︽ᠨᠡᠷᠨ ᠭᠠᠷᠪᠡᠯ ᠪᠠᠶᠢᠭᠠᠯᠢ ᠰᠡᠷᠬᠦᠳᠡᠭ ᠨᠤᠮ ᠤᠩᠰᠢᠪᠡᠯ ᠲᠠᠷᠢᠬᠢ ᠰᠡᠷᠬᠦᠳᠡᠭ︾ ᠭᠡᠳᠡᠭ ᠪᠢᠰᠢᠤ᠂ ᠨᠤᠮ | ᠪᠢᠴᠢᠭ ᠪᠤᠯ ᠪᠢᠳᠡᠨ ᠤ ᠬᠠᠷᠠᠭ᠎ᠠ ᠶᠢ ᠰᠠᠷᠠᠭᠤᠯᠵᠢᠭᠤᠯᠬᠤ ᠴᠤᠩᠬᠤ᠂ ᠰᠡᠳᠬᠢᠯ ᠤᠨ ᠡᠬᠦᠳᠡ ᠶᠢ ᠨᠡᠭᠡᠭᠡᠬᠦ ᠲᠦᠯᠬᠢᠬᠦᠷ᠂ | ᠨᠤᠮ ᠤᠩᠰᠢᠬᠤ ᠨᠢ ᠬᠦᠮᠤᠨ ᠤ ᠤᠶᠤᠨ ᠤᠬᠠᠭᠠᠨ ᠢ ᠲᠠᠯᠠᠵᠦ ᠠᠮᠢᠳᠤᠷᠡᠯ ᠤᠨ ᠤᠬᠠᠭᠠᠨ ᠳᠤ ᠰᠤᠷᠭᠠᠳᠠᠭ᠃ | ᠡᠨᠡ ᠨᠢ ︽ᠤᠬᠠᠭᠠᠨ ᠤ ᠲᠠᠯᠠᠢ ᠨᠤᠮ ᠠᠴᠠ ᠡᠬᠢᠳᠡᠢ︾ ᠭᠡᠳᠡᠭ ᠤᠨ ᠦᠨᠳᠤᠰᠤ ᠰᠤᠷᠪᠤᠯᠵᠢ ᠪᠠᠶᠢᠬ᠎ᠠ᠃ ᠨᠤᠮ | ᠤᠩᠰᠢᠬᠤ ᠨᠢ ᠨᠡᠳᠡ ᠳᠤ ᠬᠠᠮᠤᠭ ᠤᠨ ᠶᠡᠭᠡ ᠪᠠᠶᠠᠷ ᠪᠠᠶᠠᠰᠤᠯ ᠢ ᠤᠯᠭᠤᠳᠠᠭ᠃ | ᠨᠤᠮ ᠤᠨ ᠲᠡᠯᠭᠡᠬᠦᠷ ᠪᠤᠶᠤ ᠨᠤᠮ ᠤᠨ ᠰᠠᠩ ᠳᠤ ᠤᠴᠢᠵᠦ ᠵᠢᠶᠠᠰᠡᠨ ᠲᠡᠭᠡᠷ᠎ᠡ ᠲᠡᠷᠢ ᠲᠡᠭᠰᠢᠬᠡᠨ ᠦᠷᠦᠵᠦ | ᠲᠠᠯᠪᠢᠭᠰᠠᠨ ᠨᠤᠮ ᠤᠳ ᠢ ᠦᠵᠡᠬᠦ ᠪᠤᠯᠭᠠᠨ ᠮᠢᠨᠤ ᠬᠤᠷᠤᠬᠠᠢ ᠬᠦᠳᠡᠯᠵᠦ᠂ ᠨᠢᠭᠡ ᠯᠠ ᠠᠮᠢᠰᠬᠤᠯ ᠢᠶᠠᠷ ᠤᠩᠰᠢᠵᠦ | ᠰᠢᠩᠭᠡᠭᠡᠶ᠎ᠡ ᠭᠡᠵᠦ ᠪᠤᠳᠤᠳᠠᠭ᠃ ᠡᠭᠡᠴᠢ ᠠᠮᠠᠷᠡᠯᠳᠡ ᠲᠠᠯᠪᠢᠭᠠᠳ ᠢᠷᠡᠬᠦ ᠳᠤ ᠪᠠᠨ ︽ᠳᠤᠮᠳᠡᠳᠤ ᠰᠤᠷᠭᠠᠭᠤᠯᠢ ᠶᠢᠨ | ᠰᠤᠷᠤᠭᠴᠢᠳ ᠤᠨ ᠵᠤᠬᠢᠶᠠᠯ ᠤᠨ ᠰᠤᠩᠭᠤᠮᠡᠯ︾᠂ ︽ᠬᠤᠪᠢᠰᠬᠠᠯᠳᠤ ᠪᠠᠭᠠᠳᠤᠷᠴᠤᠳ ᠤᠨ ᠦᠯᠢᠭᠡᠷ︾᠂ ︽ | ᠳᠤᠷᠭᠠᠨ ᠵᠢᠯᠤᠭᠤ︾ ᠁ ᠵᠡᠷᠭᠡ ᠨᠤᠮ ᠰᠡᠳᠬᠦᠯ ᠠᠪᠴᠢᠷᠡᠵᠦ ᠦᠭᠳᠡᠭ᠃ ᠡᠳᠡᠭᠡᠷ ᠨᠤᠮ ᠨᠢ ᠮᠢᠨᠤ ᠬᠠᠮᠤᠭ ᠤᠨ | ᠡᠷᠬᠢᠮ ᠨᠠᠨᠳᠢᠨ ᠨᠡᠶᠢᠵᠡ ᠪᠤᠯᠳᠠᠭ ᠡ᠃ | ︽ᠤᠩᠰᠢᠭᠰᠠᠭᠠᠷ ᠤᠩᠰᠢᠭᠰᠠᠭᠠᠷ ᠤᠷᠤᠯᠳᠤᠯᠭ᠎ᠠ ᠲᠠᠢ ᠪᠤᠯᠵᠦ ᠪᠢᠴᠢᠭᠰᠡᠭᠡᠷ ᠪᠢᠴᠢᠭᠰᠡᠭᠡᠷ ᠪᠢᠯᠢᠭ ᠴᠤᠭᠤᠷᠳᠠᠭ︾ | ᠭᠡᠳᠡᠭ ᠢᠶᠠᠷ ᠪᠢ ᠨᠤᠮ ᠤᠩᠰᠢᠬᠤ ᠳᠤᠷᠡᠳᠡᠢ ᠪᠠᠶᠢᠬᠰᠡᠨ ᠠᠴᠠ ᠪᠠᠨ ᠡᠳᠤᠷ ᠤᠨ ᠲᠡᠮᠳᠡᠭᠯᠡᠯ᠂ ᠲᠡᠮᠳᠡᠭᠯᠡᠨ | ᠳᠤᠭᠠᠴᠢᠬᠰᠡᠨ ᠵᠤᠬᠢᠶᠠᠯ ᠪᠠᠭ᠎ᠠ ᠰᠠᠭ᠎ᠠ ᠪᠢᠴᠢᠵᠦ ᠤᠷᠤᠯᠳᠤᠬᠤ ᠪᠤᠯᠪᠠ᠃ ᠲᠡᠭᠡᠭᠡᠳ ᠲᠡᠭᠡᠷ᠎ᠡ ᠤᠳᠠᠭᠠᠨ ᠤ ︽ | ᠵᠤᠬᠢᠶᠠᠨ ᠪᠢᠴᠢᠯᠭᠡ ᠶᠢᠨ ᠤᠷᠤᠯᠳᠤᠭᠠᠨ︾ ᠳᠤ ᠪᠠᠭ᠎ᠠ ᠰᠤᠷᠭᠠᠭᠤᠯᠢ ᠠᠴᠠ ᠪᠠᠨ ᠡᠬᠢᠯᠡᠨ ᠵᠤᠬᠢᠶᠠᠯ ᠪᠢᠴᠢᠬᠦ ᠳᠤ ᠳᠤᠷ᠎ᠠ | ᠪᠠᠬ᠎ᠠ ᠲᠠᠢ ᠰᠤᠷᠭᠤᠭ ᠪᠢᠳᠡ ᠬᠤᠶᠠᠷ ᠢ ᠤᠷᠤᠯᠴᠠᠭᠤᠯᠪᠡ᠃ ᠬᠤᠶᠠᠷ ᠭᠠᠷᠠᠭ ᠤᠨ ᠲᠠᠷᠠᠭ᠎ᠠ ᠬᠦᠯᠢᠶᠠᠵᠦ ᠤᠳᠠᠭᠰᠡᠨ | ᠵᠤᠬᠢᠶᠠᠨ ᠪᠢᠴᠢᠯᠭᠡ ᠶᠢᠨ ᠤᠷᠤᠯᠳᠤᠭᠠᠨ ᠤ ᠳ᠋ᠦᠩ ᠨᠡᠶᠢᠳᠡᠯᠡᠬᠦ ᠪᠤᠯᠤᠯ᠎ᠠ᠃ ᠪᠢ ᠪᠠᠴᠢᠮᠳᠡᠨ ᠰᠠᠨᠳᠤᠷᠴᠦ ︽ᠮᠢᠨᠤ | ᠪᠢᠴᠢᠭᠰᠡᠨ ᠵᠤᠬᠢᠶᠠᠯ ᠰᠠᠶᠢᠨ ᠬᠢᠷᠢ ᠪᠦᠳᠤᠮᠵᠢ ᠤᠯᠤᠭᠰᠡᠨ ᠪᠤᠯ ᠤᠤ︖︾ ᠭᠡᠵᠦ ᠰᠠᠨᠠᠭᠠᠰᠢᠷᠡᠵᠦ ᠪᠠᠶᠢᠳᠡᠯ᠎ᠡ ᠨᠠᠮᠠᠢᠢ | ᠲᠠᠭᠤᠳᠡᠪᠡ᠃ ᠪᠢ ᠠᠯᠠᠰᠬᠢᠨ ᠪᠠᠶᠠᠷᠯᠠᠵᠦ ᠲᠡᠶᠢᠰᠡᠨ ᠳᠤ ᠭᠠᠷᠴᠦ ᠱᠠᠩᠨᠠᠯ ᠢᠶᠠᠨ ᠳᠤᠰᠤᠯ᠎ᠠ᠃ ᠲᠡᠷᠨ ᠬᠦ ᠬᠤᠷᠤᠮ ᠳᠤ | ᠬᠤᠯᠨ ᠶᠢᠨ ᠬᠤᠯᠨ ᠬᠦᠰᠡᠯ ᠮᠦᠷᠦᠭᠡᠳᠤᠯ ᠤᠨ ᠤᠴᠢ ᠬᠢᠯᠠᠯᠵᠠᠵᠦ ᠪᠠᠶᠢᠬᠤ ᠰᠢᠭ᠋ ᠲᠠᠶᠢᠮᠤ ᠯᠠ ᠭᠡᠭᠡᠨ ᠰᠠᠷᠠᠭᠤᠯ | ᠰᠠᠨᠠᠭᠳᠠᠭᠰᠠᠡ︕ ᠡᠨᠡ ᠱᠠᠩᠨᠠᠯ ᠢ ᠦᠵᠡᠬᠦ ᠪᠤᠯᠭᠠᠨ ᠰᠡᠳᠬᠢᠯ ᠳᠤᠭᠳᠤᠯᠵᠦ᠂ ᠤᠮᠤᠭ ᠵᠤᠷᠢᠭ ᠨᠡᠮᠡᠭᠳᠡᠳᠡᠭ᠃ ᠡᠨᠡ | ᠤᠳᠠᠭᠠᠨ ᠤ ᠠᠮᠵᠢᠯᠳᠡ ᠠᠴᠠ ᠪᠢ ᠨᠡᠩ ᠢᠯᠡᠬᠦᠦ ᠪᠠᠶ᠎ᠠ ᠳᠤ ᠪᠠᠨ ᠢᠳᠡᠭᠡᠯ ᠲᠠᠢ ᠪᠤᠯᠤᠭᠰᠡᠨ ᠠᠴᠠ ᠴᠢᠨᠠᠭᠰᠢᠳᠡ | ᠰᠤᠷᠤᠯᠭ᠎ᠠ ᠶᠢᠨ ᠵᠠᠮ ᠳᠤ ᠤᠯᠠᠨ ᠰᠠᠶᠢᠬᠠᠨ ᠭᠡᠷᠡᠯ ᠬᠢᠯᠪᠠᠭ᠎ᠠ ᠶᠢ ᠠᠪᠴᠢᠷᠡᠵᠦ ᠦᠭᠬᠦᠯ᠎ᠡ᠃ ᠤᠳᠤ ᠪᠤᠯᠳᠡᠯ᠎ᠡ ᠲᠡᠷᠨ | ᠢᠷᠠᠭᠤ ᠠᠯᠳᠡᠷ ᠤᠨ ᠱᠠᠩᠨᠠᠯ ᠮᠢᠨᠤ ᠦᠷᠦᠭᠡᠨ ᠳᠤ ᠡᠯᠬᠦᠭᠳᠡᠵᠦ ᠪᠠᠶᠢᠨ᠎ᠡ᠃ ᠮᠢᠨᠤ ᠲᠦᠷᠦᠯ ᠰᠠᠳᠤᠨ ᠡᠭᠡᠴᠢ ᠲᠡᠬᠦᠦ | ᠱᠠᠩᠨᠠᠯ ᠢ ᠤᠯᠵᠦ ᠦᠵᠡᠪᠡᠯ ᠪᠦᠷ ᠨᠡᠳᠡ ᠳᠤ ᠮᠠᠭᠳᠠᠭᠠᠯ ᠰᠠᠶᠢᠰᠢᠶᠠᠯ ᠬᠠᠶᠢᠷᠠᠯᠠᠳᠠᠭ᠃ ᠮᠢᠨᠤ ᠬᠠᠶᠢᠷᠡᠳᠡᠢ ᠡᠨᠡ | ᠱᠠᠩᠨᠠᠯ ᠨᠡᠳᠡ ᠳᠤ ᠨᠠᠰᠤᠨ ᠳᠤᠷᠰᠢᠳᠡ ᠶᠢᠨ ᠵᠤᠷᠢᠭᠵᠢᠭᠤᠯᠤᠯ ᠪᠤᠯᠤᠨ᠎ᠡ ᠭᠡᠳᠡᠭ ᠢ ᠪᠠᠳᠤ ᠢᠳᠡᠭᠡᠵᠦ ᠪᠠᠶᠢᠨ᠎ᠡ᠃ | ᠭᠡᠬᠦ ᠳᠤ ᠪᠠᠨ ᠲᠡᠷᠨ ᠦᠶ᠎ᠠ ᠠᠴᠠ ᠡᠬᠢᠯᠡᠵᠦ ᠳᠤᠮᠤ ᠪᠤᠯᠪᠠᠯ ᠵᠤᠬᠢᠶᠠᠯᠴᠢ ᠪᠤᠯᠤᠶ᠎ᠠ ᠭᠡᠵᠦ ᠰᠡᠳᠬᠢᠯ ᠳᠤ ᠪᠠᠨ ᠲᠡᠰᠤ | ᠪᠤᠳᠤᠪᠠ᠃ | ᠠᠩᠬ᠎ᠠ ᠳᠤᠮᠳᠡᠳᠤ ᠶᠢᠨ ᠬᠡᠯᠨ ᠪᠢᠴᠢᠭ ᠤᠨ ᠬᠢᠴᠢᠶᠠᠯ ᠳᠤ ᠨᠡᠳᠡ ᠳᠤ ᠬᠠᠮᠤᠭ ᠠᠴᠠ ᠰᠠᠭᠤᠭᠳᠡᠯ ᠬᠦᠨ ᠨᠢ ︽ | ᠰᠢᠯᠦᠭ ᠤᠨ ᠬᠤᠷᠤᠬᠠᠶᠢᠳᠡᠨ ᠤ ᠦᠯᠢᠭᠡᠷ︾ ᠭᠡᠬᠦ ᠵᠤᠬᠢᠶᠠᠯ ᠪᠤᠯᠤᠨ᠎ᠡ᠃ ᠰᠢᠯᠦᠭ ᠤᠨ ᠬᠤᠷᠤᠬᠠᠶᠢᠳᠡᠨ — ᠪ᠊ · | ᠤᠰᠤᠷ ᠭᠤᠸᠠᠢ ᠬᠠᠷᠠᠬᠠᠨ ᠪᠠᠭ᠎ᠠ ᠠᠴᠠ ᠪᠠᠨ ᠨᠤᠮ ᠪᠢᠴᠢᠭ ᠲᠠᠢ ᠨᠤᠴᠤᠯᠳᠤᠵᠦ ᠴᠦᠬᠦᠷᠡᠯ ᠦᠭᠡᠢ ᠴᠢᠷᠮᠠᠶᠢᠭᠰᠠᠭᠠᠷ | ᠪᠠᠶᠢᠵᠦ ᠰᠢᠯᠦᠭᠴᠢ ᠪᠤᠯᠬᠤ ᠬᠦᠰᠡᠯ ᠢᠶᠠᠨ ᠪᠠᠶᠠᠯᠡᠬᠦᠯᠵᠦ᠂ ᠰᠢᠯᠦᠭᠴᠢ ᠶᠢᠨ ᠡᠩᠨᠡᠭᠡᠨ ᠳᠤ ᠬᠤᠰᠢᠭᠤᠷᠡᠵᠦ ᠶᠠᠪᠤᠭᠰᠡᠨ᠃ | ᠡᠨᠡ ᠨᠢ ᠨᠡᠳᠡ ᠳᠤ ᠳᠦᠢᠯ ᠤᠨ ᠶᠡᠭᠡ ᠵᠤᠷᠢᠭᠵᠢᠭᠤᠯᠤᠯ ᠪᠤᠯᠵᠦ ᠪᠢ ᠪᠡᠰᠡ ᠪ᠊ · ᠤᠰᠤᠷ ᠭᠤᠸᠠᠢ ᠠᠴᠠ ᠲᠠᠭᠠᠨ | ᠰᠤᠷᠤᠯᠴᠠᠵᠦ ᠨᠤᠮ ᠪᠢᠴᠢᠭ ᠤᠩᠰᠢᠵᠦ ᠬᠠᠯᠠᠰᠢᠷᠡᠯ ᠦᠭᠡᠢ ᠪᠢᠴᠢᠵᠦ ᠯᠠ ᠪᠠᠶᠢᠪᠡᠯ ᠠᠯᠢ ᠨᠢᠭᠡᠨ ᠡᠳᠤᠷ | ᠵᠤᠬᠢᠶᠠᠯᠴᠢ ᠶᠢᠨ ᠡᠩᠨᠡᠭᠡᠨ ᠳᠤ ᠬᠦᠯ ᠬᠢᠰᠬᠢᠨ ᠤᠷᠤᠬᠤ ᠪᠤᠯᠤᠨ᠎ᠡ ᠭᠡᠵᠦ ᠡᠷᠴᠢ ᠵᠤᠷᠢᠭ ᠢᠶᠠᠨ ᠴᠢᠩᠭᠠᠯᠠᠳᠠᠭ᠃ | ︽ᠨᠤᠮ ᠪᠢᠴᠢᠭ ᠢ ᠲᠦᠮᠡᠨ ᠪᠤᠳᠢ ᠤᠩᠰᠢᠪᠡᠰᠤ᠂ ᠪᠢᠷ ᠤᠨ ᠦᠵᠤᠬᠦᠷ ᠷᠢᠳᠢ ᠰᠢᠳᠢ ᠤᠷᠤᠰᠢᠮᠤᠢ︾ ᠨᠤᠮ | ᠵᠤᠬᠢᠶᠠᠯ ᠤᠩᠰᠢᠬᠤ ᠨᠢ ᠪᠢᠳᠡᠨ ᠤ ᠦᠭᠡᠰ ᠤᠨ ᠰᠠᠩ ᠢ ᠪᠠᠶᠠᠯᠢᠭᠵᠢᠭᠤᠯᠵᠦ᠂ ᠬᠡᠯᠡᠨ ᠤ ᠮᠡᠳᠡᠷᠡᠮᠵᠢ ᠶᠢ | ᠲᠡᠭᠡᠭᠰᠢᠯᠡᠬᠦᠯᠳᠡᠭ᠃ ᠡᠶᠢᠮᠤ ᠠᠴᠠ ᠪᠢᠳᠡ ᠨᠤᠮ ᠲᠠᠢ ᠨᠦᠬᠦᠷᠯᠡᠵᠦ ᠶᠠᠪᠤᠬᠤ ᠡᠬᠦᠷᠢᠳᠡ ᠶᠢᠨ ᠠᠮᠠᠯᠠᠯᠳᠡ ᠲᠠᠯᠪᠢᠶ᠎ᠠ︕ | ᠬᠦᠰᠡᠯ ᠭᠡᠭᠴᠢ ᠬᠦᠮᠤᠨ ᠤ ᠤᠷᠴᠢᠯᠠᠩ ᠤᠨ ᠮᠦᠷᠦᠭᠡᠳᠤᠯ ᠬᠦᠬᠡᠬᠡᠴᠡᠯᠳᠤᠯ᠂ ᠤᠳᠬ᠎ᠠ ᠠᠭᠤᠯᠭ᠎ᠠ ᠭᠡᠷᠡᠯ | ᠬᠢᠯᠪᠠᠭ᠎ᠠ ᠪᠢᠯᠨ᠃ ᠳᠤᠯᠤᠭᠠᠨ ᠦᠩᠭᠡ ᠪᠠᠷ ᠰᠤᠯᠤᠩᠭᠠᠷᠠᠭᠰᠡᠨ ᠡᠨᠡᠬᠦ ᠵᠤᠬᠢᠶᠠᠯᠴᠢ ᠪᠤᠯᠬᠤ ᠬᠦᠰᠡᠯ ᠢᠶᠠᠨ | ᠪᠠᠶᠠᠯᠡᠬᠦᠯᠬᠦ ᠶᠢᠨ ᠲᠦᠯᠤᠭᠡ ᠪᠢ ᠬᠦᠴᠦᠯᠡᠨ ᠴᠢᠷᠮᠠᠶᠢᠵᠦ ᠪᠠᠶᠢᠨ᠎ᠡ᠃ | ᠬᠦᠰᠡᠯ ᠮᠢᠨᠢ ᠪᠠᠶᠠᠯᠡᠭᠳᠡᠬᠦ ᠪᠤᠯᠳᠤᠭᠠᠢ︕ | | ᠵᠤᠬᠢᠶᠠᠬᠴᠢ᠄ ᠰᠤᠳᠤᠨ ︵ᠢᠨᠳᠡᠷ ᠲᠠᠬᠢ ᠵᠢᠷᠭᠤᠳᠤᠭᠠᠷ ᠳᠤᠮᠳᠠᠲᠦ ᠰᠤᠷᠭᠠᠭᠤᠯᠢ ᠶᠢᠨ ᠬᠤᠶᠠᠷ ᠤᠨ ᠠᠷᠪᠡᠨ ᠲᠦᠷᠪᠡ | ︶ | ᠵᠢᠯᠤᠭᠤᠳᠤᠭᠰᠡᠨ ᠪᠠᠭᠰᠢ᠄ ᠰᠠᠷᠡᠨ᠎ᠡ | |