ᠮᠢᠨᠣ ᠡᠮᠡᠭᠡ
ᠨᠡᠶᠢᠲᠡᠯᠡᠭᠰᠡᠨ ᠴᠠᠭ᠄
2020-07-23
    ᠮᠢᠨᠣ ᠡᠮᠡᠭᠡ ᠪᠣᠯ ᠠᠵᠢᠯᠴᠢ ᠪᠣᠷᠤᠭᠵᠢᠭᠤᠨ ᠵᠠᠩ ᠲᠠᠢ ᠪᠥᠭᠡᠳ ᠰᠦᠨ ᠴᠠᠶᠢᠯᠭᠠᠨ ᠰᠡᠳᠭᠢᠯ ᠲᠠᠢ ᠵᠢᠷ ᠤᠨ ᠨᠢᠭᠡᠨ ᠲᠠᠷᠢᠶᠠᠴᠢᠨ ᠪᠦᠰᠡᠭᠦᠢ ᠪᠢᠯᠡ᠃     ᠪᠢ ᠨᠢᠭᠡᠨ ᠤᠳᠠᠭ᠎ᠠ ᠡᠮᠡᠭᠡ ᠪᠠᠨ ᠲᠣᠩ ᠴᠤ ᠭᠤᠮᠤᠳᠠᠭᠠᠯ᠎ᠠ᠂ ᠲᠤᠩᠭᠠᠯᠠᠭ ᠰᠠᠶᠢᠬᠠᠨ ᠵᠤᠨ ᠤ ᠨᠢᠭᠡᠨ ᠡᠳᠣᠷ ᠪᠠᠶᠢᠵᠤ ᠪᠢᠯᠡ᠂ ᠲᠡᠷᠡ ᠥᠷᠯᠦᠭᠡ ᠡᠮᠡᠭᠡ ᠮᠢᠨᠢ ᠮᠥᠨ ᠣᠥᠯ ᠤᠨ ᠰᠢᠭ᠋ ᠡᠷᠳᠡ ᠪᠣᠰᠴᠤ ᠨᠠᠳᠠ ᠳᠤ ᠬᠤᠭᠤᠯᠠ ᠪᠤᠳᠠᠭ᠎ᠠ ᠪᠡᠯᠡᠳᠭᠡᠵᠤ ᠥᠭᠪᠡ᠃ ᠭᠡᠬᠦ ᠳᠡᠭᠡᠨ ᠡᠮᠡᠭᠡ ᠮᠢᠨᠢ ᠨᠠᠮᠠᠢᠢ ︽ᠬᠤᠯᠠ ᠶᠠᠪᠤᠵᠤ ᠶᠠᠳᠠᠵᠤ ᠪᠠᠶᠢᠨ᠎ᠠ᠂ ᠢᠯᠡᠭᠦᠦ ᠰᠢᠭ ᠣᠨᠳᠠᠵᠣ ᠠᠮᠠᠷᠠᠵᠤ ᠪᠠᠶᠢᠭ︾ ᠭᠡᠳ ᠲᠡᠶᠢᠮᠤ ᠡᠷᠳᠡ ᠰᠡᠷᠢᠭᠡᠭᠰᠡᠨ ᠦᠭᠡᠢ᠂ ᠲᠡᠷᠡ ᠥᠷᠯᠦᠭᠡ ᠨᠢ ᠶᠠᠬ ᠰᠠᠶᠢᠬᠠᠨ ᠮᠢᠨᠣ ᠠᠩᠭᠢ ᠶᠢᠨ ᠵᠢᠵᠢᠭᠦᠷ ᠪᠠᠶᠢᠬᠰᠠᠨ ᠶᠤᠮ᠃ ᠵᠢᠵᠢᠭᠦᠷ ᠢᠶᠠᠨ ᠬᠢᠵᠦ ᠠᠮᠵᠢᠬᠤ ᠦᠭᠡᠢ ᠪᠣᠯᠤᠭᠰᠠᠨ ᠢᠶᠠᠨ ᠮᠡᠳᠡᠭᠡᠳ ᠪᠢ ᠡᠮᠡᠭᠡ ᠳᠤ ᠪᠠᠨ ᠲᠦᠢᠯ ᠢᠶᠠᠷ ᠠᠭᠤᠷᠯᠠᠭᠠᠳ ᠥᠷᠯᠦᠭᠡ ᠶᠢᠨ ᠬᠤᠭᠤᠯᠠ ᠪᠠᠨ ᠢᠳᠡᠭᠰᠡᠨ ᠦᠭᠡᠢ ᠥᠯᠦᠰᠭᠦᠯᠡᠩ ᠢᠶᠠᠷ ᠰᠤᠷᠭᠠᠭᠤᠯᠢ ᠳᠤ ᠪᠠᠨ ᠶᠠᠪᠤᠪᠠ᠃     