ᠡᠬᠡ ᠳᠡᠯᠡᠬᠡᠢ ᠳᠤ ᠬᠠᠪᠤᠷ ᠪᠣᠯᠣᠭᠰᠠᠭᠠᠷ ᠲᠦᠮᠡᠨ ᠪᠤᠳᠠᠰ ᠲᠦᠯᠵᠢᠨ ᠠᠮᠢᠯᠠᠳᠠᠭ ᠨᠢ ᠰᠠᠶᠢᠬᠠᠨ᠃ ᠬᠥᠮᠦᠨ ᠤ | ᠬᠠᠪᠤᠷ ᠴᠠᠭ ᠭᠡᠵᠦ ᠰᠠᠶᠢᠬᠠᠨ ᠵᠠᠯᠠᠭᠤ ᠨᠠᠰᠤ ᠶᠢ ᠬᠡᠯᠡᠳᠡᠭ ᠪᠣᠯᠬᠤᠷ ᠬᠥᠮᠦᠨ ᠪᠣᠯᠭᠠᠨ ᠠᠮᠢᠵᠢᠷᠠᠯ ᠤᠨ ᠬᠦᠴᠦᠨ | ᠪᠢᠯᠬᠠᠭᠰᠠᠨ ᠬᠠᠪᠤᠷ ᠢ ᠬᠦᠰᠡᠨ ᠡᠷᠡᠮᠡᠯᠵᠡᠳᠡᠭ ᠪᠢᠵᠠ︖ ᠭᠡᠲᠡᠯ᠎ᠡ ︽ᠭᠠᠢ ᠭᠠᠵᠠᠷ ᠳᠣᠣᠷ᠎ᠠ ᠠᠴᠠ︾ ᠭᠡᠳᠡᠭ ᠢᠶᠠᠷ | ᠬᠤᠶᠠᠷ ᠮᠢᠩᠭ᠎ᠠ ᠪᠦᠭᠡᠳ ᠬᠤᠷᠢᠨ ᠣᠨ ᠤ ᠬᠠᠪᠤᠷ ᠢ ᠶᠡᠷᠦ ᠪᠤᠰᠤ ᠶᠢᠨ ᠠᠶᠤᠮᠰᠢᠬᠳᠠᠢ ᠲᠠᠢ ᠤᠭᠳᠤᠨ᠎ᠠ ᠭᠡᠵᠦ ᠬᠡᠨ | ᠴᠤ ᠪᠤᠳᠤᠵᠤ ᠣᠯᠣᠭᠰᠠᠨ ᠦᠭᠡᠢ᠃ ᠬᠥᠮᠦᠰ ᠪᠤᠶᠠᠨᠲᠤ ᠴᠠᠭᠠᠨ ᠰᠠᠷ᠎ᠠ ᠪᠠᠨ ᠪᠠᠶᠠᠷᠯᠠᠨ ᠤᠭᠲᠤᠵᠤ ᠪᠠᠶᠢᠲᠠᠯ᠎ᠠ | ᠬᠥᠨᠦᠭᠡᠯᠲᠦ ᠬᠢᠵᠢᠭ ᠲᠡᠯᠭᠡᠷᠡᠵᠤ᠂ ᠬᠥᠮᠥᠰ ᠤᠨ ᠡᠷᠡᠭᠦᠯ ᠴᠢᠬᠢᠷᠠᠭ ᠴᠢᠨᠠᠭᠰᠢᠯᠠᠪᠠᠯ ᠠᠮᠢ ᠨᠠᠰᠤᠨ ᠶᠤᠰᠤᠭᠠᠷ ᠲᠤᠩ | ᠶᠡᠭᠡ ᠰᠦᠷᠳᠡᠭᠦᠯᠦᠯ ᠪᠤᠯᠤᠯ᠎ᠠ᠃ ᠶᠠᠭ ᠡᠨᠡ ᠬᠦ ᠪᠠᠴᠢᠮ ᠲᠦᠭᠰᠢᠬᠦᠷᠢ ᠲᠠᠢ ᠦᠶ᠎ᠡ ᠲᠡᠭᠡᠳᠤ ᠱᠠᠳᠣᠨ ᠤ | ᠤᠷᠢᠶᠠᠯᠠᠭ᠎ᠠ ᠪᠠᠷ ᠬᠤᠲᠠ ᠪᠠᠯᠭᠠᠰᠤ ᠠᠴᠠ ᠬᠥᠳᠡᠭᠡ ᠲᠤᠰᠬᠤᠨ ᠬᠦᠷᠲᠡᠯ᠎ᠡ ᠬᠠᠯᠳᠠᠪᠤᠷᠢᠲᠤ ᠬᠢᠵᠢᠭ ᠢ ᠰᠡᠷᠭᠡᠶᠢᠯᠡᠬᠦ | ᠴᠢᠩᠭ᠎ᠠ ᠪᠠᠴᠢᠮ ᠪᠠᠶᠢᠳᠠᠯ ᠳᠤ ᠤᠷᠤᠵᠠᠢ᠃ ᠡᠶᠢᠮᠦᠷᠬᠦᠦ ᠤᠨᠴᠠᠭᠠᠢ ᠪᠠᠶᠢᠳᠠᠯ ᠳᠣᠣᠷ᠎ᠠ ᠵᠠᠷᠢᠮ ᠬᠦᠮᠦᠰ ᠭᠠᠳᠠᠭᠤᠷ | ᠳᠤᠷ᠎ᠠ ᠪᠠᠷ ᠢᠶᠠᠨ ᠲᠣᠭᠤᠷᠢᠵᠤ ᠨᠠᠭᠠᠳᠴᠤ ᠴᠢᠳᠠᠬᠤ ᠦᠭᠡᠢ ᠭᠡᠷ ᠲᠤ ᠪᠠᠨ ᠬᠤᠷᠢᠭᠳᠠᠵᠤ ᠪᠠᠶᠢᠨ᠎ᠠ ᠭᠡᠵᠦ | ᠭᠠᠰᠠᠯᠠᠩ ᠤᠨ ᠳᠠᠭᠤ ᠪᠠᠨ ᠲᠠᠯᠪᠢᠵᠤ ᠪᠠᠶᠢᠬᠤ ᠳᠤ ᠭᠠᠮᠰᠢᠬᠳᠤ ᠬᠢᠵᠢᠭ ᠤᠨ ᠡᠮᠤᠨ᠎ᠠ ᠹᠷᠤᠨᠲ ᠲᠤ ᠲᠡᠮᠡᠴᠡᠵᠤ | ᠪᠠᠶᠢᠭ᠎ᠠ ᠡᠮᠴᠢ ᠰᠤᠪᠢᠯᠠᠬᠴᠢᠳ ᠠᠮᠢ ᠪᠡᠶ᠎ᠠ ᠡᠷᠡᠬᠦᠯ ᠴᠢᠬᠢᠷᠠᠭ ᠢᠶᠠᠨ ᠬᠠᠶᠢᠬᠤᠷᠤᠯ ᠦᠭᠡᠢ ᠠᠷᠠᠳ ᠤᠯᠠᠨ ᠤ ᠠᠮᠤᠷ | ᠲᠦᠪᠰᠢᠨ ᠤ ᠲᠦᠯᠦᠭᠡ ᠬᠠᠷᠠᠮ ᠦᠭᠡᠢ ᠦᠢᠯᠡᠴᠢᠯᠡᠵᠤ ᠪᠢᠯᠡ︕ ᠬᠠᠯᠳᠠᠪᠤᠷᠢᠲᠤ ᠬᠢᠵᠢᠭ ᠤᠨ ︽ᠤᠲᠤᠭ᠎ᠠ ᠦᠭᠡᠢ | ᠳᠠᠶᠢᠨ ︾ ᠤ ᠡᠮᠦᠨ᠎ᠡ ᠹᠷᠤᠨᠲ ᠲᠤ ᠡᠷᠡᠯᠬᠡᠭᠯᠡᠨ ᠪᠠᠶᠢᠯᠳᠤᠵᠤ ᠪᠠᠶᠢᠭ᠎ᠠ ᠡᠮᠴᠢ ᠰᠤᠪᠢᠯᠠᠭᠴᠢᠳ ᠮᠠᠨᠢ ᠠᠷᠤ ᠭᠡᠷ ᠤᠨ | ᠠᠮᠤᠷ ᠵᠢᠮᠤᠷ ᠠᠮᠢᠳᠤᠷᠠᠯ ᠳᠤ ᠰᠡᠳᠬᠢᠯ ᠲᠠᠳᠠᠭᠳᠠᠭᠠ ᠦᠭᠡᠢ᠂ ᠪᠦᠬᠦ ᠰᠡᠳᠬᠢᠯ ᠪᠦᠬᠦ ᠵᠤᠷᠢᠭ ᠢᠶᠠᠷ ᠢᠶᠠᠨ ᠡᠷᠡᠯᠬᠡᠭᠯᠡᠨ | ᠲᠡᠮᠡᠴᠡᠵᠦ ᠪᠠᠶᠢᠭ᠎ᠠ ᠲᠡᠳᠡᠭᠡᠷ ᠡᠭᠡᠯ ᠵᠢᠷ ᠤᠨ ᠪᠠᠶᠢᠯᠳᠤᠭᠴᠢᠳ ᠢᠶᠠᠨ ᠪᠢᠳᠠ ᠪᠣᠳᠤᠵᠤ ᠣᠯᠬᠤ ᠦᠭᠡᠢ ᠪᠤᠯ ᠴᠤᠬᠤᠮ | ᠴᠦ ᠬᠦᠮᠦᠨ ᠤ ᠴᠢᠨᠡᠷ ᠢᠶᠠᠨ ᠠᠯᠳᠠᠬᠤ ᠪᠠᠶᠢᠯᠬᠦᠢ ᠳ᠋ᠠ︕ | ᠬᠠᠶᠢᠷᠠᠲᠤ ᠡᠮᠴᠢ ᠰᠤᠪᠢᠯᠠᠬᠴᠢᠳ ᠮᠦᠨ ᠴᠤ ᠪᠢᠳᠡ ᠰᠢᠭ ᠡᠭᠡᠯ ᠵᠢᠷ ᠤᠨ ᠬᠦᠮᠦᠰ᠃ ᠭᠡᠷ ᠲᠤ ᠪᠠᠨ ᠬᠠᠷᠢᠵᠤ | ᠠᠪᠤ ᠡᠵᠢ᠂ ᠡᠯᠢᠭᠡᠨ ᠰᠠᠳᠤᠨ᠂ ᠦᠷ᠎ᠡ ᠬᠡᠦᠬᠡᠳ ᠲᠠᠢ ᠪᠠᠨ ᠪᠠᠶᠠᠷ ᠪᠠᠶᠠᠰᠤᠯᠲᠠᠢ ᠠᠮᠠᠷ ᠰᠠᠶᠢᠬᠠᠨ ᠵᠢᠷᠭᠠᠬᠤ ᠶᠢ | ᠬᠦᠰᠡᠳᠡᠭ ᠨᠢ ᠶᠠᠷᠢᠶᠠᠨ ᠦᠭᠡᠢ᠃ ᠭᠡᠪᠡᠴᠦ ᠲᠡᠳᠡᠨᠦᠰ ᠬᠦᠴᠢᠷ ᠤᠨ ᠡᠮᠤᠨ᠎ᠠ ᠬᠤᠶᠢᠰᠢ ᠤᠬᠤᠷᠢᠯ ᠦᠭᠡᠢ᠂ ᠬᠠᠷᠢᠨ | ᠠᠰ ᠤᠨ ᠪᠡᠶ᠎ᠡ ᠶᠢᠨ ᠠᠮᠤᠷ ᠲᠦᠪᠰᠢᠨ ᠡᠷᠡᠭᠦᠯ ᠴᠢᠬᠢᠷᠠᠭ ᠢᠶᠠᠨ ᠴᠤ ᠤᠮᠠᠷᠳᠡᠨ᠂ ᠠᠶᠤᠯᠲᠤ ᠬᠢᠵᠢᠭ ᠠᠴᠠ ᠰᠦᠷᠳᠡᠯ | ᠦᠭᠡᠢ ᠪᠠᠷ ᠳᠠᠶᠢᠨ ᠤ ᠲᠠᠯᠠᠪᠤᠷ ᠲᠤ ᠴᠠᠭ ᠮᠦᠴᠡ ᠲᠠᠢ ᠤᠷᠤᠯᠳᠤᠨ᠂ ᠡᠬᠡ ᠤᠯᠤᠰ ᠤᠨ ᠢᠶᠠᠨ ᠠᠮᠤᠷ | ᠲᠤᠬᠳᠠᠭᠤᠨ ᠤ ᠲᠦᠯᠦᠭᠡ ᠠᠶᠤᠯᠳᠤ ᠬᠢᠵᠢᠭ ᠲᠠᠢ ᠲᠡᠮᠡᠴᠡᠵᠦ ᠯᠡ ᠶᠠᠪᠤᠯ᠎ᠠ᠃ ᠡᠮᠴᠢ ᠰᠤᠪᠢᠯᠠᠭᠴᠢᠳ ᠤᠨ ᠡᠮᠨᠡᠨ | ᠬᠠᠷᠠᠭᠠᠯᠵᠠᠬᠤ ᠶᠢ ᠬᠦᠯᠢᠶᠡᠵᠦ ᠪᠠᠶᠢᠭ᠎ᠠ ᠡᠪᠡᠳᠴᠢᠳᠡᠳ ᠤᠨ ᠵᠤᠪᠠᠨᠢᠯ ᠲᠠᠷᠴᠢᠯᠠᠭᠠᠯ ᠤᠨ ᠡᠮᠤᠨ᠎ᠠ᠂ ᠬᠡᠳᠦ ᠬᠡᠳᠦᠨ | ᠴᠠᠭ ᠢᠶᠠᠷ ᠢᠳᠡᠵᠦ ᠤᠤᠭᠤᠬᠤ ᠦᠭᠡᠢ᠂ ᠵᠣᠷᠯᠣᠩ ᠳᠤ ᠴᠤ ᠤᠴᠢᠬᠤ ᠵᠠᠪ ᠤᠯᠳᠠᠬᠤ ᠦᠭᠡᠢ᠂ ᠡᠶᠢᠮᠦᠷᠬᠦ | ᠶᠠᠩᠵᠤ ᠪᠠᠷ ᠬᠡᠳᠦᠨ ᠰᠦᠨᠢ ᠡᠳᠦᠷ ᠦᠷᠭᠦᠯᠵᠢᠯᠡᠨ ᠠᠵᠢᠯᠯᠠᠳᠠᠭ ᠡᠮᠴᠢ ᠬᠡᠴᠢᠨᠡᠨ ᠵᠦᠳᠡᠭᠦᠷᠢᠳᠠᠢ ᠪᠢᠯᠡ︕ ᠬᠡᠷᠪᠡ | ᠪᠢᠳᠡ ᠲᠡᠳᠡᠨ ᠲᠠᠢ ᠠᠳᠠᠯᠢ ᠴᠠᠭ ᠲᠤ ᠪᠠᠨ ᠢᠳᠡᠬᠦ ᠦᠭᠡᠢ᠂ ᠠᠮᠠᠷᠠᠬᠤ ᠦᠭᠡᠢ ᠪᠣᠯ ᠶᠠᠭᠠᠬᠢᠳᠠᠭ ᠪᠢᠯᠡ ᠭᠡᠵᠦ ᠪᠢ | ᠪᠤᠳᠤᠭᠠᠳ ᠦᠵᠡᠪᠡᠯ ᠲᠡᠳᠡᠨᠦᠰ ᠤᠨ ᠬᠦᠴᠢᠷ ᠵᠦᠳᠡᠭᠦᠷᠢ ᠶᠢ ᠵᠢᠭᠠᠬᠠᠨ ᠴᠤ ᠭᠡᠰᠡᠨ ᠤᠶᠢᠯᠠᠭᠠᠵᠤ ᠲᠠᠶᠢᠯᠤᠨ᠎ᠠ᠃ | ᠨᠡᠩ ᠬᠡᠴᠡᠭᠦᠦ ᠨᠢ ᠵᠦᠳᠡᠭᠦᠷᠢ ᠶᠢ ᠲᠡᠰᠪᠦᠷᠢᠯᠡᠬᠦ ᠨᠢ ᠡᠮᠴᠢ ᠰᠤᠪᠢᠯᠠᠭᠴᠢᠳ ᠤᠨ ᠴᠣᠷ ᠤᠨ ᠭᠠᠭᠴᠠ ᠵᠤᠪᠠᠨᠢᠯ ᠪᠢᠰᠢ᠂ | ᠴᠠᠭ ᠮᠦᠴᠡ ᠪᠦᠷᠢ ᠳᠤ ᠬᠠᠯᠳᠠᠪᠤᠷᠢᠲᠤ ᠬᠢᠵᠢᠭ ᠲᠤ ᠨᠡᠷᠪᠡᠭᠳᠡᠵᠦ ᠮᠡᠳᠡᠬᠦ ᠠᠮᠢ ᠨᠠᠰᠤᠨ ᠤ ᠠᠶᠤᠯ ᠲᠠᠢ ᠶᠤᠮ᠃ | ᠤᠳᠤᠭ᠎ᠠ ᠦᠭᠡᠢ ᠲᠠᠶᠢᠨ ᠤ ᠡᠮᠤᠨ᠎ᠠ ᠹᠷᠤᠨᠲ ᠲᠤ ᠵᠠᠷᠢᠮ ᠡᠮᠴᠢ ᠰᠤᠪᠢᠯᠠᠬᠴᠢᠳ ᠠᠮᠢ ᠨᠠᠰᠤ ᠪᠠᠨ | ᠵᠤᠷᠢᠭᠤᠯᠤᠯᠠ᠂ ᠲᠡᠳᠡᠨᠡᠷ ᠬᠠᠯᠳᠠᠪᠤᠷᠢᠲᠤ ᠬᠢᠵᠢᠭ ᠲᠤ ᠨᠡᠷᠪᠡᠭᠳᠡᠭᠰᠡᠳ ᠢ ᠡᠮᠨᠡᠨ ᠵᠠᠰᠠᠬᠤ ᠶᠢᠨ ᠲᠦᠯᠦᠭᠡ᠂ ᠤᠯᠤᠰ | ᠤᠷᠤᠨ ᠤ ᠪᠠᠨ ᠠᠮᠤᠷ ᠲᠦᠪᠰᠢᠨ ᠤ ᠲᠦᠯᠦᠭᠡ ᠯᠡ ᠪᠢᠵᠠ᠃ ᠵᠠᠷᠢᠮ ᠡᠮᠴᠢ ᠵᠠᠯᠠᠭᠤᠬᠠᠨ ᠠᠮᠢ ᠨᠠᠰᠤ ᠪᠠᠨ ᠡᠨᠡ ᠬᠦ | ︽ᠤᠳᠤᠭ᠎ᠠ ᠦᠭᠡᠢ ᠳᠠᠶᠢᠨ︾ ᠤ ᠲᠠᠯᠠᠪᠤᠷ ᠲᠤ ᠦᠴᠦᠬᠡᠨ ᠴᠤ ᠬᠠᠷᠠᠮ ᠦᠭᠡᠢ ᠦᠷᠡᠭᠳᠡᠭᠦᠯᠦᠭᠰᠡᠨ ᠢ ᠨᠢ ᠪᠤᠳᠤᠪᠠᠯ | ᠦᠨᠡᠬᠡᠷ ᠵᠢᠷᠦᠬᠡ ᠰᠢᠮᠰᠢᠷᠡᠮᠡᠷ ᠶᠤᠮ ᠡ︕ | ᠠᠮᠢ ᠨᠠᠰᠤ ᠪᠠᠨ ᠤᠯᠤᠰ ᠤᠷᠤᠨ ᠤ ᠪᠠᠨ ᠲᠦᠯᠦᠭᠡ ᠵᠤᠷᠢᠭᠤᠯᠤᠬᠰᠠᠨ ᠦᠷᠡᠭᠳᠡᠭᠰᠡᠨ ᠪᠠᠭᠠᠲᠤᠷᠴᠤᠳ ᠮᠢᠨᠢ ᠠᠪᠤ | ᠡᠵᠢ ᠠᠴᠠ ᠪᠠᠨ ᠦᠨᠢᠳᠡ ᠰᠠᠯᠤᠯ᠎ᠠ᠂ ᠦᠷ᠎ᠡ ᠬᠡᠦᠭᠡᠳ ᠨᠢ ᠴᠤ ᠥᠨᠦᠴᠢᠷᠡᠨ ᠬᠤᠴᠣᠷᠤᠯᠠ᠃ ᠶᠠᠮᠠᠷ ᠭᠤᠨᠢᠭᠲᠠᠢ | ᠶᠠᠮᠠᠷ ᠤᠶᠠᠷᠠᠯ ᠲᠠᠢ ᠤᠴᠢᠷ ᠪᠣᠢ︕ ᠡᠭᠡᠯ ᠵᠢᠷ ᠤᠨ ᠲᠡᠳᠡ ᠮᠢᠨᠢ ᠶᠡᠷᠦ ᠪᠤᠰᠤ ᠶᠢᠨ ᠲᠡᠰᠪᠦᠷᠢ ᠬᠠᠲᠠᠭᠤᠵᠢᠯ ᠪᠠ | ᠦᠪᠡᠷ ᠢ ᠪᠠᠨ ᠦᠷᠡᠭᠳᠡᠭᠦᠯᠦᠭᠰᠡᠨ ᠵᠢᠭᠲᠡᠢ ᠴᠢᠨᠠᠷᠲᠠᠢ ᠦᠢᠯᠡ ᠠᠵᠢᠯᠯᠠᠭ᠎ᠠ ᠪᠠᠷ ᠢᠶᠠᠨ ᠠᠭᠤᠤ ᠶᠡᠭᠡ ᠭᠡᠳᠡᠭ ᠢᠶᠠᠨ | ᠬᠥᠮᠥᠰ ᠲᠤ ᠮᠡᠳᠡᠭᠦᠯᠵᠡᠢ᠃ ᠬᠡᠳᠦ᠋ᠢᠪᠡᠷ ᠵᠠᠷᠢᠮ ᠨᠢ ᠪᠢᠳᠡᠨ ᠠᠴᠠ ᠦᠨᠢᠳᠡ ᠠᠩᠭᠢᠵᠢᠷᠠᠭᠰᠠᠨ ᠪᠣᠯᠪᠠᠴᠤ | ᠲᠡᠳᠡᠨᠦᠰ ᠤᠨ ᠮᠠᠨᠢ ᠵᠤᠷᠢᠭ ᠰᠠᠨᠠᠭ᠎ᠠ ᠮᠠᠨ ᠤ ᠰᠡᠳᠬᠢᠯ ᠳᠤ ᠮᠦᠡᠭᠭᠡ ᠬᠠᠳᠠᠩᠰᠢᠨ᠎ᠠ︕ ᠦᠷᠡᠭᠳᠡᠭᠰᠡᠳ ᠮᠢᠨᠢ | ᠠᠮᠤᠷᠯᠢᠩᠭᠤᠢ ᠨᠦᠢᠷᠰᠤᠭᠠᠷᠠᠢ︕ | ᠡᠮᠴᠢ ᠬᠦᠮᠦᠨ — ᠡᠷᠡᠭᠦᠯ ᠡᠩᠬᠡ ᠶᠢᠨ ᠡᠯᠴᠢᠨ | ᠡᠮᠴᠢ ᠬᠦᠮᠦᠨ — ᠡᠨᠡᠷᠢᠯ ᠤᠨ ᠲᠠᠯᠠᠢ | ᠬᠤᠷ᠎ᠠ ᠶᠢᠨ ᠳᠠᠷᠠᠭᠠᠬᠢ ᠬᠤᠯᠤᠰᠤᠨ ᠰᠦᠶ᠎ᠡ ᠰᠢᠭ᠋ ᠰᠤᠷᠬᠤ ᠨᠠᠰᠤᠨ ᠳᠤ ᠪᠠᠨ ᠪᠠᠶᠢᠭ᠎ᠠ ᠬᠡᠤᠬᠡᠳ ᠪᠠᠭᠠᠴᠤᠳ | ᠪᠢᠳᠠ ᠡᠷᠳᠡᠮ ᠮᠡᠳᠡᠯᠭᠡ ᠶᠢ ᠴᠢᠷᠮᠠᠶᠢᠨ ᠰᠤᠷᠤᠯᠴᠠᠵᠤ᠂ ᠡᠷᠡᠯᠬᠡᠭ ᠪᠠᠭᠠᠲᠤᠷᠴᠤᠳ ᠤᠨ ᠠᠭᠤᠤ ᠦᠢᠯᠡ ᠪᠠᠷ | ᠲᠠᠭᠤᠷᠢᠶᠠᠯ ᠪᠤᠯᠭᠠᠵᠤ᠂ ᠠᠮᠢ ᠨᠠᠰᠤᠨ ᠤ ᠪᠠᠨ ᠰᠢᠯᠢᠳᠡᠭ ᠬᠠᠭᠤᠳᠠᠰᠤ ᠶᠢ ᠪᠢᠴᠢᠭᠯᠡᠵᠦ᠂ ᠭᠡᠷᠡᠯ ᠰᠠᠴᠤᠷᠠᠭᠰᠠᠨ | ᠦᠢᠯᠡᠰ ᠢ ᠪᠦᠲᠦᠭᠡᠬᠦ ᠪᠠᠷ ᠠᠯᠤᠰ ᠢ ᠵᠤᠷᠢᠬᠤ ᠵᠤᠷᠢᠭ ᠢᠶᠠᠨ ᠢᠯᠡᠳᠭᠡᠶ᠎ᠡ︕ | ᠵᠤᠬᠢᠶᠠᠬᠴᠢ᠄ ᠸᠠᠩ ᠡᠷᠬᠡᠰ ︵ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠤᠷᠭᠠᠭᠤᠯᠢ ᠶᠢᠨ | ᠳᠦᠷᠪᠡ ᠶᠢᠨ ᠭᠤᠷᠪᠠ︶ | ᠵᠢᠯᠤᠭᠤᠳᠤᠭᠰᠠᠨ ᠪᠠᠭᠰᠢ᠄ ᠤᠳᠤᠩᠭᠤᠸ᠎ᠠ |