨ ᠠᠭᠤᠯᠠᠨ ᠳᠤ ᠤᠨᠢᠶᠠᠷ ᠪᠤᠳᠠᠩ ᠬᠦᠰᠢᠭᠡᠯᠡᠭᠡᠳ    ᠬᠠᠶᠠ ᠨᠢᠭᠡ ᠡᠬᠦᠯᠨ ᠲᠤᠯᠤᠭᠠᠶᠢᠯᠠᠭᠰᠠᠨ ᠴᠦ ᠰᠠᠯᠬᠢᠨ ᠳᠤ ᠲᠦᠳᠡᠭᠡᠨ ᠵᠠᠮᠬᠠᠷᠠᠭᠠᠳ    ᠬᠠᠮᠠᠷ ᠬᠠᠳᠬᠤᠬᠤ ᠡᠪᠡᠰᠤ ᠦᠭᠡᠢ ᠲᠠᠯ᠎ᠠ ᠤᠶᠢᠳᠬᠠᠷ ᠲᠦᠷᠦᠬᠦᠯᠦᠮ᠎ᠡ ᠴᠡᠯᠡᠶᠢᠭᠡᠳ    ᠬᠠᠯᠠᠭᠤᠨ ᠬᠤᠰᠢᠭᠤᠳᠤ ᠰᠦᠷᠦᠭ ᠮᠢᠨᠢ ᠨᠠᠭᠠᠰᠢ ᠴᠠᠭᠠᠰᠢ ᠪᠠᠨ ᠬᠦᠶᠦᠯᠳᠦᠭᠡᠳ    ᠬᠠᠪᠤᠷ ᠤᠨ ᠡᠳᠦᠷ ᠶᠠᠭ ᠯᠨ ᠦᠯᠢᠭᠡᠷ ᠤᠨ ᠤᠴᠢᠭ ᠮᠡᠳᠤ ᠤᠷᠳᠤᠬᠠᠨ    ᠰᠢᠯᠢ ᠶᠢᠨ ᠬᠦᠭᠡ ᠵᠡᠷᠭᠡᠯᠭᠡᠨ ᠬᠦᠷᠦᠭᠡᠰᠤ ᠲᠠᠪᠬᠢᠬᠤ ᠮᠡᠳᠤ ᠵᠢᠷᠢᠯᠵᠡᠭᠡᠳ    ᠰᠢᠨ᠎ᠡ ᠨᠤᠭᠤᠭᠠᠨ ᠤ ᠤᠷᠭᠤᠬᠤ ᠶᠢ ᠬᠦᠮᠦᠨ ᠮᠠᠯ ᠦᠭᠡᠢ ᠬᠦᠰᠡᠭᠡᠳ ᠯᠨ    ᠰᠢᠩᠭᠡᠨ ᠦᠩᠭᠡ ᠪᠠᠷ ᠳᠤᠨᠤᠷᠠᠭᠰᠠᠨ ᠨᠤᠳᠤᠭ ᠤᠨ ᠤᠶᠠᠬᠠᠨ ᠠᠭᠠᠷ ᠲᠤ    ᠰᠢᠨᠡᠭᠡᠨ ᠢᠷᠡᠭᠰᠡᠨ ᠰᠢᠪᠠᠭᠤᠳ ᠤᠨ ᠲᠠᠭᠤ ᠡᠭᠡᠰᠢᠭ ᠢᠶᠠᠷ ᠪᠢᠯᠬᠠᠭᠠᠳ ᠯᠨ    ᠬᠠᠪᠤᠷ ᠤᠨ ᠡᠳᠦᠷ ᠶᠠᠭ ᠯᠨ ᠦᠯᠢᠭᠡᠷ ᠤᠨ ᠤᠴᠢᠭ ᠮᠡᠳᠤ ᠤᠷᠳᠤᠬᠠᠨ    ᠡᠪᠦᠯ ᠤᠨ ᠬᠦᠢᠳᠡᠨ ᠵᠢᠪᠡᠷ ᠰᠠᠯᠪᠢᠬᠦᠷ ᠳᠤᠰᠢᠶ᠎ᠠ ᠰᠢᠩᠬᠡᠷᠡᠬᠡᠳ    ᠡᠪᠦᠯᠵᠢᠶᠡᠨ ᠤ ᠡᠭᠡᠭ ᠢᠶᠠᠷ ᠬᠤᠷᠠᠭ᠎ᠠ ᠲᠤᠭᠤᠯ ᠲᠤᠭᠯᠠᠯᠳᠤᠭᠠᠳ    ᠦᠴᠢᠨᠡᠨ ᠵᠢᠯ ᠤᠨ ᠡᠮᠦᠨ᠎ᠡ ᠲᠠᠨᠢᠯᠴᠠᠵᠦ ᠲᠠᠰᠤᠯᠴᠠᠨ ᠶᠠᠪᠤᠭᠰᠠᠨ    ᠦᠵᠡᠰᠬᠦᠯᠡᠩᠳᠤ ᠨᠢᠭᠡᠨ ᠪᠦᠰᠡᠬᠦᠢ ᠶᠢ ᠪᠠᠶᠢᠨ ᠲᠠᠬᠢᠨ ᠲᠤᠷᠠᠰᠤᠭᠠᠳ ᠯᠨ    ᠬᠠᠪᠤᠷ ᠤᠨ ᠡᠳᠦᠷ ᠶᠠᠭ ᠯᠨ ᠦᠯᠢᠭᠡᠷ ᠤᠨ ᠤᠴᠢᠭ ᠮᠡᠳᠤ ᠤᠷᠳᠤᠬᠠᠨ᠃     ᠵᠣᠬᠢᠶᠠᠭᠴᠢ᠄  ᠡᠷᠳᠠᠨᠢᠪᠠᠭᠠᠳᠤᠷ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号