ᠬᠤᠶᠠᠳᠤᠭᠠᠷ ᠬᠢᠴᠢᠶᠡᠯ ᠪᠠᠭᠤᠯ᠎ᠠ᠂ ᠡᠮᠡᠭᠡ ᠨᠠᠮᠠᠢᠢ ᠥᠷᠯᠦᠭᠡ ᠶᠢᠨ ᠬᠤᠭᠤᠯᠠ ᠪᠠᠨ ᠢᠳᠡᠭᠰᠡᠨ ᠦᠭᠡᠢ ᠥᠯᠦᠰᠬᠦ ᠠᠴᠠ ᠬᠢᠴᠢᠶᠡᠵᠦ ᠰᠥᠨ ᠲᠠᠯᠬ᠎ᠠ ᠠᠪᠴᠢᠷᠠᠵᠦ ᠥᠭᠪᠡ᠃ ᠪᠢ ᠡᠮᠡᠭᠡ ᠪᠠᠨ ᠣᠯᠵᠤ ᠬᠠᠷᠠᠮᠠᠭᠴᠠ ᠬᠦᠭᠡᠷᠬᠦ᠋ᠢᠯᠡᠵᠤ ᠵᠢᠷᠦᠬᠡ ᠡᠪᠡᠳᠴᠣ ᠬᠠᠯᠠᠭᠤᠨ ᠨᠢᠯᠪᠤᠰᠤ ᠥᠪᠡᠷ ᠤᠨ ᠡᠷᠬᠡ ᠦᠭᠡᠢ ᠬᠠᠮᠠᠷ ᠢ ᠬᠠᠪᠴᠢᠨ ᠪᠦᠮᠪᠦᠷᠢᠯ᠎ᠡ     ᠲᠡᠭᠦᠨ ᠠᠴᠠ ᠬᠤᠶᠢᠰᠢ ᠪᠢ ᠡᠮᠡᠭᠡ ᠪᠠᠨ ᠬᠠᠶᠢᠷᠠᠯᠠᠵᠦ ᠶᠠᠪᠤᠭᠰᠠᠨ ᠠᠴᠠ ᠪᠢᠰᠢ ᠭᠤᠮᠤᠳᠠᠭᠠᠵᠤ ᠥᠩᠭᠡᠷᠡᠭᠰᠡᠨ ᠦᠭᠡᠢ᠃ ᠭᠡᠬᠦ ᠮᠦᠷᠳᠡᠬᠡᠨ ᠡᠮᠡᠭᠡ ᠶᠢᠨ ᠢᠶᠠᠨ ᠤᠮᠪᠤᠯᠤ ᠪᠠᠨ ᠭᠡᠰᠡᠨ ᠡᠨᠡ ᠬᠦ ᠠᠷᠢᠭᠤᠨ ᠬᠠᠶᠢᠷ᠎ᠠ ᠶᠢᠨ ᠬᠠᠷᠢᠭᠤ ᠳᠤ ᠪᠢ ᠮᠡᠳᠡᠯᠭᠡ ᠰᠣᠶᠤᠯ ᠤᠨ ᠨᠣᠶᠠᠨ ᠣᠷᠭᠢᠯ ᠳᠤ ᠮᠠᠴᠤᠵᠤ᠂ ᠠᠴᠢ ᠶᠢ ᠨᠢ ᠬᠠᠷᠢᠭᠤᠯᠬᠤ ᠪᠠᠷ ᠴᠠᠭ ᠢᠮᠠᠭᠳᠠ ᠮᠠᠷᠠᠶᠢᠨ ᠴᠢᠷᠮᠠᠶᠢᠨ᠎ᠠ᠃     ᠵᠤᠬᠢᠶᠠᠬᠴᠢ᠄ ᠪᠠᠢ ᠿᠦ ᠰᠢᠤᠸᠠᠢ ︵ᠢᠨᠳᠡᠷ ᠲᠠᠬᠢ ᠬᠤᠶᠠᠳᠤᠭᠠᠷ ᠪᠠᠭ᠎ᠠ ᠰᠤᠷᠭᠠᠭᠤᠯᠢ ᠶᠢᠨ ᠲᠦᠷᠪᠡ ᠶᠢᠨ ᠭᠤᠷᠪᠠ︶     ᠵᠢᠯᠤᠭᠤᠳᠤᠭᠰᠠᠨ ᠪᠠᠭᠰᠢ᠄ ᠳ᠋ᠦᠩ ᠬᠤᠩ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号