ᠲᠦᠰᠢᠶᠡᠳᠦ ᠤᠷᠠᠨ ᠵᠤᠬᠢᠶᠠᠯᠴᠢᠳ ᠤᠨ ᠨᠡᠶᠢᠬᠡᠮᠯᠢᠭ ᠤᠨ ᠬᠠᠮᠳᠤ ᠤᠯᠠᠨ ᠢᠶᠠᠨ ᠲᠠᠭᠠᠵᠦ ᠠᠩᠬ᠎ᠠ ᠤᠳᠠᠭ᠎ᠠ ︽ | ᠭᠤᠤᠯ ᠤᠨ ᠪᠠᠶᠢᠰᠢᠩ︾ ᠠᠷᠢᠬᠢᠨ ᠦᠢᠯᠡᠳᠪᠤᠷᠢ ᠳᠤ ᠤᠴᠢᠯ᠎ᠠ᠃ ᠲᠠᠨᠢᠯ ᠲᠠᠰᠤᠯ ᠯᠤᠩᠬᠤ ᠨᠤᠭᠤᠳ ᠢ | ᠬᠠᠷᠠᠬᠤ ᠠᠴᠠ ᠭᠤᠴᠢᠨ ᠵᠢᠯ ᠤᠨ ᠤᠢ ᠲᠤᠷᠠᠳᠬᠠᠯ ᠲᠠᠷᠢᠬᠢᠨ ᠳᠤ ᠬᠠᠷᠪᠤᠵᠦ ᠬᠡᠰᠡᠭ ᠪᠦᠯᠦᠭ ᠵᠢᠷᠤᠭ ᠰᠡᠭᠦᠳᠡᠷ ᠺᠢᠨᠣ᠋ | ᠦᠵᠡᠭᠳᠡᠯ ᠰᠢᠭ ᠦᠩᠭᠡᠷᠡᠨ ᠤᠳᠤᠨ᠎ᠠ᠃ | ᠬᠤᠤ ᠲᠠᠢ ᠠᠷᠢᠬᠢᠨ ᠠᠴᠠ ᠬᠠᠩᠬᠤᠯᠤᠬᠰᠠᠨ ᠬᠤᠷᠴᠢᠨ ᠰᠤᠶᠤᠯ ᠤᠨ ᠤᠳᠤᠮ ᠵᠠᠯᠭᠠᠮᠵᠢ | ᠲᠠᠪᠤ ᠲᠤᠯᠤᠭᠠᠨ ᠨᠠᠰᠤ ᠲᠠᠢ ᠪᠠᠶᠢᠬᠤ ᠳᠤ ᠵᠢᠯ ᠴᠠᠭᠠᠨ ᠰᠠᠷ᠎ᠠ ᠤᠶᠢᠷᠠᠳᠬᠤ ᠳᠤ ᠠᠪᠤ ᠮᠢᠨᠢ ᠲᠤᠭᠤᠢ | ᠲᠡᠷᠬᠡ ᠪᠠᠷ ᠰᠢᠨ᠎ᠡ ᠶᠢᠨ ᠮᠠᠶᠢᠮᠠᠢ ᠬᠢᠬᠦ ᠪᠠᠷ ᠭᠤᠤᠯ ᠤᠨ ᠪᠠᠶᠢᠰᠢᠩ ︽ᠬᠤᠳᠠ︾ ᠳᠤ ᠤᠷᠤᠳᠠᠭ᠃ ᠡᠷᠳᠡ ᠶᠢᠨ | ᠬᠦᠢᠳᠡᠨ ᠳᠤ ᠪᠤᠯᠤ ᠲᠡᠩᠭᠡᠯᠢᠭ ᠬᠠᠷᠴᠢᠬᠢᠨᠠᠭᠤᠯᠤᠨ ᠬᠤᠳᠠ ᠤᠷᠤᠬᠰᠠᠨ ᠠᠪᠤ ᠮᠢᠨᠢ ᠬᠠᠷᠮᠠᠨ ᠢᠶᠠᠨ ᠬᠤᠭᠤᠰᠤᠯᠠᠵᠦ | ᠰᠡᠳᠬᠢᠯ ᠢᠶᠠᠨ ᠲᠦᠬᠦᠷᠬᠡᠵᠦ ᠦᠳᠡᠰᠢ ᠶᠢᠨ ᠵᠢᠪᠡᠷ ᠲᠤ ᠵᠢᠩᠳᠡᠬᠦᠯᠦᠨ ᠪᠤᠴᠠᠵᠦ ᠢᠷᠡᠳᠡᠭ᠃ ᠠᠪᠤ ᠮᠢᠨᠢ ᠬᠦᠵᠢ | ᠰᠢᠳᠠᠭᠠᠬᠤ ᠴᠠᠭᠠᠰᠤ᠂ ᠰᠢᠬᠢᠷ ᠪᠤᠷᠠᠮ᠂ ᠪᠤᠤᠪᠤ ᠪᠤᠭᠤᠷᠰᠤᠭ᠂ ᠨᠢᠬᠡ ᠠᠳᠬᠤ ᠬᠦᠵᠦᠷ ᠠᠴᠠ ᠭᠠᠳᠠᠨ᠎ᠠ ᠭᠤᠷᠪᠠᠨ | ᠵᠢᠩ ᠤᠨ ᠯᠤᠩᠬᠤᠨ ᠳᠤ ᠮᠡᠯᠡᠶᠢᠳᠡᠯᠡ ᠲᠦᠭᠦᠷᠭᠡᠭᠰᠡᠨ ᠭᠤᠤᠯ ᠤᠨ ᠪᠠᠶᠢᠰᠢᠩ ᠤᠨ ᠰᠤᠯᠠ ᠠᠷᠢᠬᠢ ᠠᠪᠴᠢᠷᠠᠳᠠᠭ᠃ | ᠪᠢᠳᠡ ᠪᠦᠳᠦᠬᠦᠨ ᠪᠦᠳᠦᠬᠦᠨ ᠮᠦᠰᠦᠨ ᠰᠢᠬᠢᠷ᠂ ᠴᠠᠭᠠᠰᠤᠨ ᠪᠠᠭᠯᠠᠭ᠎ᠠ ᠲᠠᠢ ᠪᠤᠤᠪᠤ ᠳᠤ ᠲᠤᠷᠠᠯᠠᠨ ᠰᠢᠯᠤᠰᠤ ᠪᠠᠨ | ᠬᠤᠷᠠᠭᠤᠯᠤᠨ ᠤᠷᠢᠳᠤᠭᠤᠷ ᠬᠤᠶᠢᠭᠤᠷ ᠨᠢ ᠬᠦᠶᠦᠯᠴᠡᠬᠦ ᠳᠤ ᠬᠤᠪᠢ ᠲᠦᠬᠡᠬᠡᠳ ᠠᠪᠳᠠᠷ᠎ᠠ ᠳᠠᠭᠠᠨ | ᠤᠨᠢᠰᠤᠯᠠᠴᠢᠬᠠᠳᠠᠭ᠃ | ᠠᠪᠴᠢᠷᠠᠬᠰᠠᠨ ᠠᠷᠢᠬᠢ ᠪᠠᠨ ᠬᠤᠷᠢᠨ ᠭᠤᠷᠪᠠᠨ ᠳᠤ ᠭᠠᠯ ᠤᠨ ᠪᠤᠷᠬᠠᠨ ᠢᠶᠠᠨ ᠮᠤᠷᠳᠠᠭᠤᠯᠬᠤ ᠳᠤ ᠵᠠᠳᠠᠯᠵᠦ᠂ | ᠲᠡᠭᠡᠵᠢ ᠠᠴᠠ ᠨᠢ ᠡᠷᠬᠦᠵᠦ ᠨᠢᠶᠠᠩ ᠪᠤᠳᠠᠭ᠎ᠠ ᠪᠠᠷ ᠭᠠᠯ ᠤᠨ ᠪᠤᠷᠬᠠᠨ ᠤ ᠠᠮᠠ ᠶᠢ ᠨᠢ ᠭᠠᠶᠢᠭᠤᠢ ᠰᠠᠶᠢᠨ ᠮᠢᠯᠢᠶᠠᠭᠠᠳ | ᠠᠶᠠᠭᠠᠨ ᠬᠤᠷᠭᠤᠨ ᠲᠤᠳᠤᠷ᠎ᠠ ᠬᠠᠳᠠᠭᠠᠯᠠᠵᠦ ᠲᠠᠯᠪᠢᠳᠠᠭ᠃ ᠪᠢᠳᠡᠬᠦᠨ ᠤ ᠤᠷᠤᠢ ᠲᠡᠭᠡᠳᠦᠰ ᠲᠤ ᠪᠠᠨ ᠲᠦᠯᠡᠰᠢ | ᠲᠤᠶ᠋ᠢᠩ ᠡᠷᠬᠦᠬᠦ ᠦᠶ᠎ᠡ ᠳᠤ ᠲᠠᠬᠢᠨᠳᠠ ᠭᠠᠷᠭᠠᠵᠦ ᠬᠤᠷᠭᠤᠨ ᠲᠡᠭᠡᠷ᠎ᠡ ᠢᠯᠡ ᠲᠠᠯᠪᠢᠳᠠᠭ᠃ ᠰᠢᠨ᠎ᠡ ᠶᠢᠨ ᠨᠢᠬᠡᠨ ᠤ | ᠦᠷᠯᠦᠬᠡ ᠲᠠᠪᠤᠨ ᠴᠠᠭ ᠪᠤᠯᠤᠮᠠᠬᠴᠠ ᠠᠶᠢᠯ ᠠᠶᠢᠮᠠᠭ ᠤᠨ ᠪᠢᠶᠠᠨ ᠫᠤᠤᠵᠢᠩ ᠫᠢᠳ ᠫᠠᠳ ᠬᠢᠨ ᠨᠢᠬᠡ ᠬᠤᠶᠠᠷ ᠢᠶᠠᠷ | ᠲᠤᠤᠭᠠᠷᠴᠦ ᠡᠬᠢᠯᠡᠬᠦ ᠳᠤ ᠭᠠᠯ ᠤᠨ ᠭᠡᠷᠡᠯ ᠭᠠᠷᠭᠠᠵᠦ ᠡᠵᠡᠳ ᠰᠠᠬᠢᠭᠤᠯᠰᠤᠨ ᠢᠶᠠᠨ ᠤᠬᠳᠤᠳᠠᠭ᠃ ᠨᠠᠷᠢᠮᠤ ᠶᠢᠨ | ᠰᠦᠷᠡᠯ ᠪᠤᠶᠤ ᠲᠡᠪᠡᠷᠢ ᠲᠠᠢ ᠠᠯᠢᠰᠤ ᠠᠪᠴᠢᠷᠠᠵᠦ ᠨᠤᠴᠤᠭᠠᠭᠠᠳ ᠬᠡᠤᠬᠡᠳ ᠱᠤᠤᠬᠠᠳ ᠬᠦᠵᠢ ᠵᠤᠯᠠ ᠠᠰᠠᠭᠠᠨ | ᠭᠠᠯ ᠤᠨ ᠬᠡᠷᠡᠯ ᠢ ᠲᠤᠭᠤᠷᠢᠨ ᠲᠦᠷᠪᠡᠨ ᠵᠦᠭ ᠨᠠᠢᠮᠠᠨ ᠵᠤᠪᠬᠢᠰ ᠲᠤ ᠬᠠᠨᠳᠤᠨ ᠮᠦᠷᠬᠦᠵᠦ᠂ ᠠᠬᠠᠮᠠᠳ | ᠪᠤᠭᠤᠷᠤᠯᠴᠤᠳ ᠬᠤᠤ ᠬᠤᠨᠳᠠᠭ᠎ᠠ ᠪᠠᠨ ᠪᠠᠷᠢᠨ ᠠᠷᠢᠬᠢᠨ ᠰᠠᠴᠤᠯᠢ ᠡᠷᠬᠦᠵᠦ ᠪᠤᠶᠠᠨ ᠬᠡᠰᠢᠭ ᠬᠤᠷᠦ᠋ᠢᠯᠠᠳᠠᠭ᠃ | ᠦᠷᠯᠦᠭᠡ ᠶᠢᠨ ᠲᠤᠯᠤᠭᠠᠨ ᠴᠠᠭ ᠪᠤᠯᠵᠦ ᠤᠨᠳᠠᠵᠦ ᠬᠠᠨᠤᠬᠰᠠᠨ ᠨᠠᠷᠠᠨ ᠤ ᠲᠤᠯᠤᠭᠠᠢ ᠤᠯᠠᠪᠤᠷᠳᠤᠨ | ᠪᠤᠯᠳᠠᠶᠢᠬᠤ ᠪᠠᠷ ᠪᠠᠩᠰᠢ ᠶᠢᠨ ᠲᠡᠭᠡᠵᠢ ᠪᠠᠨ ᠬᠠᠭᠤᠴᠢᠨ ᠰᠤᠨᠢᠨ ᠳᠤ ᠪᠤᠭᠤᠵᠦ ᠯᠤᠩᠬᠤ ᠲᠠᠢ ᠠᠷᠢᠬᠢ ᠪᠠᠨ | ᠲᠡᠭᠦᠵᠢᠯᠡᠬᠡᠳ ᠡᠪᠦᠭᠡ ᠡᠮᠡᠭᠡ᠂ ᠨᠠᠭᠠᠴᠦ ᠡᠪᠦᠭᠡ ᠡᠮᠡᠭᠡ᠂ ᠠᠶᠢᠯ ᠰᠠᠬᠠᠭᠠᠯᠳᠠ ᠶᠢᠨ ᠳᠤ ᠬᠡᠷ ᠲᠠᠷᠠᠭᠠᠯᠠᠨ | ᠠᠶᠢᠯᠴᠢᠯᠠᠵᠦ᠂ ᠮᠦᠷᠬᠦᠨ ᠵᠤᠯᠭᠠᠵᠦ ᠰᠠᠶᠢᠬᠠᠨ ᠢᠷᠦᠬᠡᠯ ᠰᠤᠨᠤᠰᠳᠠᠭ᠃ ᠴᠢᠯᠠᠭᠤ ᠡᠪᠦᠭᠡ ᠪᠤᠶᠤ ᠲᠡᠯᠬᠡᠷ ᠡᠪᠦᠭᠡ ᠳᠤ | ᠵᠤᠯᠭᠠᠬᠤ ᠳᠤ ᠪᠠᠨ ᠦᠵᠡᠯ ᠰᠠᠨᠠᠭᠠᠨ ᠤ ᠪᠡᠯᠡᠳᠬᠡᠯ ᠲᠠᠢ ᠪᠠᠶᠢᠬᠤ ᠬᠡᠷᠡᠭᠳᠡᠢ᠃ ᠬᠦᠯ ᠢ ᠬᠦᠰᠢᠳᠡᠯ᠎ᠠ ᠰᠦᠬᠦᠳᠬᠡᠵᠦ | ᠢᠷᠦᠬᠡᠬᠡᠳ ᠵᠤᠬᠰᠤᠬᠤ ᠦᠬᠡᠢ ᠪᠤᠯᠴᠢᠬᠠᠳᠠᠭ᠃ ᠶᠡᠭᠡ ᠨᠠᠭᠠᠴᠦ ᠶᠢᠨ ᠳᠤ ᠲᠠᠭᠠᠯᠠᠳᠠᠭ ᠡᠪᠦᠭᠡ ︵ᠬᠡᠤᠬᠡᠳ ᠢ | ᠦᠵᠡᠪᠡᠯ ᠪᠠᠷᠢᠵᠦ ᠠᠪᠤᠭᠠᠳ ᠲᠠᠭᠠᠯᠠᠵᠦ ᠰᠠᠨᠠᠳᠠᠭ︶ ᠶᠢᠨ ᠳᠤ ᠤᠴᠢᠬᠤ ᠳᠤ ᠠᠷᠪᠢᠨ ᠠᠷᠪᠢᠨ ᠰᠢᠬᠢᠷ ᠦᠭᠳᠡᠭ᠃ | ᠠᠪᠤ ᠡᠵᠢ ᠮᠢᠨᠢ ᠠᠬᠠᠮᠠᠳ ᠪᠤᠭᠤᠷᠤᠯᠴᠤᠳ ᠲᠤ ᠪᠠᠨ ᠬᠤᠨᠳᠠᠭ᠎ᠠ ᠲᠠᠢ ᠠᠷᠢᠬᠢ ᠪᠠᠨ ᠬᠡᠮᠨᠠᠨ ᠰᠦᠬᠦᠷᠡᠨ ᠵᠤᠯᠭᠠᠳᠠᠭ᠃ | ︽ᠦᠷ᠎ᠡ ᠬᠡᠤᠬᠡᠳ ᠤᠨ ᠢᠶᠠᠨ ᠰᠠᠶᠢᠨ ᠢ ᠨᠢ ᠦᠵᠡᠵᠦ ᠵᠢᠷᠭᠠᠭᠠᠷᠠᠢ᠂ ᠦᠯᠵᠡᠢ ᠮᠦᠷ ᠲᠠᠢ ᠦᠬᠡᠳᠡ ᠡᠰᠡᠷᠡᠭ | ᠶᠠᠪᠤᠭᠠᠷᠠᠢ︕︾ ︽ᠲᠠᠷᠢᠪᠠᠯ ᠲᠠᠷᠢᠶ᠎ᠠ ᠨᠢ ᠲᠦᠷᠦᠵᠦ᠂ ᠲᠡᠵᠢᠬᠡᠪᠡᠯ ᠮᠠᠯ ᠴᠢᠨᠢ ᠦᠰᠦᠭ︕ ᠵᠡ ᠵᠡ᠂ ᠮᠢᠨᠦ | ᠬᠡᠤᠬᠡᠳ ᠪᠤᠰᠤᠭᠠᠳ ᠴᠠᠢ ᠠᠮᠰᠠᠭᠠᠷᠠᠢ︕︾ ᠬᠡᠵᠦ ᠭᠠᠷ ᠢᠶᠠᠨ ᠡᠷᠬᠦᠨ ᠪᠤᠰᠬᠠᠭᠠᠳ ᠤᠳᠤᠭ ᠪᠤᠳᠤᠭ ᠡ ᠮᠠᠭᠤ | ᠦᠬᠢᠨ ᠢᠶᠠᠨ ᠠᠰ ᠲᠤᠨᠢ ᠢᠷᠦᠬᠡᠬᠦ ᠪᠠᠨ ᠮᠡᠷᠳᠡᠯᠡ᠃ ︽ᠰᠠᠶᠢᠨ ᠪᠢᠴᠢᠭ ᠰᠤᠷ᠂ ᠶᠡᠭᠡ ᠨᠤᠶᠠᠨ ᠪᠤᠯ ᠡ︕︾ | ᠬᠡᠵᠦ ᠵᠠᠪᠳᠤᠨ ᠢᠷᠦᠬᠡᠳᠡᠭ᠃ | ᠪᠢ ᠬᠤᠭᠤᠷ ᠤᠨ ᠦᠯᠢᠬᠡᠷ᠂ ᠬᠤᠷᠴᠢᠨ ᠰᠤᠶᠤᠯ ᠤᠨ ᠠᠬᠤᠢ ᠳᠤ ᠬᠤᠤ ᠲᠠᠢ ᠠᠷᠢᠬᠢᠨ ᠠᠴᠠ ᠢᠪᠢᠯᠦᠭᠰᠡᠨ | ᠬᠠᠶᠢᠷ᠎ᠠ ᠬᠦᠨᠳᠤᠳᠭᠡᠯ᠂ ᠶᠤᠰᠤ ᠰᠤᠷᠭᠠᠯ ᠳᠤ ᠬᠦᠳᠦᠯᠦᠭᠳᠡᠨ ᠠᠬᠠᠮᠠᠳ ᠨᠠᠰᠤᠳᠠᠨ ᠤ ᠪᠠᠨ ᠠᠮᠠᠨ ᠴᠠᠭᠠᠨ | ᠢᠷᠦᠬᠡᠯ ᠢᠶᠠᠷ ᠱᠠᠩᠨᠠᠭᠤᠯᠵᠦ ᠬᠦᠮᠦᠵᠢᠨ ᠪᠤᠶᠢᠵᠢᠬᠰᠠᠨ ᠡ᠃ | ᠰᠢᠯ ᠤᠨ ᠯᠤᠩᠬᠤ ᠲᠠᠢ ᠭᠤᠤᠯ ᠤᠨ ᠪᠠᠶᠢᠰᠢᠩ ᠠᠷᠢᠬᠢ ᠪᠤᠶᠤ ᠠᠪᠤ ᠶᠢᠨ ᠵᠠᠯᠠᠭᠤ ᠨᠠᠰᠤ | ᠭᠤᠤᠯ ᠤᠨ ᠪᠠᠶᠢᠰᠢᠩ ᠠᠷᠢᠬᠢ ᠰᠠᠪᠠᠨ ᠠᠴᠠ ᠪᠠᠨ ᠤᠨᠳᠤᠤ ᠶᠢ ᠪᠦᠷ ᠪᠠᠯᠠᠷᠠᠭᠤᠯᠳᠠᠭ ᠲᠤᠭᠰᠢᠨ ᠬᠡᠯᠴᠡᠨ᠎ᠡ᠃ | ᠬᠤᠶᠠᠷ ᠰᠢᠯ ᠭᠤᠤᠯ ᠤᠨ ᠪᠠᠶᠢᠰᠢᠩ ᠠᠷᠢᠬᠢ ᠲᠤᠰᠬᠠᠭᠠᠳ ᠠᠷᠪᠠᠨ ᠨᠠᠢᠮᠠᠨ ᠮᠤᠷᠢᠨ ᠬᠦᠴᠦᠨ ᠤ ᠲᠠᠷᠺᠲ᠋ᠤᠷ ᠢ ᠠᠵᠢᠭ | ᠦᠬᠡᠢ ᠰᠠᠵᠢᠯᠠᠭᠤᠯᠤᠨ ᠨᠤᠴᠤᠭᠠᠭᠠᠳ ᠠᠶᠠᠨ ᠳᠤ ᠪᠠᠨ ᠭᠠᠷᠳᠠᠭ ᠠᠪᠤ ᠶᠢᠨ ᠮᠢᠨᠢ ᠵᠠᠯᠠᠭᠤ ᠨᠠᠰᠤ ᠶᠠᠮᠠᠷᠬᠠᠨ | ᠤᠮᠤᠬᠯᠠᠭᠤᠨ ᠪᠠᠶᠢᠬᠰᠠᠨ ᠪᠣᠯ︖ | ᠠᠪᠦ ᠮᠢᠨᠢ ᠡᠷᠬᠢᠨ ᠲᠤᠭᠤᠷᠢᠨ ᠤ ᠠᠶᠢᠯ ᠤᠷᠴᠢᠮ ᠳᠤ ᠬᠠᠮᠤᠭ ᠲᠦᠷᠦᠬᠦᠨ ᠳᠤ ᠬᠤᠪᠢ ᠶᠢᠨ ᠮᠠᠰᠢᠨ | ᠬᠤᠳᠠᠯᠳᠤᠨ ᠠᠪᠤᠬᠰᠠᠨ ᠬᠦᠮᠦᠨ ᠶᠤᠮ᠃ ᠬᠡᠳᠦᠬᠡᠨ ᠰᠢᠬᠢᠷ᠎ᠠ ᠶᠢ ᠬᠤᠳᠠᠯᠳᠤᠭᠠᠳ᠂ ᠬᠤᠳᠠ ᠶᠢ | ᠬᠤᠭᠤᠰᠤᠷᠠᠭᠤᠯᠤᠭᠠᠳ ᠁ ᠬᠡᠵᠦ ᠡᠵᠢ ᠶᠢᠨ ᠶᠠᠩᠰᠢᠶ᠎ᠠ ᠬᠡᠳᠦᠢ ᠡᠳᠦᠷ ᠦᠷᠬᠦᠯᠵᠢᠯᠡᠭᠰᠡᠨ ᠢ ᠪᠤᠳᠤᠵᠦ | ᠤᠯᠬᠤ ᠪᠠᠨ ᠪᠤᠯᠢᠯ᠎ᠠ᠃ ᠴᠡᠩᠭᠡᠷ ᠮᠠᠰᠢᠨ ︵ᠲᠷᠠᠺᠲ᠋ᠤᠷ︶ ᠲᠠᠢ ᠠᠪᠤ ᠮᠢᠨᠢ ᠠᠶᠢᠯ ᠠᠶᠢᠮᠠᠭ᠂ ᠬᠦᠷᠰᠢ ᠵᠡᠷᠬᠡᠯᠡᠳᠡᠭᠡ | ᠤᠯᠠᠨ ᠬᠦᠮᠦᠨ ᠳᠤ ᠵᠠᠯᠠᠭᠳᠠᠵᠦ ᠬᠤᠷᠢᠮ ᠨᠠᠶᠢᠷ ᠤᠨ ᠲᠦᠷᠦᠬᠦᠦ ᠬᠤᠳᠠ ᠪᠠᠷ ᠬᠡᠷᠡᠯᠳᠦᠬᠦᠯᠵᠦ ᠰᠠᠭᠠᠳᠠᠬᠤ ᠪᠤᠶᠤ | ᠨᠤᠶᠠᠨ ᠤᠷᠤᠭ ᠢᠶᠠᠷ ᠦᠬᠢᠨ ᠬᠦᠷᠬᠡᠵᠦ ᠤᠴᠢᠨ ᠯᠠᠷᠵᠢᠶ᠎ᠠ ᠲᠠᠢ ᠰᠠᠭᠤᠵᠦ ᠨᠠᠮᠪᠠ ᠲᠠᠢ ᠲᠠᠶᠢᠯᠠᠭᠤᠯᠳᠠᠭ᠃ ᠭᠤᠷᠪᠠ | ᠬᠤᠨᠤᠭ ᠤᠨ ᠡᠷᠬᠢᠯᠳᠡ ᠲᠤᠭᠤᠷᠢᠯᠳᠠ ᠳᠤ ᠦᠬᠢᠨ ᠬᠦᠷᠬᠡᠨ ᠪᠤᠶᠤ ᠰᠢᠨ᠎ᠡ ᠪᠡᠷᠢ ᠮᠠᠨᠠᠶᠢᠬᠢ ᠪᠠᠷ ᠵᠠᠪᠠᠯ ᠲᠤᠭᠤᠷᠢᠵᠦ | ᠢᠷᠡᠳᠡᠭ ᠪᠦᠬᠡᠳ ᠠᠪᠤ ᠳᠤ ᠮᠢᠨᠢ ᠪᠠᠶᠠᠷ ᠲᠠᠯᠠᠷᠬᠠᠯ ᠪᠤᠯᠭᠠᠵᠦ ᠬᠤᠶᠠᠷ ᠯᠤᠩᠬᠤ ᠭᠤᠤᠯ ᠤᠨ ᠪᠠᠶᠢᠰᠢᠩ ᠠᠷᠢᠬᠢ | ᠪᠡᠯᠡᠭᠯᠡᠳᠡᠭ᠃ | ᠠᠪᠤ ᠮᠢᠨᠢ ᠢᠩᠭᠢᠵᠦ ᠭᠤᠤᠯ ᠤᠨ ᠪᠠᠶᠢᠰᠢᠩ ᠠᠷᠢᠬᠢ ᠶᠢ ᠭᠤᠤᠯ ᠢᠶᠠᠨ ᠬᠠᠯᠠᠳᠠᠯ᠎ᠠ ᠤᠤᠭᠤᠵᠦ | ᠶᠠᠪᠤᠬᠤ ᠳᠤ ᠪᠠᠨ ᠬᠦᠮᠦᠨ ᠵᠤᠨ ᠳᠤ ᠪᠠᠨ ᠮᠦᠷᠦᠨ ᠤ ᠬᠦᠴᠦ ᠪᠠᠨ ᠬᠠᠷᠠᠮ ᠦᠬᠡᠢ ᠡᠷᠬᠦᠵᠦ᠂ ᠮᠦᠰᠦ | ᠤᠬᠠᠭᠠᠨ ᠢᠶᠠᠷ ᠢᠶᠠᠨ ᠠᠶᠢᠯ ᠤᠯᠠᠨ ᠳᠤ ᠪᠠᠨ ᠬᠦᠷᠢᠶᠡᠯᠡᠭᠳᠡᠵᠦ ᠬᠡᠤᠬᠡᠳ ᠪᠢᠳᠡᠨ ᠤ ᠪᠠᠨ ᠠᠮᠢᠳᠤᠷᠠᠯ ᠤᠨ ᠬᠡᠷᠡᠯ | ᠴᠠᠮᠬᠠᠭ ᠪᠤᠯᠵᠦ ᠬᠡᠷᠡᠯᠳᠦᠳᠡᠭ ᠪᠠᠶᠢᠬᠰᠠᠨ ᠪᠢᠯᠡ᠃ | ᠠᠷᠪᠠᠨ ᠬᠡᠳᠦᠳᠡᠢ ᠪᠠᠶᠢᠬᠤ ᠳᠤ ᠬᠠᠭᠠᠰ ᠮᠠᠯᠵᠢᠬᠤ ᠬᠠᠭᠠᠰ ᠲᠠᠷᠢᠶᠠᠯᠠᠬᠤ ᠠᠮᠢᠳᠤᠷᠠᠯ ᠮᠢᠨᠢ ᠵᠢᠭᠠᠬᠠᠨ | ᠦᠬᠡᠳᠡ ᠲᠠᠢ ᠪᠤᠯᠵᠦ ᠢᠷᠡᠯ᠎ᠡ᠃ ᠬᠡᠳᠦᠨ ᠲᠠᠬᠢᠶᠠᠨ ᠦᠨᠳᠡᠭᠡ ᠪᠠᠷ ᠢᠶᠠᠨ ᠮᠦᠰᠦᠯᠡᠮᠵᠢ ᠰᠤᠯᠢᠵᠦ ᠢᠳᠡᠨ᠂ ᠦᠯᠡᠬᠦᠦ | ᠠᠮᠤ ᠪᠠᠷ ᠢᠶᠠᠨ ᠭᠤᠯᠢᠷ᠂ ᠲᠤᠳᠤᠷᠭ᠎ᠠ ᠠᠷᠠᠯᠵᠢᠵᠦ᠂ ᠬᠤᠷᠤᠳ ᠲᠤᠰᠤ ᠪᠠᠷ ᠢᠶᠠᠨ ᠵᠢᠮᠢᠰ ᠰᠤᠯᠢᠵᠦ ᠢᠳᠡᠬᠦ ᠪᠤᠯᠤᠯ᠎ᠠ᠃ | ᠪᠤᠮᠪᠠᠳᠤ ᠶᠢᠨ ᠠᠶᠢᠯ ᠤᠨ ᠴᠠᠭᠠᠨᠠᠬᠢ ᠭᠤᠤᠯ ᠠᠴᠠ ᠵᠢᠭᠠᠰᠤ ᠠᠩᠨᠠᠵᠦ ᠬᠤᠳᠠᠯᠳᠤᠨ ᠠᠮᠢᠳᠤᠷᠠᠯ ᠤᠨ ᠨᠦᠬᠦᠪᠦᠷᠢ | ᠪᠤᠯᠭᠠᠬᠤ ᠪᠤᠯᠪᠠ᠃ | ᠶᠢᠰᠦ ᠤᠷᠤᠵᠦ ᠭᠤᠤᠯ ᠤᠨ ᠤᠰᠤ ᠲᠠᠰ ᠨᠢᠰ ᠬᠦᠯᠳᠡᠵᠦ᠂ ᠦᠳᠦᠷᠮ᠎ᠡ᠂ ᠲᠠᠷᠢᠶ᠎ᠠ ᠮᠤᠳᠤᠨ ᠤ ᠠᠵᠢᠯ | ᠵᠦᠭᠰᠢᠷᠡᠬᠦ ᠪᠠᠷ ᠬᠡᠳᠦᠨ ᠠᠶᠢᠯ ᠤᠨ ᠡᠷᠡᠭᠳᠡᠶᠢᠴᠦᠳ ᠨᠡᠶᠢᠯᠡᠵᠦ ᠵᠢᠭᠠᠰᠤ ᠠᠩᠨᠠᠳᠠᠭ᠃ ᠪᠦᠳᠦᠬᠦᠨ ᠪᠦᠳᠦᠬᠦᠨ | ᠤᠯᠠᠭᠠᠨ ᠰᠡᠬᠦᠯᠳᠦ᠂ ᠮᠦᠷᠬᠦ᠂ ᠬᠡᠯᠳᠡᠭᠡ᠂ ᠮᠤᠭᠠᠶᠢᠯᠵᠢ᠂ ᠵᠢᠵᠢᠭ ᠰᠠᠮ ᠢ ᠲᠤᠤᠷ ᠲᠦᠬᠦᠷᠡᠩ ᠠᠩᠨᠠᠵᠦ ᠤᠯᠳᠠᠭ | ᠪᠠᠶᠢᠬᠰᠠᠨ᠃ ᠲᠠᠪᠤ ᠭᠤᠷᠪᠠ ᠬᠤᠨᠤᠬᠤ ᠪᠦᠷᠢ ᠤᠷᠤᠯᠴᠠᠬᠰᠠᠨ ᠬᠦᠮᠦᠨ ᠪᠦᠷᠢ ᠳᠤ ᠢᠳᠡᠬᠦ ᠵᠢᠭᠠᠰᠤ ᠬᠤᠪᠢᠶᠠᠳᠠᠭ᠃ | ᠦᠯᠡᠳᠡᠭᠰᠡᠨ ᠢ ᠨᠢ ᠬᠢᠳᠡᠳ ᠭᠠᠵᠠᠷ ᠠᠪᠠᠴᠢᠵᠦ ᠬᠤᠳᠠᠯᠳᠤᠳᠠᠭ᠃ ᠵᠠᠷᠢᠮ ᠰᠠᠬᠤᠤᠯ ᠮᠠᠶᠢᠮᠠᠶᠢᠴᠢᠨ ᠭᠤᠤᠯ | ᠲᠡᠭᠡᠷ᠎ᠡ ᠠᠴᠠ ᠵᠢᠭᠠᠰᠤ ᠬᠤᠳᠠᠯᠳᠤᠨ ᠠᠪᠠᠴᠢᠳᠠᠭ ᠪᠦᠬᠡᠳ ᠦᠳᠡ ᠶᠢᠨ ᠬᠦᠨᠡᠰᠦᠨ ᠤ ᠶᠧᠪᠢᠩ᠂ ᠮᠢᠶᠠᠨᠪᠤᠤ | ᠬᠤᠳᠠᠯᠳᠤᠳᠠᠭ᠃ ᠠᠪᠤ ᠮᠢᠨᠢ ᠬᠤᠪᠢᠳᠠᠵᠦ ᠤᠯᠤᠬᠰᠠᠨ ᠬᠦᠨᠡᠰᠦ ᠪᠠᠨ ᠪᠢᠳᠡᠨ ᠳᠤ ᠢᠯᠡᠬᠦᠴᠢᠯᠡᠵᠦ ᠠᠪᠴᠢᠷᠠᠳᠠᠭ | ᠪᠠᠶᠢᠬᠰᠠᠨ᠃ ᠬᠠᠯᠠᠭᠤᠨ ᠬᠠᠨᠵᠤᠨ ᠲᠡᠭᠡᠷ᠎ᠡ ᠪᠠᠨ ᠬᠡᠪᠳᠡᠬᠡᠳ ᠠᠮᠳᠠᠳᠠᠢ ᠪᠤᠭᠤᠷᠰᠤᠭ ᠬᠡᠮᠡᠯᠢᠵᠦ ᠬᠤᠳᠠ ᠭᠠᠵᠠᠷ ᠤᠨ | ᠰᠠᠶᠢᠬᠠᠨ ᠬᠡᠳᠡᠭ ᠢ ᠲᠦᠰᠦᠬᠡᠯᠡᠵᠦ ᠰᠠᠭᠤᠬᠤ ᠳᠤ ᠠᠶᠠᠨᠳᠠᠭᠠᠨ ᠬᠦᠰᠡᠯ ᠮᠦᠷᠦᠬᠡᠳᠦᠯ ᠤᠷᠭᠤᠵᠦ ᠪᠠᠶᠢᠬᠰᠠᠨ ᠪᠤᠯᠪᠠᠤ︖ | ᠮᠠᠩᠬᠠᠨ ᠨᠤᠳᠤᠭ ᠠᠴᠠ ᠬᠦᠯ ᠢᠶᠠᠨ ᠰᠤᠭᠤᠯᠵᠦ ᠡᠷᠳᠡᠮ ᠤᠨ ᠠᠶᠠᠨ ᠳᠤ ᠲᠦᠷᠦᠬᠡᠯᠡᠬᠦ ᠶᠢᠨ ᠠᠩᠬᠠᠨ ᠤ ᠬᠦᠰᠡᠯ ᠢ | ᠠᠪᠤ ᠮᠢᠨᠢ ᠲᠠᠷᠢᠬᠰᠠᠨ ᠪᠠᠶᠢᠵᠦ ᠲᠠᠭᠠᠷᠠᠨ᠎ᠠ᠃ | ᠵᠢᠭᠠᠰᠤᠨ ᠲᠤᠤᠷ ᠴᠢᠷᠬᠦ ᠠᠵᠢᠯ ᠳᠤ ᠪᠠᠶᠠᠨᠨᠠᠮᠤᠷ ᠠᠪᠤ ᠶᠢᠨ ᠬᠠᠭᠤᠴᠢᠨ ᠲᠷᠠᠺᠲ᠋ᠤᠷ ᠢ ᠵᠠᠷᠤᠳᠠᠭ᠃ ᠠᠪᠤ ᠶᠢᠨ | ᠮᠠᠰᠢᠨ ᠢᠶᠠᠷ ᠪᠠᠶᠢᠴᠧᠩ᠂ ᠲᠤᠤ ᠨᠠᠨ ᠵᠦᠭ ᠵᠢᠭᠠᠰᠤ ᠬᠤᠳᠠᠯᠳᠤᠬᠤ ᠪᠠᠷ ᠶᠠᠪᠤᠳᠠᠭ᠃ ᠠᠪᠤ ᠮᠢᠨᠢ ᠠᠪᠠᠭ᠎ᠠ ᠪᠤᠶᠤ | ᠨᠠᠭᠠᠴᠦ ᠶᠢᠨ ᠬᠡᠨ ᠨᠢᠬᠡᠨ ᠢ ᠨᠢ ᠬᠠᠨᠢ ᠪᠤᠯᠭᠠᠵᠦ ᠲᠡᠭᠡᠭᠡᠳ ᠨᠢᠬᠡ ᠯᠤᠩᠬᠤ ᠭᠤᠤᠯ ᠤᠨ ᠪᠠᠶᠢᠰᠢᠩ ᠠᠷᠢᠬᠢ ᠪᠠᠨ | ᠡᠪᠦᠷᠳᠦᠯᠡᠬᠡᠳ ᠰᠦᠨᠢ ᠶᠢᠨ ᠠᠶᠠᠨ ᠳᠤ ᠭᠠᠷᠳᠠᠭ᠃ ᠡᠪᠦᠯ ᠤᠨ ᠰᠦᠨᠢ ᠶᠢᠨ ᠤᠷᠳᠤ ᠳᠤ ᠵᠠᠮ ᠬᠤᠷᠤᠭᠠᠨ᠎ᠠ ᠬᠡᠬᠦ ᠳᠤ | ᠬᠦᠢᠳᠡᠨ ᠢ ᠠᠷᠭᠠᠴᠠᠨ᠎ᠠ ᠬᠡᠳᠡᠭ ᠠᠮᠠᠷ ᠦᠬᠡᠢ᠃ ᠬᠤᠨᠢᠨ ᠠᠷᠠᠰᠤᠨ ᠲᠡᠪᠡᠯ᠂ ᠯᠤᠤᠪᠤᠵᠠ ᠮᠠᠯᠠᠭᠠᠢ ᠲᠠᠢ ᠠᠪᠤ ᠶᠢᠨ | ᠮᠢᠨᠢ ᠬᠦᠮᠦᠰᠬᠡ᠂ ᠰᠠᠬᠠᠯ ᠨᠢ ᠬᠦᠷᠳᠡᠯ᠎ᠡ ᠴᠠᠩᠳᠤᠵᠦ ᠠᠮᠠ ᠬᠠᠮᠠᠷ ᠠᠴᠠ ᠨᠢ ᠬᠠᠯᠠᠭᠤᠨ ᠠᠭᠤᠷ ᠪᠠᠭᠠᠬᠢᠵᠦ ᠪᠠᠶᠢᠳᠠᠭ᠃ | ᠬᠡᠪᠡᠴᠦ ᠠᠪᠤ ᠮᠢᠨᠢ ᠲᠤᠬᠰᠢᠨ ᠬᠠᠷ᠎ᠠ ᠪᠠᠨ ᠲᠤᠬᠳᠤᠷᠤᠨ ᠲᠤᠬᠳᠤᠷᠤᠨ ᠨᠦᠢᠷ ᠢᠶᠠᠨ ᠰᠡᠷᠬᠦᠬᠡᠵᠦ ᠠᠶᠠᠨ ᠤ | ᠴᠢᠯᠡᠭᠡ ᠪᠠᠨ ᠲᠠᠶᠢᠯᠳᠠᠭ ᠬᠡᠨ᠎ᠡ᠃ ᠶᠡᠷᠡᠭᠡᠳ ᠤᠨ ᠤ ᠵᠠᠮ ᠬᠠᠷᠢᠯᠴᠠᠭ᠎ᠠ ᠶᠠᠮᠠᠷ ᠪᠠᠶᠢᠳᠠᠭ᠂ ᠲᠷᠠᠺᠲ᠋ᠤᠷ ᠤᠨ | ᠬᠤᠷᠳᠦᠴᠠ ᠶᠠᠮᠠᠷ ᠪᠠᠶᠢᠳᠠᠭ ᠢ ᠴᠠᠭ ᠦᠶ᠎ᠡ ᠶᠢᠨ ᠬᠦᠭᠵᠢᠯᠳᠡ ᠰᠢᠨᠡᠴᠢᠯᠡᠯᠳᠡ ᠪᠠᠯᠠᠷᠠᠭᠤᠯᠵᠦ ᠤᠷᠬᠢᠬᠰᠠᠨ ᠴᠦ | ᠬᠦᠮᠦᠨ ᠠᠷᠠᠳ ᠤᠨ ᠮᠢᠨᠢ ᠠᠮᠢᠳᠤᠷᠠᠯ ᠲᠡᠮᠡᠴᠡᠯ ᠤᠨ ᠤᠯᠠ ᠮᠦᠷ ᠢ ᠨᠢ ᠪᠠᠯᠠᠷᠠᠭᠤᠯᠵᠦ ᠴᠢᠳᠠᠳᠠᠭ ᠦᠬᠡᠢ᠃ | ᠶᠡᠭᠡ ᠬᠤᠳᠠ ᠤᠷᠤᠬᠰᠠᠨ ᠠᠪᠤ ᠮᠢᠨᠢ ᠪᠢᠳᠡᠨ ᠳᠤ ᠠᠯᠮᠤᠷᠠᠳ᠂ ᠵᠦᠷᠵᠢ ᠠᠪᠴᠢᠷᠠᠳᠠᠭ᠃ ᠡᠵᠢ ᠲᠡᠬᠦᠨ ᠢ ᠨᠢ | ᠠᠪᠳᠠᠷ᠎ᠠ ᠳᠤ ᠪᠠᠨ ᠨᠢᠮᠪᠠᠶᠢᠯᠠᠨ ᠬᠠᠳᠠᠭᠠᠯᠠᠳᠠᠭ᠃ ᠬᠤᠨᠤᠭ ᠦᠨᠵᠢᠬᠦ ᠳᠤ ᠠᠪᠳᠠᠷ᠎ᠠ ᠠᠴᠠ ᠬᠠᠩᠬᠤᠯᠬᠤ ᠠᠯᠢᠮ᠎ᠠ | ᠵᠢᠮᠢᠰ ᠤᠨ ᠲᠡᠷᠡ ᠰᠠᠶᠢᠬᠠᠨ ᠦᠨᠦᠷ ᠪᠠᠭ᠎ᠠ ᠨᠠᠰᠤᠨ ᠤ ᠮᠢᠨᠢ ᠭᠤᠶᠢᠳᠡ ᠲᠤᠷᠠᠳᠬᠠᠯ ᠪᠤᠯᠵᠦ ᠬᠠᠳᠠᠩᠰᠢᠬᠰᠡᠨ ᠪᠢᠯᠡ᠃ | | ᠢᠯᠠᠭ᠎ᠠ ᠪᠠᠳᠠᠭᠠᠨ᠎ᠠ ᠦᠩᠭᠢᠨᠡᠵᠦ᠂ ᠲᠤᠭᠤᠯ ᠪᠢᠷᠠᠭᠤ ᠬᠡᠳᠡᠬᠡᠨᠡᠳᠡᠨ ᠰᠦ ᠰᠠᠭᠠᠯᠢ ᠦᠳᠬᠡᠷᠡᠬᠦ ᠪᠠᠷ ᠰᠦ | ᠬᠤᠳᠠᠯᠳᠤᠬᠤ ᠴᠠᠭ ᠪᠤᠯᠳᠠᠭ᠃ ᠠᠶᠢᠯ ᠤᠨ ᠪᠦᠰᠡᠬᠦ᠋ᠢᠴᠦᠳ ᠰᠢᠨᠡᠬᠡᠨ ᠰᠠᠭᠠᠬᠰᠠᠨ ᠰᠦ ᠪᠠᠨ ᠰᠠᠭᠤᠯᠭ᠎ᠠ ᠲᠦᠬᠦᠷᠡᠩ | ᠮᠡᠯᠮᠡᠯᠵᠡᠬᠦᠯᠦᠨ ᠰᠦ ᠬᠤᠳᠠᠯᠳᠤᠬᠤ ᠦᠷᠳᠡᠬᠡᠨ ︵ᠠᠶᠢᠯ ᠲᠤᠮᠳᠠᠬᠢ ᠬᠦᠪᠦᠷᠴᠡᠭ ᠭᠠᠵᠠᠷ︶ ᠳᠤ ᠬᠦᠷᠬᠡᠵᠦ ᠤᠴᠢᠳᠠᠭ | ᠃ ᠵᠢᠩ ᠤᠨ ᠤᠳᠤ ᠲᠡᠭᠡᠭᠰᠢ ᠪᠠᠨ ᠤᠳᠦ᠋ᠢᠰᠬᠢᠬᠤ ᠳᠤ ᠬᠠᠷᠠᠮᠰᠠᠵᠦ᠂ ᠵᠢᠩ ᠤᠨ ᠲᠠᠤᠬᠠᠢ ᠲᠤᠭᠤᠬᠰᠢ ᠪᠠᠨ | ᠨᠠᠪᠳᠠᠰᠬᠢᠬᠤ ᠳᠤ ᠪᠠᠶᠠᠰᠤᠨ ᠪᠠᠶᠢᠵᠦ᠂ ᠬᠡᠳᠦᠨ ᠰᠠᠷ᠎ᠠ ᠶᠢᠨ ᠬᠡᠳᠦᠨ ᠤ ᠤᠷᠤᠢ᠂ ᠬᠡᠳᠦᠨ ᠵᠢᠩ᠂ ᠬᠡᠳᠦᠨ ᠯᠡᠩ | ᠬᠦᠷᠳᠡᠯ᠎ᠡ ᠰᠠᠶᠢᠬᠠᠨ ᠲᠡᠮᠳᠡᠭᠯᠡᠬᠦᠯᠬᠦ ᠶᠢᠨ ᠲᠠᠭᠠᠤ ᠦᠪᠡᠷ ᠤᠨ ᠵᠢᠵᠢᠭ ᠲᠡᠪᠳᠡᠷ ᠲᠡᠭᠡᠷ᠎ᠡ ᠪᠠᠨ ᠬᠠᠭᠤᠯᠵᠦ ᠪᠠᠷᠢᠮᠳᠠ | ᠦᠯᠡᠳᠡᠭᠡᠳᠡᠭ᠃ ᠰᠦ ᠬᠦᠷᠬᠡᠬᠦ ᠴᠠᠭ ᠪᠣᠯ ᠠᠶᠢᠯ ᠤᠨ ᠬᠡᠤᠬᠡᠳ ᠤᠨ ᠬᠦᠭᠵᠢᠯᠳᠡᠢ ᠰᠠᠶᠢᠬᠠᠨ ᠨᠠᠭᠠᠳᠬᠤ ᠴᠠᠭ | ᠪᠤᠯᠳᠠᠭ ᠠᠴᠠ ᠡᠵᠢ ᠶᠢ ᠤᠯᠵᠦ ᠲᠠᠭᠠᠬᠤ ᠬᠡᠵᠦ ᠲᠤᠭᠤᠯ ᠲᠠᠳᠠᠵᠦ ᠦᠭᠭᠦ ᠠᠵᠢᠯ ᠢ ᠪᠤᠯᠢᠶᠠᠯᠴᠠᠨ ᠬᠢᠳᠡᠭ᠃ | ᠲᠡᠮᠦᠷ ᠰᠠᠭᠤᠯᠭ᠎ᠠ ᠲᠠᠢ ᠰᠦ᠂ ᠰᠢᠯ ᠯᠤᠩᠬᠤ ᠲᠠᠢ ᠠᠷᠢᠬᠢ ᠭᠤᠯᠤᠩ ᠴᠤᠯᠤᠩ ᠴᠠᠯᠬᠢᠨ ᠠᠶᠢᠵᠠᠮ ᠬᠦᠭ | ᠨᠡᠶᠢᠯᠡᠬᠦᠯᠦᠨ ᠠᠪᠤ ᠶᠢᠨ ᠨᠦᠢᠷ ᠢ ᠦᠷᠬᠦᠬᠡᠬᠦ ᠳᠤ᠂ ᠴᠡᠩᠭᠡᠷ ᠮᠠᠰᠢᠨ ᠬᠡᠳᠡᠩ ᠭᠤᠳᠤᠩ ᠵᠠᠮᠨᠠᠬᠰᠠᠭᠠᠷ ᠪᠠᠶᠠᠨᠮᠠᠩᠬ᠎ᠠ | ᠪᠤᠶᠤ ᠪᠠᠶᠠᠨᠨᠠᠭᠤᠷ ᠤᠨ ᠰᠦᠨ ᠲᠠᠯᠬ᠎ᠠ ᠶᠢᠨ ᠦᠢᠯᠡᠳᠪᠦᠷᠢ ᠳᠤ ᠰᠦ ᠪᠠᠨ ᠬᠦᠷᠬᠡᠵᠦ ᠦᠷ ᠰᠦᠨᠢ ᠪᠠᠷ ᠪᠤᠴᠠᠵᠦ | ᠢᠷᠡᠳᠡᠭ᠃ ᠡᠷᠳᠡ ᠶᠢᠨ ᠰᠡᠷᠢᠬᠦᠨ ᠰᠡᠯᠬᠢ ᠰᠡᠩᠭᠢᠨᠡᠬᠦᠯᠦᠭᠰᠡᠭᠡᠷ ᠡᠬᠦᠳᠡ ᠠᠯᠬᠤᠨ ᠤᠷᠤᠵᠦ ᠢᠷᠡᠬᠦ ᠳᠤ ᠬᠠᠷ᠎ᠠ | ᠠᠷᠢᠬᠢᠨ ᠤ ᠭᠤᠱᠤᠭᠤᠨ ᠨᠢᠯᠤᠭᠤᠨ ᠦᠨᠦᠷ ᠠᠮᠢᠳᠤᠷᠠᠯ ᠤᠨ ᠨᠤᠭᠤᠴᠠᠭᠠᠨ ᠳᠤ ᠲᠠᠰᠪᠤᠷᠢ ᠲᠠᠭᠠᠭᠠᠴᠠ ᠲᠠᠢ | ᠶᠠᠪᠤᠬᠰᠠᠨ ᠠᠪᠤ ᠶᠢᠨ ᠮᠢᠨᠢ ᠵᠤᠷᠢᠭ ᠤᠬᠠᠭᠠᠨ ᠤ ᠴᠠᠭᠠᠨ᠎ᠠ ᠠᠴᠠ ᠦᠨᠦᠰᠳᠡᠨᠡ᠃ | ᠪᠠᠶᠠᠨᠮᠠᠩᠬ᠎ᠠ ᠶᠢᠨ ᠰᠦᠨ ᠦᠢᠯᠡᠳᠪᠦᠷᠢ ᠶᠢᠨ ᠤᠯᠠᠭᠠᠨ ᠦᠨᠢᠶᠡᠨ ᠤ ᠵᠢᠷᠤᠭ ᠲᠠᠢ ᠰᠦᠨ ᠲᠠᠯᠬ᠎ᠠ ᠶᠢᠨ | ᠤᠭᠤᠳᠠ ᠪᠠ ᠭᠤᠤᠯ ᠤᠨ ᠪᠠᠶᠢᠰᠢᠩ ᠤᠨ ᠠᠷᠢᠬᠢᠨ ᠯᠤᠩᠬᠤ ᠪᠠᠭ᠎ᠠ ᠨᠠᠰᠤᠨ ᠤ ᠲᠡᠨᠵᠢᠨ ᠳᠤ ︽ᠬᠤᠳᠠᠴᠢᠯᠠᠯᠳᠠ︾᠂ | ᠬᠦᠭᠵᠢᠯᠳᠡ ᠶᠢᠨ ᠢᠮ ᠲᠠᠮᠠᠭ᠎ᠠ ᠶᠢ ᠬᠤᠳᠦ᠋ᠢᠳᠠᠯᠠ ᠲᠠᠷᠤᠵᠦ ᠦᠯᠡᠳᠡᠬᠡᠵᠡᠢ᠃ | ᠬᠤᠶᠠᠷ ᠯᠤᠩᠬᠤ ᠠᠷᠢᠬᠢᠨ ᠤ ᠦᠷᠢ ᠲᠠᠢ ᠰᠢᠨ᠎ᠡ ᠴᠠᠭ ᠤᠨ ᠬᠤᠷᠢᠮ | ᠬᠤᠷᠢᠭᠠᠳ ᠨᠠᠰᠤᠨ ᠤ ᠨᠠᠭᠠᠭᠤᠷ ᠪᠤᠯᠬᠤ ᠳᠤ ᠬᠦᠳᠡᠭᠡ ᠶᠢᠨ ᠠᠮᠢᠳᠤᠷᠠᠯ ᠨᠡᠯᠢᠶᠡᠳ ᠰᠠᠶᠢᠵᠢᠷᠠᠵᠦ ᠵᠢᠯ ᠴᠠᠭᠠᠨ | ᠰᠠᠷ᠎ᠠ᠂ ᠪᠠᠶᠠᠷ ᠲᠤᠷᠠᠰᠬᠠᠯ ᠤᠨ ᠡᠳᠦᠷ ᠪᠤᠯᠬᠤ ᠳᠤ ᠡᠯᠢᠬᠡᠨ ᠰᠠᠳᠤᠨ ᠳᠤ ᠪᠠᠨ ᠠᠶᠢᠯᠴᠢᠯᠠᠬᠤ ᠳᠤ ᠬᠤᠶᠠᠷ ᠯᠤᠩᠬᠤ | ᠠᠷᠢᠬᠢᠨ ᠤ ᠪᠡᠯᠡᠭ ᠲᠠᠢ ᠤᠴᠢᠬᠤ ᠪᠤᠯᠪᠠ᠃ ᠡᠵᠢ᠂ ᠪᠢᠳᠡᠨ ᠢ ᠨᠠᠭᠠᠴᠦ ᠶᠤᠮ ᠤᠤ ᠠᠪᠠᠭ᠎ᠠ ᠶᠢᠨ ᠡᠯᠵᠢᠬᠡᠨ | ᠲᠡᠷᠬᠡᠨ ᠳᠤ ᠯᠠᠪᠳᠠᠭᠤᠬᠠᠨ ᠰᠠᠭᠤᠯᠭᠠᠵᠦ ᠪᠤᠬᠴᠦ ᠲᠠᠢ ᠡᠷᠬᠢᠯᠳᠡ ᠶᠢ ᠲᠡᠪᠡᠷᠢᠬᠦᠯᠦᠨ᠂ ᠬᠡᠨ ᠤ ᠳᠤ ᠶᠠᠮᠠᠷ ᠡᠷᠬᠢᠯᠳᠡ | ᠠᠪᠠᠴᠢᠬᠤ ᠪᠠᠨ ᠲᠤᠳᠤᠷᠬᠠᠢ ᠲᠤᠬᠳᠠᠭᠠᠵᠦ ᠪᠠ︖ ᠬᠡᠵᠦ ᠯᠠᠪᠯᠠᠳᠠᠭ᠃ ᠠᠪᠠᠭ᠎ᠠ ᠡᠬᠡᠴᠢ ᠪᠤᠶᠤ ᠠᠨᠢᠶ᠎ᠠ ᠶᠢᠨ ᠳᠤ | ᠪᠣᠯ ᠨᠢᠬᠡ ᠯᠤᠩᠬᠤ ᠠᠷᠢᠬᠢ᠂ ᠨᠢᠬᠡ ᠯᠤᠩᠬᠤ ᠭᠤᠸᠠᠨᠲ᠋ᠧᠤ᠂ ᠪᠤᠰᠤᠳ ᠲᠤ ᠨᠢ ᠬᠤᠶᠠᠷ ᠯᠤᠩᠬᠤ ᠠᠷᠢᠬᠢ ᠁ | ᠵᠠᠮ ᠲᠤᠵᠢ ᠡᠷᠬᠢᠯᠳᠡ ᠶᠢᠨ ᠪᠡᠯᠡᠭ ᠢᠶᠠᠨ ᠴᠡᠬᠡᠵᠢᠯᠡᠨ ᠶᠠᠪᠤᠬᠤ ᠳᠤ ᠬᠦᠭᠯᠡᠭᠰᠡᠨ ᠡᠯᠵᠢᠬᠡ ᠲᠦᠷᠴᠢᠬᠢᠨᠡᠳᠡᠯᠡ ᠬᠦᠶᠦᠵᠦ | ᠯᠤᠩᠬᠤ ᠰᠠᠪᠠ ᠬᠠᠩᠭᠢᠭᠠᠷ ᠴᠢᠩᠭᠠᠷ ᠲᠤᠤᠭᠠᠷᠴᠦ᠂ ᠪᠢᠳᠡ ᠬᠡᠳᠦᠬᠦᠯᠡ ᠲᠡᠭᠡᠷ᠎ᠡ ᠲᠤᠤᠷ᠎ᠠ ᠦᠰᠦᠷᠬᠢᠯᠡᠨ ᠠᠷᠠᠢ ᠬᠡᠵᠦ | ᠨᠢᠬᠡ ᠠᠶᠢᠯ ᠳᠤ ᠪᠠᠭᠤᠨ ᠦᠳᠡᠯᠡᠬᠡᠳ ᠨᠦᠬᠦᠬᠡ ᠰᠡᠳᠤᠨ ᠢᠶᠠᠨ ᠡᠷᠬᠢᠬᠦ ᠪᠠᠷ ᠶᠠᠪᠤᠳᠠᠭ᠃ ᠠᠶᠢᠯᠴᠢᠯᠠᠯᠳᠠ | ᠲᠤᠭᠤᠷᠢᠯᠳᠠ ᠬᠡᠳᠦᠨ ᠡᠳᠦᠷ ᠢᠶᠠᠷ ᠵᠤᠭ᠎ᠠ ᠲᠠᠢ ᠦᠷᠬᠦᠯᠵᠢᠯᠡᠳᠡᠭ ᠪᠠᠶᠢᠬᠰᠠᠨ᠃ | ᠵᠠᠷᠢᠮ ᠵᠠᠷᠢᠮ ᠰᠠᠳᠤᠨ ᠤ ᠳᠤ ᠤᠴᠢᠪᠠᠯ ︽ᠵᠠ᠂ ᠤᠳᠤ ᠡᠨᠡ ᠦᠬᠢᠨ ᠤ ᠠᠷᠢᠬᠢ ᠶᠢ ᠤᠤᠭᠤᠬᠤ ᠴᠠᠭ | ᠪᠤᠯᠤᠬᠰᠠᠨ ᠪᠠ︖ ᠬᠤᠷᠳᠤᠨ ᠬᠦᠷᠬᠡᠨ ᠳᠤ ᠦᠭᠭᠦᠭᠡᠳ ᠬᠤᠶᠠᠷ ᠯᠤᠩᠬᠤ ᠰᠤᠯᠢᠶ᠎ᠠ︾ ᠬᠡᠵᠦ ᠱᠣᠣᠬᠢᠭᠤᠯᠳᠠᠭ᠃ | ᠬᠤᠶᠠᠷ ᠯᠤᠩᠬᠤ ᠠᠷᠢᠬᠢᠨ ᠤ ᠯᠡ ᠪᠡᠨ᠎ᠡ ᠲᠠᠢ ᠦᠬᠢᠨ ᠵᠠᠶᠠᠭ᠎ᠠ ᠳᠤ ᠪᠠᠨ ᠭᠤᠮᠤᠳᠠᠵᠦ ᠤᠷᠤᠭᠤ ᠴᠢᠷᠠᠢ ᠲᠠᠢ | ᠬᠡᠷ ᠲᠤ ᠪᠠᠨ ᠪᠤᠴᠠᠬᠤ ᠳᠤ ᠠᠪᠤ ᠮᠢᠨᠢ ᠬᠡᠨᠡᠭ ᠦᠬᠡᠶᠢᠬᠡᠨ ᠮᠦᠰᠢᠶᠡᠵᠦ ︽ᠮᠢᠨᠢ ᠮᠠᠭᠤ ᠦᠬᠢᠨ ᠪᠢᠴᠢᠭ ᠢᠶᠠᠨ ᠰᠠᠶᠢᠨ | ᠰᠤᠷᠴᠦ᠂ ᠬᠤᠳᠠ ᠳᠤ ᠠᠮᠢᠳᠤᠷᠠᠵᠦ ᠠᠰᠠᠷ ᠲᠤ ᠰᠠᠭᠤᠨ᠎ᠠ ᠰᠢᠤ᠂ ᠠᠪᠤ ᠨᠢ ᠬᠦᠯ ᠢᠶᠠᠨ ᠰᠠᠶᠢᠨ ᠭᠠᠮᠨᠠᠶᠠ᠂ | ᠦᠬᠢᠨ ᠤ ᠪᠠᠨ ᠠᠰᠠᠷ ᠲᠤ ᠲᠤᠭᠤᠷᠢᠵᠦ ᠤᠴᠢᠨ᠎ᠠ ᠰᠢᠤ︕︾ ᠬᠡᠵᠦ ᠠᠷᠭᠠᠳᠠᠳᠠᠭ᠃ | ᠰᠢᠨ᠎ᠡ ᠴᠠᠭ ᠤᠨ ᠵᠠᠯᠠᠭᠤᠴᠤᠳ ᠪᠤᠯᠵᠦ ᠲᠦᠷᠦᠭᠰᠡᠨ ᠮᠢᠨᠢ ᠶᠠᠭᠤᠳᠠᠢ ᠰᠠᠶᠢᠨ ᠪᠢᠯᠡ᠃ ᠬᠠᠶᠢᠷ᠎ᠠ ᠲᠤᠷᠠᠯᠠᠯ ᠤᠨ | ᠲᠠᠯ᠎ᠠ ᠪᠠᠷ ᠬᠠᠰᠢᠵᠦ ᠬᠤᠷᠢᠬᠰᠠᠨ ᠬᠦᠮᠦᠨ ᠨᠢᠬᠡ ᠴᠦ ᠪᠠᠶᠢᠬᠤ ᠦᠬᠡᠢ᠃ ᠠᠪᠤ ᠡᠵᠢ ᠠᠴᠠ ᠪᠠᠨ ᠠᠰᠠᠭᠤᠬᠰᠠᠨ ᠴᠦ | ᠦᠬᠡᠢ ᠪᠠᠷ ᠲᠡᠭᠦᠰᠬᠦ ᠵᠢᠯ ᠨᠠᠶᠢᠵᠠ ᠵᠠᠯᠠᠭᠤ ᠪᠠᠨ ᠬᠡᠷ ᠲᠤ ᠪᠠᠨ ᠲᠠᠭᠠᠭᠤᠯᠤᠨ ᠠᠪᠠᠴᠢᠬᠰᠠᠨ ᠢ ᠶᠠᠭᠠᠬᠢᠨ᠎ᠠ︖ | ᠬᠡᠷ ᠢᠶᠠᠨ ᠲᠠᠨᠢᠭᠤᠯᠤᠬᠰᠠᠨ ᠤ ᠲᠠᠷᠠᠭ᠎ᠠ ᠵᠢᠯ ᠨᠢ ᠬᠤᠶᠠᠭᠤᠯᠠ ᠪᠠᠨ ᠪᠠᠭᠰᠢ ᠶᠢᠨ ᠡᠩᠨᠡᠬᠡᠨ ᠳᠤ ᠰᠢᠯᠭᠠᠭᠠᠯᠤᠨ ᠤᠷᠤᠵᠦ | ᠠᠵᠢᠯ ᠠᠯᠪᠠ ᠲᠠᠢ ᠪᠤᠯᠤᠬᠰᠠᠨ ᠢᠶᠠᠷ ᠬᠤᠷᠢᠮ ᠤᠨ ᠡᠳᠦᠷ ᠢᠶᠠᠨ ᠪᠤᠯᠵᠤᠭᠠᠳ ᠬᠡᠷ ᠲᠤ ᠪᠠᠨ ᠴᠢᠮᠡᠭᠡ ᠦᠭᠴᠦ | ᠲᠤᠩᠬᠠᠭᠯᠠᠭᠠᠳ ᠠᠶᠢᠯ ᠳᠤ ᠮᠤᠷᠳᠠᠴᠢᠬᠠᠬᠰᠠᠨ ᠪᠢᠯᠡ᠃ | ᠠᠶᠢᠯ ᠠᠶᠢᠮᠠᠭ ᠤᠨ ᠠᠬᠠᠮᠠᠳ ᠲᠤᠮᠤᠭᠠᠳᠠᠨ ᠬᠠᠶᠠ ᠬᠠᠷᠭᠤᠬᠤ ᠳᠤ ᠪᠠᠨ ︽ᠡᠨᠡ ᠦᠬᠢᠨ ᠤ ᠠᠷᠢᠬᠢ ᠶᠢ ᠨᠢ | ᠤᠯᠵᠦ ᠤᠤᠭᠤᠬᠰᠠᠨ ᠦᠬᠡᠢ ᠰᠢᠤ︕︾ ᠬᠡᠵᠦ ᠬᠠᠷᠠᠮᠰᠠᠳᠠᠭ᠃ ︽ᠬᠠᠳᠠᠭ ᠲᠤᠬᠳᠠᠬᠰᠠᠨ ᠠᠷᠢᠬᠢ︾᠂ ︽ | ᠰᠢᠬᠦᠰᠦᠨ ᠤ ᠠᠷᠢᠬᠢ︾ ᠬᠡᠵᠦ ᠤᠤᠭᠤᠯᠴᠠᠳᠠᠭ ᠪᠠᠶᠢᠬᠰᠠᠨ ᠠᠪᠤ ᠲᠡᠭᠡᠳᠦ ᠠᠴᠠ ᠤᠯᠠᠮᠵᠢᠯᠠᠬᠰᠠᠨ ᠬᠤᠷᠢᠮ ᠤᠨ | ᠶᠤᠰᠤ ᠵᠠᠩᠰᠢᠯ᠂ ᠵᠠᠩ ᠵᠢᠷᠤᠮ ᠢ ᠦᠪᠡᠷ ᠤᠨ ᠲᠤᠷ᠎ᠠ ᠪᠠᠷ ᠡᠪᠳᠡᠵᠦ ︽ᠰᠢᠨ᠎ᠡ ᠴᠠᠭ ᠤᠨ ᠬᠤᠷᠢᠮ︾ ᠬᠢᠵᠦ | ᠲᠦᠷᠬᠦᠮ ᠤᠨ ᠬᠡᠷ ᠠᠴᠠ ᠪᠠᠨ ᠪᠢᠰᠢ᠂ ᠵᠤᠴᠢᠳ ᠤᠨ ᠪᠠᠭᠤᠳᠠᠯ ᠠᠴᠠ ᠮᠤᠷᠳᠠᠵᠦ ᠶᠠᠪᠤᠬᠰᠠᠨ ᠪᠢ ᠨᠠᠮ᠎ᠠ ᠶᠢ | ᠦᠬᠦᠬᠡᠷᠳᠦᠵᠦ ᠦᠰᠬᠡᠭᠰᠡᠨ᠂ ᠡᠩᠭᠦᠷᠡᠶᠢᠯᠡᠵᠦ ᠰᠠᠨᠠᠬᠰᠠᠨ᠂ ᠢᠷᠦᠬᠡᠵᠦ ᠵᠦᠩᠨᠡᠭᠰᠡᠨ ᠤᠯᠠᠨ ᠤᠯᠠᠨ ᠬᠦᠮᠦᠨ ᠳᠤ | ᠬᠤᠶᠠᠷ ᠯᠤᠩᠬᠤ ᠠᠷᠢᠬᠢ ᠦᠷᠢᠳᠡᠵᠦ ᠪᠢᠯᠡ᠃ | ᠠᠪᠤ ᠳᠤ ᠪᠠᠨ ᠪᠢ ᠶᠠᠳᠠᠵᠦ ᠬᠤᠶᠠᠷ ᠯᠤᠩᠬᠤ ︽ᠭᠤᠤᠯ ᠤᠨ ᠪᠠᠶᠢᠰᠢᠩ︾ ᠠᠷᠢᠬᠢᠨ ᠤ ᠪᠡᠯᠡᠭ ᠲᠠᠢ | ᠤᠴᠢᠬᠤ ᠪᠠᠨ ᠶᠠᠭᠠᠬᠢᠯ᠎ᠠ︖ ᠠᠪᠤ ᠮᠢᠨᠢ ᠠᠷᠢᠬᠢᠨ ᠳᠤ ᠬᠠᠶᠠᠬᠳᠠᠵᠦ᠂ ᠬᠠᠶᠠᠵᠦ᠂ ᠬᠠᠶᠠᠬᠳᠠᠵᠦ ᠶᠠᠪᠤᠯ᠎ᠠ᠃ | ᠦᠳᠡᠯᠬᠦ ᠶᠢᠨ ᠦᠵᠦᠬᠦᠷ ᠬᠡᠤᠬᠡᠳ ᠠᠴᠢ ᠳᠤ ᠪᠠᠨ ᠪᠤᠤ ᠲᠠᠷᠤᠭᠠᠰᠤ ᠪᠤᠯᠤᠶ᠎ᠠ ᠬᠡᠵᠦ ᠠᠷᠢᠬᠢ᠂ ᠲᠠᠮᠠᠬᠢᠨ ᠠᠴᠠ ᠪᠠᠨ | ᠵᠤᠬᠰᠤᠵᠦ ᠬᠤᠨᠢᠨ ᠤ ᠪᠠᠨ ᠪᠡᠯᠴᠢᠬᠡᠷ ᠢᠶᠠᠷ ᠰᠡᠳᠬᠢᠯ ᠤᠨ ᠲᠠᠮᠢᠷ ᠰᠡᠷᠬᠦᠬᠡᠵᠦ ᠶᠠᠪᠤᠬᠰᠠᠨ ᠬᠠᠰᠢᠷ ᠡᠪᠦᠬᠡᠨ ᠪᠤᠯᠪᠠ᠃ | ᠦᠨᠦᠳᠦᠷ ᠭᠤᠤᠯ ᠤᠨ ᠪᠠᠶᠢᠰᠢᠩ ᠠᠷᠢᠬᠢᠨ ᠦᠢᠯᠡᠳᠪᠤᠷᠢ ᠳᠤ ᠢᠷᠡᠬᠦ ᠳᠤ ᠠᠪᠤ ᠳᠤ ᠮᠢᠨᠢ ᠬᠠᠨᠢ ᠪᠤᠯᠵᠦ | ᠵᠠᠯᠠᠭᠤ ᠨᠠᠰᠤᠨ ᠤ ᠬᠢᠨᠢ ᠵᠤᠭ᠎ᠠ ᠪᠤᠯᠵᠦ ᠶᠠᠪᠤᠬᠰᠠᠨ ᠰᠢᠯ ᠤᠨ ᠯᠤᠩᠬᠤ ᠦᠨᠳᠦᠷ ᠦᠨ᠎ᠡ ᠶᠢᠨ ᠱᠤᠰᠢᠭ᠎ᠠ | ᠬᠠᠳᠠᠭᠤᠯᠵᠦ ᠤᠨ ᠵᠢᠯ ᠤᠨ ᠤᠷᠤᠰᠬᠠᠯ᠂ ᠬᠦᠭᠵᠢᠯᠳᠡ ᠬᠤᠪᠢᠷᠠᠯᠳᠠ ᠶᠢ ᠲᠡᠮᠳᠡᠭᠯᠡᠨ᠂ ᠨᠡᠷᠡᠳᠦ ᠦᠢᠯᠡᠳᠬᠦᠨ ᠤ | ᠮᠠᠷᠺ ᠪᠤᠯᠵᠦ ᠬᠦᠭᠵᠢᠵᠡᠢ᠃ | ᠠᠷᠪᠠᠨ ᠵᠢᠯ ᠤᠨ ᠬᠠᠷᠠᠮᠰᠠᠯ ᠢ ᠲᠡᠭᠡᠭᠡᠭᠰᠡᠨ ᠯᠤᠩᠬᠤ ᠨᠤᠭᠤᠳ ᠢ ᠬᠠᠷᠠᠬᠤ ᠪᠠᠷ ᠬᠤᠶᠠᠷ ᠯᠤᠩᠬᠤ ᠠᠷᠢᠬᠢᠨ ᠤ | ᠦᠷᠢ ᠪᠠᠨ ᠲᠦᠯᠦᠶᠡ ᠬᠡᠵᠦ ᠬᠠᠷᠮᠠᠨ ᠢᠶᠠᠨ ᠲᠡᠮᠳᠡᠷᠢᠯᠡ᠃ ᠬᠤᠶᠠᠷ ᠯᠤᠩᠬᠤ ᠠᠷᠢᠬᠢ ᠶᠢ ᠨᠢ ᠪᠢ ᠲᠦᠯᠦᠵᠦ ᠪᠤᠯᠤᠨ᠎ᠠ | ᠃ ᠠᠷᠢᠬᠢᠨ ᠤ ᠰᠤᠶᠤᠯ᠂ ᠠᠷᠠᠵᠠᠨ ᠳᠤ ᠰᠢᠩᠭᠡᠭᠰᠡᠨ ᠡᠪᠦᠬᠡᠳ ᠲᠡᠭᠡᠳᠦᠰ ᠤᠨ ᠤᠬᠠᠭᠠᠨ ᠪᠢᠯᠢᠭ᠂ ᠰᠠᠷᠬᠤᠳ ᠤᠨ | ᠲᠡᠭᠡᠵᠢᠨ ᠳᠤ ᠠᠭᠤᠰᠤᠬᠰᠠᠨ ᠵᠠᠩ ᠵᠢᠷᠤᠮ᠂ ᠶᠤᠰᠤ ᠵᠠᠩᠰᠢᠯ ᠢᠶᠠᠨ ᠪᠢ ᠶᠠᠭᠠᠬᠢᠵᠦ ᠲᠦᠯᠦᠳᠡᠭ ᠪᠢᠯᠡ⁈ | ᠵᠣᠬᠢᠶᠠᠭᠴᠢ᠄ ● ᠯ᠊᠂ ᠰᠤᠨᠢᠨ | ᠵᠤᠬᠢᠶᠠᠬᠴᠢ ᠶᠢᠨ ᠬᠠᠶ᠋ᠢᠬ᠄ ᠲᠤᠮᠳᠠᠳᠤ ᠬᠤᠰᠢᠭᠤᠨ ᠤ ᠪᠠᠶᠠᠨᠬᠤᠰᠢᠭᠤ ᠨᠢᠬᠡᠳᠦᠬᠡᠷ ᠲᠤᠮᠳᠠᠳᠤ ᠰᠤᠷᠭᠠᠭᠤᠯᠢ |