ᠡᠵᠢ ᠮᠢᠨᠢ ᠶᠢᠷᠳᠢᠨᠴᠦ ᠶᠢᠨ ᠮᠦᠩᠭᠡ ᠪᠤᠰᠤ ᠶᠢ ᠬᠠᠷᠠᠭᠤᠯᠤᠭᠠᠳ ᠨᠢᠭᠡᠨᠳᠡ ᠵᠢᠷᠭᠤᠭᠠᠨ ᠵᠢᠯ ᠢᠯᠡᠭᠦᠦ ᠪᠤᠯᠤᠯ᠎ᠠ᠃ | ᠤᠨ ᠵᠢᠯ ᠤᠨ ᠤᠷᠤᠰᠬᠠᠯ ᠨᠢ ᠤᠷᠴᠢᠯᠠᠩ ᠤᠨ ᠬᠦᠮᠦᠨ ᠤ ᠤᠶᠤᠨ ᠪᠤᠳᠤᠯ ᠠᠴᠠ ᠤᠯᠠᠩᠭᠢ ᠵᠦᠢᠯ ᠢ ᠠᠷᠢᠯᠭᠠᠳᠠᠭ | ᠴᠤ ᠠᠴᠢᠳᠤ ᠡᠵᠢ ᠶᠢᠨ ᠮᠢᠨᠢ ᠲᠦᠷᠢ ᠲᠦᠯᠦᠪ ᠦᠭᠡ ᠶᠠᠷᠢᠶ᠎ᠠ ᠦᠢᠯᠡ ᠠᠵᠢᠯᠯᠠᠭ᠎ᠠ ᠨᠢ ᠵᠢᠷᠦᠭᠡᠨ ᠤ ᠲᠤᠯᠳᠤ ᠳᠤ | ᠠᠷᠢᠯᠤᠰᠢ ᠦᠭᠡᠢ ᠢᠮ ᠲᠠᠮᠠᠭ᠎ᠠ ᠦᠯᠡᠳᠡᠭᠡᠵᠤ ᠦᠨᠢᠳᠡ ᠮᠦᠩᠭᠡᠷᠡᠪᠡ᠃ | ᠮᠢᠨᠦ ᠡᠵᠢ ᠪᠤᠯ ᠨᠢᠭᠡᠨ ᠡᠭᠡᠯ ᠵᠢᠷ ᠤᠨ ᠲᠠᠷᠢᠶᠠᠴᠢᠨ ᠪᠦᠰᠡᠭᠦᠢ ᠦᠷ᠎ᠡ ᠬᠡᠤᠬᠡᠳ ᠢᠶᠠᠨ ᠬᠦᠮᠦᠨ ᠤ ᠵᠡᠷᠭᠡ ᠳᠤ | ᠬᠦᠷᠭᠡᠬᠦ ᠶᠢᠨ ᠲᠦᠯᠦᠭᠡ ᠠᠮᠢᠳᠤᠷᠠᠯ ᠢᠶᠠᠨ ᠦᠭᠡᠳᠡ ᠲᠠᠳᠠᠬᠤ ᠪᠠᠷ ᠦᠵᠡᠬᠦ ᠦᠭᠡᠢ ᠦᠢᠯᠡ ᠶᠢ ᠦᠵᠡᠵᠤ᠂ ᠦᠭᠡᠷ | ᠴᠠᠮ ᠢᠶᠠᠨ ᠬᠠᠷᠠᠶᠢᠵᠤ᠂ ᠬᠠᠯᠠ ᠦᠵᠡᠵᠤ ᠬᠠᠯᠠᠭᠤᠨ ᠴᠢᠯᠠᠭᠤ ᠲᠤᠯᠢᠶᠠᠬᠰᠠᠨ ᠶᠤᠮ᠃ ᠡᠪᠤᠯ ᠤᠨ ᠡᠳᠦᠷ | ᠦᠳᠦᠷᠮ᠎ᠡ ᠶᠢᠨ ᠲᠤᠯᠢ ᠠᠴᠠ ᠡᠷᠳᠡᠨᠢ ᠰᠢᠰᠢ ᠶᠢᠨ ᠨᠠᠪᠴᠢ ᠡᠭᠦᠷᠴᠦ ᠲᠦᠯᠡᠰᠢ ᠬᠢᠬᠦ ᠪᠠᠷ ᠲᠠᠭᠠᠷᠠᠵᠤ ᠪᠡᠭᠡᠷᠡᠨ | ᠪᠦᠳᠦᠴᠢᠨ ᠤᠨᠠᠵᠤ ᠶᠠᠪᠤᠵᠠᠢ᠃ ᠰᠢᠳᠠᠮ᠎ᠠ ᠬᠠᠯᠠᠭᠤᠨ ᠨᠠᠷᠠᠨ ᠳᠤ ᠲᠠᠷᠢᠶᠠᠨ ᠪᠤᠵᠠᠷ ᠦᠭᠳᠡᠭᠡᠵᠤ ᠦᠯᠦᠰᠴᠦ | ᠤᠮᠳᠠᠭᠠᠰᠴᠤ ᠶᠠᠪᠤᠵᠠᠢ᠃ ᠨᠠᠮᠤᠷ ᠤᠨ ᠰᠡᠭᠦᠯᠴᠢ ᠡᠪᠤᠯ ᠤᠨ ᠡᠬᠢᠨ ᠤ ᠮᠦᠰᠦ ᠬᠦᠯᠳᠡᠭᠰᠡᠨ ᠤᠰᠤᠨ ᠲᠤᠳᠤᠷ᠎ᠠ ᠠᠴᠠ | ᠤᠳᠤᠯ ᠰᠢᠪᠳᠤᠷᠴᠤ ᠦᠴᠦᠭᠡᠨ ᠴᠤ ᠬᠡᠰᠡᠨ ᠵᠤᠭᠤᠰ ᠬᠤᠪᠢᠯᠭᠠᠨ ᠠᠮᠢᠳᠤᠷᠠᠯ ᠤᠨ ᠨᠦᠬᠦᠪᠤᠷᠢ ᠪᠤᠯᠭᠠᠬᠤ ᠪᠠᠷ | ᠵᠢᠳᠬᠦᠵᠤ ᠪᠠᠶᠢᠬᠰᠠᠨ᠃ ᠡᠳᠦᠷᠵᠢᠨ ᠮᠤᠩᠭᠠᠨᠢᠵᠤ ᠤᠷᠤᠢ ᠨᠢ ᠲᠤᠰᠤᠨ ᠳ᠋ᠧᠩ ᠤᠨ ᠲᠤᠤᠷ᠎ᠠ ᠤᠶᠤᠳᠠᠯ ᠤᠶᠤᠵᠤ | ᠬᠤᠷᠤᠭᠤ ᠬᠢᠮᠤᠰᠤ ᠪᠠᠨ ᠪᠠᠷᠠᠭᠠᠵᠤ ᠶᠠᠪᠤᠵᠠᠢ᠃ ᠤᠯᠠ ᠤᠶᠤᠵᠤ ᠱᠠᠬᠠᠢ ᠬᠢᠨ᠎ᠡ᠃ ᠤᠳᠠᠰᠤ ᠡᠷᠢᠵᠤ ᠨᠤᠤᠰᠤᠨ | ᠲᠡᠪᠡᠯ ᠨᠡᠭᠡᠵᠤ ᠦᠭᠭᠦᠨ᠎ᠡ᠃ ᠬᠦᠭᠡᠭᠡ ᠡᠪᠤᠯ ᠤᠨ ᠲᠡᠰᠬᠢᠮ᠎ᠡ ᠬᠦᠢᠳᠡᠨ ᠳᠤ ᠲᠡᠭᠡᠷᠮ᠎ᠡ ᠶᠢᠨ ᠭᠡᠷ ᠲᠤ ᠭᠤᠯᠢᠷ | ᠪᠤᠳᠠᠭ᠎ᠠ ᠴᠠᠶᠢᠯᠭᠠᠨ ᠲᠠᠯᠠᠬᠳᠠᠬᠤ ᠪᠠᠷ ᠬᠡᠳᠦᠨ ᠰᠦᠨᠢ ᠬᠡᠳᠦᠨ ᠡᠳᠦᠷ ᠲᠠᠭᠠᠷᠠᠵᠤ ᠪᠡᠭᠡᠷᠡᠵᠤ ᠶᠠᠪᠤᠯ᠎ᠠ᠃ ᠡᠵᠢ ᠮᠢᠨᠢ | ᠢᠩᠭᠢᠵᠤ ᠯᠡ ᠪᠢᠳᠡᠨ ᠤ ᠪᠠᠨ ᠲᠦᠯᠦᠭᠡ ᠠᠮᠢ ᠲᠡᠮᠡᠴᠡᠨ ᠴᠢᠷᠮᠠᠶᠢᠵᠤ ᠯᠡ ᠶᠠᠪᠤᠯ᠎ᠠ᠃ | ᠡᠭᠡᠴᠤᠤᠯ ᠤᠨ ᠪᠠᠶᠠᠷ ᠤᠨ ᠡᠳᠦᠷ ᠤᠶᠢᠷᠠᠳᠬᠤ ᠶᠢ ᠲᠠᠭᠠᠯᠳᠤᠨ ᠡᠵᠢ ᠶᠢᠨ ᠲᠦᠷᠢ ᠲᠦᠯᠦᠪ ᠶᠡᠷᠦ ᠨᠢ ᠤᠶᠤᠨ | ᠲᠠᠷᠢᠬᠢᠨ ᠳᠤ ᠡᠷᠭᠢᠯᠳᠦᠭᠡᠳ ᠯᠡ ᠪᠠᠶᠢᠨ᠎ᠠ᠃ ᠦᠴᠦᠭᠡᠳᠦᠷ ᠰᠦᠨᠢ ᠶᠡᠷᠦ ᠨᠢ ᠬᠠᠶᠢᠷᠠᠳᠤ ᠡᠵᠢ ᠪᠠᠨ ᠰᠠᠨᠠᠨ ᠰᠠᠨᠠᠨ | ᠨᠦᠢᠷ ᠬᠤᠯᠵᠢᠭᠠᠳ ᠤᠨᠳᠠᠵᠤ ᠤᠷᠤᠬᠤ ᠦᠭᠡᠢ ᠪᠠᠶᠢᠬᠰᠠᠨ ᠢᠶᠠᠨ ᠬᠡᠨᠡᠳᠳᠡ ᠵᠡᠭᠦᠷᠮᠡᠭᠯᠡᠨ ᠡᠵᠢ ᠨᠠᠳᠠ ᠶᠢ᠄ ︽ | ᠰᠡᠴᠡᠨ ᠡ᠂ ᠮᠢᠨᠦ ᠬᠢᠮᠤᠰᠤ ᠪᠠᠭ᠎ᠠ ᠤᠷᠳᠤ ᠪᠤᠯᠤᠬᠰᠠᠨ ᠰᠢᠬ ᠁︾ ᠬᠡᠵᠡᠢ᠃ ᠲᠡᠭᠡᠭᠡᠳ ᠪᠢ ᠬᠢᠮᠤᠰᠤ ᠶᠢ ᠨᠢ | ᠵᠠᠰᠠᠵᠤ ᠦᠭᠭᠦ ᠪᠠᠷ ᠤᠷᠤᠯᠳᠤᠵᠤ ᠪᠠᠶᠢᠬᠰᠠᠭᠠᠷ ᠤᠪᠠᠶᠢᠨ ᠳᠤ ᠦᠭᠡᠢ ᠴᠢᠰᠦ ᠭᠠᠷᠭᠠᠬᠰᠠᠨ ᠳᠤ ᠰᠠᠨᠳᠤᠷᠬᠤ᠋ ᠳᠤ ᠪᠠᠨ | ︽ᠡᠵᠢ ᠡ︾ ᠬᠡᠵᠤ ᠬᠠᠰᠬᠢᠷᠤᠭᠠᠳ ᠰᠡᠷᠢᠪᠠ᠃ | ᠡᠵᠢ ᠮᠢᠨᠢ ᠠᠷᠪᠠᠭᠠᠳᠬᠠᠨ ᠨᠠᠰᠤᠳᠠᠢ ᠳᠤ ᠪᠠᠨ ᠡᠨᠡᠷᠢᠯᠳᠦ ᠡᠵᠢ ᠠᠴᠠ ᠪᠠᠨ ᠬᠠᠭᠠᠴᠠᠨ ᠰᠠᠯᠵᠤ ᠦᠨᠦᠴᠢᠨ | ᠪᠤᠯᠤᠬᠰᠠᠨ ᠲᠤᠯᠠ ᠠᠮᠢᠳᠤᠷᠠᠯ ᠨᠢ ᠨᠡᠩ ᠬᠦᠴᠢᠷ ᠲᠠᠢ ᠪᠤᠯᠵᠤ᠂ ᠬᠦᠯ ᠭᠠᠷ ᠨᠢ ᠤᠯᠠᠨᠳᠠ ᠬᠦᠯᠳᠡᠭᠰᠡᠨ ᠶᠤᠮ᠃ ᠶᠠᠭ | ᠡᠶᠢᠮᠦ ᠠᠴᠠ ᠭᠢᠮᠤᠰᠤ ᠨᠢ ᠵᠢᠭᠠᠬᠠᠨ ᠤᠷᠳᠤ ᠪᠤᠯᠤᠬᠰᠠᠭᠠᠷ ᠵᠤᠪ ᠵᠤᠵᠠᠭᠠᠨ ᠪᠤᠯᠵᠤ ᠵᠠᠰᠠᠬᠤ ᠳᠤ ᠮᠠᠰᠢ ᠲᠦᠪᠡᠭᠳᠡᠢ | ᠪᠤᠯᠳᠠᠭ᠃ | ᠡᠵᠢ ᠮᠢᠨᠢ ᠬᠠᠷᠠᠬᠠᠨ ᠪᠠᠭ᠎ᠠ ᠠᠴᠠ ᠪᠠᠨ ᠦᠨᠦᠴᠢᠨ ᠦᠰᠦᠭᠰᠡᠨ ᠲᠤᠯᠠ ᠬᠡᠳᠦ᠋ᠢᠪᠡᠷ ᠰᠡᠴᠡᠨ ᠰᠡᠷᠭᠦᠯᠡᠩ | ᠪᠤᠯᠪᠠᠴᠤ ᠪᠢᠴᠢᠭ ᠰᠤᠶᠤᠯ ᠤᠨ ᠮᠦᠷ ᠢ ᠭᠦᠬᠡᠬᠡᠵᠤ ᠲᠡᠶᠢᠯᠦᠭᠰᠡᠨ ᠦᠭᠡᠢ᠃ ᠡᠨᠡ ᠨᠢ ᠡᠵᠢ ᠶᠢᠨ ᠮᠢᠨᠢ ᠨᠠᠰᠤᠨ | ᠲᠤᠷᠰᠢ ᠶᠢᠨ ᠬᠠᠷᠠᠮᠰᠠᠯ ᠪᠤᠯᠵᠠᠢ᠃ ᠡᠶᠢᠮᠦ ᠶᠢᠨ ᠲᠤᠯᠠ ᠮᠠᠨ ᠤ ᠡᠭᠡᠴᠢ ᠲᠡᠭᠦᠤ ᠲᠠᠪᠤᠭᠤᠯᠠ ᠶᠢ ᠪᠢᠴᠢᠭ ᠰᠤᠶᠤᠯ | ᠰᠤᠷᠭᠠᠬᠤ ᠶᠢ ᠶᠡᠭᠡᠳᠡ ᠴᠢᠬᠤᠯᠠᠴᠢᠯᠠᠳᠠᠭ ᠪᠠᠶᠢᠬᠰᠠᠨ᠃ ᠪᠠᠭ᠎ᠠ ᠶᠢᠨ ᠦᠶ᠎ᠡ ᠳᠤ ᠠᠶᠢᠯ ᠤᠨ ᠬᠡᠤᠬᠡᠨᠴᠤᠳ ᠱᠠᠬᠠᠢ | ᠭᠤᠳᠤᠯ ᠤᠶᠤᠵᠤ ᠪᠠᠶᠢᠬᠤ ᠶᠢ ᠦᠵᠡᠪᠡᠯ ᠪᠢ ᠪᠠᠰᠠ ᠰᠤᠷᠬᠤ ᠪᠠᠷ ᠤᠷᠤᠯᠳᠤᠳᠠᠭ᠃ ᠲᠡᠭᠡᠪᠡᠯ ᠡᠵᠢ ᠶᠠᠷᠦ ᠨᠢ᠄ ︽ | ᠬᠡᠤᠬᠡᠨ ᠮᠢᠨᠢ ᠤᠶᠤᠳᠠᠯ ᠤᠶᠤᠵᠤ ᠰᠤᠷᠬᠤ ᠶᠢᠨ ᠤᠷᠤᠨ ᠳᠤ ᠪᠢᠴᠢᠭ ᠰᠤᠶᠤᠯ ᠢᠶᠠᠨ ᠰᠠᠶᠢᠬᠠᠨ ᠡᠷᠬᠢᠮᠯᠡᠵᠤ ᠰᠢᠮᠳᠠ᠂ | ᠪᠢ ᠨᠢᠭᠡ ᠨᠠᠰᠤᠨ ᠳᠤ ᠪᠠᠨ ᠦᠪᠡᠷ ᠪᠤᠰᠤᠳ ᠤᠨ ᠤᠶᠤᠳᠠᠯ ᠢ ᠲᠤᠭ᠎ᠠ ᠦᠭᠡᠢ ᠤᠶᠤᠬᠰᠠᠨ ᠪᠤᠯᠪᠠᠴᠤ ᠤᠳᠤ ᠬᠠᠷᠢᠨ | ᠨᠢᠭᠡ ᠵᠦᠢᠷᠡᠢ ᠱᠠᠬᠠᠢ ᠴᠤ ᠬᠠᠳᠠᠭᠠᠯᠠᠵᠤ ᠲᠡᠶᠢᠯᠦᠭᠰᠡᠨ ᠦᠭᠡᠢ᠃ ᠡᠷᠳᠡᠮ ᠨᠤᠮ ᠪᠢᠴᠢᠭ ᠰᠤᠶᠤᠯ ᠢᠶᠠᠨ ᠰᠠᠶᠢᠳᠤᠷ | ᠡᠵᠡᠮᠰᠢᠴᠢᠭᠡᠪᠡᠯ ᠲᠠᠷᠢᠬᠢ ᠲᠤᠯᠤᠭᠠᠢ ᠲᠤᠳᠤᠷ᠎ᠠ ᠠᠴᠠ ᠴᠢᠨᠢ ᠭᠡᠨ ᠴᠤ ᠠᠪᠠᠴᠢᠵᠤ ᠲᠡᠶᠢᠯᠬᠦ ᠦᠭᠡᠢ ᠰᠢᠤ ᠁︾ | ᠬᠡᠵᠤ ᠰᠤᠷᠭᠠᠳᠠᠭ᠃ | ᠪᠢ ᠠᠪᠤ ᠡᠵᠢ ᠠᠴᠠ ᠪᠠᠨ ᠡᠭᠡᠴᠢ ᠦᠬᠢᠨ ᠲᠡᠭᠦᠦ ᠪᠠ ᠲᠡᠭᠦᠦ ᠲᠠᠢ ᠲᠠᠪᠤᠭᠤᠯᠠ ᠪᠠᠶᠢᠳᠠᠭ᠃ ᠠᠶᠢᠯ ᠤᠨ | ᠵᠠᠷᠢᠮ ᠬᠦᠮᠦᠰ ᠶᠡᠷᠦ ᠨᠢ᠄ ︽ᠠᠮᠢᠳᠤᠷᠠᠯ ᠴᠢᠨᠢ ᠡᠶᠢᠮᠦ ᠬᠦᠴᠢᠷ ᠲᠠᠢ ᠪᠠᠶᠢᠭᠠᠳ ᠬᠡᠤᠬᠡᠨ ᠬᠦᠮᠦᠨ ᠢ ᠪᠢᠴᠢᠭ | ᠦᠵᠡᠭᠦᠯᠦᠭᠡᠳ ᠶᠠᠮᠠᠷ ᠲᠤᠯᠤᠭᠠᠢ ᠳᠤ ᠪᠠᠨ ᠭᠤᠷᠪᠠᠨ ᠠᠶᠠᠭ᠎ᠠ ᠤᠰᠤ ᠲᠠᠢ ᠪᠤᠢ︖ ᠮᠤᠩᠭᠤᠯ ᠪᠢᠴᠢᠭ ᠭᠡᠳᠡᠭ ᠴᠢᠨᠢ | ᠪᠠᠶᠢᠴᠧᠩ ᠬᠦᠷᠪᠡᠯ ᠬᠡᠷᠡᠭᠯᠡᠬᠦ ᠬᠦᠮᠦᠨ ᠦᠭᠡᠢ ᠰᠢᠤ︾ ᠬᠡᠵᠤ ᠬᠡᠯᠡᠬᠦ ᠳᠤ ᠨᠢ ᠡᠵᠢ ᠮᠢᠨᠢ ᠬᠠᠷᠢᠨ᠄ ︽ᠬᠡᠤᠭᠡᠨ ᠨᠢ | ᠶᠠᠭᠠᠬᠢᠳᠠᠭ ᠶᠤᠮ ᠪᠤᠢ︖ ᠵᠢᠬᠦᠷ ᠰᠦᠳᠦ ᠶᠢ ᠨᠢ ᠪᠦᠷᠢᠳᠦᠬᠦᠯᠴᠢᠬᠡᠪᠡᠯ ᠬᠦᠤ ᠪᠠᠷ ᠴᠢᠨᠢ ᠰᠤᠯᠢᠬᠤ ᠦᠭᠡᠢ ᠶᠤᠮ᠃ | ᠮᠤᠩᠭᠤᠯ ᠬᠡᠤᠬᠡᠳ ᠮᠤᠩᠭᠤᠯ ᠪᠢᠴᠢᠭ ᠦᠵᠡᠬᠦ ᠴᠢᠨᠢ ᠲᠡᠭᠷᠢ ᠶᠢᠨ ᠵᠦᠢ ᠭᠠᠵᠠᠷ ᠤᠨ ᠶᠤᠰᠤ︾ ᠬᠡᠵᠤ ᠬᠠᠷᠢᠭᠤᠯᠳᠠᠭ | ᠶᠤᠮ ᠪᠠᠶᠢᠵᠠᠢ᠃ | ᠡᠵᠢ ᠪᠤᠯ ᠮᠠᠰᠢ ᠰᠦᠰᠦ ᠵᠤᠷᠢᠭ ᠲᠠᠢ ᠬᠦᠮᠦᠨ ᠶᠤᠮ᠃ ᠠᠮᠢᠳᠤᠷᠠᠯ ᠤᠨ ᠲᠦᠪᠡᠭ ᠭᠠᠴᠢᠬᠳᠠᠯ ᠠᠴᠠ ᠵᠢᠯ | ᠪᠦᠷᠢ ᠶᠢᠨ ᠨᠠᠮᠤᠷ ᠤᠨ ᠬᠤᠷᠢᠶᠠᠯᠳᠠ ᠲᠠᠭᠤᠰᠤᠬᠰᠠᠨ ᠤ ᠰᠡᠭᠦᠯᠡᠷ ᠲᠠᠷᠢᠶᠠᠨ ᠲᠠᠯᠠᠩ ᠤᠨ ᠲᠤᠳᠤᠷ᠎ᠠ ᠠᠴᠠ ᠨᠠᠷᠠᠨ | ᠬᠤᠸᠠᠷ ᠤᠨ ᠦᠷ᠎ᠡ ᠲᠡᠭᠦᠳᠡᠭ᠃ ᠡᠵᠢ ᠡᠷᠳᠡ ᠶᠢᠨ ᠬᠤᠭᠤᠯᠠ ᠪᠠᠨ ᠢᠳᠡᠵᠤ ᠪᠠᠷᠠᠬᠰᠠᠨ ᠤ ᠲᠠᠷᠠᠭ᠎ᠠ ᠬᠦᠭᠡ | ᠦᠩᠭᠡᠳᠡᠢ ᠬᠤᠷᠮᠦ᠋ᠢᠪᠴᠢ ᠪᠠᠨ ᠪᠦᠰᠡᠯᠡᠵᠤ᠂ ᠰᠠᠬᠰᠤ᠂ ᠲᠡᠪᠢᠭᠦᠷ᠂ ᠤᠭᠤᠳᠠ ᠬᠡᠤᠳᠡᠢ ᠵᠡᠷᠭᠡ ᠪᠠᠨ ᠠᠪᠤᠭᠠᠳ | ᠨᠠᠷᠠᠨ ᠬᠤᠸᠠᠷ ᠲᠠᠷᠢᠬᠰᠠᠨ ᠲᠠᠷᠢᠶ᠎ᠠ ᠶᠢ ᠴᠢᠭᠯᠡᠳᠡᠭ᠃ ᠲᠡᠭᠡᠭᠡᠳ ᠭᠠᠵᠠᠷ ᠤᠨᠠᠬᠰᠠᠨ ᠨᠠᠷᠠᠨ ᠬᠤᠸᠠᠷ ᠤᠨ ᠦᠷ᠎ᠡ ᠶᠢ | ᠨᠢᠭᠡ ᠨᠢᠭᠡ ᠮᠦᠬᠦᠯᠢᠭ ᠢᠶᠠᠷ ᠲᠡᠭᠦᠭᠦ ᠪᠤᠶᠤ ᠱᠦᠭᠦᠷᠳᠡᠨ ᠴᠤᠬᠯᠠᠭᠤᠯᠵᠤ᠂ ᠲᠡᠪᠢᠨ ᠠᠷᠢᠯᠭᠠᠵᠤ ᠠᠭᠤᠳᠠᠯᠠᠵᠤ | ᠠᠪᠳᠠᠭ᠃ ᠢᠩᠭᠢᠵᠦ ᠨᠢᠭᠡ ᠨᠠᠮᠤᠷ ᠡᠷᠳᠡᠯᠡᠵᠤ ᠤᠷᠦ᠋ᠢᠯᠠᠵᠤ ᠲᠠᠪᠤ ᠵᠢᠷᠭᠤᠭᠠᠨ ᠵᠠᠭᠤᠨ ᠵᠢᠩ ᠲᠡᠭᠦᠳᠡᠭ᠃ | ᠲᠡᠭᠦᠨ ᠢᠶᠠᠨ ᠬᠠᠳᠠᠭᠠᠵᠤ ᠬᠠᠭᠤᠷᠤᠭᠠᠳ ᠬᠤᠳᠠ ᠳᠤ ᠠᠪᠠᠴᠢᠵᠤ ᠨᠢᠭᠡ ᠨᠢᠭᠡ ᠴᠤᠮᠦ ᠪᠠᠷ ᠬᠤᠳᠠᠯᠳᠤᠵᠤ ᠨᠢᠭᠡ | ᠡᠪᠤᠯ ᠤᠨ ᠠᠮᠢᠳᠤᠷᠠᠯ ᠤᠨ ᠵᠠᠷᠤᠳᠠᠯ ᠪᠤᠯᠭᠠᠳᠠᠭ᠃ ᠬᠤᠯᠠ ᠤᠶᠢᠷ᠎ᠠ ᠶᠢᠨ ᠲᠠᠨᠢᠯ ᠲᠠᠰᠤᠯ ᠬᠦᠮᠦᠰ ᠡᠵᠢ ᠶᠢᠨ ᠡᠨᠡ ᠬᠦ | ᠡᠷᠴᠢ ᠵᠤᠷᠢᠭ ᠢ ᠭᠠᠶᠢᠬᠠᠬᠤ ᠦᠭᠡᠢ ᠬᠦᠮᠦᠨ ᠬᠡᠵᠤ ᠠᠯᠠᠭ᠎ᠠ ᠡ᠃ ᠨᠢᠭᠡᠨ ᠡᠳᠦᠷ ᠨᠠᠷᠠᠨ ᠠᠭᠤᠯᠠᠨ ᠲᠤᠯᠤᠭᠠᠢ ᠳᠤ | ᠰᠢᠷᠭᠤᠵᠤ᠂ ᠪᠦᠷᠦᠭ ᠪᠠᠷᠤᠭ ᠪᠤᠯᠬᠤ ᠦᠶ᠎ᠡ ᠪᠠᠷ ᠠᠪᠤ ᠰᠡᠩᠳᠡ ᠮᠡᠩᠳᠡ ᠡᠵᠢ ᠶᠢᠨ ᠲᠡᠷᠭᠡᠳᠡ ᠬᠦᠶᠦᠨ ᠤᠴᠢᠭᠠᠳ᠄ | ᠬᠤᠷᠳᠤᠨ ᠶᠠᠪᠤᠶ᠎ᠠ᠂ ᠬᠤᠷᠳᠤᠨ︾ ᠬᠡᠵᠤ ᠰᠠᠬᠰᠤ ᠲᠡᠪᠢᠭᠦᠷ ᠢ ᠨᠢ ᠬᠤᠮᠪᠢᠨ ᠠᠪᠤᠭᠠᠳ ᠭᠡᠷ ᠵᠦᠭ ᠢᠶᠠᠨ ᠬᠦᠶᠦᠭᠰᠡᠨ | ᠬᠡᠨ᠎ᠡ᠃ ᠡᠵᠢ ᠤᠬᠠᠭᠠᠨ ᠲᠦᠭᠦᠭᠡ ᠶᠢ ᠨᠢ ᠤᠯᠬᠤ ᠦᠭᠡᠢ ᠪᠠᠶᠢᠬᠰᠠᠨ ᠠᠴᠠ ᠪᠠᠨ ᠭᠡᠷ ᠲᠤ ᠭᠦᠷᠦᠭᠰᠡᠨ ᠤ ᠰᠡᠭᠦᠯᠡᠷ | ᠰᠠᠶ᠋ᠢ ᠤᠴᠢᠷ ᠢ ᠨᠢ ᠮᠡᠳᠡᠪᠡ᠃ ᠮᠠᠨ ᠤ ᠠᠶᠢᠯ ᠤᠨ ᠨᠢᠭᠡᠨ ᠬᠤᠨᠢᠴᠢᠨ ᠠᠪᠤ᠂ ᠨᠠᠷᠠᠨ ᠠᠭᠤᠯᠠᠨ᠎ᠠ ᠲᠠᠰᠢᠬᠤ ᠶᠢᠨ | ᠦᠶ᠎ᠡ ᠪᠠᠷ ᠬᠤᠨᠢ ᠪᠠᠨ ᠬᠤᠳᠠᠯᠠᠬᠤ ᠪᠠᠷ ᠠᠶᠢᠯ ᠵᠦᠭ ᠢᠶᠠᠨ ᠶᠠᠪᠤᠵᠤ ᠪᠠᠶᠢᠬᠰᠠᠭᠠᠷ ᠠᠭᠤᠯᠠᠨ ᠤᠷᠤᠢ ᠲᠡᠭᠡᠷ᠎ᠡ ᠠᠴᠠ | ᠲᠡᠷᠳᠡᠭᠡ ᠵᠦᠭ ᠲᠡᠭᠡᠨ ᠬᠠᠷᠠᠬᠤ ᠳᠤ ᠡᠵᠢ ᠶᠢᠨ ᠨᠠᠷᠠᠨ ᠬᠤᠸᠠᠷ ᠲᠡᠭᠦᠵᠤ ᠪᠠᠶᠢᠬᠰᠠᠨ ᠲᠠᠷᠢᠶᠠᠨ ᠤ ᠲᠡᠷᠭᠡᠳᠡ ᠪᠠᠶᠢᠬᠤ | ᠠᠭᠤᠯᠠᠨ ᠬᠠᠷᠢ ᠲᠡᠭᠡᠷ᠎ᠡ ᠨᠢᠭᠡᠨ ᠪᠦᠳᠦᠬᠦᠨ ᠴᠢᠨ᠋ᠸ᠎ᠠ ᠰᠠᠭᠤᠭᠠᠳ ᠡᠵᠢ ᠶᠢᠨ ᠡᠰᠡᠷᠭᠦᠤ ᠠᠴᠠ ᠬᠠᠷᠠᠵᠤ ᠪᠠᠶᠢᠬᠰᠠᠨ | ᠬᠡᠨ᠎ᠡ᠃ ᠢᠩᠭᠢᠭᠡᠳ ᠰᠠᠨᠳᠤᠷᠤᠨ ᠬᠦᠶᠦᠵᠤ ᠤᠴᠢᠭᠠᠳ ᠠᠪᠤ ᠳᠤ ᠬᠡᠯᠡᠵᠤ ᠦᠭᠭᠦᠭᠰᠡᠨ ᠨᠢ ᠡᠨᠡ ᠪᠠᠶᠢᠵᠠᠢ᠃ ᠡᠵᠢ | ᠮᠢᠨᠢ ᠢᠩᠭᠢᠵᠤ ᠠᠶᠤᠯ ᠲᠦᠭᠰᠢᠬᠦᠷᠢ᠂ ᠬᠦᠴᠢᠷ ᠵᠤᠪᠠᠯᠠᠩ ᠢ ᠬᠠᠶᠢᠬᠤᠷᠤᠯ ᠦᠭᠡᠢ ᠪᠠᠷ ᠠᠮᠢᠳᠤᠷᠠᠯ ᠤᠨ ᠢᠶᠠᠨ | ᠲᠦᠯᠦᠭᠡ ᠴᠢᠷᠮᠠᠶᠢᠳᠠᠭ ᠯᠡ ᠪᠠᠶᠢᠵᠠᠢ᠃ | ᠡᠵᠢ ᠪᠤᠯ ᠪᠤᠳᠤᠯᠭ᠎ᠠ ᠴᠢᠩᠭ᠎ᠠ ᠬᠡᠯᠡ ᠬᠤᠷᠴᠠ ᠵᠤᠷᠢᠭ ᠰᠦᠰᠦ ᠲᠠᠢ ᠪᠦᠭᠡᠳ ᠪᠠᠰᠠ ᠬᠦᠴᠢᠷ ᠵᠤᠪᠠᠭᠤᠷᠢ ᠲᠠᠢ | ᠬᠦᠮᠦᠨ ᠢ ᠤᠨᠴᠠᠭᠠᠶᠢᠯᠠᠨ ᠦᠷᠦ ᠡᠪᠡᠳᠳᠡᠭ ᠦᠷᠦᠪᠴᠢ ᠵᠦᠬᠡᠯᠡᠨ ᠰᠡᠳᠬᠢᠯ ᠲᠠᠢ ᠬᠦᠮᠦᠨ ᠪᠢᠯᠡ᠃ ᠮᠠᠨ ᠤ | ᠠᠶᠢᠯ ᠳᠤ ᠲᠠᠪᠤᠨ ᠪᠠᠳᠤᠯᠠᠭᠠᠳᠦ ᠡᠷᠦᠭᠡ ᠶᠢᠨ ᠨᠢᠭᠡ ᠡᠪᠦᠭᠡ ᠠᠪᠤ ᠪᠠᠶᠢᠵᠠᠢ᠃ ᠤᠤᠯ ᠨᠢ ᠶᠠᠮᠠᠷ ᠨᠡᠷ᠎ᠡ ᠲᠠᠢ ᠶᠢ ᠮᠡᠳᠡᠬᠦ | ᠦᠭᠡᠢ᠃ ᠲᠡᠬᠦᠨ ᠤ ᠪᠡᠶ᠎ᠡ ᠨᠢ ᠦᠨᠳᠦᠷ ᠪᠤᠯᠬᠤᠷ ᠶᠡᠷᠦ ᠨᠢ ︽ᠦᠨᠳᠦᠷ ᠠᠪᠤ︾ ᠬᠡᠵᠤ ᠲᠠᠭᠤᠳᠠᠳᠠᠭ᠃ | ᠮᠠᠨ ᠤ ᠬᠢᠨ ᠠᠮᠳᠠ ᠲᠠᠢ ᠬᠤᠭᠤᠯᠠ ᠪᠤᠳᠠᠭ᠎ᠠ ᠬᠢᠭᠰᠡᠭᠡᠷ ᠯᠡ ᠡᠵᠢ ᠮᠢᠨᠢ ᠲᠡᠷᠡ ᠡᠪᠦᠭᠡ ᠳᠤ ᠠᠪᠠᠴᠢᠵᠤ ᠦᠭᠳᠡᠭ᠃ | ᠮᠢᠨᠦ ᠴᠡᠭᠡᠵᠢᠯᠡᠵᠤ ᠪᠠᠶᠢᠬᠤ ᠪᠠᠷ ᠮᠠᠨ ᠤ ᠨᠢᠭᠡ ᠲᠤᠮᠤᠬᠠᠨ ᠮᠤᠳᠤᠨ ᠠᠶᠠᠭ᠎ᠠ ᠪᠠᠶᠢᠬᠰᠠᠨ᠃ ᠡᠵᠢ ᠲᠡᠷᠡ | ᠠᠶᠠᠭᠠᠨ ᠳᠤ ᠪᠠᠨ ᠨᠢᠶᠠᠩ ᠭᠤᠯᠢᠷ ᠤᠨ ᠪᠤᠤᠪᠤ ᠪᠠᠨ ᠬᠢᠬᠡᠳ ᠲᠤᠮᠳᠠ ᠨᠢ ᠰᠢᠬᠢᠷ ᠲᠤᠰᠤ ᠪᠠᠨ ᠬᠠᠪᠴᠢᠭᠤᠯᠵᠤ | ᠦᠭᠭᠦᠭᠡᠳ ᠠᠯᠴᠢᠭᠤᠷ ᠢᠶᠠᠷ ᠪᠤᠭᠤᠭᠠᠳ ᠨᠠᠳᠠ ᠳᠤ ᠭᠠᠷᠳᠠᠭᠤᠯᠵᠤ᠄ ︽ᠬᠤᠷᠳᠤᠨ ᠬᠡᠦᠬᠡᠨ ᠮᠢᠨᠢ᠂ | ᠬᠦᠷᠦᠬᠦ ᠠᠴᠠ ᠨᠢ ᠡᠮᠦᠨ᠎ᠡ ᠦᠨᠳᠦᠷ ᠡᠪᠦᠭᠡ ᠳᠡᠭᠡᠨ ᠠᠪᠠᠴᠢᠵᠤ ᠦᠭ︾ ᠬᠡᠵᠤ ᠨᠠᠮ᠎ᠠ ᠶᠢ ᠶᠠᠪᠤᠭᠤᠯᠤᠬᠰᠠᠨ ᠤᠳᠠᠭ᠎ᠠ | ᠤᠯᠠᠨ ᠪᠤᠢ᠃ ᠦᠨᠳᠦᠷ ᠡᠪᠦᠭᠡ ᠨᠠᠮ᠎ᠠ ᠶᠢ ᠤᠴᠢᠬᠤ ᠪᠦᠷᠢ ᠬᠠᠨᠵᠤᠨ ᠤ ᠪᠠᠨ ᠬᠠᠯᠠᠭᠤᠨ ᠬᠡᠰᠡᠭ ᠲᠤ ᠬᠡᠪᠳᠡᠵᠤ ᠯᠡ | ᠪᠠᠶᠢᠳᠠᠭ᠃ ᠲᠡᠭᠡᠭᠡᠳ ᠦᠷᠴᠢᠯᠡᠭᠡᠰᠦ ᠲᠦᠭᠦᠷᠦᠭᠰᠡᠨ ᠴᠢᠷᠠᠢ ᠳᠤᠨᠢ ᠪᠠᠶᠠᠷ ᠪᠠᠶᠠᠰᠤᠯ ᠲᠤᠳᠤᠷᠠᠵᠤ᠄ ︽ᠬᠡᠤᠬᠡᠨ ᠡ᠂ | ᠲᠡᠷᠡ ᠰᠢᠷᠡᠭᠡᠨ ᠲᠡᠭᠡᠷ᠎ᠡ ᠠᠴᠠ ᠨᠢᠭᠡ ᠠᠶᠠᠭ᠎ᠠ ᠠᠪᠤᠭᠠᠳ ᠢᠷ᠎ᠡ︾ ᠬᠡᠵᠤ ᠰᠠᠯᠭᠠᠨᠠᠨ ᠴᠡᠴᠡᠷᠬᠢᠯᠡᠭᠰᠡᠭᠡᠷ | ᠠᠶᠠᠭᠠᠨ ᠳᠤ ᠪᠠᠨ ᠶᠡᠭᠦᠯᠡᠵᠤ ᠠᠪᠳᠠᠭ᠃ ᠤᠳᠤ ᠪᠤᠳᠤᠬᠤᠯᠠᠷ ᠦᠨᠳᠦᠷ ᠡᠪᠦᠭᠡ ᠮᠢᠨᠢ ᠶᠡᠭᠡ ᠯᠡ ᠬᠦᠬᠡᠷᠦᠬᠦ᠋ᠢᠯᠡᠯᠳᠡᠢ | ᠪᠠᠶᠢᠬᠰᠠᠨ ᠶᠤᠮ᠃ | ᠲᠡᠭᠡᠳᠦ ᠵᠠᠭᠤᠨ ᠤ ᠲᠠᠪᠢᠭᠠᠳ ᠤᠨ ᠤ ᠦᠶ᠎ᠡ ᠪᠠᠷ ᠮᠦᠨ ᠴᠤ ᠭᠤᠷᠪᠠᠨ ᠵᠢᠯ ᠤᠨ ᠭᠠᠢ ᠭᠠᠮᠰᠢᠭ ᠤᠨ | ᠦᠶ᠎ᠡ ᠳᠤ ᠵᠤᠨ ᠨᠠᠮᠤᠷ ᠤᠨ ᠠᠭᠤᠯᠵᠠᠭᠤᠷ ᠲᠡᠭᠡᠷ᠎ᠡ ᠡᠵᠢ ᠮᠢᠨᠢ ᠤᠷᠤᠢ ᠶᠢᠨ ᠬᠤᠭᠤᠯᠠ ᠪᠠᠨ ᠪᠠᠵᠠᠭᠠᠵᠤ ᠶᠠᠭᠠᠷᠠᠵᠤ | ᠪᠠᠶᠢᠯ᠎ᠠ᠃ ᠡᠨᠡ ᠦᠶ᠎ᠡ ᠳᠤ ᠨᠢᠭᠡᠨ ᠶᠡᠬᠡᠳᠡ ᠦᠯᠦᠰᠦᠭᠰᠡᠨ ᠪᠠᠶᠢᠳᠠᠯ ᠲᠠᠢ ᠲᠦᠴᠢᠭᠡᠳ ᠨᠠᠰᠤᠨ ᠤ ᠡᠷᠡᠭᠳᠡᠢ ᠮᠠᠨ ᠤ | ᠡᠭᠦᠳᠡᠨ ᠲᠡᠭᠡᠷ᠎ᠡ ᠲᠡᠨᠦᠭᠦᠴᠢᠯᠡᠨ ᠢᠷᠡᠭᠡᠳ᠄ ︽ᠦᠯᠦ ᠬᠤᠭᠤᠯᠠ ᠵᠤᠯᠭᠠᠬᠤ ᠶᠠᠭᠤᠮ᠎ᠠ ᠤᠯᠤᠭᠠᠳ ᠦᠭᠭᠦᠨᠦ︖︾ | ᠭᠡᠯᠡ᠃ ᠲᠤᠭᠤᠭᠠᠨ ᠲᠤᠳᠤᠷ᠎ᠠ ᠨᠤᠭᠤᠭ᠎ᠠ ᠲᠠᠢ ᠬᠤᠯᠢᠬᠰᠠᠨ ᠰᠢᠩᠭᠡᠨ ᠪᠤᠳᠠᠭ᠎ᠠ ᠫᠤᠯ ᠫᠤᠯ ᠪᠤᠴᠠᠯᠵᠤ ᠪᠠᠶᠢᠯ᠎ᠠ᠃ | ᠲᠡᠷᠡᠬᠦ ᠭᠠᠴᠢᠭ ᠴᠠᠭ ᠬᠠᠮᠢᠭ᠎ᠠ ᠠᠴᠠ ᠢᠯᠡᠭᠦᠴᠡ ᠴᠢᠨᠠᠬᠤ ᠪᠤᠳᠠᠭ᠎ᠠ ᠪᠠᠶᠢᠬᠤ ᠪᠢᠯᠡ︖ ᠪᠦᠷ ᠯᠡ ᠬᠦᠮᠦᠨ ᠠᠮᠠᠨ | ᠲᠤᠭᠠᠨ ᠳᠤ ᠪᠠᠨ ᠠᠷᠠᠢ ᠭᠡᠵᠤ ᠡᠪᠯᠡᠭᠦᠯᠦᠨ ᠬᠦᠢᠴᠡᠭᠡᠳᠡᠭ ᠪᠠᠶᠢᠯ᠎ᠠ᠃ ᠭᠡᠳᠡᠯ᠎ᠡ ᠡᠵᠢ ᠮᠢᠨᠢ ᠬᠠᠷᠢᠨ ᠲᠡᠷᠡ | ᠬᠦᠮᠦᠨ ᠳᠤ ᠨᠢᠭᠡ ᠲᠤᠮᠤ ᠠᠶᠠᠭ᠎ᠠ ᠪᠤᠳᠠᠭ᠎ᠠ ᠠᠶᠠᠭᠠᠯᠠᠵᠤ ᠦᠭᠪᠡ᠃ ᠲᠡᠷᠡ ᠬᠦᠮᠦᠨ ᠭᠠᠳᠠᠨ᠎ᠠ ᠡᠭᠦᠳᠡᠨ ᠤ ᠵᠡᠭᠦᠨ | ᠵᠠᠬ᠎ᠠ ᠬᠡᠷᠡᠮ ᠢ ᠲᠦᠰᠢᠵᠤ ᠤᠴᠦ᠋ᠢᠨ ᠰᠠᠭᠤᠭᠠᠳ ᠭᠠᠷ ᠨᠢ ᠲᠠᠬᠵᠢᠷᠠᠨ ᠴᠡᠴᠡᠷᠡᠵᠤ ᠢᠳᠡᠵᠤ ᠪᠠᠷᠠᠭᠠᠳ | ᠨᠢᠳᠦᠨ ᠳᠤ ᠪᠠᠨ ᠨᠢᠯᠪᠤᠰᠤ ᠲᠠᠢ ᠪᠠᠷ ᠡᠵᠢ ᠳᠤ ᠲᠠᠯᠠᠷᠬᠠᠨ ᠶᠠᠪᠤᠭᠠᠳ ᠦᠭᠴᠡᠢ᠃ ᠤᠳᠤ ᠶᠠᠭᠠᠬᠢᠬᠤ ᠪᠢᠯᠡ︖ | ᠠᠪᠤ ᠶᠢᠨ ᠠᠭᠠᠰᠢ ᠵᠠᠩ ᠲᠤᠬᠰᠢᠨ᠂ ᠨᠢᠭᠡ ᠡᠳᠦᠷ ᠪᠠᠷᠢᠭᠠᠳᠠ ᠶᠢᠨ ᠲᠠᠷᠢᠶᠠᠨ ᠠᠵᠢᠯ ᠢ ᠬᠢᠬᠡᠳ ᠶᠠᠳᠠᠷᠠᠵᠤ | ᠵᠦᠳᠡᠷᠡᠭᠡᠳ ᠢᠷᠡᠭᠦ ᠳᠤ ᠪᠠᠨ ᠡᠳᠡᠭᠡᠷ ᠪᠠᠶᠢᠳᠠᠯ ᠢ ᠮᠡᠳᠡᠪᠡᠯ ᠶᠠᠭᠠᠬᠢᠳᠠᠭ ᠪᠢᠯᠡ︖ ᠬᠡᠵᠤ ᠪᠢ ᠠᠶᠤᠵᠤ ᠪᠠᠶᠢᠳᠠᠯ᠎ᠠ | ᠠᠪᠤ ᠠᠵᠢᠯ ᠠᠴᠠ ᠪᠠᠨ ᠪᠠᠭᠤᠭᠠᠳ ᠬᠦᠷᠦᠭᠡᠳ ᠢᠷᠡᠪᠡ᠃ ᠡᠵᠢ ᠰᠢᠷᠡᠭᠡ ᠪᠠᠨ ᠵᠠᠰᠠᠵᠤ ᠪᠤᠳᠠᠭ᠎ᠠ ᠪᠠᠨ ᠠᠶᠠᠭᠠᠯᠠᠵᠤ | ᠦᠭᠭᠦᠭᠡᠳ ᠵᠤᠷᠢᠭᠤᠳᠠ ᠰᠢᠷᠡᠭᠡᠨ ᠳᠤ ᠰᠠᠭᠤᠬᠤ ᠦᠭᠡᠢ ᠡᠨᠡ ᠲᠡᠷᠡ ᠠᠷᠰᠠᠷ ᠠᠵᠢᠯ ᠢᠶᠠᠨ ᠬᠢᠵᠤ ᠯᠡ ᠪᠠᠶᠢᠯ᠎ᠠ᠃ | ᠠᠪᠤ ᠤᠴᠢᠷ ᠢ ᠨᠢ ᠮᠡᠳᠡᠬᠦ ᠦᠭᠡᠢ ᠢᠳᠡᠬᠦ ᠪᠠᠷ ᠢᠶᠠᠨ ᠢᠳᠡᠨ᠎ᠡ᠂ ᠪᠠᠭ᠎ᠠ ᠠᠩᠭ᠎ᠠ ᠲᠡᠭᠦᠤ ᠨᠠᠷ ᠴᠠᠳᠳᠠᠯ᠎ᠠ ᠢᠳᠡᠭᠡᠳ | ᠨᠠᠭᠠᠳᠬᠤ ᠪᠠᠷ ᠶᠠᠪᠤᠪᠠ᠃ ᠡᠵᠢ ᠠᠷᠭ᠎ᠠ ᠦᠭᠡᠢ ᠯᠡ ᠲᠤᠭᠤᠭᠠᠨ ᠤ ᠨᠠᠭᠠᠯᠳᠤᠪᠤᠷᠢ ᠶᠢ ᠤᠰᠤ ᠬᠢᠵᠤ ᠲᠡᠪᠳᠦᠭᠡᠭᠡᠳ | ᠡᠭᠡᠴᠢ ᠪᠢᠳᠡ ᠬᠤᠶᠠᠷ ᠲᠤ ᠦᠯ ᠬᠤᠭᠤᠯᠠ ᠵᠤᠯᠭᠠᠭᠤᠯᠪᠠ᠃ ᠡᠵᠢ ᠮᠢᠨᠢ ᠬᠠᠷᠢᠨ ᠬᠡᠯᠡ ᠲᠡᠭᠡᠷ᠎ᠡ ᠪᠠᠡᠨᠢᠭᠡ ᠮᠦᠬᠦᠯᠢᠭ | ᠪᠤᠳᠠᠭ᠎ᠠ ᠴᠤ ᠤᠯᠵᠤ ᠲᠠᠯᠪᠢᠬᠰᠠᠨ ᠦᠭᠡᠢ ᠬᠤᠭᠤᠰᠤᠨ ᠬᠤᠨᠤᠪᠠ᠃ ᠢᠩᠭᠢᠬᠦᠯᠡᠷ ᠨᠢ ᠡᠵᠢ ᠮᠢᠨᠢ ᠵᠠᠮ ᠲᠡᠭᠡᠷᠡᠬᠢ | ᠬᠤᠭᠤᠯᠠ ᠪᠤᠳᠠᠭ᠎ᠠ ᠭᠤᠶᠤᠬᠴᠢ ᠶᠢ ᠦᠵᠡᠬᠦ ᠪᠤᠯᠭᠠᠨ ᠶᠡᠭᠡ ᠯᠠ ᠦᠷᠦᠪᠳᠡᠨ ᠴᠢᠳᠠᠯ ᠤᠨ ᠬᠢᠷᠢ ᠪᠠᠷ ᠢᠶᠠᠨ | ᠬᠠᠪᠰᠤᠷᠳᠠᠭ ᠪᠠᠶᠢᠯ᠎ᠠ᠃ | ᠬᠤᠵᠢᠮ ᠨᠢ ᠤᠯᠠᠭᠠᠨᠮᠤᠳᠤ ᠨᠤᠳᠤᠬ ᠲᠤ ᠨᠡᠬᠦᠵᠤ ᠤᠴᠢᠬᠰᠠᠨ ᠤ ᠰᠡᠭᠦᠯᠡᠷ ᠡᠵᠢ ᠮᠢᠨᠢ ᠭᠡᠷ ᠲᠡᠭᠡᠨ ᠰᠤᠷᠤᠭᠴᠢ | ᠠᠪᠴᠤ ᠰᠠᠭᠤᠭᠠᠳ ᠰᠤᠬᠤᠷ ᠵᠤᠭᠤᠰ ᠴᠤ ᠠᠪᠬᠤ ᠦᠭᠡᠢ ᠮᠦᠷᠳᠡᠭᠡᠨ ᠠᠯᠢᠪᠠ ᠠᠮᠳᠠ ᠰᠢᠮᠳᠠ ᠲᠠᠢ ᠶᠠᠭᠤᠮ᠎ᠠ ᠪᠠᠨ | ᠲᠤᠷ᠎ᠠ ᠪᠠᠷ ᠨᠢ ᠢᠳᠡᠭᠦᠯᠳᠡᠭ᠃ ᠲᠡᠳᠡᠨᠤᠰ ᠪᠢᠴᠢᠭ ᠰᠤᠶᠤᠯ ᠤᠨ ᠮᠦᠷ ᠢ ᠬᠦᠭᠡᠭᠡᠭᠡᠳ ᠠᠵᠢᠯ ᠦᠢᠯᠡᠰ ᠲᠠᠢ | ᠪᠤᠯᠤᠬᠰᠠᠨ ᠤ ᠲᠠᠷᠠᠭ᠎ᠠ ᠤᠯᠠᠩᠭᠢ ᠨᠢ ᠪᠦᠷ ᠡᠵᠢ ᠶᠢ ᠡᠷᠬᠢᠵᠤ ᠦᠵᠡᠵᠤ ᠪᠠᠶᠢᠬᠰᠠᠨ᠃ | 1969 ᠤᠨ ᠤ ᠬᠠᠬᠢᠷ ᠡᠪᠤᠯ ᠤᠨ ᠬᠦᠢᠳᠡᠨ ᠳᠤ ᠴᠢᠯᠦᠭᠡᠯᠡᠬᠦ ᠴᠡᠷᠢᠭ ᠤᠨ ᠲᠠᠷᠤᠭ᠎ᠠ ᠪᠠᠶᠢᠯᠳᠤᠬᠴᠢᠳ | ᠭᠡᠭᠡᠷᠡᠯᠡᠨ ᠠᠯᠬᠤᠬᠤ ᠡᠭᠦᠷᠭᠡ ᠬᠦᠢᠴᠡᠳᠭᠡᠬᠦ ᠪᠠᠷ ᠶᠠᠪᠤᠬᠤ ᠵᠠᠭᠤᠷ᠎ᠠ ᠪᠠᠨ ᠮᠠᠨ ᠤ ᠠᠶᠢᠯ ᠳᠤ ᠰᠠᠷ᠎ᠠ ᠭᠠᠷᠤᠢ ᠰᠠᠭᠤᠵᠠᠢ | ᠃ ᠪᠠᠷᠢᠭᠠᠳᠠ ᠠᠴᠠ ᠮᠠᠨ ᠤ ᠬᠢᠨ ᠳᠤ ᠠᠷᠪᠠᠭᠠᠳ ᠴᠡᠷᠢᠭ ᠲᠤᠬᠢᠷᠠᠭᠤᠯᠤᠬᠰᠠᠨ ᠪᠠᠶᠢᠨ᠎ᠠ᠃ ᠲᠡᠭᠡᠭᠰᠡᠨ ᠳᠤ ᠡᠵᠢ ᠮᠢᠨᠢ | ᠮᠠᠨᠤᠰ ᠢ ᠲᠠᠭᠠᠭᠤᠯᠵᠤ᠂ ᠬᠦᠮᠦᠷᠭᠡ ᠪᠠᠷ ᠬᠡᠷᠡᠭᠯᠡᠵᠤ ᠪᠠᠶᠢᠬᠰᠠᠨ ᠵᠡᠬᠦᠨ ᠲᠠᠰᠤᠯᠭ᠎ᠠ ᠭᠡᠷ ᠲᠡᠭᠡᠨ ᠤᠷᠤᠵᠤ ᠰᠠᠭᠤᠭᠠᠳ᠂ | ᠴᠡᠷᠢᠭ ᠤᠳ ᠢ ᠦᠪᠡᠷ ᠤᠨ ᠰᠠᠭᠤᠵᠤ ᠪᠠᠶᠢᠬᠰᠠᠨ ᠬᠠᠯᠠᠭᠤᠨ ᠲᠤᠯᠠᠭᠠᠨ ᠭᠡᠷ ᠲᠡᠭᠡᠨ ᠰᠠᠭᠤᠯᠭᠠᠪᠠ᠃ ᠲᠤᠬᠠᠢ ᠶᠢᠨ | ᠦᠶ᠎ᠡ ᠳᠤ ᠠᠮᠢᠳᠤᠷᠠᠯ ᠬᠦᠴᠢᠷᠳᠡᠢ ᠪᠤᠯᠬᠤᠷ ᠬᠦᠮᠦᠷᠭᠡ ᠶᠢᠨ ᠭᠡᠷ ᠤᠨ ᠴᠤᠩᠬᠤ ᠨᠢ ᠰᠢᠯ ᠪᠠᠰᠠ ᠦᠭᠡᠢ ᠴᠠᠭᠠᠰᠦ ᠪᠠᠷ | ᠨᠠᠭᠠᠵᠤ ᠪᠠᠶᠢᠬᠰᠠᠨ ᠶᠤᠮ᠃ ᠴᠡᠷᠢᠭ ᠠᠩᠭᠢ ᠶᠢᠨ ᠪᠤᠴᠠᠬᠤ ᠴᠠᠭ ᠨᠢ ᠲᠤᠯᠤᠭᠠᠳ ᠤᠯᠠᠭᠠᠨᠬᠠᠳᠠ ᠬᠦᠩᠱᠧ ᠳᠤ | ᠳ᠋ᠦᠩᠨᠡᠯᠳᠡ ᠶᠢᠨ ᠬᠤᠷᠠᠯ ᠬᠢᠬᠦ ᠳᠤ ᠪᠠᠨ ᠴᠡᠷᠢᠭ ᠠᠷᠠᠳ ᠤᠨ ᠵᠢᠭᠠᠰᠤ ᠤᠰᠤᠨ ᠤ ᠬᠠᠷᠢᠴᠠᠭ᠎ᠠ ᠶᠢ ᠢᠯᠡᠳᠭᠡᠭᠰᠡᠨ | ᠵᠢᠱᠢᠶ᠎ᠡ ᠪᠤᠯᠭᠠᠨ ᠡᠵᠢ ᠶᠢᠨ ᠦᠢᠯᠡ ᠠᠵᠢᠯᠯᠠᠭ᠎ᠠ ᠶᠢ ᠦᠨᠳᠦᠷ ᠢᠶᠠᠷ ᠦᠨᠡᠯᠡᠵᠤ ᠦᠩᠭᠡᠷᠡᠪᠡ᠃ | ᠡᠵᠢ ᠮᠢᠨᠢ ᠠᠶᠢᠯ ᠰᠠᠭᠠᠬᠠᠯᠳᠠ ᠲᠠᠢ ᠪᠠᠨ ᠡᠶ᠎ᠡ ᠨᠠᠶᠢᠷ ᠲᠠᠢ ᠪᠤᠯᠬᠤᠷ ᠠᠶᠢᠯ ᠤᠨ ᠡᠵᠢ ᠨᠠᠷ ᠪᠦᠷ ᠮᠢᠨᠦ | ᠡᠵᠢ ᠲᠠᠢ ᠦᠶᠡᠷᠭᠡᠨ ᠶᠠᠪᠤᠯᠴᠠᠬᠤ ᠲᠤᠷ᠎ᠠ ᠲᠠᠢ᠂ ᠡᠵᠢ ᠦᠨᠡᠨᠴᠢ ᠰᠢᠳᠤᠷᠭᠤ᠂ ᠪᠤᠰᠤᠳ ᠢ ᠬᠠᠪᠰᠤᠷᠬᠤ ᠲᠤᠷᠠᠳᠠᠢ | ᠪᠤᠯᠬᠤᠷ ᠤᠯᠠᠨ ᠤ ᠪᠠᠨ ᠲᠤᠮᠳᠠ ᠶᠡᠭᠡ ᠢᠳᠡᠭᠡᠯ ᠬᠦᠨᠳᠦ ᠲᠠᠢ ᠪᠠᠶᠢᠯ᠎ᠠ᠃ ᠶᠠᠭ ᠡᠶᠢᠮᠦ ᠠᠴᠠ ᠵᠤᠨ ᠪᠦᠷᠢ ᠲᠠᠷᠢᠶᠠᠨ | ᠠᠵᠢᠯ ᠶᠠᠭᠠᠷᠠᠤ ᠦᠶ᠎ᠡ ᠳᠤ ᠪᠠᠷᠢᠭᠠᠳᠠ ᠶᠢᠨ ᠲᠠᠷᠤᠭ᠎ᠠ ᠮᠠᠨᠠᠶᠢᠬᠢᠨ ᠳᠤ ᠢᠷᠡᠭᠡᠳ᠄ ︽ᠡᠭᠡᠴᠢ ᠡ᠂ ᠤᠳᠤ ᠶᠠᠭᠠᠬᠢᠬᠤ | ᠪᠢᠯᠡ᠂ ᠨᠠᠷᠢᠮᠦ ᠦᠯᠦᠩᠳᠡᠭᠡᠳ ᠡᠪᠡᠰᠦ ᠶᠢ ᠨᠢ ᠦᠭᠳᠦᠭᠡᠬᠦ ᠴᠠᠭ ᠪᠤᠯᠵᠠᠢ᠃ ᠠᠶᠢᠯ ᠤᠨ ᠡᠮᠡᠭᠳᠡᠶᠢᠴᠦᠳ ᠢ | ᠲᠠᠶᠢᠴᠢᠯᠠᠭᠠᠳ ᠦᠭᠭᠦᠨ᠎ᠡ ᠦᠦ︖︾ ᠬᠡᠵᠤ ᠭᠤᠶᠤᠳᠠᠭ ᠪᠠᠶᠢᠯ᠎ᠠ᠃ ᠡᠵᠢ ᠮᠢᠨᠢ ᠴᠢᠳᠠᠯ ᠤᠨ ᠢᠶᠠᠨ ᠬᠢᠷᠢ ᠲᠤᠳᠤᠷ᠎ᠠ | ᠬᠡᠵᠢᠶᠡᠳᠡ ᠪᠤᠰᠤᠳ ᠲᠤ ᠦᠭᠡᠢ ᠭᠡᠵᠤ ᠭᠡᠯᠡᠳᠡᠭ ᠦᠭᠡᠢ ᠪᠤᠯᠬᠤᠷ ᠶᠠᠳᠠᠷᠠᠯ ᠵᠦᠳᠡᠷᠡᠯ ᠢᠶᠠᠨ ᠬᠠᠮᠢᠶᠠᠷᠤᠯ ᠦᠭᠡᠢ | ᠠᠶᠢᠯ ᠡᠷᠦᠭᠡ ᠪᠦᠷᠢ ᠪᠠᠷ ᠲᠠᠷᠠᠭᠠᠯᠠᠨ᠄ ︽ᠮᠠᠷᠭᠠᠰᠢ ᠠᠴᠠ ᠡᠬᠢᠯᠡᠭᠡᠳ ᠡᠪᠡᠰᠦ ᠦᠭᠳᠦᠭᠡᠬᠦ ᠪᠠᠷ ᠭᠠᠷᠴᠠᠭᠠᠶ᠎ᠠ᠃ | ᠪᠠᠷᠢᠭᠠᠳᠠ ᠶᠢᠨ ᠠᠵᠢᠯ ᠮᠠᠨ ᠤ ᠡᠷᠦᠭᠡ ᠪᠦᠷᠢ ᠲᠠᠢ ᠬᠤᠯᠪᠤᠬᠳᠠᠨ᠎ᠠ᠃ ᠲᠤᠭᠤᠭᠠᠨ ᠳᠤᠨᠢ ᠦᠭᠡᠢ ᠪᠤᠯ ᠠᠶᠠᠭᠠᠨ ᠳᠤᠨᠢ | ᠶᠠᠭᠠᠬᠢᠵᠤ ᠪᠠᠶᠢᠬᠤ ᠪᠤᠢ︖︾ ᠬᠡᠵᠤ ᠤᠬᠠᠭᠤᠯᠭ᠎ᠠ ᠬᠢᠭᠰᠡᠨ ᠠᠴᠠ ᠪᠤᠯᠵᠤ ᠬᠡᠯᠡᠭᠰᠡᠨ ᠶᠤᠰᠤᠭᠠᠷ ᠨᠢ ᠠᠵᠢᠯ ᠳᠤ | ᠭᠠᠷᠳᠠᠭ ᠪᠠᠶᠢᠨ᠎ᠠ᠃ | ᠮᠢᠨᠦ ᠡᠵᠢ ᠶᠢᠨ ᠬᠢᠮᠤᠰᠤ ᠬᠤᠷᠤᠭᠤ ᠨᠢ ᠪᠤᠰᠤᠳ ᠤᠨ ᠬᠢ ᠲᠠᠢ ᠵᠢᠭᠠᠬᠠᠨ ᠤᠨᠳᠤᠤ ᠤᠷᠭᠤᠬᠰᠠᠨ ᠪᠤᠯᠪᠠᠴᠤ | ᠤᠶᠤᠳᠠᠯ ᠳᠤ ᠮᠠᠰᠢ ᠤᠷᠠᠨ ᠨᠠᠷᠢᠨ ᠨᠡᠷᠡᠳᠡᠢ ᠪᠠᠶᠢᠯ᠎ᠠ᠃ ᠡᠶᠢᠮᠦ ᠠᠴᠠ ᠠᠶᠢᠯ ᠤᠨ ᠡᠭᠡᠴᠢ ᠲᠡᠭᠦᠤ ᠨᠠᠷ ᠨᠢ | ᠬᠤᠪᠴᠠᠰᠤ ᠡᠰᠭᠡᠬᠦᠯᠬᠦ᠂ ᠱᠠᠬᠠᠢ ᠶᠢᠨ ᠵᠤᠯᠤᠭ ᠤᠨ ᠬᠤᠩᠰᠢᠶᠠᠷ ᠲᠡᠭᠡᠷ᠎ᠡ ᠨᠢ ᠬᠤᠸᠠᠷ ᠵᠢᠷᠤᠭᠤᠯᠬᠤ ᠭᠡᠬᠦ ᠮᠡᠳᠦ ᠶᠢᠨ | ᠤᠷᠠᠨ ᠨᠠᠷᠢᠨ ᠤᠶᠤᠳᠠᠯ ᠬᠢᠬᠦ ᠪᠤᠯᠭᠠᠨ ᠪᠦᠷ ᠯᠡ ᠡᠵᠢ ᠶᠢ ᠡᠷᠢᠵᠤ ᠢᠷᠡᠳᠡᠭ ᠪᠠᠶᠢᠯ᠎ᠠ᠃ ᠡᠵᠢ ᠮᠢᠨᠢ ᠨᠠᠮ᠎ᠠ ᠶᠢ | ᠲᠤᠮᠳᠠᠳᠤ ᠰᠤᠷᠭᠠᠭᠤᠯᠢ ᠳᠤ ᠤᠷᠤᠳᠠᠯ᠎ᠠ ᠬᠠᠳᠬᠤᠮᠠᠯ ᠬᠤᠸᠠᠷ ᠲᠠᠢ ᠱᠠᠬᠠᠢ ᠡᠮᠦᠰᠭᠡᠵᠤ ᠪᠠᠶᠢᠵᠠᠢ᠃ ᠰᠦᠮ᠎ᠡ ᠶᠢᠨ | ᠬᠡᠭᠡᠨ ᠬᠦᠷᠳᠡᠯ᠎ᠡ ᠨᠠᠰᠤᠨ ᠰᠡᠭᠦᠳᠡᠷ ᠲᠡᠭᠡᠷ᠎ᠡ ᠪᠠᠨ ᠡᠮᠦᠰᠬᠦ ᠱᠠᠬᠠᠢ ᠪᠠᠨ ᠴᠤ ᠡᠵᠢ ᠪᠠᠷ ᠬᠢᠯᠬᠡᠳᠡᠭ ᠪᠠᠶᠢᠯ᠎ᠠ᠃ | ᠡᠵᠢ ᠠᠮᠢᠳᠤ ᠰᠡᠷᠡᠭᠦᠨ ᠪᠠᠶᠢᠬᠤ ᠳᠤ ᠪᠠᠨ ᠪᠤᠷᠬᠠᠨ ᠳᠤ ᠵᠠᠯᠪᠠᠷᠢᠵᠤ ᠪᠤᠶᠠᠨ ᠦᠢᠯᠡᠳᠬᠦ ᠶᠢ ᠪᠤᠳᠤᠳᠠᠭ ᠤᠨ | ᠤᠴᠢᠷ ᠴᠢᠳᠠᠯ ᠤᠨ ᠢᠶᠠᠨ ᠬᠢᠷᠢ ᠪᠠᠷ ᠪᠤᠰᠤᠳ ᠢ ᠲᠤᠰᠠᠯᠠᠬᠤ ᠪᠠᠷ ᠪᠠᠷᠠᠬᠤ ᠦᠭᠡᠢ᠂ ᠮᠢᠬ᠎ᠠ ᠢᠳᠡᠳᠡᠭ ᠦᠭᠡᠢ | ᠵᠠᠩᠰᠢᠯ ᠢ ᠤᠯᠠᠨ ᠵᠢᠯ ᠪᠠᠷᠢᠮᠳᠠᠯᠠᠬᠰᠨ ᠶᠤᠮ᠃ | ᠬᠠᠶᠢᠷᠠᠳᠦ ᠡᠵᠢ ᠮᠢᠨᠢ 2012 ᠤᠨ ᠤ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠨᠠᠢᠮᠠᠨ ᠤ ᠦᠭᠡᠷ | ᠴᠠᠭ ᠤᠨ ᠦᠶ᠎ᠡ ᠪᠠᠷ ᠠᠭᠤᠰᠬᠢ ᠵᠢᠷᠦᠭᠡᠨ ᠤ ᠡᠪᠡᠳᠴᠢᠨ ᠢᠶᠠᠷ ᠪᠢᠳᠡᠨ ᠠᠴᠠ ᠪᠠᠨ ᠡᠭᠦᠷᠢᠳᠡ ᠬᠠᠭᠠᠴᠠᠯ᠎ᠠ᠃ ᠡᠵᠢ | ᠮᠢᠨᠢ ᠨᠠᠰᠤ ᠠᠬᠢᠬᠤ ᠲᠤᠳᠤᠮ ᠪᠢ ᠬᠤᠵᠢᠮ ᠬᠡᠤᠬᠡᠳ ᠤᠳ ᠢᠶᠠᠨ ᠵᠤᠪᠠᠭᠠᠬᠤ ᠦᠭᠡᠢ ᠪᠤᠯ ᠪᠤᠯᠴᠢᠬᠠᠨ᠎ᠠ ᠬᠡᠵᠤ | ᠪᠤᠷᠬᠠᠨ ᠳᠤ ᠪᠠᠨ ᠵᠠᠯᠪᠠᠷᠢᠨ ᠲᠠᠭᠠᠳᠬᠠᠳᠠᠭ ᠤᠴᠢᠷ ᠠᠴᠠ ᠴᠤ ᠪᠤᠯᠪᠠ ᠦᠦ︖ ᠪᠤᠤ ᠮᠡᠳᠡ᠂ ᠤᠨᠳᠠᠭ᠎ᠠ ᠪᠠᠷ ᠢᠶᠠᠨ | ᠲᠠᠶᠢᠪᠤᠭᠤᠨ ᠨᠠᠰᠤ ᠪᠠᠷᠠᠪᠠ᠃ | ᠡᠨᠡᠷᠢᠯ ᠤᠨ ᠲᠡᠭᠷᠢ ᠪᠤᠯᠤᠬᠰᠠᠨ ᠡᠵᠢ ᠮᠢᠨᠢ ᠡᠨᠡ ᠶᠢᠷᠳᠢᠨᠴᠦ ᠳᠤ ᠨᠠᠶᠠᠨ ᠨᠠᠢᠮᠠᠨ ᠨᠠᠰᠤᠯᠠᠳᠠᠯ᠎ᠠ | ᠠᠮᠢᠳᠤᠷᠠᠬᠤ ᠳᠤ ᠪᠠᠨ ᠦᠳᠡᠯᠬᠦ ᠶᠢᠨ ᠦᠵᠤᠭᠦᠷ ᠶᠡᠷᠦ ᠨᠢ ᠭᠤᠷᠪᠠᠨ ᠵᠦᠢᠯ ᠤᠨ ᠬᠦᠰᠡᠯ ᠡᠪᠤᠷᠯᠡᠵᠤ ᠪᠠᠶᠢᠯ᠎ᠠ᠃ | ᠵᠠᠯᠠᠭᠤ ᠶᠢᠨ ᠦᠶ᠎ᠡ ᠳᠡᠭᠡᠨ ᠦᠰᠴᠦ ᠲᠦᠷᠦᠭᠰᠡᠨ ᠨᠤᠳᠤᠭ ︵ᠤᠳᠤ ᠶᠢᠨ ᠬᠢᠷᠢᠨ ᠮᠤᠵᠢ ᠶᠢᠨ ᠲᠤᠤ ᠨᠠᠨ ᠰᠢᠶᠠᠨ ᠤ | ᠬᠤᠸᠠ ᠲᠤᠪᠤ︶ ᠲᠤ ᠪᠠᠨ ᠬᠠᠷᠢᠵᠤ ᠦᠵᠡᠪᠡᠯ ᠡ ᠬᠡᠵᠤ ᠦᠷᠭᠦᠯᠵᠢ ᠶᠠᠷᠢᠳᠠᠭ ᠠᠴᠠ ᠲᠡᠭᠦᠨ ᠤ ᠨᠢᠭᠡ ᠬᠦᠰᠡᠯ ᠢ ᠨᠢ | ᠮᠡᠳᠡᠵᠤ ᠪᠤᠯᠤᠨ᠎ᠠ᠃ ᠲᠠᠷᠠᠭ᠎ᠠ ᠨᠢ ᠤᠳᠠᠭᠠᠨ ᠵᠢᠯ ᠠᠮᠢᠳᠤᠷᠠᠬᠰᠠᠨ ᠤᠯᠠᠭᠠᠨᠬᠠᠳᠠ ᠶᠢᠨ ᠵᠡᠭᠦᠨ ᠪᠠᠶᠠᠨ | ᠲᠤᠬᠤᠢ ᠳᠤ ᠪᠠᠨ ᠬᠠᠷᠢᠵᠤ ᠦᠵᠡᠪᠡᠯ ᠡ ᠬᠡᠬᠦ ᠶᠠᠷᠢᠶᠠᠨ ᠠᠴᠠ ᠲᠡᠭᠦᠨ ᠤ ᠪᠠᠰᠠ ᠨᠢᠭᠡ ᠬᠦᠰᠡᠯ ᠢ ᠨᠢ ᠮᠡᠳᠡᠬᠦ | ᠪᠤᠯᠤᠨ᠎ᠠ᠃ ᠰᠡᠭᠦᠯᠡᠷ ᠨᠢ ᠪᠢᠳᠡ ᠡᠭᠡᠴᠢ ᠲᠡᠭᠦᠦ ᠬᠡᠳᠦᠭᠦᠯᠡ ᠪᠠᠨ ᠤᠳᠠᠭᠠᠨ ᠵᠢᠯ ᠠᠮᠢᠳᠤᠷᠠᠬᠰᠠᠨ | ᠤᠯᠠᠭᠠᠨᠮᠤᠳᠤ ᠠᠴᠠ ᠪᠠᠨ ᠠᠵᠤ ᠠᠮᠢᠳᠤᠷᠠᠯ ᠠᠵᠢᠯ ᠦᠢᠯᠡᠰ ᠤᠨ ᠬᠠᠷᠠᠭ᠎ᠠ ᠠᠴᠠ ᠪᠤᠯᠵᠤ ᠰᠠᠯᠵᠤ ᠭᠠᠷᠴᠤ ᠢᠷᠡᠭᠰᠡᠨ | ᠲᠤᠯᠠ ᠡᠵᠢ ᠮᠢᠨᠢ ᠪᠠᠰᠠ ᠤᠯᠠᠭᠠᠨᠮᠤᠳᠤ ᠳᠤ ᠪᠠᠨ ᠬᠠᠷᠢᠵᠤ ᠦᠵᠡᠪᠡᠯ ᠡ ᠬᠡᠵᠤ ᠶᠠᠷᠢᠵᠤ ᠪᠠᠶᠢᠯ᠎ᠠ᠃ ᠡᠨᠡ ᠭᠤᠷᠪᠠᠨ | ᠬᠦᠰᠡᠯ ᠢ ᠨᠢ ᠪᠢᠳᠡ ᠠᠵᠢᠯ ᠤᠨ ᠶᠠᠭᠠᠷᠠᠤ ᠪᠠ ᠡᠯ᠎ᠡ ᠵᠦᠢᠯ ᠤᠨ ᠰᠢᠯᠳᠠᠭᠠᠨ ᠠᠴᠠ ᠪᠤᠯᠵᠤ ᠪᠡᠶᠡᠯᠡᠭᠦᠯᠵᠤ ᠦᠭᠴᠦ | ᠵᠠᠪᠳᠤᠬᠰᠠᠨ ᠦᠭᠡᠢ ᠨᠢ ᠲᠤᠩ ᠬᠠᠷᠠᠮᠰᠠᠯᠳᠠᠢ ᠤᠴᠢᠷ ᠪᠤᠯᠤᠭᠠᠳ ᠰᠡᠳᠬᠢᠯ ᠵᠢᠷᠦᠭᠡ ᠶᠢ ᠮᠢᠨᠢ ᠰᠢᠨᠠᠯᠭᠠᠨ᠎ᠠ᠃ | ᠲᠡᠭᠡᠬᠦᠯᠡᠷ ᠨᠢ ᠡᠵᠢ ᠮᠢᠨᠢ ᠨᠠᠰᠤ ᠪᠠᠷᠠᠬᠰᠠᠨ ᠤ ᠰᠡᠭᠦᠯᠡᠷ ᠬᠡᠭᠦᠷ ᠪᠡᠶ᠎ᠡ ᠶᠢ ᠨᠢ ᠤᠯᠠᠭᠠᠨᠮᠤᠳᠤ ᠶᠢᠨ ᠠᠷᠤ ᠠᠭᠤᠯᠠᠨ | ᠲᠡᠭᠡᠷ᠎ᠡ ᠤᠷᠤᠰᠢᠭᠤᠯᠪᠠ᠃ ᠶᠠᠭᠤ ᠴᠦ ᠭᠡᠰᠡᠨ ᠨᠢᠭᠡᠨ ᠬᠦᠰᠡᠯ ᠢ ᠨᠢ ᠡᠶᠢᠮᠦᠷᠭᠦᠤ ᠶᠠᠩᠵᠤ ᠪᠠᠷ ᠪᠡᠶᠡᠯᠡᠭᠦᠯᠪᠡ᠃ | ᠲᠡᠭᠡᠳᠦ ᠲᠡᠭᠷᠢ ᠳᠤ ᠪᠠᠶᠢᠭ᠎ᠠ ᠡᠵᠢ ᠮᠢᠨᠢ ᠮᠠᠨ ᠢ ᠪᠠᠨ ᠠᠭᠤᠴᠢᠯᠠᠭᠠᠷᠠᠢ ᠬᠡᠵᠤ ᠲᠠᠭᠠᠳᠬᠠᠨ ᠲᠠᠭᠠᠳᠬᠠᠨ ᠵᠠᠯᠪᠠᠷᠢᠶ᠎ᠠ᠃ | ᠡᠵᠢ ᠮᠢᠨᠢ ᠠᠮᠤᠷᠯᠢᠩᠭᠤᠢ ᠨᠦᠢᠷᠰᠤᠭᠠᠷᠠᠢ᠃ ᠡᠨᠡᠷᠢᠯᠳᠦ ᠲᠠᠨ ᠤ ᠰᠦᠰᠦᠯᠢᠭ ᠵᠠᠩ᠂ ᠲᠠᠮᠢᠷᠯᠢᠭ ᠴᠢᠨᠠᠷ᠂ ᠭᠡᠭᠡᠯᠢᠭ | ᠤᠭᠠᠬᠠᠨ ᠢ ᠰᠢᠩᠭᠡᠭᠡᠭᠰᠡᠨ ᠤᠯᠠᠭᠠᠨ ᠴᠢᠰᠦ ᠮᠠᠨ ᠤ ᠪᠠᠨ ᠰᠤᠳᠠᠯ ᠳᠤ ᠤᠷᠤᠰᠴᠤ᠂ ᠵᠤᠷᠢᠭ ᠢ ᠬᠦᠪᠴᠢᠯᠡᠵᠤ᠂ | ᠰᠢᠷᠪᠤᠰᠤ ᠶᠢ ᠡᠷᠴᠢᠮᠯᠡᠵᠤ ᠪᠠᠶᠢᠬᠤ ᠪᠤᠯᠬᠤᠷ ᠦᠷ᠎ᠡ ᠠᠴᠢᠨᠠᠷ ᠴᠢᠨᠢ ᠬᠡᠵᠢᠶᠡᠳᠡ ᠦᠭᠡᠳᠡ ᠲᠠᠢ᠂ ᠤᠷᠤᠬᠰᠢ ᠲᠠᠢ | ᠠᠮᠢᠳᠤᠷᠠᠵᠤ ᠠᠵᠢᠯ ᠦᠢᠯᠡᠰ ᠲᠤ ᠪᠠᠨ ᠭᠠᠷᠮᠠᠭᠠᠶᠢᠯᠠᠬᠤ ᠶᠤᠰᠤ ᠲᠠᠢ᠃ | ᠡᠨᠡᠷᠢᠯ ᠤᠨ ᠲᠡᠭᠷᠢ ᠪᠤᠯᠤᠬᠰᠠᠨ ᠡᠵᠢ ᠶᠢᠨ ᠮᠢᠨᠢ ᠮᠠᠷᠳᠠᠬᠳᠠᠰᠢ ᠦᠭᠡᠢ ᠦᠩᠭᠡᠷᠡᠯᠳᠡ ᠨᠢ ᠤᠭᠤᠷᠠᠭ | ᠲᠠᠷᠢᠬᠢᠨ ᠳᠤ ᠮᠢᠨᠢ ᠰᠢᠩᠭᠡᠭᠰᠡᠨ ᠪᠠᠶᠢᠳᠠᠭ᠃ ᠡᠵᠢ ᠶᠢᠨ ᠮᠢᠨᠢ ᠮᠠᠨ ᠳᠤ ᠪᠠᠨ ᠬᠠᠶᠢᠷᠠᠯᠠᠬᠰᠠᠨ ᠡᠷᠬᠢᠮ ᠰᠤᠷᠭᠠᠯ ᠢ | ᠶᠠᠮᠠᠷ ᠴᠤ ᠦᠭᠡ ᠪᠠᠷ ᠢᠯᠡᠳᠭᠡᠵᠤ ᠡᠰᠡ ᠴᠢᠳᠠᠨ᠎ᠠ᠃ ᠬᠡᠤᠬᠡᠨ ᠴᠢᠨᠢ ᠤᠯᠳᠤᠢ ᠪᠤᠯᠤᠬᠰᠠᠨ ᠤ ᠰᠢᠯᠳᠠᠭᠠᠨᠠ | ᠲᠠᠨ ᠤ ᠪᠠᠨ ᠲᠤᠬᠠᠢ ᠪᠦᠷᠢᠨ ᠬᠦᠢᠴᠡᠳ ᠢᠯᠡᠳᠭᠡᠵᠤ ᠴᠢᠳᠠᠬᠰᠠᠨ ᠦᠭᠡᠢ ᠪᠤᠯᠪᠠᠴᠤ ᠡᠵᠢ ᠲᠠᠨ ᠤ ᠪᠠᠨ | ᠠᠰᠢᠳᠠ ᠶᠢᠨ ᠲᠤᠷᠠᠰᠬᠠᠯ ᠳᠤ ᠵᠤᠷᠢᠭᠤᠯᠪᠠ᠃ | ᠵᠣᠬᠢᠶᠠᠭᠴᠢ᠄ ● ᠴᠢ᠊ · ᠰᠡᠴᠡᠨ | ᠵᠤᠬᠢᠶᠠᠬᠴᠢ ᠶᠢᠨ ᠬᠠᠶ᠋ᠢᠬ᠄ ᠡᠮᠤᠨᠡᠳᠦ ᠬᠤᠰᠢᠭᠤᠨ ᠤ ᠨᠢᠭᠡᠳᠦᠭᠡᠷ ᠲᠤᠮᠳᠠᠳᠤ ᠰᠤᠷᠭᠠᠭᠤᠯᠢ |