ᠠᠷᠭᠠᠯ ᠤᠨ ᠤᠳᠤᠭ᠎ᠠ ᠪᠠᠨ ᠠᠭᠠᠷ ᠲᠤ ᠰᠤᠭᠤᠨᠠᠭᠯᠠᠭᠤᠯᠤᠨ ᠠᠳᠠᠷ ᠲᠠᠯ᠎ᠠ ᠪᠠᠷ ᠦᠯᠦᠭᠡᠢ ᠪᠠᠨ ᠪᠤᠯᠭᠠᠭᠰᠠᠨ | ᠠᠯᠳᠠᠨ ᠲᠡᠯᠡᠬᠡᠢ ᠶᠢ ᠨᠢᠭᠡ ᠦᠶ᠎ᠡ ᠲᠤᠷᠭᠢᠭᠤᠯᠵᠤ᠂ ᠠᠵᠠ ᠶᠢᠨ ᠲᠡᠭᠷᠢ ᠳᠤ ᠬᠡᠶᠢᠮᠤᠷᠢ ᠪᠠᠨ ᠲᠡᠭᠳᠡᠭᠡᠵᠦ ᠠᠭᠤᠳᠠᠮ | ᠲᠠᠯ᠎ᠠ ᠪᠠᠨ ᠠᠭᠳᠠ ᠶᠢᠨ ᠲᠤᠭᠤᠷᠠᠢ ᠪᠠᠷ ᠲᠠᠮᠠᠭᠠᠯᠠᠭᠰᠠᠨ ᠪᠤᠭᠳᠠ ᠪᠠᠭᠠᠳᠤᠷ ᠴᠢᠩᠭᠢᠰ ᠤᠨ ᠬᠤᠶᠢᠴᠢᠰ ᠮᠠᠨᠢ | ᠮᠤᠩᠭᠤᠯ ᠤᠨ ᠦᠨᠳᠦᠷᠯᠢᠭ ᠲᠤ ᠦᠪᠡᠷ ᠤᠨ ᠬᠡᠶᠢᠮᠤᠷᠢ ᠪᠠᠨ ᠬᠡᠶᠢᠰᠭᠡᠨ ᠨᠡᠭᠦᠳᠡᠯᠴᠢᠨ ᠠᠮᠢᠳᠤᠷᠠᠯ ᠤᠨ ᠵᠢᠮ᠎ᠠ ᠪᠠᠨ | ᠡᠷᠭᠦᠵᠦ ᠶᠠᠪᠤᠨ᠎ᠠ ᠪᠢᠯᠡ᠃ | ᠨᠢᠭᠡᠨ ᠮᠠᠯᠴᠢᠨ ᠬᠦᠮᠦᠨ ᠤ ᠠᠭᠤᠯᠠ ᠲᠠᠯ᠎ᠠ᠂ ᠭᠤᠣᠯ ᠭᠤᠷᠤᠬ᠎ᠠ᠂ ᠠᠭᠤᠷ ᠠᠮᠢᠰᠬᠤᠯ᠂ ᠤᠢ ᠰᠢᠭᠤᠢ᠂ | ᠤᠷᠭᠤᠮᠠᠯ ᠠᠮᠢᠳᠠᠨ ᠢ ᠪᠠᠭᠳᠠᠭᠠᠵᠤ ᠴᠢᠳᠠᠬᠤ ᠰᠡᠳᠭᠢᠯ ᠤᠨ ᠬᠦᠴᠦᠨ ᠤ ᠬᠠᠭᠠᠰ ᠨᠢ ᠤᠨᠤᠭᠰᠠᠨ ᠬᠦᠯᠦᠭ ᠲᠤ ᠨᠢ | ᠭᠠᠪᠢᠶ᠎ᠠ ᠲᠤᠭᠠᠴᠠᠬᠤ ᠤᠴᠢᠷᠳᠠᠢ ᠰᠠᠨ᠃ ᠡᠨᠡ ᠨᠢ ᠶᠠᠭ ᠲᠡᠷᠡᠬᠦ ᠠᠭᠤᠯᠠ ᠲᠠᠯ᠎ᠠ᠂ ᠬᠠᠩᠭᠠᠢ ᠪᠡᠯᠴᠢᠭᠡᠷ᠂ ᠤᠰᠤ | ᠨᠠᠮᠤᠭ᠂ ᠡᠯᠡᠰᠦᠷᠬᠡᠭ ᠨᠤᠳᠤᠭ ᠤᠨ ᠮᠤᠷᠢ ᠮᠠᠯ ᠤᠨ ᠠᠷᠠᠨᠰᠢᠨ ᠢ ᠤᠶᠢᠯᠠᠭᠠᠵᠤ ᠮᠡᠳᠡᠨ ᠠᠮᠢᠳᠤᠷᠠᠯ ᠤᠨ ᠬᠡᠷᠡᠭᠴᠡᠭᠡ | ᠱᠠᠭᠠᠷᠳᠠᠯᠭ᠎ᠠ ᠬᠠᠩᠭᠠᠬᠤ ᠠᠴᠠ ᠢᠯᠡᠭᠦᠤ ᠠᠮᠢᠳᠠᠨ ᠲᠠᠢ ᠨᠢᠭᠡᠳᠴᠦ ᠴᠢᠳᠠᠬᠤ ᠶᠢᠨ ᠤᠬᠠᠭᠠᠨ ᠢ ᠰᠤᠷᠴᠤ | ᠬᠦᠭᠵᠢᠭᠦᠯᠵᠦ ᠪᠠᠶᠢᠳᠠᠭ᠃ | ᠬᠦᠮᠦᠨ ᠤ ᠬᠦᠰᠡᠯ ᠵᠤᠷᠢᠯᠳᠠ ᠬᠡᠶᠢᠮᠤᠷᠢ ᠶᠢ ᠬᠡᠳᠦᠨ ᠵᠠᠭᠤᠨ ᠵᠢᠯ ᠤᠨ ᠲᠤᠷᠰᠢ ᠰᠦᠭ ᠰᠦᠯᠳᠡ ᠪᠤᠯᠤᠨ | ᠲᠡᠮᠵᠢᠵᠤ ᠢᠷᠡᠭᠰᠡᠨ ᠵᠦᠢᠯ ᠪᠤᠯ ᠮᠤᠷᠢ ᠶᠤᠮ᠃ ᠮᠤᠷᠢ ᠪᠤᠯ ᠭᠠᠯᠪᠢᠷ ᠰᠠᠶᠢᠬᠠᠨ ᠭᠠᠳᠠᠷ ᠲᠦᠷᠭᠦ ᠲᠠᠢ᠂ ᠭᠠᠵᠠᠷ ᠤᠨ | ᠬᠤᠯᠠ ᠶᠢ ᠲᠤᠪᠴᠢᠯᠠᠨ ᠬᠦᠶᠦᠳᠡᠭ᠂ ᠭᠠᠩᠭᠠᠩ ᠭᠤᠶᠤ ᠭᠠᠳᠠᠷ ᠪᠠᠶᠢᠳᠠᠯ ᠲᠠᠢ ᠬᠡᠶᠢᠮᠦᠷᠯᠢᠬ ᠠᠮᠢᠳᠠᠨ᠂ ᠲᠡᠷᠡ ᠨᠢ | ᠮᠤᠩᠭᠤᠯ ᠬᠦᠮᠦᠨ ᠢ ᠲᠡᠯᠡᠬᠡᠢ ᠶᠢᠨ ᠲᠠᠶᠢᠰᠠᠨ ᠳᠤ ᠭᠠᠷᠭᠠᠭᠰᠠᠨ ᠭᠡᠳᠡᠭ ᠢ ᠲᠡᠦᠬᠡ ᠶᠢᠨ ᠬᠠᠭᠤᠳᠠᠰᠤᠨ ᠳᠤ | ᠲᠡᠮᠳᠡᠭᠯᠡᠵᠦ ᠪᠠᠶᠢᠳᠠᠭ᠃ ᠮᠠᠯᠵᠢᠬᠤ ᠰᠤᠶᠤᠯ᠂ ᠮᠠᠯᠵᠢᠬᠤ ᠠᠮᠢᠳᠤᠷᠠᠯ᠂ ᠮᠠᠯᠴᠢᠨ ᠬᠦᠮᠦᠨ ᠭᠤᠷᠪᠠ ᠮᠤᠷᠢ ᠠᠴᠠ | ᠰᠠᠯᠵᠤ ᠴᠢᠳᠠᠬᠤ ᠦᠭᠡᠢ ᠪᠠᠶᠢᠳᠠᠭ᠃ ᠤᠴᠢᠷ ᠨᠢ ᠮᠤᠷᠢ ᠮᠠᠯᠵᠢᠬᠤ ᠠᠮᠢᠳᠤᠷᠠᠯ ᠳᠤ ᠭᠤᠣᠯ ᠬᠦᠴᠦᠨ ᠵᠦᠢᠯ ᠪᠤᠯᠵᠤ | ᠡᠵᠡᠨ ᠳᠤ ᠪᠠᠨ ᠦᠮᠦᠭ ᠲᠦᠰᠢᠭ ᠪᠤᠯᠵᠤ ᠦᠨᠢᠳᠡ ᠲᠤᠷᠠᠰᠤᠭᠳᠠᠨᠠ ᠪᠢᠯᠡ᠃ | ᠮᠢᠨᠦ ᠠᠪᠤ ᠪᠤᠯ ᠮᠠᠯᠵᠢᠬᠤ ᠠᠮᠢᠳᠤᠷᠠᠯ ᠤᠨ ᠲᠤᠬᠠᠢ ᠲᠤᠷᠰᠢᠯᠭ᠎ᠠ ᠤᠪᠤᠭ᠎ᠠ ᠤᠯᠠᠨᠳᠠᠢ ᠬᠦᠮᠦᠨ ᠰᠠᠨ᠃ | ᠡᠶᠢᠮᠦ ᠠᠴᠠ ᠨᠠᠳᠠ ᠳᠤ ᠦᠵᠦᠮᠦᠴᠢᠨ ᠨᠤᠳᠤᠭ ᠤᠨ ᠵᠠᠯᠰᠠᠨ ᠠᠪᠠᠭ᠎ᠠ ᠶᠢᠨ ᠬᠤᠯᠠᠨ ᠰᠢᠷᠭ᠎ᠠ ᠠᠵᠢᠷᠭ᠎ᠠ ᠶᠢᠨ | ᠦᠯᠢᠭᠡᠷ ᠢ ᠶᠠᠷᠢᠵᠤ ᠦᠭᠭᠦᠭᠰᠡᠨ ᠰᠠᠨ᠃ | ᠦᠵᠦᠮᠦᠴᠢᠨ ᠨᠤᠳᠤᠭ ᠤᠨ ᠦᠷᠭᠡᠨ ᠠᠭᠤᠳᠠᠮ ᠲᠠᠯ᠎ᠠ ᠨᠤᠳᠤᠭ ᠲᠤ ᠦᠬᠡᠷ ᠬᠤᠨᠢᠨ ᠰᠦᠷᠦᠭ ᠡᠩ ᠦᠭᠡᠢ | ᠲᠠᠷᠬᠠᠨ ᠪᠡᠯᠴᠢᠵᠦ ᠪᠠᠶᠢᠭᠰᠠᠨ ᠵᠢᠷᠠᠭᠠᠳ ᠤᠨ ᠤ ᠦᠶᠡᠰ ᠲᠤ ᠵᠡᠷᠯᠢᠭ ᠴᠢᠨ᠋ᠸ᠎ᠠ ᠲᠠᠯ᠎ᠠ ᠨᠤᠳᠤᠭ ᠤᠨ ᠮᠠᠯᠴᠢᠨ | ᠲᠦᠮᠡᠨ ᠳᠤ ᠦᠶ᠎ᠡ ᠦᠶ᠎ᠡ ᠬᠤᠣᠷ ᠬᠦᠨᠦᠭᠡᠯ ᠠᠪᠴᠢᠷᠠᠭᠰᠠᠨ ᠦᠯᠢᠭᠡᠷ ᠠᠷᠪᠢᠨ ᠭᠠᠷᠤᠭᠰᠠᠨ ᠪᠢᠯᠡ᠃ ᠡᠨᠡ ᠨᠤᠳᠤᠭ | ᠤᠰᠤᠨ ᠳᠠᠭᠠᠨ ᠨᠡᠷ᠎ᠡ ᠲᠦᠷᠦ ᠲᠠᠢ ᠲᠡᠯᠭᠡᠷ ᠪᠠᠶᠠᠨ ᠵᠠᠯᠰᠠᠨ᠂ ᠪᠠᠯᠳᠠᠨ ᠭᠡᠵᠦ ᠬᠡᠨ ᠠᠯᠢᠨ ᠳᠤ ᠪᠠᠨ ᠠᠪᠳᠠᠬᠤ ᠦᠭᠡᠢ | ᠪᠠᠶᠠᠨ ᠴᠢᠨᠡᠭᠡᠯᠢᠭ ᠠᠮᠢᠳᠤᠷᠠᠯ ᠲᠠᠢ ᠪᠠᠶᠢᠭᠰᠠᠨ ᠪᠦᠭᠡᠳ ᠠᠳᠤᠭᠤᠨ ᠰᠦᠷᠦᠭ ᠢ ᠬᠤᠳᠤᠭᠤᠷ ᠢᠶᠠᠷ ᠬᠡᠮᠵᠢᠵᠦ | ᠲᠤᠭᠠᠯᠠᠳᠠᠭ ᠭᠡᠳᠡᠭ᠃ ᠵᠠᠯᠰᠠᠨ ᠪᠠᠶᠠᠨ ᠤ ᠠᠳᠤᠭᠤᠨ ᠰᠦᠷᠦᠭ ᠲᠤ ᠬᠤᠯᠠᠨ ᠰᠢᠷᠭ᠎ᠠ ᠠᠵᠢᠷᠭ᠎ᠠ ᠲᠠᠢ᠂ ᠪᠠᠯᠳᠠᠨ | ᠪᠠᠶᠠᠨ ᠤ ᠠᠳᠤᠭᠤᠨ ᠰᠦᠷᠦᠭ ᠲᠤ ᠬᠦᠷᠡᠩ ᠵᠡᠭᠡᠷᠳᠡ ᠠᠵᠢᠷᠭ᠎ᠠ ᠲᠠᠢ ᠪᠠᠶᠢᠭᠰᠠᠨ ᠪᠦᠭᠡᠳ ᠡᠷᠭᠢᠨ ᠲᠤᠭᠤᠷᠢᠨ | ᠬᠡᠳᠦᠨ ᠵᠠᠭᠤᠨ ᠭᠠᠵᠠᠷ ᠤᠨ ᠦᠩ ᠰᠢᠮᠡᠯᠢᠭ ᠡᠪᠡᠰᠦ ᠪᠡᠯᠴᠢᠭᠡᠷ ᠢ ᠵᠦᠪᠬᠡᠨ ᠬᠤᠶᠠᠷ ᠠᠶᠢᠯ ᠤᠨ ᠬᠡᠳᠦᠨ ᠬᠤᠳᠤᠭᠤᠷ | ᠠᠳᠤᠭᠤ ᠠᠴᠠ ᠪᠤᠰᠤᠳ ᠤᠨ ᠬᠠᠷᠢᠶᠠᠨ ᠳᠠᠬᠢ ᠠᠳᠤᠭᠤ ᠮᠠᠯ ᠢ ᠶᠡᠷᠦ ᠤᠷᠤᠭᠤᠯᠳᠠᠭ ᠦᠭᠡᠢ ᠪᠠᠶᠢᠭᠰᠠᠨ ᠭᠡᠨ᠎ᠡ᠃ | ᠵᠢᠯ ᠪᠦᠷᠢ ᠶᠢᠨ ᠬᠠᠪᠤᠷ ᠤᠨ ᠤᠯᠡᠷᠢᠯ ᠪᠤᠯᠬᠤ ᠲᠠᠢ ᠵᠡᠷᠭᠡ ᠠᠳᠤᠭᠤᠨ ᠰᠦᠷᠦᠭ ᠤᠨ ᠬᠤᠩᠬᠤᠨ ᠳᠠᠭᠠᠨ | ᠲᠤᠯᠤᠭᠰᠠᠨ ᠪᠠᠶᠢᠳᠠᠰᠤ ᠪᠠᠨ ᠬᠠᠷᠢ ᠳᠤ ᠮᠤᠷᠳᠠᠭᠤᠯᠤᠨ ᠰᠦᠷᠦᠭ ᠠᠴᠠ ᠪᠠᠨ ᠬᠦᠭᠡᠭᠡᠨ ᠭᠠᠷᠭᠠᠬᠤ ᠳᠤ ᠨᠦᠭᠦᠭᠡ | ᠰᠦᠷᠦᠭ ᠤᠨ ᠰᠢᠨ᠎ᠡ ᠬᠦᠷᠭᠡᠨ ᠲᠡᠯ ᠰᠡᠭᠦᠯ ᠢᠶᠠᠨ ᠪᠠᠭᠠᠳᠠᠭᠯᠠᠨ ᠰᠢᠨ᠎ᠡ ᠪᠡᠷᠢ ᠪᠠᠨ ᠤᠭᠳᠤᠨ ᠠᠪᠴᠤ᠂ ᠰᠦᠷᠦᠭ | ᠵᠦᠭ ᠢᠶᠠᠨ ᠬᠤᠮᠢᠨ ᠡᠷᠡᠦ ᠲᠤᠬᠢᠨ ᠭᠤᠬᠢᠯᠵᠠᠬᠤ ᠳᠤ ᠰᠢᠨ᠎ᠡ ᠪᠡᠷᠢ ᠨᠢ ᠰᠠᠨᠠᠭᠠᠨ ᠳᠤ ᠲᠤᠯᠤᠭᠰᠠᠨ ᠭᠡᠰᠡᠨ ᠰᠢᠭ | ᠠᠶ᠎ᠠ ᠶᠢ ᠨᠢ ᠲᠠᠭᠠᠨ ᠰᠡᠭᠦᠯ ᠭᠤᠳᠤᠭᠤᠨᠠᠭᠤᠯᠤᠨ ᠱᠤᠭᠰᠢᠨ ᠰᠦᠷᠦᠭ ᠲᠤ ᠨᠡᠶᠢᠯᠡᠨ ᠬᠦᠶᠦᠯᠳᠦᠨ᠎ᠡ᠃ ᠶᠡᠷᠦ ᠶᠢᠨ | ᠦᠶᠡᠰ ᠲᠤ ᠬᠤᠶᠠᠷ ᠠᠵᠢᠷᠭ᠎ᠠ ᠬᠡᠨ ᠠᠯᠢᠨ ᠳᠤ ᠪᠠᠨ ᠨᠠᠶᠢᠷ ᠲᠠᠯᠪᠢᠬᠤ ᠦᠭᠡᠢ ᠠᠰ ᠪᠤᠰᠤᠭ᠎ᠠ ᠪᠠᠷ ᠴᠠᠪᠴᠢᠯᠳᠤᠵᠤ | ᠡᠷ᠎ᠡ ᠪᠢᠷ᠎ᠠ ᠪᠠᠨ ᠰᠢᠯᠭᠠᠵᠤ ᠪᠠᠶᠢᠭᠰᠠᠨ ᠬᠤᠶᠠᠷ ᠠᠵᠢᠷᠭ᠎ᠠ ᠳᠤ ᠬᠦᠮᠦᠨ ᠢ ᠰᠤᠴᠢᠭᠠᠮ᠎ᠠ ᠦᠯᠢᠭᠡᠷ ᠲᠠᠢ ᠪᠤᠯᠤᠭᠰᠠᠨ ᠢ | ᠰᠤᠨᠤᠰᠤᠭᠰᠠᠨ ᠪᠤᠯᠭᠠᠨ ᠭᠠᠶᠢᠬᠠᠨ ᠠᠳᠤᠭᠤᠰᠤ ᠠᠮᠢᠳᠠᠨ ᠳᠤ ᠪᠠᠰᠠ ᠡᠶᠢᠮᠦ ᠨᠢᠭᠡᠨ ᠬᠦᠮᠦᠨ ᠤ ᠰᠡᠳᠭᠢᠯ ᠢ | ᠬᠦᠳᠡᠯᠭᠡᠮ᠎ᠡ ᠬᠡᠯᠡᠵᠦ ᠶᠠᠷᠢᠵᠤ ᠴᠢᠳᠠᠬᠤ ᠦᠭᠡᠢ ᠴᠦ ᠪᠤᠯᠪᠠᠴᠤ ᠬᠡᠯᠡᠵᠦ ᠶᠠᠷᠢᠵᠤ ᠴᠢᠳᠠᠬᠤ ᠬᠦᠮᠦᠨ ᠠᠴᠠ ᠲᠤᠣᠷ᠎ᠠ | ᠦᠭᠡᠢ ᠭᠠᠷᠤᠭᠰᠠᠨ ᠶᠠᠪᠤᠳᠠᠯ ᠠᠴᠠ ᠬᠡᠨ ᠴᠦ ᠰᠤᠨᠢᠷᠬᠠᠬᠤ ᠪᠠᠶᠢᠯᠭᠦᠢ᠃ | ᠬᠠᠷ᠎ᠠ ᠲᠤᠭᠤᠰᠤ ᠲᠡᠭᠳᠡᠭᠰᠡᠨ ᠬᠠᠪᠤᠷ ᠤᠨ ᠨᠢᠭᠡᠨ ᠡᠳᠦᠷ ᠪᠠᠶᠢᠵᠤ ᠪᠢᠯᠡ᠃ ᠲᠠᠯ᠎ᠠ ᠨᠤᠳᠤᠭ ᠤᠨ ᠮᠠᠯ | ᠰᠦᠷᠦᠭ ᠤᠨ ᠲᠠᠶᠢᠰᠤᠨ ᠬᠦᠭᠡ ᠴᠢᠨ᠋ᠸ᠎ᠠ ᠬᠦᠳᠡᠭᠡ ᠭᠠᠳᠠᠭ᠎ᠠ ᠬᠡᠳᠦ ᠬᠡᠳᠦᠭᠦᠯᠡ ᠪᠠᠨ ᠰᠦᠷᠦᠭᠯᠡᠨ ᠱᠤᠩᠰᠢᠵᠤ ᠶᠠᠳᠠᠷ | ᠲᠤᠷᠤᠢ ᠮᠠᠯ ᠤᠨᠤᠭ᠎ᠠ ᠶᠢ ᠲᠠᠭᠠᠷᠢᠨ ᠬᠦᠨᠦᠭᠡᠯ ᠲᠠᠷᠢᠵᠤ᠂ ᠬᠤᠭᠤᠯᠠ ᠲᠠᠷᠤᠵᠤ ᠶᠠᠪᠤᠭᠰᠠᠭᠠᠷ ᠬᠦᠷᠡᠩ ᠵᠡᠭᠡᠷᠳᠡ | ᠠᠵᠢᠷᠭ᠎ᠠ ᠶᠢᠨ ᠰᠦᠷᠦᠭ ᠠᠴᠠ ᠬᠦᠭᠰᠢᠨ ᠭᠡᠭᠦᠤ ᠶᠢᠨ ᠬᠤᠩᠬᠤ ᠶᠢᠨ ᠮᠢᠬ᠎ᠠ ᠶᠢ ᠨᠢ ᠨᠢᠭᠡ ᠠᠮᠠ ᠡᠮᠬᠦᠵᠦ ᠠᠷᠠᠢ | ᠠᠮᠢ ᠶᠢ ᠨᠢ ᠠᠪᠤᠭᠰᠠᠨ ᠦᠭᠡᠢ᠂ ᠬᠦᠷᠡᠩ ᠵᠡᠭᠡᠷᠳᠡ ᠨᠢᠭᠡ ᠭᠡᠷ ᠤᠨ ᠲᠤᠯᠭᠠᠭᠤᠷᠢ ᠭᠡᠵᠦ ᠶᠤᠰᠤᠳᠠᠢ ᠡᠭᠦᠷᠭᠡ | ᠬᠠᠷᠢᠭᠤᠴᠠᠯᠭ᠎ᠠ ᠲᠠᠢ ᠮᠤᠩᠭᠤᠯ ᠮᠤᠷᠢ ᠪᠠᠶᠢᠨ᠎ᠠ᠃ ᠬᠤᠶᠢᠭᠤᠷ ᠤᠷᠢᠳᠤᠭᠤᠷ ᠱᠤᠩᠰᠢᠨ ᠬᠦᠶᠦᠭᠡ ᠬᠤᠶᠠᠷ ᠬᠦᠬᠡ | ᠴᠢᠨ᠋ᠸ᠎ᠠ ᠶᠢ ᠠᠮᠠ ᠶᠢ ᠨᠢ ᠲᠤᠰᠤᠨ ᠴᠠᠪᠴᠠᠯᠬᠢᠯᠠᠨ ᠰᠦᠷᠦᠭ ᠢᠶᠠᠨ ᠵᠠᠶᠢᠯᠠᠭᠤᠯᠵᠤ ᠨᠠᠮᠤᠭᠳᠤ ᠶᠢᠨ ᠲᠠᠯ᠎ᠠ ᠳᠤ | ᠰᠢᠯᠵᠢᠭᠦᠯᠦᠨ ᠠᠪᠠᠴᠢᠯ᠎ᠠ᠃ ᠡᠨᠡ ᠦᠶᠡᠰ ᠰᠦᠷᠦᠭ ᠢᠶᠠᠨ ᠡᠷᠭᠢᠯᠳᠦᠨ ᠬᠤᠮᠢᠵᠤ ᠶᠠᠪᠤᠭ᠎ᠠ ᠬᠤᠯᠠᠨ ᠰᠢᠷᠭ᠎ᠠ ᠳᠤ | ᠶᠠᠮᠠᠷ ᠨᠢᠭᠡᠨ ᠲᠤᠬᠢᠶ᠎ᠠ ᠶᠤᠮ ᠦᠦ᠂ ᠰᠡᠷᠡᠮᠵᠢ ᠦᠭᠭᠦᠭᠰᠡᠨ ᠶᠤᠮ ᠦᠦ ᠪᠤᠣ ᠮᠡᠳᠡ ᠦᠪᠡᠷ ᠤᠨ ᠰᠦᠷᠦᠭ ᠢᠶᠠᠨ ᠠᠮᠤᠷ | ᠲᠦᠪᠰᠢᠨ ᠡᠯᠡᠰᠦᠳᠡᠢ ᠱᠠᠩᠳᠠ ᠶᠢᠨ ᠪᠤᠯᠠᠭ ᠤᠨ ᠲᠡᠷᠭᠡᠳᠡ ᠬᠦᠷᠭᠡᠮᠡᠭᠴᠡ ᠪᠠᠨ ︽ᠲᠠ ᠨᠠᠷ ᠡ᠊ᠨᠳᠡ ᠪᠠᠨ | ᠪᠡᠯᠴᠢᠭᠡᠷᠯᠡᠵᠦ ᠪᠠᠶᠢᠭᠠᠷᠠᠢ︕ ᠪᠢ ᠮᠦᠳᠳᠦ ᠢᠷᠡᠶ᠎ᠡ︕︾ ᠭᠡᠰᠡᠨ ᠰᠢᠭ ᠬᠠᠷᠪᠤᠭᠰᠠᠨ ᠰᠤᠮᠤ ᠰᠢᠬ ᠬᠦᠷᠡᠩ | ᠵᠡᠭᠡᠷᠳᠡ ᠶᠢ ᠡᠷᠢᠨ ᠢᠨᠴᠠᠭᠠᠪᠠ᠃ | ᠡᠬᠡ ᠪᠠᠶᠢᠭᠠᠯᠢ ᠶᠢᠨ ᠠᠩ ᠠᠮᠢᠳᠠᠨ ᠴᠦ ᠬᠠᠷᠢᠯᠴᠠᠨ ᠠᠶᠤᠯ ᠲᠠᠢ ᠦᠶᠡᠰ ᠬᠠᠮᠵᠢᠯᠴᠠᠵᠤ ᠲᠤᠰᠠᠯᠠᠯᠴᠠᠳᠠᠭ | ᠵᠦᠢ ᠲᠠᠢ ᠪᠠᠶᠢᠨ᠎ᠠ᠃ ᠬᠤᠯᠠᠨ ᠰᠢᠷᠭ᠎ᠠ ᠭᠠᠵᠠᠷ ᠬᠠᠳᠬᠤᠯᠠᠨ ᠲᠤᠩᠭᠤᠷᠴᠤᠭᠯᠠᠨ ᠦᠰᠦᠷᠴᠦ ᠬᠠᠷᠠᠶᠢᠯᠠᠨ ᠬᠦᠷᠡᠩ | ᠵᠡᠭᠡᠷᠳᠡ ᠶᠢᠨ ᠲᠡᠷᠭᠡᠳᠡ ᠢᠷᠡᠮᠡᠭᠴᠡ ᠰᠠᠨᠠᠮᠰᠠᠷ ᠦᠭᠡᠢ ᠭᠤᠯᠭᠤᠷᠢᠨ ᠮᠠᠷᠢᠶᠠᠵᠤ ᠪᠠᠶᠢᠭᠰᠠᠨ ᠨᠢᠭᠡ ᠬᠦᠬᠡ ᠴᠢᠨ᠋ᠸ᠎ᠠ ᠶᠢᠨ | ᠭᠠᠪᠠᠯᠠ ᠤᠷᠤᠭᠤ ᠭᠠᠭᠴᠠ ᠲᠡᠶᠢᠷᠦᠭᠰᠡᠨ ᠳᠤ ᠭᠠᠵᠠᠷ ᠬᠠᠳᠬᠤᠵᠤ ᠭᠠᠳᠠᠵᠤ ᠤᠨᠠᠭᠠᠳ ᠦᠬᠦᠭᠰᠡᠨ ᠪᠠᠶᠢᠯ᠎ᠠ᠃ ᠡᠨᠡ | ᠦᠶ᠎ᠡ ᠳᠤ ᠬᠦᠷᠡᠩ ᠵᠡᠭᠡᠷᠳᠡ ᠶᠢᠨ ᠲᠦᠷᠪᠡᠨ ᠲᠤᠭᠤᠷᠠᠢ ᠨᠢ ᠲᠤᠭᠳᠠᠵᠤ ᠶᠠᠳᠠᠨ ᠴᠡᠴᠡᠷᠬᠢᠯᠡᠵᠦ ᠯᠠ ᠪᠠᠶᠢᠯ᠎ᠠ᠃ | ᠬᠤᠯᠠᠨ ᠰᠢᠷᠭ᠎ᠠ ᠠᠵᠢᠷᠭ᠎ᠠ ᠨᠦᠭᠦᠭᠡ ᠨᠢᠭᠡ ᠬᠦᠬᠡ ᠴᠢᠨ᠋ᠸ᠎ᠠ ᠲᠠᠢ ᠠᠰ ᠲᠤᠯᠤᠨ ᠠᠪᠤᠨ ᠬᠠᠷᠢᠭᠤᠴᠠᠵᠤ ᠨᠠᠰᠢ ᠴᠠᠰᠢ | ᠬᠤᠯᠤᠰᠤᠨ ᠲᠠᠩ ᠳᠤ ᠴᠠᠪᠴᠢᠯᠬᠢᠯᠠᠨ ᠬᠦᠶᠦᠭᠰᠡᠭᠡᠷ ᠬᠦᠷᠦᠰᠦᠳᠦ ᠭᠠᠵᠠᠷ ᠢ ᠬᠦᠷᠪᠡᠭᠦᠯᠵᠦ ᠲᠠᠯᠪᠢᠭᠰᠠᠨ ᠰᠢᠬ | ᠪᠤᠯᠭᠠᠵᠤ ᠤᠷᠬᠢᠯ᠎ᠠ᠃ ᠬᠤᠯᠠᠨ ᠰᠢᠷᠭ᠎ᠠ ᠬᠡᠳᠦ ᠤᠳᠠᠭ᠎ᠠ ᠰᠢᠷᠬ᠎ᠠ ᠤᠯᠵᠤ ᠬᠦᠭᠰᠢᠨ ᠴᠢᠨ᠋ᠸ᠎ᠠ ᠶᠢ ᠴᠠᠪᠴᠢᠵᠤ | ᠠᠯᠠᠭᠠᠳ ᠰᠠᠶ᠋ᠢ ᠰᠠᠨᠠᠭ᠎ᠠ ᠨᠢ ᠠᠮᠠᠷᠠᠵᠤ ᠬᠦᠷᠡᠩ ᠵᠡᠭᠡᠷᠳᠡ ᠶᠢᠨ ᠢᠶᠠᠨ ᠲᠡᠷᠭᠡᠳᠡ ᠢᠷᠡᠵᠦ ᠪᠡᠶ᠎ᠡ ᠪᠡᠶ᠎ᠡ ᠪᠠᠨ ᠨᠠᠯᠠᠨ | ᠵᠤᠭᠰᠤᠵᠤ ᠤᠷᠳᠤ ᠤᠷᠳᠤ ᠠᠮᠢᠰᠬᠤᠯᠯᠠᠨ ᠭᠡᠬᠦᠯᠵᠡᠨ ᠵᠤᠭᠰᠤᠨᠠᠮ᠃ | ᠵᠠᠯᠰᠠᠨ ᠭᠤᠸᠠᠢ ᠭᠡᠵᠦ ᠬᠠᠰᠢᠷ ᠮᠠᠯᠴᠢᠨ ᠤᠴᠢᠷ ᠦᠷᠯᠦᠭᠡ ᠡᠷᠳᠡ ᠪᠤᠰᠤᠮᠠᠭᠴᠠ ᠮᠤᠷᠢᠨ ᠴᠢᠳᠦᠷ ᠢᠶᠠᠨ ᠠᠪᠴᠤ | ᠠᠳᠤᠭᠤᠳ ᠢᠶᠠᠨ ᠡᠷᠭᠢᠭᠦᠯᠬᠦ ᠪᠠᠷ ᠤᠳᠤᠷ ᠤᠨ ᠡᠮᠦᠨᠡᠬᠢ ᠲᠤᠪᠤᠴᠠᠭ ᠲᠤ ᠭᠠᠷᠴᠤ ᠲᠡᠮᠡᠢ ᠤᠳᠠᠭᠰᠠᠨ ᠦᠭᠡᠢ᠂ | ᠶᠠᠭᠠᠷᠠᠯᠳᠠᠶᠢᠬᠠᠨ ᠮᠤᠷᠢᠨ ᠳᠤ ᠪᠠᠨ ᠮᠤᠷᠳᠠᠵᠤ ᠭᠡᠷ ᠤᠨ ᠡᠭᠦᠳᠡᠨ ᠳᠤ ᠢᠷᠡᠵᠦ᠂ ᠮᠤᠷᠢᠨ ᠠᠴᠠ ᠪᠠᠨ ᠪᠠᠭᠤᠨ | ᠭᠡᠷ ᠲᠤ ᠪᠠᠨ ᠤᠷᠤᠨ ᠬᠦᠭᠰᠢᠨ ᠳᠤ ᠪᠠᠨ ︽ᠤᠴᠢᠷ ᠭᠠᠷᠴᠠᠢ︕ ᠬᠤᠯᠠᠨ ᠰᠢᠷᠭ᠎ᠠ ᠠᠵᠢᠷᠭ᠎ᠠ ᠬᠠᠷᠠᠭᠳᠠᠬᠤ ᠦᠭᠡᠢ | ᠪᠠᠶᠢᠨ᠎ᠠ︾ ᠭᠡᠳ ᠬᠦᠯᠦᠭ ᠮᠤᠷᠢ ᠲᠠᠰᠢᠭᠤᠷᠳᠠᠨ ᠪᠠᠯᠳᠠᠨ ᠤ ᠬᠢᠨ ᠭᠡᠷ ᠵᠦᠭ ᠮᠤᠷᠢ ᠲᠤᠪᠳᠤᠯᠭᠠᠪᠠ᠃ ᠦᠵᠦᠮᠦᠴᠢᠨ | ᠨᠤᠳᠤᠭ ᠤᠨ ᠤᠳᠤᠷ ᠭᠡᠵᠦ ᠪᠦᠷ ᠯᠠ ᠡᠶᠢᠮᠦ ᠪᠠᠶᠢᠭ᠎ᠠ︕ ᠠᠷᠪᠠ ᠬᠤᠷᠢᠨ ᠭᠠᠵᠠᠷ ᠤᠨ ᠠᠯᠤᠰ ᠲᠤ ᠨᠢᠭᠡ ᠠᠶᠢᠯ | ᠪᠠᠶᠢᠳᠠᠭ᠃ ᠵᠠᠯᠰᠠᠨ ᠭᠤᠸᠠᠢ ᠶᠢᠨ ᠲᠤᠪᠤ ᠶᠢᠨ ᠭᠠᠳᠠᠨ᠎ᠠ ᠨᠢ ᠲᠡᠮᠦᠷ ᠰᠡᠷᠡᠯᠵᠢ ᠤᠴᠢᠷ ᠮᠤᠷᠢᠨ ᠠᠴᠠ ᠪᠠᠭᠤᠭᠰᠠᠨ | ᠦᠭᠡᠢ ᠪᠠᠷ᠄ ︽ᠪᠠᠯᠳᠠᠨ ᠠᠪᠤᠭᠠᠢ ᠪᠤᠰᠴᠢᠬᠠᠪᠠᠦ︕ ᠮᠠᠨᠠᠶᠢᠬᠢᠨ ᠤ ᠠᠳᠤᠭᠤᠨ ᠰᠦᠷᠦᠭ ᠲᠤ ᠠᠵᠢᠷᠭ᠎ᠠ ᠬᠠᠷᠠᠭᠳᠠᠬᠤ | ᠦᠭᠡᠢ ᠪᠠᠶᠢᠨ᠎ᠠ᠂ ᠠᠳᠤᠭᠤᠳ ᠵᠡᠭᠦᠨ ᠡᠮᠦᠨᠡᠬᠢ ᠵᠤ ᠪᠠᠷ ᠴᠤᠪᠤᠷᠠᠯᠳᠤᠨ ᠠᠶᠢᠰᠤᠢ᠂ ᠲᠠᠨ ᠤ ᠬᠢᠨ ᠠᠳᠤᠭᠤᠳ ᠴᠦ | ᠠᠵᠢᠷᠭ᠎ᠠ ᠨᠢ ᠬᠠᠷᠠᠭᠳᠠᠬᠤ ᠦᠭᠡᠢ ᠪᠠᠶᠢᠨ᠎ᠠ᠂ ᠬᠡᠷᠪᠡ ᠠᠵᠢᠷᠭ᠎ᠠ ᠰᠦᠷᠦᠭ ᠢᠶᠠᠨ ᠲᠠᠭᠠᠳᠠᠭ ᠯᠠ ᠶᠤᠮ ᠪᠤᠯ ᠰᠦᠷᠦᠭ | ᠴᠤᠪᠤᠯᠳᠠᠬᠤ ᠦᠭᠡᠢ ᠮᠦᠷᠳᠡᠭᠡᠨ ᠠᠵᠢᠷᠭ᠎ᠠ ᠰᠦᠷᠦᠭ ᠤᠨ ᠢᠶᠠᠨ ᠬᠤᠶᠢᠨ᠎ᠠ ᠡᠮᠦᠨᠡᠭᠦᠷ ᠬᠠᠶᠢᠭᠤᠯ ᠪᠤᠯᠵᠤ ᠢᠨᠴᠠᠭᠠᠨᠠᠨ | ᠪᠠᠶᠢᠳᠠᠭ︾ ᠭᠡᠳ ᠨᠢᠭᠡᠯᠡ ᠠᠮᠢᠰᠬᠤᠭ᠎ᠠ ᠪᠠᠷ ᠶᠠᠷᠢᠵᠤ ᠭᠠᠷᠪᠠ᠃ | ᠬᠤᠨᠢᠴᠢᠨ ᠲᠤᠨᠳᠤᠪ ᠬᠢᠶᠠᠭᠳᠤ ᠶᠢᠨ ᠵᠤ ᠲᠡᠭᠡᠷ᠎ᠡ ᠬᠤᠨᠢ ᠪᠠᠨ ᠬᠠᠷᠢᠭᠤᠯᠵᠤ ᠪᠠᠶᠢᠭᠠᠳ ᠦᠴᠦᠭᠡᠳᠦᠷ ᠤᠨ | ᠨᠠᠮᠤᠭᠳᠤ ᠶᠢᠨ ᠲᠠᠯ᠎ᠠ ᠳᠤ ᠬᠦᠷᠡᠩ ᠵᠡᠭᠡᠷᠳᠡ ᠠᠵᠢᠷᠭ᠎ᠠ ᠬᠤᠶᠠᠷ ᠬᠦᠬᠡ ᠴᠢᠨ᠋ᠸ᠎ᠠ ᠶᠢ ᠬᠦᠭᠡᠭᠡᠳ ᠤᠷᠤᠭᠰᠠᠨ | ᠪᠠᠶᠢᠳᠠᠯ ᠢ ᠤᠯᠵᠤ ᠬᠠᠷᠠᠭᠰᠠᠨ ᠪᠦᠭᠡᠳ ᠨᠠᠷᠠ ᠲᠠᠰᠢᠬᠤ ᠶᠢᠨ ᠬᠢᠷᠢ ᠪᠠᠷ ᠵᠡᠭᠦᠨ ᠡᠮᠦᠨ᠎ᠡ ᠵᠦᠭ ᠠᠴᠠ ᠬᠤᠯᠠᠨ | ᠰᠢᠷᠭ᠎ᠠ ᠠᠵᠢᠷᠭ᠎ᠠ ᠲᠤᠭᠤᠰᠤ ᠲᠠᠳᠠᠭᠤᠯᠤᠨ ᠲᠡᠯ ᠪᠤᠰᠬᠠᠨ ᠬᠦᠶᠦᠵᠦ ᠭᠠᠷᠤᠭᠰᠠᠨ ᠢ ᠨᠢᠳᠦ ᠪᠠᠷ ᠢᠶᠠᠨ ᠤᠯᠵᠤ | ᠬᠠᠷᠠᠵᠤ᠂ ᠦᠶ᠎ᠡ ᠦᠶ᠎ᠡ ᠮᠤᠷᠢᠳ ᠤᠨ ᠢᠨᠴᠠᠭᠠᠬᠤ ᠲᠠᠭᠤᠨ ᠴᠢᠬᠢᠨ ᠳᠤ ᠨᠢ ᠲᠤᠭᠤᠯᠳᠠᠵᠤ ᠪᠠᠶᠢᠬᠤ ᠶᠢ ᠮᠡᠳᠡᠨ᠎ᠡ᠃ | ᠪᠠᠯᠳᠠᠨ᠂ ᠵᠠᠯᠰᠠᠨ ᠬᠤᠶᠠᠷ ᠮᠤᠷᠢ ᠲᠤᠪᠳᠤᠯᠭᠠᠨ ᠨᠠᠮᠤᠭᠳᠤ ᠶᠢᠨ ᠲᠠᠯ᠎ᠠ ᠳᠤ ᠠᠵᠢᠷᠭᠠᠨ ᠤ ᠦᠦᠷᠰᠡᠯᠳᠡ ᠶᠢᠨ | ᠲᠠᠭᠤᠨ ᠢᠶᠠᠷ ᠰᠤᠷᠠᠭ ᠲᠠᠯᠪᠢᠨ ᠡᠷᠢᠨ ᠢᠷᠡᠬᠦ ᠳᠤ ᠬᠦᠷᠡᠩ ᠵᠡᠭᠡᠷᠳᠡ ᠠᠵᠢᠷᠭ᠎ᠠ ᠴᠢᠰᠤ ᠲᠤᠰᠤᠯᠭᠠᠨ ᠲᠤᠭᠳᠠᠵᠤ | ᠶᠠᠳᠠᠨ ᠴᠡᠴᠡᠷᠬᠢᠯᠡᠨ ᠵᠤᠭᠰᠤᠬᠤ ᠳᠤ ᠬᠤᠯᠠᠨ ᠰᠢᠷᠭ᠎ᠠ ᠡᠷᠭᠢᠯᠳᠦᠨ ᠰᠡᠭᠦᠯ ᠬᠠᠶᠠᠯᠠᠨ ᠲᠦᠷᠭᠢᠨ ᠵᠤᠭᠰᠤᠵᠤ ᠬᠠᠶᠠ | ᠬᠠᠶᠠ ᠲᠤᠯᠤᠭᠠᠢ ᠪᠠᠷ ᠢᠶᠠᠨ ᠨᠦᠳᠦᠵᠦ ᠬᠢᠬᠢᠯᠬᠢᠯᠡᠨᠡ︕ ᠬᠦᠨᠳᠡᠯᠡᠨ ᠭᠤᠯᠳᠤ ᠭᠠᠪᠠᠯᠠ ᠪᠠᠨ ᠬᠠᠭᠠᠯᠠᠭᠤᠯᠤᠭᠰᠠᠨ | ᠬᠤᠶᠠᠷ ᠬᠦᠬᠡ ᠴᠢᠨ᠋ᠸ᠎ᠠ ᠵᠡᠭᠡᠰᠦ ᠶᠢᠨ ᠲᠤᠮᠳᠠ ᠬᠡᠪᠳᠡᠨ᠎ᠡ᠃ ᠡᠵᠡᠨ ᠢᠶᠠᠨ ᠦᠵᠡᠮᠡᠭᠴᠡ ᠬᠤᠯᠠᠨ ᠰᠢᠷᠭ᠎ᠠ ᠠᠵᠢᠷᠭ᠎ᠠ ︽ | ᠵᠠ︕ ᠪᠢ ᠶᠠᠪᠤᠯ᠎ᠠ︕︾ ᠭᠡᠰᠡᠨ ᠰᠢᠭ ᠲᠡᠭᠡᠷ᠎ᠡ ᠲᠠᠭᠤᠨ ᠢᠶᠠᠷ ᠬᠡᠳᠦ ᠢᠨᠴᠠᠭᠠᠭᠠᠳ ᠰᠦᠷᠦᠭ ᠢᠶᠠᠨ ᠡᠷᠢᠨ | ᠲᠠᠪᠬᠢᠯ᠎ᠠ᠃ | ᠬᠦᠷᠡᠩ ᠵᠡᠭᠡᠷᠳᠡ ᠠᠵᠢᠷᠭ᠎ᠠ ᠶᠢᠨ ᠬᠦᠵᠦᠭᠦᠨ ᠲᠡᠭᠡᠷ᠎ᠡ ᠨᠢ ᠭᠠᠷ ᠲᠠᠯᠪᠢᠭᠰᠠᠨ ᠴᠦ ᠬᠦᠳᠡᠯᠬᠦ ᠦᠭᠡᠢ | ᠴᠡᠴᠡᠷᠬᠢᠯᠡᠨ ᠵᠤᠭᠰᠤᠨ᠎ᠠ᠂ ᠤᠴᠢᠷ ᠨᠢ ᠨᠢᠭᠡ ᠰᠦᠨᠢ ᠬᠤᠶᠠᠷ ᠴᠢᠨ᠋ᠸ᠎ᠠ ᠲᠠᠢ ᠲᠡᠮᠡᠴᠡᠯᠳᠦᠭᠡᠳ ᠠᠷᠠᠢ ᠯᠠ ᠬᠤᠯᠠᠨ | ᠰᠢᠷᠭ᠎ᠠ ᠶᠢᠨ ᠲᠤᠰᠠᠯᠠᠮᠵᠢ ᠪᠠᠷ ᠡᠵᠡᠨ ᠳᠤ ᠪᠠᠨ ᠡᠩᠬᠡ ᠮᠡᠨᠳᠦᠬᠡᠨ ᠢᠶᠠᠷ ᠵᠤᠯᠭᠠᠵᠤ ᠠᠮᠢ ᠭᠠᠷᠤᠭᠰᠠᠨ ᠰᠠᠨ᠃ | ᠬᠤᠯᠠᠨ ᠰᠢᠷᠭ᠎ᠠ ᠠᠵᠢᠷᠭ᠎ᠠ ᠮᠢᠨᠢ︕ ᠶᠤᠰᠤᠳᠠᠢ ᠡᠵᠡᠨ ᠢᠶᠠᠨ ᠰᠢᠭ ᠡᠷ᠎ᠡ ᠰᠦᠰᠦᠳᠠᠢ᠂ ᠡᠷᠡᠯᠬᠡᠭ ᠪᠠᠭᠠᠳᠤᠷᠯᠢᠭ | ᠂ ᠡᠶ᠎ᠡ ᠨᠠᠶᠢᠷ ᠲᠠᠢ ᠭᠠᠶᠢᠬᠠᠮᠰᠢᠭᠳᠤ ᠮᠤᠩᠭᠤᠯ ᠮᠤᠷᠢ ᠪᠤᠯᠬᠤ ᠨᠢ ᠲᠠᠮᠵᠢᠭ ᠦᠭᠡᠢ᠃ ᠮᠤᠩᠭᠤᠯ ᠦᠨᠳᠦᠰᠦᠳᠡᠨ ᠤ | ᠬᠡᠶᠢᠮᠤᠷᠢ ᠰᠦᠭ ᠰᠦᠯᠳᠠ ᠨᠢ ᠮᠤᠷᠢ ᠠᠴᠠ ᠪᠠᠨ ᠰᠠᠯᠵᠤ ᠪᠤᠯᠳᠠᠭ ᠦᠭᠡᠢ ᠲᠠᠢ ᠠᠳᠠᠯᠢ ᠪᠠᠷ ᠮᠤᠩᠭᠤᠯ ᠮᠤᠷᠢ ᠴᠦ | ᠲᠡᠯᠡᠬᠡᠢ ᠶᠢᠨ ᠲᠠᠪᠴᠠᠩ ᠳᠤ ᠭᠠᠶᠢᠬᠠᠮᠰᠢᠭᠳᠤ ᠴᠤᠯᠠ ᠪᠠᠨ ᠮᠠᠨᠳᠤᠭᠤᠯᠵᠤ ᠲᠡᠶᠢᠯᠬᠦ ᠨᠢ ᠯᠠᠪᠳᠠᠢ︕ ᠮᠤᠩᠭᠤᠯ | ᠬᠦᠮᠦᠨ ᠮᠤᠩᠭᠤᠯ ᠮᠤᠷᠢ ᠲᠠᠢ ᠪᠠᠨ ᠮᠦᠩᠭᠡ ᠲᠡᠭᠷᠢ ᠶᠢᠨ ᠲᠤᠣᠷ᠎ᠠ ᠬᠦᠷᠦᠰᠦᠳᠦ ᠭᠠᠵᠠᠷ ᠢᠶᠠᠨ ᠲᠠᠮᠠᠭᠠᠯᠠᠵᠤ ᠬᠦᠳᠡᠭᠡ | ᠲᠠᠯ᠎ᠠ ᠪᠠᠨ ᠪᠤᠯᠭᠠᠵᠤ ᠦᠮᠴᠢᠷᠭᠡᠬᠦ ᠪᠠᠷ ᠮᠢᠩᠭᠠᠨ ᠭᠠᠵᠠᠷ ᠤᠨ ᠠᠯᠤᠰ ᠠᠴᠠ ᠦᠦᠷᠰᠡᠵᠦ ᠲᠦᠮᠡᠨ ᠭᠠᠵᠠᠷ ᠢ ᠴᠦ | ᠲᠤᠪᠴᠢᠯᠠᠵᠤ ᠲᠠᠪᠬᠢᠨ ᠮᠤᠩᠭᠤᠯ ᠤᠨ ᠦᠨᠳᠦᠷᠯᠢᠭ ᠲᠤ ᠦᠪᠡᠷ ᠤᠨ ᠢᠶᠠᠨ ᠤᠯᠪᠠᠭ᠎ᠠ ᠪᠠᠨ ᠪᠠᠳᠠᠷᠠᠭᠤᠯᠵᠤ ᠯᠠ | ᠶᠠᠪᠤᠨ᠎ᠠ ᠪᠢᠯᠡ︕ ᠦᠨᠡᠬᠡᠷ ᠨᠡᠷ᠎ᠡ ᠨᠢᠳᠡᠷ ᠲᠡᠭᠡᠨ ᠲᠤᠬᠢᠷᠠᠭᠰᠠᠨ ᠭᠠᠶᠢᠬᠠᠮᠰᠢᠭᠳᠤ ᠮᠣᠩᠭᠤᠯ ᠮᠤᠷᠢ ᠶᠤᠮ ᠪᠠᠶᠢᠨ᠎ᠠ | ᠳ᠋ᠠ᠂ ᠬᠤᠯᠠᠨ ᠰᠢᠷᠭ᠎ᠠ ᠠᠵᠢᠷᠭ᠎ᠠ ᠮᠢᠨᠢ︕ ᠠᠵᠠ ᠶᠢᠨ ᠲᠡᠭᠷᠢ ᠢᠪᠡᠭᠡᠵᠦ ᠬᠤᠯᠠᠨ ᠰᠢᠷᠭ᠎ᠠ ᠮᠢᠨᠢ ᠮᠤᠩᠭᠤᠯ ᠤᠨ | ᠦᠨᠳᠦᠷᠯᠢᠭ ᠲᠡᠭᠡᠨ ᠲᠠᠬᠢᠨ ᠲᠠᠬᠢᠨ ᠢᠷᠡᠵᠦ ᠵᠠᠶᠠᠭᠠᠨ ᠮᠤᠩᠭᠤᠯ ᠡᠵᠡᠨ ᠲᠠᠢ ᠪᠠᠨ ᠬᠠᠨᠢᠰᠴᠤ ᠬᠡᠶᠢᠮᠤᠷᠢ ᠪᠠᠨ | ᠲᠡᠭᠳᠡᠭᠡᠵᠦ ᠶᠠᠪᠤᠬᠤ ᠪᠤᠯᠳᠤᠭᠠᠢ ᠭᠡᠵᠦ ᠢᠷᠦᠭᠡᠯ ᠲᠠᠯᠪᠢᠶ᠎ᠠ︕ | ᠵᠣᠬᠢᠶᠠᠭᠴᠢ᠄ ᠄ ● ᠰ᠊᠂ ᠬᠤᠷᠴᠢᠨᠬᠦᠤ | ᠵᠤᠬᠢᠶᠠᠬᠴᠢ ᠶᠢᠨ ᠬᠠᠶ᠋ᠢᠭ᠄ ᠲᠤᠮᠳᠠᠳᠤ ᠬᠤᠰᠢᠭᠤᠨ ᠤ ᠡᠮᠳᠦ ᠶᠢᠨ ᠭᠤᠣᠯ ᠰᠤᠮᠤ ᠶᠢᠨ ᠴᠠᠭᠠᠨ ᠪᠤᠬ᠎ᠠ ᠪᠠᠭ᠎ᠠ | ᠰᠤᠷᠭᠠᠭᠤᠯᠢ |