ᠰᠤᠷᠤᠯᠭ᠎ᠠ ᠶᠢᠨ ᠵᠠᠮ ᠢ ᠬᠦᠭᠡᠭᠡᠵᠦ᠂ ᠰᠤᠷᠭᠠᠭᠤᠯᠢ ᠶᠢᠨ ᠡᠭᠦᠳᠡᠨ ᠪᠤᠱᠤᠭ᠎ᠠ ᠶᠢ ᠠᠩᠬ᠎ᠠ ᠠᠯᠬᠤᠵᠤ᠂ ᠡᠷᠳᠡᠮ ᠤᠨ | ᠬᠡᠯᠬᠢᠶ᠎ᠡ ᠬᠡᠯᠬᠢᠵᠦ ᠶᠠᠪᠤᠭᠰᠠᠨ ᠤᠷᠲᠦ ᠵᠠᠮ ᠤᠨ ᠲᠤᠮᠳᠠ ᠨᠠᠮ᠎ᠠ ᠶᠢ ᠦᠷᠭᠦᠯᠵᠢ ᠬᠠᠪᠰᠤᠷᠴᠤ᠂ ᠳᠡᠮᠵᠢᠵᠦ᠂ | ᠵᠤᠷᠢᠭᠵᠢᠭᠤᠯᠵᠤ ᠶᠠᠪᠤᠭᠰᠠᠨ ᠨᠢᠭᠡᠨ ᠰᠠᠶᠢᠨ ᠨᠠᠶᠢᠵᠠ ᠪᠠᠶᠢᠳᠠᠭ᠃ ᠲᠡᠭᠦᠨ ᠢ ᠪᠤᠤ ᠦᠢᠯᠡᠰ ᠬᠡᠳᠡᠭ᠃ ᠲᠡᠷᠡᠪᠡᠷ | ᠳᠤᠮᠳᠠ ᠵᠡᠷᠭᠡ ᠶᠢᠨ ᠪᠡᠶ᠎ᠡ ᠲᠠᠢ᠂ ᠬᠠᠷᠠᠪᠳᠤᠷ ᠴᠢᠷᠠᠢ ᠲᠠᠢ᠂ ᠬᠦ᠋ ᠬᠠᠷ᠎ᠠ ᠬᠦᠮᠦᠰᠭᠡ ᠲᠠᠢ᠂ ᠮᠦᠢᠯ ᠬᠠᠷ᠎ᠠ ᠨᠢᠳᠦ ᠨᠢ | ᠲᠠᠰᠤᠷᠠᠯ ᠦᠭᠡᠢ ᠲᠤᠷᠮᠤᠰ ᠲᠤᠷᠮᠤᠰ ᠴᠠᠪᠴᠢᠯᠠᠵᠤ ᠯᠠ ᠪᠠᠶᠢᠳᠠᠭ ᠨᠢᠭᠡᠨ ᠬᠦᠭᠡᠷᠦᠬᠦᠨ ᠵᠢᠰᠦ ᠲᠠᠢ ᠨᠤᠮᠤᠬᠠᠨ | ᠲᠦᠯᠭᠡᠨ ᠵᠠᠩ ᠲᠠᠢ᠂ ᠦᠷᠬᠦᠯᠵᠢ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠤᠯᠭᠠᠳᠠᠭ᠃ ᠲᠡᠷᠡ ᠡᠨᠡ | ᠬᠦᠷᠦᠰᠦᠲᠦ ᠲᠡᠯᠡᠭᠡᠢ ᠳᠤ ᠬᠦᠮᠦᠨ ᠪᠤᠯᠵᠤ ᠵᠠᠶᠠᠭᠠᠭᠳᠠᠭᠠᠳ ᠨᠢᠭᠡᠨᠲᠡ ᠠᠷᠪᠠᠨ ᠭᠤᠷᠪᠠᠨ ᠬᠠᠪᠤᠷ ᠨᠠᠮᠤᠷ ᠢ | ᠦᠡᠭᠭᠡᠷᠡᠭᠡᠵᠡᠢ᠃ | ᠤᠭᠲᠠᠷᠭᠤᠢ ᠳᠤ ᠨᠤᠬᠠᠢ ᠳᠤᠯᠢᠶᠠᠬᠤ ᠡᠭᠦᠯᠡ ᠦᠭᠡᠢ ᠨᠢᠭᠡᠨ ᠲᠤᠩᠭᠠᠯᠠᠭ ᠰᠠᠶᠢᠬᠠᠨ ᠡᠳᠦᠷ ᠪᠠᠶᠢᠯ᠎ᠠ᠃ | ᠦᠢᠯᠡᠰ ᠲᠠᠢ ᠭᠠᠷ ᠤᠲᠠᠰᠤ ᠪᠠᠷ ᠬᠠᠷᠢᠯᠴᠠᠨ ᠪᠠᠶᠢᠵᠤ᠂ ᠦᠳᠡ ᠳᠤ ᠬᠠᠮᠲᠤ ᠳᠤ ᠪᠠᠨ ᠨᠤᠮ ᠤᠨ ᠰᠠᠩ ᠳᠤ ᠤᠴᠢᠨ | ᠨᠤᠮ ᠤᠡᠭᠰᠢᠬᠤ ᠪᠠᠷ ᠪᠤᠯᠵᠤᠪᠠ᠃ ᠲᠡᠭᠡᠭᠡᠳ ᠪᠢ ᠨᠤᠮ ᠤᠨ ᠰᠠᠩ ᠤᠷᠤᠭᠤ ᠶᠠᠪᠤᠯ᠎ᠠ᠃ ᠴᠠᠭ ᠠᠴᠠ ᠪᠠᠭ᠋ᠠᠨ ᠡᠷᠲᠡ | ᠤᠴᠢᠭᠰᠠᠨ ᠠᠴᠠ ᠦᠪᠡᠷ ᠢᠶᠠᠨ ᠨᠢᠭᠡᠨ ᠨᠤᠮ ᠰᠤᠩᠭᠤᠵᠤ ᠤᠡᠭᠰᠢᠨ ᠰᠠᠭᠤᠯ᠎ᠠ᠃ ᠳᠡᠮᠡᠢ ᠤᠳᠠᠭᠰᠠᠨ ᠦᠭᠡᠢ | ᠪᠤᠯᠵᠤᠭᠰᠠᠨ ᠴᠠᠭ ᠲᠤᠯᠪᠠ᠃ ᠡᠭᠦᠳᠡᠨ ᠭᠠᠳᠠᠨ᠎ᠠ ᠭᠠᠷᠴᠤ ᠬᠦᠯᠢᠶᠡᠯ᠎ᠡ᠃ ᠬᠦᠯᠢᠶᠡᠭᠰᠡᠭᠡᠷ ᠭᠤᠷᠪᠠᠨ ᠴᠠᠭ | ᠦᠡᠭᠭᠡᠷᠡᠴᠢᠭᠡᠯᠡ ᠁ ᠪᠢ ᠬᠦᠯᠢᠶᠡᠵᠦ ᠶᠠᠳᠠᠨ ᠭᠡᠷ ᠲᠤ ᠪᠠᠨ ᠬᠠᠷᠢᠴᠢᠬᠠᠪᠠ᠃ | ᠪᠢ ᠵᠠᠮ ᠵᠠᠭᠤᠷ᠎ᠠ ᠪᠤᠤ ᠦᠢᠯᠡᠰ ᠢᠷᠡᠵᠤ ᠲᠡᠶᠢᠯᠬᠦ ᠦᠭᠡᠢ ᠪᠠᠶᠢᠭᠠᠳ ᠶᠠᠭᠤᠨ ᠳᠤ ᠨᠠᠳᠠᠳᠤ ᠭᠠᠷ ᠤᠲᠠᠰᠤ | ᠤᠲᠠᠰᠤᠳᠠᠵᠤ ᠬᠡᠯᠡᠵᠤ ᠦᠭᠬᠦ ᠦᠭᠡᠢ ᠪᠤᠢ︖ ᠪᠢ ᠲᠡᠭᠦᠨ ᠳᠤ ᠤᠳᠠᠰᠤ ᠠᠪᠬᠤ ᠳᠤ ᠲᠡᠷᠡ ᠪᠠᠰᠠ ᠶᠠᠭᠠᠬᠢᠨ | ᠤᠳᠠᠰᠤ ᠪᠠᠨ ᠲᠤᠰᠬᠤ ᠦᠭᠡᠢ ᠪᠤᠢ︖ ᠲᠡᠷᠡ ᠤᠴᠢᠷ ᠲᠠᠢ ᠪᠤᠯ ᠨᠠᠳᠠᠳᠤ ᠬᠡᠯᠡᠬᠦ ᠪᠢᠵᠠ ᠡ︕ ᠢᠷᠡᠵᠤ ᠲᠡᠶᠢᠯᠬᠦ | ᠦᠭᠡᠢ ᠪᠠᠶᠢᠭᠠᠳ ᠨᠠᠮᠠᠢᠢ ᠡᠶᠢᠮᠤ ᠤᠷᠲᠤ ᠬᠤᠭᠤᠴᠠᠭ᠎ᠠ ᠬᠦᠯᠢᠶᠡᠯᠭᠡᠭᠰᠡᠨ ᠳᠤ ᠪᠢ ᠶᠡᠬᠡᠯ᠎ᠡ ᠠᠭᠤᠷ ᠲᠠᠢ ᠭᠡᠷ ᠲᠡᠭᠡᠨ | ᠬᠦᠷᠤᠯ᠎ᠠ᠃ | ᠤᠳᠠᠯ ᠦᠭᠡᠢ ᠰᠤᠷᠭᠠᠭᠤᠯᠢ ᠡᠬᠢᠯᠡᠯ᠎ᠡ᠃ ᠪᠢ ᠲᠡᠭᠦᠨ ᠢ ᠤᠶᠢᠰᠢᠶᠠᠬᠤ ᠦᠭᠡᠢ ᠶᠡᠪᠤᠯᠡ᠃ ᠦᠢᠯᠡᠰ ᠮᠢᠨᠦ | ᠬᠠᠵᠠᠭᠤ ᠳᠤ ᠢᠷᠡᠵᠦ᠄ ︽ᠪᠢ ᠁ ᠲᠡᠷᠡ ᠡᠳᠦᠷ ᠁ ᠤᠴᠢᠷ ᠲᠠᠢ ᠪᠤᠯᠴᠢᠬᠠᠭᠰᠠᠨ︾ ᠭᠡᠵᠦ ᠲᠤᠩ | ᠲᠤᠤᠷ᠎ᠠ ᠲᠠᠭᠤᠨ ᠢᠶᠠᠷ ᠬᠡᠯᠡᠭᠰᠠᠨ ᠳᠤ ᠪᠢ ᠠᠵᠢᠭ ᠴᠦ ᠦᠭᠡᠢ ᠨᠠᠭᠠᠳᠬᠤ ᠪᠠᠷ ᠶᠠᠪᠤᠴᠢᠬᠠᠯ᠎ᠠ᠃ | ᠰᠡᠷᠢᠭᠦᠨ ᠰᠠᠯᠬᠢᠨ ᠰᠡᠪᠢᠯᠵᠡᠭᠰᠠᠨ ᠨᠢᠭᠡᠨ ᠲᠤᠩᠭᠠᠯᠠᠬᠠᠨ ᠡᠳᠦᠷ᠂ ᠡᠪᠡᠰᠦᠨ ᠲᠤᠲᠤᠷ᠎ᠠ ᠠᠴᠠ ᠨᠢᠭᠡᠨ ᠰᠢᠪᠡᠵᠢ ᠪᠡᠷᠢᠵᠤ | ᠂ ᠦᠢᠯᠡᠰ ᠤᠨ ᠰᠢᠷᠡᠭᠡᠨ ᠰᠢᠷᠭᠤᠭᠤᠯ ᠳᠤ ᠨᠢ ᠬᠢᠵᠦ ᠤᠷᠬᠢᠯ᠎ᠠ᠃ ᠭᠠᠷ ᠢᠶᠠᠨ ᠤᠬᠢᠶᠠᠬᠤ ᠭᠡᠵᠦ ᠤᠰᠤᠨ ᠭᠡᠷ | ᠤᠷᠤᠭᠤ ᠶᠠᠪᠤᠵᠤ ᠪᠠᠶᠢᠲᠠᠯ᠎ᠠ ᠠᠩᠭᠢ ᠶᠢᠨ ᠭᠡᠷ ᠠᠴᠠ᠄ ︽ᠠ︕︾ ᠭᠡᠵᠦ ᠠᠶᠤᠵᠤ ᠰᠤᠴᠢᠭᠰᠠᠨ ᠬᠠᠰᠭᠢᠷᠬᠤ | ᠲᠠᠭᠤᠨ ᠰᠤᠨᠤᠰᠳᠠᠯ᠎ᠠ᠃ ᠲᠦᠷᠭᠡᠭᠡᠨ ᠠᠩᠭᠢ ᠶᠢᠨ ᠭᠡᠷ ᠲᠤ ᠬᠦᠶᠦᠵᠦ ᠤᠷᠤᠨ ᠲᠡᠭᠦᠨ ᠢᠶᠠᠷ ᠡᠯᠡᠭ ᠪᠠᠷᠢᠨ | ᠨᠠᠭᠠᠳᠤᠯ᠎ᠠ᠃ ᠲᠡᠭᠡᠵᠦ ᠪᠠᠶᠢᠲᠠᠯ᠎ᠠ ᠡᠭᠦᠳᠡᠨ ᠳᠤ ᠨᠢᠭᠡᠨ ᠦᠨᠳᠦᠷᠬᠡᠨ ᠪᠡᠶ᠎ᠠ ᠲᠠᠢ ᠴᠠᠪᠠᠷ ᠲᠡᠭᠰᠢᠬᠡᠨ ᠲᠦᠷᠦᠭᠰᠠᠨ | ᠳᠤᠮᠳᠠ ᠨᠠᠰᠤᠨ ᠤ ᠬᠦᠮᠦᠨ — ᠠᠩᠭᠢ ᠶᠢᠨ ᠪᠠᠭᠰᠢ ᠨᠠᠮ᠎ᠠ ᠶᠢ ᠬᠠᠷᠠᠵᠤ ᠵᠤᠭᠰᠤᠵᠤ ᠪᠠᠶᠢᠯ᠎ᠠ᠃ ᠪᠢᠳᠡ ᠬᠤᠶᠠᠷ ᠢ | ᠬᠤᠷᠤᠭᠤ ᠪᠠᠷ ᠢᠶᠠᠨ᠄ ︽ᠢᠷ᠎ᠡ︕︾ ᠭᠡᠵᠦ ᠳᠤᠬᠢᠭᠠᠳ ᠠᠯᠪᠠᠨ ᠭᠡᠷ ᠲᠤ ᠪᠠᠨ ᠪᠤᠴᠠᠯ᠎ᠠ᠃ | ᠦᠢᠯᠡᠰ ᠤᠨ ᠠᠷᠤ ᠳᠤ᠂ ᠵᠢᠷᠦᠭᠡ ᠪᠠᠨ ᠭᠠᠷ ᠲᠤ ᠪᠠᠨ ᠪᠠᠷᠢᠵᠦ᠂ ᠪᠠᠭᠰᠢ ᠶᠢᠨ ᠠᠯᠪᠠᠨ ᠭᠡᠷ ᠲᠤ ᠤᠴᠢᠨ | ᠤᠴᠢᠷ ᠤᠨ ᠶᠠᠪᠤᠴᠠ ᠶᠢ ᠪᠠᠭᠰᠢ ᠳᠤ ᠮᠡᠳᠡᠭᠳᠡᠪᠡ᠃ ᠪᠠᠭᠰᠢ ᠪᠢᠳᠡ ᠬᠤᠶᠠᠭᠤᠯᠠ ᠶᠢ ᠪᠦᠷ ᠰᠢᠭᠦᠮᠵᠢᠯᠡᠪᠡ᠃ ᠪᠠᠭᠰᠢ᠄ | ︽ ᠲᠠ ᠬᠤᠶᠠᠭᠤᠯᠠ ᠪᠠᠨ ᠪᠦᠷ ᠪᠤᠷᠤᠭᠤ ᠲᠠᠢ᠃ ᠦᠢᠯᠡᠰ ᠤᠴᠢᠷ ᠲᠠᠢ ᠪᠤᠯᠴᠢᠬᠠᠭᠠᠳ ᠬᠠᠮᠲᠦ | ᠰᠤᠷᠤᠭᠴᠢᠳ ᠲᠤ ᠪᠠᠨ ᠬᠡᠯᠡᠭᠡᠳ ᠦᠭᠬᠦ ᠨᠢ ᠵᠦᠪ ᠰᠢᠤ︕ ᠬᠡᠷᠪᠠ ᠨᠠᠮ᠎ᠠ ᠶᠢ ᠲᠡᠶᠢᠮᠦ ᠤᠷᠲᠤ ᠴᠠᠭ | ᠬᠦᠯᠢᠶᠡᠯᠭᠡᠭᠰᠠᠨ ᠪᠤᠯ ᠪᠢ ᠴᠦ ᠭᠡᠰᠠᠨ ᠠᠭᠤᠷᠯᠠᠨ᠎ᠠ︕︾ ᠭᠡᠪᠡ᠃ ᠲᠠᠬᠢᠨ ᠨᠠᠮ᠎ᠠ ᠶᠢ᠄ ︽ᠬᠡᠷᠪᠡ ᠴᠢ ᠪᠠᠴᠢᠮ | ᠤᠴᠢᠷ ᠲᠠᠢ ᠪᠤᠯᠴᠢᠬᠠᠭᠰᠠᠨ ᠠᠴᠠ ᠤᠴᠢᠵᠤ ᠲᠡᠶᠢᠯᠦᠭᠰᠠᠨ ᠦᠭᠡᠢ ᠳᠤ ᠬᠦᠷᠪᠡᠯ᠂ ᠦᠢᠯᠡᠰ ᠴᠢᠮ᠎ᠠ ᠶᠢ ᠲᠡᠭᠡᠵᠤ | ᠲᠤᠤᠷᠠᠰᠢᠶᠠᠪᠠᠯ ᠴᠢ ᠶᠠᠭᠠᠬᠢᠳᠠᠭ ᠪᠢᠯᠡ︖︾ ᠭᠡᠪᠡ᠃ ᠪᠠᠭᠰᠢ ᠶᠢᠨ ᠬᠡᠯᠡᠭᠰᠠᠨ ᠦᠭᠡ ᠶᠢ ᠰᠤᠨᠤᠰᠤᠭᠠᠳ ᠪᠢ ᠰᠠᠶ᠋ᠢ | ᠤᠬᠠᠭᠠᠷᠠᠵᠤ᠂ ᠬᠠᠴᠠᠷ ᠪᠠᠨ ᠤᠯᠠᠶᠢᠯᠭᠠᠨ ᠪᠤᠷᠤᠭᠤ ᠮᠡᠳᠡᠭᠰᠠᠨ ᠳᠤ ᠦᠢᠯᠡᠰ᠄ ︽ᠬᠠᠮᠢᠶ᠎ᠠ ᠦᠭᠡᠢ ᠰᠢᠤ︕ ᠪᠢ | ᠪᠠᠰᠠ ᠪᠤᠷᠤᠭᠤ ᠲᠠᠢ᠂ ᠤᠰᠤᠯᠳᠠᠭᠰᠠᠨ ᠡ ᠁︾ ᠭᠡᠳ ᠢᠨᠢᠶᠡᠯᠴᠡᠨ ᠶᠠᠪᠤᠯ᠎ᠠ᠃ | ᠲᠡᠬᠦᠨ ᠠᠴᠠ ᠬᠤᠶᠢᠰᠢ ᠦᠢᠯᠡᠰ ᠪᠢᠳᠡ ᠬᠤᠶᠠᠭᠤᠯᠠ ᠶᠠᠪᠤᠪᠠᠴᠤ ᠴᠤᠭ᠂ ᠢᠷᠡᠪᠡᠴᠤ ᠴᠤᠭ᠂ ᠨᠠᠭᠠᠳᠪᠠᠴᠤ | ᠴᠤᠭ᠂ ᠤᠭᠤᠨᠤ ᠶᠢᠨ ᠬᠤᠶᠠᠷ ᠡᠪᠡᠷ ᠰᠢᠭ ᠰᠠᠯᠤᠯ ᠦᠭᠡᠢ ᠶᠡᠪᠤᠵᠤ᠂ ᠪᠦᠯᠬᠦᠮᠳᠡᠯ ᠨᠢᠭᠡᠲᠡᠢ ᠰᠠᠶᠢᠨ ᠠᠨᠳᠠ | ᠪᠤᠯᠤᠯᠴᠠᠭᠰᠠᠨ ᠶᠤᠮ᠃ | ᠵᠤᠬᠢᠶᠠᠬᠴᠢ᠄ ᠬᠠᠶᠢᠷᠠᠬᠠᠨ ︵ᠬᠤᠷᠴᠢᠨ ᠵᠡᠬᠦᠨ ᠭᠠᠷᠤᠨ ᠬᠤᠶᠢᠲᠤ ᠬᠤᠰᠢᠭᠤᠨ ᠤ ᠮᠤᠩᠭᠤᠯ ᠦᠨᠳᠦᠰᠦᠲᠡᠨ ᠤ | ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠵᠢᠷᠭᠤᠳᠤᠭᠠᠷ ᠤᠨ ᠤ ᠨᠢᠭᠡᠳᠦᠭᠡᠷ ᠠᠩᠭᠢ︶ | ᠵᠢᠯᠤᠭᠤᠳᠤᠭᠰᠠᠨ ᠪᠠᠭᠰᠢ᠄ ᠪᠤᠤ ᠰᠡᠷᠭᠦᠯᠡᠩ | |