ᠨᠢᠭᠡᠨ ᠭᠠᠷᠠᠭ ᠤᠨ ᠲᠠᠪᠤᠨ ᠤ ᠦᠳᠡ ᠶᠢᠨ ᠬᠤᠶᠢᠨᠠᠬᠢ ᠲᠤᠭᠠᠨ ᠤ ᠬᠢᠴᠢᠶᠡᠯ ᠲᠡᠭᠡᠷ᠎ᠡ ᠪᠢᠯᠡ᠃ ᠮᠠᠨ ᠤ | ᠠᠩᠭᠢ ᠶᠢᠨ ᠬᠤᠶᠠᠷ ᠠᠯᠢᠶ᠎ᠠ ᠰᠤᠷᠤᠭᠴᠢ ᠪᠠᠳᠤ ᠪᠤᠯᠤᠨ ᠰᠦᠬᠡ ᠶᠢ ᠲᠤᠭᠠᠨ ᠤ ᠪᠠᠭᠰᠢ ᠬᠦᠯᠢᠶᠡᠭᠰᠡᠨ ᠦᠬᠡᠢ | ᠬᠢᠴᠢᠶᠡᠯ ᠢᠶᠠᠨ ᠤᠷᠤᠪᠠ᠃ ᠲᠡᠷᠡ ᠬᠤᠶᠠᠷ ᠠᠯᠢᠶ᠎ᠠ ᠲᠦᠢᠳᠭᠡᠷ᠂ ᠬᠢᠷᠢ ᠪᠦᠳᠦᠮᠵᠢ ᠪᠠᠷ ᠠᠨᠠᠢ᠂ ᠲᠠᠩᠳᠠ ᠱᠤᠭ | ᠢᠨᠢᠶᠡᠳᠦᠮ ᠲᠠᠢ ᠤᠴᠢᠷ ᠭᠠᠷᠭᠠᠳᠠᠭ᠃ ᠬᠡᠯᠡᠨ ᠤ ᠬᠢᠴᠢᠶᠡᠯ ᠲᠡᠭᠡᠷ᠎ᠡ ᠪᠠᠭᠰᠢ ᠬᠢᠴᠢᠶᠡᠯ ᠤᠩᠰᠢᠭᠤᠯᠬᠤ ᠳᠤ ᠲᠡᠳᠡ | ᠬᠤᠶᠠᠭᠤᠯᠠ ᠪᠤᠷᠤᠭᠤ ᠤᠯᠠᠭᠠᠨ ᠮᠦᠷ ᠠᠴᠠ ᠡᠬᠢᠯᠡᠵᠦ ᠤᠩᠰᠢᠴᠢᠬᠠᠳᠠᠭ᠃ ︽ᠬᠦᠮᠦᠨ ᠪᠤᠯᠬᠤ ᠳᠤ | ᠪᠠᠭ᠎ᠠ ᠠᠴᠠ ᠪᠠᠨ︾ ᠭᠡᠵᠦ ᠲᠠᠷᠠᠭ᠎ᠠ ᠦᠬᠦᠯᠡᠪᠦᠷᠢ ᠶᠢ ᠨᠢ ᠠᠰᠠᠭᠤᠬᠤ ᠳᠤ ᠪᠠᠳᠤ ︽ᠨᠤᠬᠠᠢ ᠪᠤᠯᠬᠤ | ᠬᠦᠯᠦᠭ ᠠᠴᠠ ᠪᠠᠨ︾ ᠭᠡᠵᠦ ᠪᠤᠷᠤᠭᠤ ᠶᠠᠷᠢᠭᠠᠳ ᠪᠠᠭᠰᠢ ᠶᠢ ᠠᠭᠤᠷᠯᠠᠭᠤᠯᠵᠤ ᠪᠠᠶᠢᠭᠰᠠᠨ᠃ ᠲᠤᠭᠠᠨ ᠤ ᠪᠠᠭᠰᠢ | ᠠᠷᠪᠠᠭᠠᠳ ᠮᠢᠨᠦ᠋ᠲ ᠬᠢᠴᠢᠶᠡᠯ ᠤᠷᠤᠳᠠᠯ᠎ᠠ ᠲᠡᠷᠡ ᠬᠤᠶᠠᠷ ᠪᠠᠰᠠ ᠪᠠᠷ᠎ᠠ ᠦᠬᠡᠢ᠃ ᠡᠬᠦᠨ ᠳᠤ ᠪᠠᠭᠰᠢ᠄ ︽ᠪᠠᠳᠤ᠂ | ᠰᠦᠬᠡ ᠬᠤᠶᠠᠭᠤᠯᠠ ᠡᠳᠦᠢ ᠪᠤᠯᠳᠠᠯ᠎ᠠ ᠠᠩᠭᠢ ᠶᠢᠨ ᠭᠡᠷ ᠲᠤ ᠤᠷᠤᠵᠤ ᠢᠷᠡᠭᠡ ᠦᠬᠡᠢ᠂ ᠬᠠᠮᠢᠭ᠎ᠠ ᠶᠠᠪᠤᠴᠢᠬᠠᠪᠠ︖ | ᠲᠡᠭᠡᠷ᠎ᠡ ᠬᠢᠴᠢᠶᠡᠯ ᠳᠤ ᠪᠠᠶᠢᠭᠰᠠᠨ ᠤᠤ︖︾ ᠭᠡᠰᠡᠨ ᠳᠤ ᠠᠩᠭᠢ ᠶᠢᠨ ᠲᠠᠷᠤᠭ᠎ᠠ᠄ ︽ᠲᠡᠭᠡᠷ᠎ᠡ ᠳᠤ ᠬᠢᠴᠢᠶᠡᠯ | ᠪᠠᠶᠢᠭᠰᠠᠨ᠂ ᠵᠤᠷᠯᠤᠩ ᠳᠤ ᠪᠠᠶᠢᠬᠤ ᠮᠠᠭᠠᠳ︾ ᠭᠡᠪᠡ᠃ ᠪᠠᠭᠰᠢ ᠪᠤᠯᠪᠠᠰᠤᠷᠠᠯ ᠬᠢᠯᠬᠡᠵᠦ ᠪᠠᠶᠢᠬᠤ ᠬᠤᠭᠤᠷᠤᠨᠳᠤ | ᠠᠩᠭᠢ ᠶᠢᠨ ᠲᠠᠷᠤᠭ᠎ᠠ ᠶᠢ ︽ᠲᠡᠷᠡ ᠬᠤᠶᠠᠷ ᠢ ᠤᠴᠢᠭᠠᠳ ᠦᠵᠡᠭᠡᠳ ᠢᠷ᠎ᠡ᠂ ᠪᠤᠯᠠᠭᠳᠠᠴᠢᠬᠠᠪᠠ ᠤᠤ︖︾ ᠭᠡᠪᠡ᠃ | ᠠᠩᠭᠢ ᠶᠢᠨ ᠲᠠᠷᠤᠭ᠎ᠠ ᠰᠤᠷ ᠬᠢᠳᠡᠯ᠎ᠡ ᠭᠠᠷᠤᠭᠠᠳ ᠨᠢᠭᠡᠨ ᠵᠡᠷᠭᠡ ᠤᠳᠠᠭᠠᠳ ᠲᠡᠷᠡ ᠬᠤᠶᠠᠷ ᠢ ᠲᠠᠭᠠᠭᠤᠯᠤᠭᠠᠳ | ᠢᠷᠡᠪᠡ᠃ ᠠᠩᠭᠢ ᠶᠢᠨ ᠲᠠᠷᠤᠭ᠎ᠠ᠄ ︽ᠪᠠᠭᠰᠢ ᠡ᠂ ᠡᠨᠡ ᠬᠤᠶᠠᠷ ᠰᠤᠷᠤᠭᠴᠢ ᠵᠤᠷᠯᠤᠩ ᠳᠤ ᠪᠡᠶ᠎ᠡ ᠴᠡᠪᠡᠷᠯᠡᠵᠦ | ᠪᠠᠶᠢᠭᠰᠠᠨ ᠪᠢᠰᠢ᠂ ᠬᠠᠷᠢᠨ ᠦᠪᠡᠷ ᠤᠨ ᠯᠤᠩᠬᠤᠨ ᠳᠤ ᠪᠠᠨ ᠢᠯᠠᠭ᠎ᠠ ᠪᠠᠷᠢᠵᠤ ᠪᠠᠶᠢᠭᠰᠠᠨ ᠪᠠᠶᠢᠪᠠ︾ ᠭᠡᠪᠡ᠃ ᠡᠨᠡ | ᠦᠬᠡ ᠶᠢ ᠰᠤᠨᠤᠰᠤᠭᠠᠳ ᠪᠦᠬᠦᠳᠡᠭᠡᠷ ᠬᠦᠷᠴᠢᠬᠢᠨᠡᠳᠡᠯᠡ ᠢᠨᠢᠶᠡᠯᠳᠦᠪᠡ᠃ ᠲᠤᠭᠠᠨ ᠤ ᠪᠠᠭᠰᠢ ᠴᠦ ᠲᠡᠰᠦᠬᠰᠡᠨ | ᠦᠬᠡᠢ ᠪᠢᠳᠡᠨ ᠢ ᠲᠠᠭᠠᠭᠠᠳ ᠢᠨᠢᠶᠡᠴᠢᠭᠡᠪᠡ᠃ | ᠬᠢᠴᠢᠶᠡᠯ ᠪᠠᠭᠤᠭᠠᠳ ᠲᠤᠭᠠᠨ ᠤ ᠪᠠᠭᠰᠢ ᠲᠡᠷᠡ ᠬᠤᠶᠠᠷ ᠢ ᠠᠩᠭᠢ ᠶᠢᠨ ᠡᠷᠬᠢᠯᠡᠭᠴᠢ ᠳᠤ ᠠᠪᠠᠴᠢᠵᠦ | ᠲᠤᠰᠢᠶᠠᠬᠰᠠᠨ ᠳᠤ ᠠᠩᠭᠢ ᠶᠢᠨ ᠡᠷᠬᠢᠯᠡᠭᠴᠢ ᠲᠡᠷᠡ ᠬᠤᠶᠠᠷ ᠢ ᠰᠢᠬᠦᠮᠵᠢᠯᠡᠪᠡ᠃ ᠤᠳᠠᠬᠰᠠᠨ ᠦᠭᠡᠢ ᠲᠡᠷᠡ | ᠬᠤᠶᠠᠭᠤᠯᠠ ᠤᠬᠢᠯᠠᠵᠤ ᠨᠢᠳᠦ ᠪᠠᠨ ᠤᠯᠠᠶᠢᠯᠭᠠᠵᠤ ᠤᠷᠤᠵᠤ ᠢᠷᠡᠪᠡ᠃ ᠠᠩᠭᠢ ᠶᠢᠨ ᠡᠷᠬᠢᠯᠡᠭᠴᠢ ᠶᠢᠨ ᠲᠠᠰᠤᠭ ᠤᠨ | ᠪᠠᠭᠰᠢ ᠨᠠᠷ ᠪᠠᠰᠠ ᠮᠡᠳᠡᠴᠢᠭᠡᠭᠡᠳ ᠲᠡᠳᠡ ᠬᠤᠶᠠᠷ ᠤᠨ ᠵᠤᠷᠯᠤᠩ ᠳᠤ ᠢᠯᠠᠭ᠎ᠠ ᠪᠠᠷᠢᠵᠤ ᠨᠠᠭᠠᠳᠤᠭᠠᠳ ᠬᠢᠴᠢᠶᠡᠯ ᠢᠶᠠᠨ | ᠤᠷᠤᠭᠰᠠᠨ ᠦᠬᠡᠢ ᠤᠴᠢᠷ ᠢ ᠢᠨᠢᠶᠡᠳᠦᠮ ᠪᠤᠯᠭᠠᠨ ᠶᠠᠷᠢᠯᠴᠠᠵᠤ ᠪᠠᠶᠢᠪᠠ᠃ ᠮᠠᠨ ᠤ ᠬᠤᠶᠠᠭᠤᠯᠠ ᠪᠠᠭᠰᠢ ᠳᠤ | ᠰᠢᠬᠦᠮᠵᠢᠯᠡᠭᠳᠡᠭᠰᠡᠨ ᠢᠶᠠᠨ ᠬᠡᠵᠢᠶᠡᠨᠡᠢ ᠮᠠᠷᠳᠠᠴᠢᠬᠠᠭᠠᠳ ᠪᠠᠰᠠ ᠯᠠ ᠡᠷᠪᠡᠬᠡᠢ ᠲᠠᠭᠤᠵᠤ ᠬᠦᠶᠦᠵᠦ ᠪᠠᠶᠢᠪᠠ᠃ | | ᠵᠤᠬᠢᠶᠠᠭᠴᠢ᠄ ᠪᠤᠤ ᠸᠧᠨ ᠵᠢᠩ ︵ᠪᠠᠶᠠᠨᠬᠤᠰᠢᠭᠤ ᠵᠢᠷᠭᠤᠳᠤᠭᠠᠷ ᠲᠤᠮᠳᠠᠳᠤ ᠰᠤᠷᠭᠠᠭᠤᠯᠢ ᠶᠢᠨ ᠲᠤᠯᠤᠭᠠᠨ ᠤ ᠨᠠᠢᠮᠠ︶ | | ᠵᠢᠯᠤᠭᠤᠳᠤᠭᠰᠠᠨ ᠪᠠᠭᠰᠢ᠄ ᠶᠢᠨ | |