ᠲᠡᠮᠡᠭᠡᠴᠢ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠤ ᠲᠦᠷᠪᠡᠳᠤᠭᠡᠷ ᠤᠳᠠᠭᠠᠨ ᠤ ︽ | ᠳᠤᠭᠤᠳᠠᠭ ᠤᠨ ᠨᠠᠶᠢᠷ︾ ᠵᠢᠴᠢ ︽ᠰᠢᠪᠠᠭᠤ ᠶᠢ ᠬᠠᠶᠢᠷᠠᠯᠠᠬᠤ ᠭᠠᠷᠠᠭ︾ ᠤᠨ ᠠᠵᠢᠯᠯᠠᠭ᠎ᠠ ᠳᠤ ᠵᠤᠬᠢᠴᠠᠭᠤᠯᠤᠨ | ᠮᠠᠨ ᠤ ᠰᠤᠷᠭᠠᠭᠤᠯᠢ ᠠᠮᠢᠳᠤ ᠪᠤᠳᠡᠰ᠂ ᠭᠠᠵᠡᠷ ᠵᠦᠢ ᠳᠤ ᠪᠠᠨ ᠳᠤᠷ᠎ᠠ ᠪᠠᠬ᠎ᠠ ᠲᠠᠢ ᠰᠤᠷᠤᠭᠴᠢᠳ ᠢ ᠵᠤᠬᠢᠶᠠᠨ | ᠪᠠᠶᠢᠭᠤᠯᠤᠨ ᠲᠡᠮᠡᠭᠡᠴᠢ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠳᠤ ᠤᠴᠢᠵᠦ ᠨᠢᠭᠡᠨ | ᠤᠳᠠᠭᠠᠨ ᠤ ᠤᠳᠬ᠎ᠠ ᠠᠭᠤᠯᠭ᠎ᠠ ᠲᠠᠢ ︽ᠨᠡᠬᠦᠳᠡᠯ ᠬᠢᠴᠢᠶᠡᠯᠯᠡᠭᠡ︾ ᠶᠢᠨ ᠬᠦᠳᠡᠯᠭᠡᠭᠡᠨ ᠶᠠᠪᠤᠭᠤᠯᠬᠤ ᠪᠠᠷ ᠪᠤᠯᠤᠯ᠎ᠠ᠃ | ᠪᠢ ᠴᠦ ᠡᠨᠡᠬᠦ ᠠᠵᠡ ᠵᠠᠪᠰᠢᠶᠠᠨ ᠢᠶᠠᠷ ᠳᠤᠰ ᠤᠳᠠᠭᠠᠨ ᠤ ᠤᠳᠬ᠎ᠠ ᠠᠭᠤᠯᠭ᠎ᠠ ᠲᠠᠢ ᠬᠦᠳᠡᠯᠭᠡᠭᠡᠨ ᠳᠤ ᠤᠷᠤᠯᠴᠠᠬᠤ | ᠪᠤᠯᠤᠭᠰᠡᠨ ᠳᠤ ᠪᠠᠨ ᠬᠡᠮᠵᠢᠶᠡᠯᠡᠰᠢ ᠦᠭᠡᠢ ᠪᠠᠶᠠᠷᠯᠠᠪᠠ᠃ | ᠬᠦᠭᠰᠡᠵᠦ ᠪᠠᠶᠠᠷᠯᠠᠭᠰᠠᠭᠠᠷ᠂ ᠬᠦᠰᠡᠵᠦ ᠬᠦᠯᠢᠶᠡᠭᠰᠡᠭᠡᠷ ᠤᠳᠡᠯ ᠦᠭᠡᠢ ᠪᠤᠯᠵᠤᠵᠦ ᠳᠤᠭᠳᠠᠭᠰᠡᠨ ᠡᠳᠤᠷ | ᠬᠦᠷᠴᠦ ᠢᠷᠡᠯ᠎ᠡ᠃ ᠳᠤᠰ ᠡᠳᠤᠷ ᠪᠢᠳᠡ ᠪᠠᠭᠰᠢ ᠰᠤᠷᠤᠭᠴᠢ ᠲᠠᠢ ᠪᠠᠨ ᠨᠡᠶᠢᠳᠡ 120 ᠬᠦᠮᠤᠨ ᠲᠦᠷᠪᠡᠨ ᠳᠤᠮᠤ | ᠠᠶᠠᠨᠴᠢᠳ ᠤᠨ ᠮᠠᠰᠢᠨ ᠲᠡᠷᠭᠡ ᠪᠠᠷ ᠲᠡᠮᠡᠭᠡᠴᠢ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠢ | ᠵᠤᠷᠢᠯ᠎ᠠ᠃ ᠵᠠᠮ ᠵᠠᠭᠤᠷ᠎ᠠ ᠮᠢᠨᠤ ᠬᠦᠭᠰᠡᠨ ᠪᠠᠶᠠᠷᠯᠠᠭᠰᠡᠨ ᠢ ᠬᠡᠯᠡᠬᠦ ᠶᠢᠨ ᠠᠷᠭ᠎ᠠ ᠦᠭᠡᠢ᠃ ᠨᠢᠭᠡ ᠲᠡᠷᠬᠡᠨ ᠳᠤ ᠬᠠᠮᠳᠤ | ᠰᠠᠭᠤᠯᠴᠠᠭᠰᠡᠨ ᠪᠠᠭᠰᠢ ᠰᠤᠷᠤᠭᠴᠢ ᠵᠠᠮ ᠵᠠᠭᠤᠷ᠎ᠠ ᠪᠠᠨ ᠳᠤᠭᠯᠠᠯᠳᠡ ᠭᠠᠷᠭᠠᠨ ᠬᠦᠳᠡᠯᠭᠡᠭᠡᠨ ᠬᠦᠳᠤᠯᠬᠦ ᠨᠢ | ᠬᠦᠳᠤᠯᠵᠦ᠂ ᠲᠠᠭᠤᠤ ᠲᠠᠭᠤᠯᠠᠬᠤ ᠨᠢ ᠲᠠᠭᠤᠯᠠᠵᠦ᠂ ᠦᠯᠢᠭᠡᠷ ᠶᠠᠷᠢᠬᠤ ᠨᠢ ᠶᠠᠷᠢᠵᠦ᠂ ᠰᠤᠯᠨ ᠵᠤᠭᠤᠭᠳᠡᠬᠤ ᠨᠢ | ᠵᠤᠭᠤᠭᠳᠡᠵᠦ᠂ ᠪᠠᠶᠠᠷᠯᠠᠵᠦ ᠨᠠᠷᠬᠢᠭᠰᠠᠭᠠᠷ ᠤᠳᠠᠭᠰᠡᠨ ᠴᠦ ᠦᠭᠡᠢ ᠲᠡᠮᠡᠭᠡᠴᠢ ᠪᠠᠯᠭᠠᠰᠤᠨ ᠳᠤ ᠬᠦᠷᠴᠦ ᠢᠷᠡᠯ᠎ᠡ᠃ | ᠮᠠᠨ ᠤ ᠬᠦᠳᠡᠯᠭᠡᠭᠡᠨ ᠳᠤᠬᠢᠷᠠᠭᠤᠯᠤᠯᠳᠡ ᠶᠤᠰᠤᠭᠠᠷ ᠤᠷᠢᠳᠡᠪᠡᠷ ᠲᠡᠮᠡᠭᠡᠴᠢ ᠭᠤᠤᠯ ᠪᠠᠭ᠎ᠠ ᠰᠤᠷᠭᠠᠭᠤᠯᠢ ᠳᠤ ᠬᠦᠷᠴᠦ | ᠲᠡᠮᠡᠭᠡᠴᠢ ᠭᠤᠤᠯ ᠪᠠᠭ᠎ᠠ ᠰᠤᠷᠭᠠᠭᠤᠯᠢ ᠶᠢᠨ ᠪᠠᠭᠰᠢ ᠰᠤᠷᠤᠭᠴᠢ ᠲᠠᠢ ︽ᠭᠠᠷ ᠭᠠᠷ ᠢᠶᠠᠨ ᠬᠤᠯᠪᠤᠯᠴᠠᠬᠤ | ᠬᠦᠳᠡᠯᠭᠡᠭᠡᠨ︾ ᠶᠠᠪᠤᠭᠳᠡᠭᠤᠯᠤᠯᠠ᠃ ᠪᠢᠳᠡ ᠲᠡᠨᠳᠡᠬᠢ ᠰᠤᠷᠤᠭᠴᠢᠳ ᠲᠤ ᠰᠤᠷᠭᠠᠭᠤᠯᠢ ᠶᠢᠨ ᠰᠡᠳᠬᠦᠯ ᠪᠠ | ᠲᠡᠰᠬᠠᠯ ᠤᠨ ᠲᠠᠪᠳᠡᠷ ᠬᠦᠷᠬᠡᠵᠦ᠂ ᠨᠦᠬᠦᠷᠯᠡᠯ ᠤᠨ ᠰᠡᠳᠬᠢᠯᠭᠡ ᠪᠠᠨ ᠢᠯᠡᠳᠭᠡᠯ᠎ᠡ᠃ ᠲᠡᠮᠡᠭᠡᠴᠢ ᠤᠯᠤᠰ ᠤᠨ | ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠤ ᠲᠦᠷᠪᠡᠳᠤᠭᠡᠷ ᠤᠳᠠᠭᠠᠨ ᠤ ︽ᠳᠤᠭᠤᠳᠠᠭ ᠤᠨ ᠨᠠᠶᠢᠷ︾ | ᠵᠢᠴᠢ ︽ᠰᠢᠪᠠᠭᠤ ᠶᠢ ᠬᠠᠶᠢᠷᠠᠯᠠᠬᠤ ᠭᠠᠷᠠᠭ︾ ᠤᠨ ᠠᠵᠢᠯᠯᠠᠭ᠎ᠠ ᠶᠢᠨ ᠬᠦᠳᠡᠯᠭᠡᠭᠡᠨ ᠮᠦᠨ ᠳᠤᠰ ᠰᠤᠷᠭᠠᠭᠤᠯᠢ ᠶᠢᠨ | ᠬᠦᠷᠢᠶᠠᠨ ᠳᠤ ᠶᠠᠪᠤᠭᠳᠡᠬᠤ ᠪᠤᠯᠤᠯ᠎ᠠ᠃ ᠶᠢᠰᠤᠨ ᠴᠠᠭ ᠪᠤᠯᠬᠤ ᠳᠤ ᠬᠤᠰᠢᠭᠤᠨ ᠤ ᠤᠳᠤᠷᠢᠳᠤᠯᠭ᠎ᠠ᠂ ᠲᠡᠮᠡᠭᠡᠴᠢ | ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ ᠤᠳᠤᠷᠢᠳᠤᠯᠭ᠎ᠠ ᠺᠠᠳ᠋ᠷ ᠠᠵᠢᠯᠳᠡᠨ | ᠰᠤᠷᠭᠠᠭᠤᠯᠢ ᠶᠢᠨ ᠬᠦᠷᠢᠶᠠᠨ ᠳᠤ ᠬᠤᠷᠡᠨ ᠴᠤᠭᠯᠠᠷᠡᠯᠡ᠃ ᠡᠩ ᠲᠡᠷᠢᠬᠦᠨ ᠳᠤ ᠲᠡᠮᠡᠭᠡᠴᠢ ᠤᠯᠤᠰ ᠤᠨ ᠲᠡᠰ ᠤᠨ | ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠤ ᠳᠤᠪᠴᠢᠶᠠᠨ ᠲᠠᠷᠤᠭ᠎ᠠ ᠲᠦᠷᠪᠡᠳᠤᠭᠡᠷ ᠤᠳᠠᠭᠠᠨ ᠤ ︽ᠳᠤᠭᠤᠳᠠᠭ ᠤᠨ | ᠨᠠᠶᠢᠷ︾ ᠵᠢᠴᠢ ︽ᠰᠢᠪᠠᠭᠤ ᠶᠢ ᠬᠠᠶᠢᠷᠠᠯᠠᠬᠤ ᠭᠠᠷᠠᠭ︾ ᠤᠨ ᠠᠵᠢᠯᠯᠠᠭ᠎ᠠ ᠶᠢᠨ ᠬᠦᠳᠡᠯᠭᠡᠭᠡᠨ ᠡᠬᠢᠯᠡᠬᠦ ᠶᠤᠰᠤᠯᠠᠯ ᠤᠨ | ᠦᠭᠡ ᠶᠠᠷᠢᠵᠠᠢ᠃ ᠳᠤᠪᠴᠢᠶᠠᠨ ᠲᠠᠷᠤᠭ᠎ᠠ ᠶᠢᠨ ᠶᠠᠷᠢᠶᠠᠨ ᠠᠴᠠ ᠲᠡᠮᠡᠭᠡᠴᠢ ᠤᠯᠤᠰ ᠤᠨ ᠲᠡᠰ ᠤᠨ ᠪᠠᠶᠢᠭᠠᠯᠢ ᠶᠢᠨ | ᠬᠠᠮᠠᠭᠠᠯᠠᠯᠳᠡ ᠶᠢᠨ ᠤᠷᠤᠨ ᠨᠢ 1996 ᠤᠨ ᠳᠤ ᠪᠠᠶᠢᠭᠤᠯᠤᠬᠳᠠᠵᠤ᠂ ᠠᠩᠬ᠎ᠠ ᠬᠤᠰᠢᠭᠤᠨ ᠲᠡᠰ ᠤᠨ | ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠪᠠᠶᠢᠬᠰᠡᠨ ᠠᠴᠠ ᠪᠠᠨ 1998 ᠤᠨ ᠪᠤᠯᠬᠤ ᠳᠤ ᠦᠪᠡᠷᠳᠡᠬᠡᠨ ᠵᠠᠰᠠᠬᠤ | ᠤᠷᠤᠨ ᠤ ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠪᠤᠯᠵᠤ᠂ 2002 ᠤᠨ ᠳᠤ ᠲᠦᠷᠦ ᠶᠢᠨ | ᠶᠠᠪᠤᠳᠡᠯ ᠤᠨ ᠬᠤᠷᠢᠶᠠᠨ ᠠᠴᠠ ᠲᠡᠮᠡᠭᠡᠴᠢ ᠶᠢᠨ ᠨᠤᠭᠤ ᠭᠠᠵᠠᠷ ᠢ ᠤᠯᠤᠰ ᠤᠨ ᠲᠡᠰ ᠤᠨ ᠪᠠᠶᠢᠭᠠᠯᠢ ᠶᠢᠨ | ᠬᠠᠮᠠᠭᠠᠯᠠᠯᠳᠡ ᠶᠢᠨ ᠤᠷᠤᠨ ᠢᠶᠠᠷ ᠦᠨᠡᠯᠡᠨ ᠵᠦᠪᠰᠢᠶᠡᠷᠡᠪᠡ᠃ ᠡᠨᠡ ᠨᠢ ᠤᠯᠤᠰ ᠤᠷᠤᠨ ᠠᠴᠠ ᠠᠮᠢ ᠠᠬᠤᠢ ᠶᠢᠨ | ᠬᠠᠮᠠᠭᠠᠯᠠᠯᠳᠡ ᠶᠢ ᠳᠦᠢᠯ ᠢᠶᠠᠷ ᠬᠦᠨᠳᠤᠳᠭᠡᠵᠦ ᠪᠠᠶᠢᠭ᠎ᠠ ᠶᠢ ᠴᠦ ᠤᠶᠢᠯᠠᠭᠠᠨ ᠮᠡᠳᠡᠯ᠎ᠡ᠃ ᠳᠤᠰ ᠤᠳᠠᠭᠠᠨ ᠤ | ᠬᠦᠳᠡᠯᠭᠡᠭᠡᠨ ᠳᠤ ᠢᠨᠳᠡᠷ ᠲᠠᠬᠢ ᠵᠢᠷᠭᠤᠳᠤᠭᠠᠷ ᠳᠤᠮᠳᠡᠳᠤ ᠰᠤᠷᠭᠠᠭᠤᠯᠢ ᠪᠤᠯᠤᠨ ᠲᠡᠮᠡᠭᠡᠴᠢ ᠭᠤᠤᠯ ᠪᠠᠭ᠎ᠠ | ᠰᠤᠷᠭᠠᠭᠤᠯᠢ ᠶᠢᠨ ᠰᠤᠷᠤᠭᠴᠢᠳ ᠳᠤᠭᠯᠠᠯᠳᠡ ᠭᠠᠷᠭᠠᠵᠦ ᠬᠤᠷᠡᠨ ᠴᠤᠭᠯᠠᠷᠠᠭᠰᠡᠨ ᠤᠳᠤᠷᠢᠳᠤᠯᠭ᠎ᠠ ᠨᠠᠷ ᠤᠨ | ᠬᠠᠯᠠᠭᠤᠨ ᠬᠦᠷᠢᠶᠠᠯᠠᠯ᠂ ᠦᠨᠳᠤᠷ ᠦᠨᠡᠯᠡᠯᠳᠡ ᠶᠢ ᠤᠯᠤᠯ᠎ᠠ᠃ | ᠨᠡᠬᠦᠳᠡᠯ ᠬᠢᠴᠢᠶᠡᠯᠯᠡᠭᠡ ᠶᠢᠨ ᠬᠤᠶᠠᠳᠤᠭᠠᠷ ᠲᠤ ᠲᠡᠮᠡᠭᠡᠴᠢ ᠤᠯᠤᠰ ᠤᠨ ᠲᠡᠰ ᠤᠨ ᠪᠠᠶᠢᠭᠠᠯᠢ ᠶᠢᠨ | ᠬᠠᠮᠠᠭᠠᠯᠠᠯᠳᠡ ᠶᠢᠨ ᠤᠷᠤᠨ ᠳᠠᠬᠢ ᠰᠢᠪᠠᠭᠤᠳ ᠤᠨ ᠳᠤᠬᠠᠢ ᠲᠠᠨᠢᠯᠴᠠᠭᠤᠯᠭ᠎ᠠ ᠶᠢ ᠰᠤᠨᠤᠰᠴᠦ ᠰᠢᠪᠠᠭᠤᠳ ᠤᠨ | ᠲᠦᠷᠦᠯ ᠵᠦᠢᠯ᠂ ᠠᠮᠢᠳᠤᠷᠡᠯ ᠤᠨ ᠤᠨᠴᠠᠯᠢᠭ ᠵᠡᠷᠭᠡ ᠶᠢ ᠤᠶᠢᠯᠠᠭᠠᠯ᠎ᠠ᠃ ᠲᠠᠷᠠᠭ᠎ᠠ ᠨᠢ ᠲᠡᠮᠡᠭᠡᠴᠢ ᠤᠯᠤᠰ ᠤᠨ | ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠳᠤ ᠬᠦᠷᠴᠦ᠂ ᠳᠤᠭᠤᠰ᠂ ᠳᠤᠭᠤᠳᠠᠭ᠂ ᠠᠯ ᠰᠡᠬᠦᠯ᠂ ᠬᠦᠬᠡ | ᠳᠤᠭᠤᠷᠤᠤ ᠁ ᠵᠡᠷᠭᠡ ᠶᠢ ᠨᠢᠳᠤ ᠪᠠᠷ ᠢᠶᠠᠨ ᠦᠵᠡᠵᠦ ᠦᠪᠡᠷ ᠤᠨ ᠡᠷᠭᠡ ᠦᠭᠡᠢ ᠭᠠᠶᠢᠬᠠᠯ᠎ᠠ᠃ ᠡᠨᠡ ᠨᠢ ᠮᠢᠨᠤ | ᠠᠮᠢᠳᠤ ᠪᠤᠳᠡᠰ ᠤᠨ ᠬᠢᠴᠢᠶᠠᠯ ᠢ ᠰᠤᠷᠬᠤ ᠳᠤ ᠳᠤᠰᠡ ᠲᠡᠮ ᠪᠤᠯᠤᠭᠰᠡᠨ ᠶᠤᠮ᠃ ᠪᠠᠶᠢᠭᠠᠯᠢ ᠶᠢᠨ ᠬᠠᠮᠠᠭᠠᠯᠡᠯᠳᠡ ᠶᠢᠨ | ᠤᠷᠤᠨ ᠳᠤ 309 ᠲᠦᠷᠦᠯ ᠵᠦᠢᠯ ᠤᠨ ᠠᠮᠢᠳᠡᠨ ᠲᠠᠢ᠃ ᠡᠬᠦᠨ ᠳᠤ ᠰᠢᠪᠠᠭᠤᠨ ᠤ ᠲᠦᠷᠤᠯ 228 ᠵᠦᠢᠯ ᠪᠠᠶᠢᠵᠦ | ᠂ ᠬᠤᠪᠤᠷ ᠴᠤᠬᠠᠬ ᠤᠯᠤᠰ ᠤᠨ ᠨᠢᠭᠡᠳᠤᠭᠡᠷ ᠲᠡᠰ ᠤᠨ ᠬᠠᠮᠠᠭᠠᠯᠠᠯᠳᠠ ᠶᠢᠨ ᠰᠢᠪᠠᠭᠤ ᠳᠤᠭᠤᠳᠠᠭ᠂ ᠠᠯ ᠰᠡᠬᠦᠯ᠂ | ᠪᠦᠷᠬᠦᠳ ᠵᠡᠷᠭᠡ ᠵᠦᠢᠯ ᠪᠤᠢ᠃ ᠤᠯᠤᠰ ᠤᠨ ᠬᠤᠶᠠᠳᠤᠭᠠᠷ ᠲᠡᠰ ᠤᠨ ᠬᠠᠮᠠᠭᠠᠯᠠᠯᠳᠠ ᠶᠢᠨ ᠰᠢᠪᠠᠭᠤ 36 ᠲᠦᠷᠦᠯ | ᠵᠦᠢᠯ ᠪᠠᠶᠢᠵᠤ᠂ 4 ᠵᠦᠢᠯ ᠤᠨ ᠭᠠᠯᠠᠭᠤ᠂ 16 ᠵᠦᠢᠯ ᠤᠨ ᠨᠤᠭᠤᠰᠤ ᠨᠤᠳᠤᠭᠰᠢᠵᠦ ᠪᠤᠢ᠃ ᠲᠡᠮᠡᠭᠡᠴᠢ | ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠨᠢ ᠶᠡᠭᠡ ᠬᠢᠨᠭ᠍ᠭᠠᠨ ᠲᠠᠪᠠᠭᠠᠨ ᠤ ᠡᠮᠤᠨ᠎ᠠ | ᠡᠩᠭᠡᠷ ᠲᠠᠬᠢ ᠰᠤᠩᠭᠠᠷᠢ ᠨᠤᠨ ᠤ ᠲᠠᠯ᠎ᠠ ᠭᠠᠵᠠᠷ ᠲᠤ ᠪᠠᠶᠢᠷᠢᠯᠠᠵᠤ᠂ ᠠᠶᠠᠨ ᠤ ᠰᠢᠪᠠᠭᠤᠳ ᠤᠨ ︽ᠤᠯᠠᠭ᠎ᠠ ᠦᠷᠳᠡᠭᠡ | ︾ ᠪᠤᠯᠵᠤ ᠪᠠᠶᠢᠳᠠᠭ᠃ ᠲᠡᠮᠡᠭᠡᠵᠢ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠤ | ᠪᠠᠶᠢᠭᠠᠯᠢ ᠶᠢᠨ ᠮᠦᠽᠸᠢ ᠳᠤ 150 ᠭᠠᠷᠤᠢ ᠲᠦᠷᠦᠯ ᠤᠨ ᠠᠮᠢᠳᠡᠨ ᠤᠷᠭᠤᠮᠡᠯ ᠤᠨ ᠦᠯᠢᠭᠡᠷ ᠬᠡᠪ ᠢ ᠬᠤᠷᠢᠶᠠᠨ | ᠬᠠᠳᠠᠭᠠᠯᠠᠭᠰᠡᠨ ᠪᠠ ᠲᠡᠯᠭᠡᠨ ᠦᠵᠡᠬᠦᠯᠦᠭᠰᠡᠨ ᠪᠠᠶᠢᠨ᠎ᠡ᠃ ᠠᠮᠢ ᠠᠬᠤᠢ ᠶᠢᠨ ᠲᠢᠩᠬᠢᠮ ᠳᠤ ᠵᠢᠷᠤᠭ ᠲᠦᠷᠰᠤ ᠶᠢᠨ | ᠬᠡᠰᠡᠭ᠂ ᠠᠷᠢᠶᠠᠳᠡᠨ ᠤ ᠦᠵᠡᠬᠦᠯᠤᠯᠭᠡ ᠶᠢᠨ ᠬᠡᠰᠡᠭ ᠪᠤᠯᠤᠨ ᠰᠢᠪᠠᠭᠤᠨ ᠤ ᠦᠵᠡᠬᠦᠯᠤᠯᠭᠡ ᠶᠢᠨ ᠬᠡᠰᠡᠭ ᠬᠤᠪᠢᠶᠠᠵᠠᠢ᠃ | ᠦᠨᠤᠳᠤᠷ ᠳᠤᠭᠤᠰ ᠰᠢᠪᠠᠭᠤ ᠪᠢᠳᠡᠨ ᠢ ᠦᠵᠡᠭᠡᠳ ᠪᠠᠶᠠᠷᠯᠠᠭᠰᠡᠨ ᠳᠤ ᠪᠠᠨ ᠴᠦ ᠪᠤᠯᠪᠡᠤ ᠤᠤ ᠠᠬᠢᠨ ᠲᠡᠬᠢᠨ | ᠰᠢᠬᠦᠷᠯᠡᠵᠦ ᠪᠢᠳᠡᠨ ᠤ ᠳᠤᠷ᠎ᠠ ᠪᠠᠬ᠎ᠠ ᠶᠢ ᠲᠡᠳᠡᠨ᠎ᠡ᠃ ᠪᠠᠭᠰᠢ ᠨᠠᠷ ᠠᠴᠠ ᠪᠢᠳᠡᠨ ᠤ ᠳᠤᠭᠤᠷᠢᠨ ᠦᠵᠡᠭᠰᠡᠨ | ᠪᠠᠶᠢᠳᠡᠯ ᠳᠤ ᠵᠤᠬᠢᠴᠠᠭᠤᠯᠤᠨ ᠭᠠᠵᠡᠷ ᠵᠦᠢ ᠪᠤᠯᠤᠨ ᠠᠮᠢᠳᠤ ᠪᠤᠳᠡᠰ ᠤᠨ ᠳᠤᠬᠠᠢ ᠰᠡᠳᠤᠪ ᠭᠠᠷᠭᠠᠵᠦ ᠮᠡᠳᠡᠯᠭᠡ ᠶᠢᠨ | ᠤᠷᠤᠯᠳᠤᠭᠠᠨ ᠶᠠᠪᠤᠭᠤᠯᠤᠯ᠎ᠠ᠃ ᠡᠨᠡ ᠨᠢ ᠪᠢᠳᠡᠨ ᠳᠤ ᠦᠵᠡᠵᠦ ᠰᠤᠨᠤᠰᠤᠭᠰᠡᠨ ᠢᠶᠠᠨ ᠪᠠᠷᠢᠨ ᠪᠠᠳᠤᠳᠬᠠᠵᠦ | ᠮᠡᠳᠡᠯᠭᠡ ᠪᠠᠨ ᠨᠡᠮᠡᠭᠳᠡᠬᠦᠯᠬᠦ ᠳᠤ ᠮᠠᠰᠢ ᠰᠠᠶᠢᠨ ᠬᠠᠪᠰᠤᠷᠤᠮᠵᠢ ᠪᠤᠯᠤᠭᠰᠡᠨ ᠪᠠ ᠬᠦᠳᠡᠯᠭᠡᠭᠡᠨ ᠤ ᠤᠳᠬ᠎ᠠ | ᠠᠭᠤᠯᠭ᠎ᠠ ᠶᠢ ᠤᠯᠠᠮ ᠨᠢᠭᠡ ᠠᠯᠬᠤᠮ ᠬᠦᠨᠵᠡᠬᠡᠶᠢᠷᠡᠬᠦᠯᠪᠡ᠃ | ︽ᠨᠡᠬᠦᠳᠡᠯ ᠬᠢᠴᠢᠶᠡᠯᠯᠡᠭᠡ︾ ᠶᠢᠨ ᠬᠠᠮᠤᠭ ᠰᠡᠬᠦᠯ ᠳᠤ᠂ ᠨᠢᠭᠡ ᠡᠳᠤᠷ ᠤᠨ ᠦᠵᠡᠵᠦ ᠰᠤᠨᠤᠰᠤᠭᠰᠡᠨ ᠢᠶᠠᠨ | ᠪᠢᠴᠢᠵᠦ ᠲᠡᠮᠳᠡᠭᠯᠡᠬᠦ᠂ ᠳ᠋ᠦᠩᠨᠡᠬᠦ ᠴᠢᠳᠡᠪᠤᠷᠢ ᠶᠢ ᠲᠡᠭᠡᠭᠰᠢᠯᠡᠬᠦᠯᠬᠦ ᠪᠠᠷ ᠵᠤᠬᠢᠶᠠᠨ ᠪᠢᠴᠢᠯᠭᠡ ᠶᠢᠨ ᠳᠤᠬᠠᠢ ᠶᠢᠨ | ᠲᠠᠯᠠᠪᠤᠷ ᠤᠨ ᠤᠷᠤᠯᠳᠤᠭᠠᠨ ᠶᠠᠪᠤᠭᠤᠯᠪᠠ᠃ ᠦᠩᠭᠡᠷᠡᠭᠰᠡᠨ ᠳᠤ ᠵᠤᠬᠢᠶᠠᠨ ᠪᠢᠴᠢᠬᠦ ᠪᠤᠯᠤᠭᠰᠠᠭᠠᠷ ᠳᠤᠯᠤᠭᠠᠢ | ᠡᠪᠡᠳᠴᠦ᠂ ᠭᠠᠷ ᠨᠤᠬᠤᠯᠤᠨ ᠭᠠᠴᠢᠬᠳᠠᠵᠤ ᠶᠠᠭᠤ ᠪᠢᠴᠢᠬᠦ ᠪᠠᠨ ᠤᠯᠬᠤ ᠦᠭᠡᠢ ᠪᠠᠶᠢᠬᠰᠠᠨ ᠪᠤᠯ ᠦᠨᠤᠳᠤᠷ | ᠬᠠᠰᠢᠯᠭ᠎ᠠ ᠪᠠᠨ ᠰᠡᠳᠡᠯᠦᠭᠰᠡᠨ ᠦᠶᠡᠷ ᠰᠢᠭ ᠪᠢᠴᠢᠭᠡᠳ ᠪᠠᠷᠠᠬᠤ ᠦᠭᠡᠢ ᠤᠯᠠᠨ ᠰᠠᠶᠢᠬᠠᠨ ᠦᠭᠡ ᠦᠭᠦᠯᠡᠪᠦᠷᠢ | ᠭᠠᠷᠴᠦ ᠢᠷᠡᠭᠡᠳ ᠬᠤᠷᠢᠭᠯᠠᠭᠳᠡᠰᠢ ᠦᠭᠡᠢ ᠤᠷᠤᠰᠬᠠᠯ ᠰᠢᠭ᠋ ᠪᠤᠯᠤᠯ᠎ᠠ᠃ | ᠡᠨᠡᠬᠦ ᠤᠳᠠᠭᠠᠨ ᠤ ᠤᠳᠬ᠎ᠠ ᠠᠭᠤᠯᠭ᠎ᠠ ᠲᠠᠢ ᠨᠡᠬᠦᠳᠡᠯ ᠬᠢᠴᠢᠶᠡᠯᠯᠡᠭᠡ ᠨᠢ ᠨᠡᠳᠡ ᠳᠤ ᠮᠠᠷᠳᠠᠭᠳᠡᠰᠢ ᠦᠭᠡᠢ | ᠳᠤᠷᠡᠳᠬᠠᠯ ᠪᠤᠯᠵᠦ᠂ ᠡᠭᠡ ᠪᠠᠶᠢᠭᠠᠯᠢ ᠪᠠᠨ ᠬᠠᠶᠢᠷᠠᠯᠠᠬᠤ᠂ ᠡᠭᠡ ᠨᠤᠳᠤᠭ ᠢᠶᠠᠨ ᠬᠠᠶᠢᠷᠠᠯᠠᠬᠤ᠂ ᠤᠷᠴᠢᠨ | ᠳᠤᠭᠤᠷᠢᠨ ᠢᠶᠠᠨ ᠬᠠᠮᠠᠭᠠᠯᠠᠬᠤ ᠤᠯᠠᠨ ᠰᠠᠶᠢᠬᠠᠨ ᠬᠦᠮᠤᠵᠢᠯ ᠮᠡᠳᠡᠯᠭᠡ ᠶᠢ ᠤᠯᠵᠤ ᠬᠦᠷᠳᠡᠵᠤ᠂ ᠬᠦᠮᠤᠨ ᠪᠤᠯᠤᠨ | ᠬᠦᠮᠦᠵᠢᠭᠳᠡᠬᠦ ᠶᠠᠪᠤᠴᠠ ᠳᠠᠬᠢ ᠡᠷᠬᠢᠮ ᠦᠨᠡᠳᠤ ᠡᠷᠬᠢᠴᠡᠬᠦᠯᠤᠯ ᠪᠤᠯᠵᠠᠢ᠃ | | ᠵᠤᠬᠢᠶᠠᠬᠴᠢ᠄ ᠴᠧᠨ ᠶᠢᠨ ᠡᠾᠦ᠋ᠢ ︵ᠢᠨᠳᠡᠷ ᠵᠢᠷᠭᠤᠳᠤᠭᠠᠷ ᠲᠤᠮᠳᠠᠳᠤ ᠰᠤᠷᠭᠠᠭᠤᠯᠢ ᠶᠢᠨ ᠨᠢᠭᠡ ᠶᠢᠨ ᠠᠷᠪᠡᠨ | ᠬᠤᠶᠠᠷ︶ | ᠵᠢᠯᠣᠭᠤᠳᠣᠭᠰᠠᠨ ᠪᠠᠭᠰᠢ᠄ ᠡᠤ ᠰᠡᠴᠡᠨ |