ᠪᠡᠯᠴᠢᠷ ᠪᠠᠭ᠎ᠠ ᠦᠶ᠎ᠠ ᠶᠢᠨ ᠶᠠᠷᠢᠶ᠎ᠠ ᠬᠦᠬᠡᠷᠤᠭᠡ ᠤᠳᠤ ᠴᠦ ᠬᠡᠰᠡᠨ ᠴᠢᠬᠢᠨ ᠳᠤ ᠮᠢᠨᠢ ᠢᠯᠡᠬᠡᠨ ᠴᠤᠤᠷᠢᠶᠠᠳᠤᠵᠦ | ᠂ ᠬᠦᠰᠡᠯᠡᠩ ᠡᠪᠤᠷᠯᠡᠵᠦ ᠶᠠᠪᠤᠬᠤ ᠨᠢ ᠶᠠᠭᠤᠨ ᠠᠴᠠ ᠴᠦ ᠭᠤᠶᠤ ᠰᠠᠨᠠᠭᠳᠡᠨᠡ᠃ ᠲᠠᠶᠢᠮᠤ ᠡ︕ ᠬᠦᠮᠤᠨ | ᠪᠦᠬᠦᠨ ᠳᠤ ᠪᠦᠷ ᠬᠦᠰᠡᠯᠡᠩ ᠲᠠᠢ ᠪᠠᠶᠢᠵᠦ᠂ ᠴᠠᠭ ᠢᠮᠠᠭᠳᠡ ᠬᠦᠰᠡᠯᠡᠩ ᠤᠨ ᠢᠶᠠᠨ ᠲᠦᠯᠤᠭᠡ ᠲᠡᠮᠡᠴᠡᠵᠦ ᠶᠠᠪᠤᠳᠠᠭ᠃ | ᠨᠢᠭᠡ ᠬᠦᠮᠤᠨ ᠶᠠᠭᠤ ᠴᠦ ᠦᠭᠡᠢ ᠪᠠᠶᠢᠵᠦ ᠪᠤᠯᠤᠨ᠎ᠡ᠂ ᠭᠡᠪᠡᠴᠦ ᠬᠦᠰᠡᠯᠡᠩ ᠦᠭᠡᠢ ᠪᠠᠶᠢᠵᠦ ᠪᠤᠯᠬᠤ ᠦᠭᠡᠢ᠃ | ᠬᠦᠰᠡᠯᠡᠩ ᠦᠭᠡᠢ ᠬᠦᠮᠤᠰ ᠪᠤᠯ ᠵᠢᠬᠦᠷ ᠦᠭᠡᠢ ᠰᠢᠪᠠᠭᠤ ᠲᠠᠢ ᠠᠳᠡᠯᠢ ᠶᠤᠮ᠃ | ᠳᠤᠷᠤᠨᠡ ᠲᠡᠭᠷᠢ ᠶᠢᠨ ᠬᠠᠶᠠᠭᠠᠨ ᠠᠴᠠ ᠨᠡᠷᠡᠨ ᠠᠪᠠᠭ᠋ᠠᠢ ᠦᠵᠡᠰᠬᠦᠯᠡᠩᠳᠤ ᠴᠢᠷᠠᠢ ᠪᠠᠨ ᠤᠯᠠᠪᠠᠯᠵᠠᠭᠤᠯᠤᠨ | ᠠᠯᠭᠤᠷᠬᠠᠨ ᠮᠠᠨᠳᠤᠬᠤ ᠳᠤ ᠦᠷᠬᠡᠨ ᠲᠠᠯ᠎ᠠ ᠶᠢᠨ ᠡᠪᠡᠰᠤ ᠨᠤᠭᠤᠭᠠᠨ ᠤ ᠦᠵᠤᠬᠦᠷ ᠲᠤ ᠰᠢᠬᠦᠳᠡᠷᠢ ᠶᠢᠨ ᠮᠦᠬᠦᠯᠢᠭ | ᠮᠡᠯᠳᠡᠭᠡᠨᠡᠵᠦ ᠪᠤᠯᠤᠷ ᠰᠢᠯ ᠮᠡᠳᠤ ᠬᠢᠯᠠᠯᠵᠡᠨᠡ᠃ ᠠᠶᠢᠷᠠᠭ ᠰᠢᠭ᠋ ᠰᠠᠩᠬᠢᠨᠡᠭᠰᠡᠨ ᠠᠭᠠᠷ ᠡᠯᠢᠭᠡ ᠵᠢᠷᠦᠭᠡ ᠶᠢ ᠷᠡᠰᠢᠶᠠᠯᠠᠨ | ᠂ ᠰᠤᠳᠡᠯ ᠰᠢᠷᠪᠤᠰᠤᠨ ᠳᠤ ᠠᠮᠢᠯᠠᠯ ᠤᠨ ᠢᠳᠡ ᠬᠦᠴᠦᠨ ᠰᠠᠯᠪᠢᠵᠦ ᠤᠢ ᠪᠤᠬᠢᠨᠢᠳᠤᠯ ᠢ ᠠᠷᠢᠯᠭᠠᠭᠠᠳ ᠢᠷᠡᠬᠦ | ᠦᠵᠡᠰᠬᠦᠯᠡᠩ ᠰᠠᠶᠢᠬᠠᠨ ᠨᠢᠭᠡᠨ ᠦᠷᠯᠤᠭᠡᠨ ᠤ ᠲᠠᠪᠳᠠᠯᠭ᠎ᠠ ᠳᠤ ᠪᠢ ᠰᠢᠷᠡᠭᠡᠨ ᠨᠡᠶᠢᠵᠡ ᠲᠠᠢ ᠪᠠᠨ ᠬᠤᠶᠠᠭᠤᠯᠨ | ᠠᠮᠢᠳᠤ ᠪᠤᠳᠡᠰ ᠪᠠ ᠭᠠᠵᠡᠷ ᠵᠦᠢ ᠶᠢᠨ ᠰᠠᠷ᠎ᠠ ᠶᠢᠨ ᠰᠢᠯᠭᠠᠯᠳᠡ ᠶᠢᠨ ᠬᠠᠷᠡᠯᠳᠡ ᠳᠤ ᠪᠠᠨ ᠬᠦᠷᠬᠦ ᠪᠠᠷ ᠬᠠᠮᠳᠤ | ᠲᠠᠪᠳᠡᠵᠦ ᠪᠠᠶᠢᠭᠰᠠᠭᠠᠷ ᠪᠤᠳᠤᠯ ᠳᠤ ᠬᠡᠨᠡᠳᠳᠡ ᠨᠢᠭᠡᠨ ᠠᠰᠠᠭᠤᠯᠳᠡ ᠬᠠᠷᠪᠤᠨ ᠤᠷᠤᠵᠦ ᠢᠷᠡᠯ᠎ᠡ᠃ ᠲᠡᠭᠡᠭᠡᠳ ᠪᠢ | ᠨᠡᠶᠢᠵᠡ ᠠᠴᠠ ᠪᠠᠨ᠄ ︽ᠴᠢᠮ᠎ᠡ ᠳᠤ ᠶᠠᠮᠡᠷ ᠰᠠᠶᠢᠬᠠᠨ ᠬᠦᠰᠡᠯᠡᠩ ᠲᠠᠢ ᠪᠤᠢ︖︾ ᠭᠡᠵᠦ ᠪᠠᠭᠰᠢ ᠶᠢᠨ ᠢᠶᠠᠨ | ᠠᠶᠠᠰ ᠢ ᠲᠠᠭᠤᠷᠢᠶᠠᠵᠦ ᠠᠰᠠᠭᠤᠬᠤ ᠳᠤ ᠲᠡᠷᠨ ᠳᠤᠷᠮᠤᠭᠤᠷ ᠨᠢᠳᠤ ᠪᠠᠨ ᠬᠡᠳᠤ ᠴᠠᠪᠴᠢᠨ᠄ ︽ᠦᠭᠡᠢ᠂ ᠬᠦᠰᠡᠯᠡᠩ | ᠭᠡᠭᠴᠢ ᠶᠠᠭᠤ ᠪᠢᠯᠨ︖︾ ᠭᠡᠵᠦ ᠰᠤᠨᠢᠭᠤᠴᠢᠯᠠᠨ ᠠᠰᠠᠭᠤᠪᠡ᠃ ᠪᠢ ᠵᠠᠯᠭᠠᠭᠠᠳ᠄ ︽ᠬᠦᠰᠡᠯᠡᠩ ᠭᠡᠳᠡᠭ ᠪᠤᠯ | ᠢᠷᠡᠭᠡᠳᠤᠢ ᠶᠢᠨ ᠰᠠᠶᠢᠨ ᠰᠠᠶᠢᠬᠠᠨ ᠤ ᠳᠤᠬᠠᠢ ᠬᠦᠰᠡᠯ ᠡᠷᠡᠮᠡᠯᠵᠡᠯ ᠮᠦᠨ︾ ᠭᠡᠬᠦ ᠳᠤ ᠨᠡᠶᠢᠵᠡ᠄ ︽ᠲᠡᠭᠡᠪᠡᠯ ᠴᠢᠨᠤ | ᠬᠦᠰᠡᠯᠡᠩ ᠶᠠᠭᠤ ᠪᠢᠯᠨ︖︾ ᠭᠡᠵᠦ ᠨᠡᠳᠡ ᠠᠴᠠ ᠠᠰᠠᠭᠤᠵᠦ ᠭᠠᠷᠤᠯ᠎ᠠ᠃ ︽ᠪᠢ ᠨᠢᠭᠡᠨ ᠵᠤᠬᠢᠶᠠᠯᠴᠢ ᠪᠤᠯᠬᠤ | ᠬᠦᠰᠡᠯᠡᠩ ᠲᠠᠢ᠃ ᠤᠴᠢᠷ ᠨᠢ ᠵᠤᠬᠢᠶᠠᠯᠴᠢ ᠪᠤᠯᠪᠠᠯ ᠲᠡᠷᠨ ᠰᠠᠶᠢᠬᠠᠨ ᠤᠷᠴᠢᠯᠠᠩ ᠤᠨ ᠭᠤᠶᠢᠳᠡ ᠦᠵᠡᠮᠵᠢ᠂ ᠡᠨᠡ | ᠰᠠᠶᠢᠬᠠᠨ ᠦᠷᠯᠤᠭᠡᠨ ᠤ ᠦᠵᠡᠮᠵᠢ ᠶᠢ ᠵᠢᠷᠤᠭ ᠠᠴᠠ ᠳᠤᠯᠢᠳᠡᠬᠤ ᠦᠭᠡᠢ ᠰᠠᠶᠢᠬᠠᠨ ᠲᠦᠷᠰᠤᠯᠠᠵᠦ ᠪᠢᠴᠢᠨ᠎ᠡ᠃ | ᠲᠠᠶᠢᠮᠤ ᠠᠴᠠ ᠪᠢ ᠨᠤᠮ ᠵᠤᠬᠢᠶᠠᠯ ᠤᠩᠰᠢᠬᠤ ᠳᠤᠷᠡᠳᠡᠢ᠃ ᠳᠤᠮᠤ ᠪᠤᠯᠪᠠᠯ ᠪᠢ ᠦᠪᠡᠷ ᠤᠨ ᠦᠯᠤᠬᠡᠢ ᠨᠤᠳᠤᠭ ᠤᠨ | ᠶᠠᠭᠤ ᠪᠦᠬᠦᠨ ᠢ ᠵᠤᠬᠢᠶᠠᠯ ᠪᠤᠯᠭᠠᠨ ᠪᠢᠴᠢᠨ᠎ᠡ ᠁︾ ᠭᠡᠵᠦ ᠮᠠᠨᠳᠤᠬᠤ ᠨᠡᠷᠡᠨ ᠢ ᠬᠠᠷᠡᠵᠦ ᠤᠮᠤᠭᠳᠠᠶᠢᠬᠠᠨ | ᠬᠠᠷᠢᠭᠤᠯᠤᠯ᠎ᠠ᠃ ᠲᠡᠭᠡᠬᠦ ᠳᠤ ᠨᠡᠶᠢᠵᠡ ᠮᠢᠨᠢ ᠪᠠᠭ᠋ᠠᠨ ᠪᠤᠳᠤᠯᠬᠢᠯᠠᠵᠦ ᠠᠪᠤᠭᠰᠡᠨ ᠢᠶᠠᠨ᠄ ︽ᠦᠭᠡᠢ᠂ ᠪᠢ ᠵᠢᠷᠤᠭᠴᠢᠨ | ᠪᠤᠯᠬᠤ ᠬᠦᠰᠡᠯᠡᠩ ᠲᠠᠢ᠂ ᠵᠤᠬᠢᠶᠠᠯᠴᠢ ᠶᠢᠨ ᠪᠢᠴᠢᠬᠦ ᠨᠢ ᠵᠦᠪᠬᠡᠨ ᠦᠰᠦᠭ ᠲᠠᠳᠤᠢ ᠯᠠ ᠪᠢᠰᠢ ᠤᠤ︕ ᠵᠢᠷᠤᠭᠴᠢᠨ | ᠬᠦᠮᠤᠨ ᠯᠠ ᠰᠠᠶ᠋ᠢ ᠬᠦᠮᠤᠰ ᠤᠨ ᠬᠠᠶᠢᠷ᠎ᠠ ᠪᠠᠭ᠋ᠠᠷᠬᠠᠯ ᠢ ᠲᠠᠳᠡᠬᠤ ᠭᠤᠶᠢᠳᠡ ᠰᠠᠶᠢᠬᠠᠨ ᠵᠢᠷᠤᠭ ᠢ ᠵᠢᠷᠤᠳᠠᠭ᠃ | ᠢᠩᠬᠢᠪᠡᠯ ᠪᠢ ᠲᠦᠷᠦᠭᠰᠡᠨ ᠨᠤᠳᠤᠭ ᠢᠶᠠᠨ ᠵᠢᠷᠤᠭᠯᠠᠵᠦ ᠪᠠᠶᠢᠭᠠᠳ ᠤᠯᠠᠨ ᠲᠦᠮᠡᠨ ᠳᠤ ᠪᠠᠨ ᠱᠠᠭᠰᠢᠭᠤᠯᠤᠨᠡ︾ | ᠭᠡᠵᠦ ᠤᠷᠮᠠᠳᠠᠶᠢᠬᠠᠨ ᠬᠡᠯᠡᠪᠡ᠃ | ᠪᠢᠳᠡ ᠬᠤᠶᠠᠷ ︽ᠵᠤᠬᠢᠶᠠᠯᠴᠢ ᠰᠠᠶᠢᠬᠠᠨ︾᠂ ︽ᠵᠢᠷᠤᠭᠴᠢᠨ ᠰᠠᠶᠢᠬᠠᠨ︾ ᠭᠡᠵᠦ ᠦᠪᠡᠷ ᠦᠪᠡᠷ ᠤᠨ | ᠬᠦᠰᠡᠯᠡᠩ ᠢᠶᠠᠨ ᠰᠠᠶᠢᠬᠠᠨ ᠬᠡᠵᠦ ᠪᠤᠯᠢᠶᠠᠯᠳᠤᠵᠦ ᠪᠠᠶᠢᠳᠡᠯ᠎ᠡ ᠪᠠᠭᠰᠢ ᠤᠷᠤᠵᠦ ᠢᠷᠡᠨ ᠮᠠᠨ ᠤ ᠬᠤᠶᠠᠭᠤᠯᠨ ᠶᠢᠨ | ᠶᠠᠷᠢᠶ᠎ᠠ ᠶᠢ ᠲᠠᠰᠤᠯᠪᠡ᠃ ᠶᠠᠷᠢᠯᠴᠠᠭ᠎ᠠ ᠲᠠᠰᠤᠷᠠᠭᠰᠡᠨ ᠪᠤᠯᠪᠠᠴᠦ ᠪᠤᠳᠤᠯ ᠠᠷᠢᠯᠤᠭ᠎ᠠ ᠦᠭᠡᠢ ᠪᠠᠶᠢᠳᠡᠯ᠎ᠡ ᠬᠤᠩᠬᠤ | ᠳᠤᠤᠭᠠᠷᠴᠤ ᠲᠠᠪᠳᠠᠯᠭ᠎ᠠ ᠪᠠᠭᠤᠬᠤ ᠳᠤ ᠪᠢᠳᠡ ᠬᠤᠶᠠᠭᠤᠯᠨ ᠪᠠᠶ᠎ᠠ ᠪᠠᠶ᠎ᠠ ᠪᠠᠨ ᠬᠠᠷᠡᠵᠦ ᠠᠪᠤᠭᠰᠡᠨ ᠢᠶᠠᠨ ᠪᠠᠭᠰᠢ ᠶᠢᠨ | ᠲᠡᠷᠭᠡᠳᠡ ᠬᠦᠷᠴᠦ ᠤᠴᠢᠭᠠᠳ᠄ ︽ᠵᠢᠷᠤᠭᠴᠢᠨ ᠪᠠ ᠵᠤᠬᠢᠶᠠᠯᠴᠢ ᠪᠤᠯᠬᠤ ᠬᠦᠰᠡᠯᠡᠩ ᠤᠨ ᠠᠯᠢᠨ ᠨᠢ ᠰᠠᠶᠢᠬᠠᠨ ᠪᠤᠢ︖ | ︾ ᠭᠡᠵᠦ ᠵᠡᠷᠭᠡ ᠪᠠᠷ ᠠᠰᠠᠭᠤᠬᠤ ᠳᠤ ᠪᠠᠭᠰᠢ ᠡᠨᠡᠷᠢᠩᠬᠦᠢ ᠪᠠᠷ ᠢᠨᠢᠶᠡᠮᠰᠦᠭᠯᠡᠨ᠄ ︽ᠵᠢᠷᠤᠭᠴᠢᠨ ᠵᠤᠬᠢᠶᠠᠯᠴᠢ ᠪᠦᠷ | ᠦᠪᠡᠷ ᠦᠪᠡᠷ ᠤᠨ ᠰᠠᠶᠢᠨ ᠲᠠᠯ᠎ᠠ ᠲᠠᠢ᠃ ︽ᠬᠦᠮᠤᠨ ᠪᠦᠬᠦᠨ ᠤ ᠬᠦᠰᠡᠯᠡᠩ ᠪᠦᠷ ᠠᠳᠡᠯᠢ ᠦᠭᠡᠢ ᠪᠠᠶᠢᠳᠠᠭ ᠰᠢᠤ᠃ | ᠬᠦᠰᠡᠯᠡᠩ ᠢᠶᠠᠨ ᠪᠠᠶᠠᠯᠠᠬᠦᠯᠬᠦ ᠶᠢᠨ ᠲᠦᠯᠤᠭᠡ ᠴᠢᠷᠮᠠᠶᠢᠬᠤ ᠨᠢ ᠨᠡᠩ ᠰᠠᠶᠢᠨ ᠰᠢᠤ᠂ ᠬᠡᠤᠬᠡᠳ ᠮᠢᠨᠢ︕︾ ᠭᠡᠵᠦ | ᠪᠢᠳᠡ ᠬᠤᠶᠠᠷ ᠤᠨ ᠳᠤᠯᠤᠭᠠᠢ ᠶᠢ ᠢᠯᠪᠢᠨ ᠪᠠᠶᠠᠷᠳᠠᠶᠢᠬᠠᠨ ᠬᠡᠯᠡᠯ᠎ᠡ᠃ | ᠪᠠᠭᠰᠢ ᠶᠢᠨ ᠡᠨᠡᠬᠦ ᠰᠠᠶᠢᠬᠠᠨ ᠬᠠᠷᠢᠭᠤᠯᠳᠡ ᠶᠢ ᠰᠤᠨᠤᠰᠤᠭᠠᠳ ᠪᠢᠳᠡ ᠬᠤᠶᠠᠷ ᠬᠢᠴᠢᠶᠠᠯ ᠰᠤᠷᠤᠯᠭ᠎ᠠ ᠳᠤ ᠪᠠᠨ | ᠰᠢᠮᠳᠠᠬᠤ ᠵᠤᠷᠢᠭ ᠤᠷᠤᠵᠦ ᠲᠠᠪᠳᠡᠵᠦ ᠡᠬᠢᠯᠡᠯ᠎ᠡ᠃ ᠬᠡᠳᠤᠨ ᠡᠳᠤᠷ ᠤᠨ ᠲᠠᠷᠠᠭ᠎ᠠ ᠠᠮᠢᠳᠤ ᠪᠤᠳᠡᠰ ᠤᠨ ᠰᠠᠷ᠎ᠠ ᠶᠢᠨ | ᠰᠢᠯᠭᠠᠯᠳᠡ ᠶᠢᠨ ᠬᠤᠪᠢ ᠨᠡᠶᠢᠳᠡᠯᠡᠭᠳᠡᠪᠡ᠃ ᠪᠠᠭᠰᠢ᠄ ︽ᠬᠡᠨ ᠤ ᠨᠡᠷ᠎ᠡ ᠶᠢ ᠳᠤᠷᠡᠳᠪᠡᠯ ᠬᠡᠨ ᠰᠢᠯᠭᠠᠯᠳᠡ ᠪᠠᠨ | ᠳᠤᠰᠬᠤ ᠪᠠᠷ ᠢᠷᠡᠭᠡᠷᠠᠢ︕︾ ᠭᠡᠳ ᠨᠢᠭᠡ ᠨᠢᠭᠡ ᠪᠠᠷ ᠨᠡᠶᠢᠳᠡᠯᠡᠵᠦ ᠪᠠᠶᠢᠬᠤ ᠶᠢ ᠠᠩᠬᠠᠷᠤᠨ ᠰᠤᠨᠤᠰᠴᠦ ᠪᠠᠶᠢᠳᠡᠯ᠎ᠡ | ᠯᠢ ᠯᠢ ᠲᠠᠪᠢᠨ ᠨᠡᠢᠮᠡᠨ ᠬᠤᠪᠢ ᠬᠡᠰᠡᠨ ᠢ ᠰᠤᠨᠤᠰᠤᠩᠭᠤᠳᠡ ᠬᠦᠯ ᠭᠠᠵᠡᠷ ᠬᠦᠷᠬᠦ ᠦᠭᠡᠢ ᠪᠠᠶᠠᠷᠯᠠᠵᠦ᠂ ᠪᠠᠭᠰᠢ ᠶᠢᠨ | ᠲᠡᠷᠭᠡᠳᠡ ᠶᠠᠭᠠᠬᠢᠵᠦ ᠰᠤᠮᠤᠳᠡᠨ ᠬᠦᠷᠦᠭᠰᠡᠨ ᠢ ᠮᠡᠳᠡᠭᠰᠡᠨ ᠦᠭᠡᠢ᠃ ᠰᠢᠯᠭᠠᠯᠳᠡ ᠶᠢᠨ ᠬᠠᠭᠤᠳᠡᠰᠤ ᠪᠠᠨ ᠳᠤᠰᠤᠭᠠᠳ | ᠤᠷᠤᠨ ᠳᠤ ᠪᠠᠨ ᠰᠠᠭᠤᠮᠠᠭᠴᠠ ᠪᠠᠭᠰᠢ ᠶᠢᠨ ᠬᠡᠯᠡᠭᠰᠡᠨ ᠢ ᠰᠠᠨᠠᠵᠦ ᠤᠯᠤᠭᠠᠳ ᠰᠠᠶᠢᠬᠠᠨ ᠬᠦᠰᠡᠯᠡᠩ ᠳᠤ ᠪᠠᠨ | ᠬᠦᠷᠬᠦ ᠪᠠᠷ ᠤᠳᠤ ᠠᠴᠠ ᠪᠠᠨ ᠴᠢᠷᠮᠠᠶᠢᠨ ᠰᠤᠷᠤᠯᠴᠠᠵᠦ ᠬᠠᠷᠡᠯᠳᠡ ᠳᠤ ᠪᠠᠨ ᠬᠦᠷᠬᠦ ᠨᠢ ᠨᠡᠩ ᠴᠢᠬᠤᠯᠨ᠂ ᠨᠡᠩ | ᠵᠢᠷᠭᠠᠯᠳᠡᠢ ᠰᠢᠭ᠋ ᠰᠠᠨᠠᠭᠳᠡᠵᠦ ᠰᠤᠷᠬᠤ ᠶᠢᠨ ᠵᠢᠷᠭᠠᠯ ᠢ ᠡᠳ᠋ᠯᠡᠵᠦ᠂ ᠴᠢᠷᠮᠠᠶᠢᠨ ᠲᠡᠮᠡᠴᠡᠬᠦ ᠢᠳᠡᠭᠡᠯ ᠵᠤᠷᠢᠭ ᠤᠯᠠᠮ | ᠡᠷᠴᠢᠯᠡᠭᠳᠡᠵᠦ ᠢᠷᠡᠯ᠎ᠡ᠃ | ᠬᠦᠰᠡᠯᠡᠩ ᠭᠡᠭᠴᠢ ᠬᠡᠤᠬᠡᠳ ᠤᠨ ᠤᠶᠤᠨ ᠤ ᠵᠢᠬᠦᠷ᠂ ᠡᠶᠢᠮᠤ ᠵᠢᠬᠦᠷ ᠲᠠᠢ ᠳᠤ ᠪᠠᠨ ᠲᠡᠭᠷᠢ ᠳᠤ ᠨᠢᠰᠤᠨ | ᠰᠠᠨᠰᠠᠷ ᠢᠶᠠᠷ ᠠᠶᠠᠯᠠᠵᠦ᠂ ᠲᠠᠯᠠᠢ ᠳᠤ ᠱᠤᠩᠪᠡᠨ ᠡᠷᠳᠡᠨᠢ ᠰᠤᠪᠤᠳ ᠲᠡᠬᠦᠵᠦ ᠢᠷᠡᠳᠡᠭ ᠨᠢ ᠦᠨᠡᠨ ᠪᠠᠶᠢᠨ᠎ᠡ ᠁ | ᠠᠮᠢᠳᠤᠷᠡᠯ ᠬᠦᠰᠡᠯᠡᠩ ᠲᠠᠢ ᠰᠠᠶᠢᠬᠠᠨ᠂ ᠬᠦᠰᠡᠯᠡᠩ ᠤᠨ ᠢᠶᠠᠨ ᠲᠦᠯᠤᠭᠡ ᠲᠡᠮᠡᠴᠡᠵᠦ ᠲᠡᠮᠡᠤᠯᠬᠦ ᠨᠢ ᠨᠡᠩ ᠴᠦ | ᠰᠠᠶᠢᠬᠠᠨ ᠶᠤᠮ ᠡ︕ | ᠵᠤᠬᠢᠶᠠᠬᠴᠢ᠄ ᠡᠤ ᠯᠢ ᠯᠢ ︵ᠵᠠᠯᠠᠶᠢᠳ ᠬᠤᠰᠢᠭᠤᠨ ᠤ ᠢᠨᠳᠡᠷ ᠲᠠᠬᠢ ᠵᠢᠷᠭᠤᠳᠤᠭᠠᠷ ᠳᠤᠮᠳᠠᠲᠦ ᠰᠤᠷᠭᠠᠭᠤᠯᠢ ᠶᠢᠨ | ᠬᠤᠶᠠᠷ ᠤᠨ ᠲᠦᠷᠪᠡ︶ | ᠵᠢᠯᠤᠭᠤᠳᠤᠭᠰᠡᠨ ᠪᠠᠭᠰᠢ᠄ ᠪᠤᠤ ᠭᠤᠸ᠎ᠠ | | |