︽ᠬᠡᠰᠢᠭᠳᠡᠨ︾ ᠴᠡᠷᠢᠭ ᠭᠡᠭᠴᠢ ᠶᠠᠮᠠᠷ ᠴᠡᠷᠢᠭ ᠪᠤᠢ | ᠲᠡᠥᠬᠡᠨ ᠳᠠᠬᠢ ︽ᠬᠡᠰᠢᠭᠳᠡᠨ︾ ᠪᠤᠯ ᠴᠢᠩᠬᠢᠰ ᠬᠠᠭᠠᠨ ᠤ ᠤᠷᠳᠤ ᠶᠢ ᠬᠠᠮᠠᠭᠠᠯᠠᠬᠤ ᠰᠢᠳᠠᠷ ᠬᠠᠮᠠᠭᠠᠯᠠᠭᠴᠢ | ᠬᠦᠮᠤᠰ ᠢ ᠬᠡᠯᠡᠳᠡᠭ᠃ ᠲᠡᠳᠡᠨ ᠤ ᠡᠩ ᠤᠨ ᠴᠠᠭ ᠤᠨ ᠡᠬᠦᠷᠭᠡ ᠪᠤᠯ ᠬᠠᠭᠠᠨ ᠤ ᠰᠢᠳᠠᠷ ᠬᠠᠮᠠᠭᠠᠯᠠᠯ ᠢ ᠬᠦᠢᠴᠡᠳᠭᠡᠵᠤ | ᠂ ᠲᠠᠶᠢᠨ ᠪᠠᠶᠢᠯᠳᠤᠭᠠᠨ ᠤ ᠦᠶ᠎ᠠ ᠳᠤ ᠬᠠᠭᠠᠨ ᠤ ᠰᠢᠭᠤᠳ ᠵᠠᠬᠢᠷᠤᠯ ᠢᠶᠠᠷ ᠬᠦᠨᠳᠤ ᠴᠢᠬᠤᠯᠠ ᠡᠬᠦᠷᠭᠡ ᠶᠢ | ᠬᠦᠢᠴᠡᠳᠭᠡᠳᠡᠭ᠃ ᠲᠡᠷᠡ ᠨᠢ ︽ᠡᠩ ᠤᠨ ᠡᠳᠤᠷ ᠡᠭᠡᠯᠵᠢᠯᠡᠬᠦ ᠲᠤᠷᠬᠠᠭ ᠴᠡᠷᠢᠭ ᠪᠤᠯᠭᠠᠵᠤ᠂ ᠬᠤᠳᠬᠤᠯᠳᠤᠨ | ᠪᠠᠶᠢᠯᠳᠤᠬᠤ ᠡᠳᠤᠷ ᠬᠠᠮᠤᠭ ᠤᠨ ᠲᠡᠷᠢᠬᠦᠨ ᠳᠤ ᠪᠠᠭᠠᠳᠤᠷᠯᠠᠭᠤᠯᠤᠨ ᠶᠠᠪᠤᠭᠤᠯᠬᠤ ᠶᠡᠬᠡᠭᠤᠥᠯ ᠤᠨ ᠴᠡᠷᠢᠭ ᠪᠤᠯᠭᠠᠬᠤ︾ | ᠶᠠᠪᠤᠳᠠᠯ ᠪᠤᠯᠤᠨ᠎ᠠ᠃ ᠬᠡᠰᠢᠭᠳᠡᠨ ᠢ ᠪᠠᠰᠠ ︽ᠬᠡᠪᠳᠡᠬᠦᠯ︾ ︽ᠬᠤᠷᠴᠢᠨ︾ ︽ᠲᠤᠷᠬᠠᠭ︾ ᠭᠡᠵᠤ ᠠᠵᠢᠯ | ᠡᠬᠦᠷᠭᠡ ᠪᠠᠷ ᠨᠢ ᠨᠠᠷᠢᠨ ᠬᠤᠪᠢᠶᠠᠷᠢᠯᠠᠳᠠᠭ ᠭᠡᠨ᠎ᠠ᠃ | ︽ᠬᠡᠰᠢᠭᠳᠡᠨ︾ ᠴᠡᠷᠢᠭ ᠢ ᠬᠡᠵᠢᠶ᠎ᠠ ᠪᠠᠶᠢᠭᠤᠯᠪᠠ | ᠴᠢᠩᠬᠢᠰ ᠬᠠᠭᠠᠨ ᠤ ᠬᠡᠰᠢᠭᠳᠡᠨ ᠴᠡᠷᠢᠭ ᠨᠢ 1204 ᠤᠨ ᠳᠤ ᠨᠠᠢᠮᠠᠠ ᠢ ᠨᠢᠭᠡᠳᠭᠡᠨ ᠠᠪᠬᠤ ᠶᠢᠨ ᠡᠮᠤᠨ᠎ᠠ | ᠵᠢᠩᠬᠢᠨᠢ ᠪᠠᠷ ᠪᠠᠶᠢᠭᠤᠯᠪᠡ᠃ ᠲᠡᠷᠠ ᠦᠶ᠎ᠠ ᠳᠤ ᠨᠠᠶᠠᠨ ᠬᠡᠪᠳᠡᠬᠦᠯ᠂ ᠲᠠᠯᠠᠨ ᠲᠤᠷᠬᠠᠭ ᠲᠠᠢ ᠪᠠᠶᠢᠵᠠᠢ᠃ ᠪᠦᠬᠦ | ᠮᠤᠩᠭᠤᠯ ᠢ ᠨᠢᠭᠡᠳᠭᠡᠭᠰᠡᠨ ᠤ ᠲᠠᠷᠠᠭ᠎ᠠ᠂ ᠲᠤᠷᠬᠠᠭ ᠨᠠᠢᠮᠠᠠ ᠮᠢᠩᠭ᠎ᠠ᠂ ᠬᠡᠪᠳᠡᠬᠦᠯ᠂ ᠬᠤᠷᠴᠢᠨ ᠢ ᠲᠤᠰ ᠪᠦᠷᠢ ᠮᠢᠩᠭ᠎ᠠ | ᠪᠤᠯᠭᠠᠵᠤ᠂ ᠨᠡᠶᠢᠳᠠ ᠲᠦᠮᠡᠨ ᠬᠡᠰᠢᠭᠳᠡᠨ ᠪᠤᠯᠭᠠᠪᠠ᠃ | ︽ᠬᠡᠰᠢᠭᠳᠡᠨ︾ ᠴᠡᠷᠢᠭ ᠢ ᠶᠠᠭᠠᠬᠢᠵᠤ ᠵᠤᠬᠢᠶᠠᠨ ᠪᠠᠶᠢᠭᠤᠯᠤᠭᠰᠠᠨ ᠪᠤᠢ ᠴᠢᠩᠬᠢᠰ ᠬᠠᠭᠠᠨ ᠲᠦᠮᠡᠨ | ᠬᠡᠰᠢᠭᠳᠡᠨ ᠢᠶᠠᠨ ᠶᠡᠭᠡ ᠨᠡᠬᠦᠷᠢᠨ ︵ᠮᠦᠩᠯᠢᠭ ᠡᠴᠢᠭᠡ ᠶᠢᠨ ᠬᠦᠪᠡᠬᠦᠨ︶᠂ ᠶᠢᠰᠤᠨᠳᠡᠭᠡ ︵ᠵᠡᠯᠮ᠎ᠠ ᠶᠢᠨ ᠬᠦᠪᠡᠬᠦᠨ︶ | ᠂ ᠦᠭᠡᠯᠡᠨ ᠴᠠᠷᠪᠢ ︵ᠪᠤᠭᠤᠷᠴᠤ ᠶᠢᠨ ᠲᠡᠬᠦᠥ︶᠂ ᠪᠤᠬ᠎ᠠ ︵ᠮᠤᠬᠤᠯᠠᠢ ᠶᠢᠨ ᠲᠡᠬᠦᠥ︶᠂ ᠠᠯᠴᠢᠳᠠᠢ ︵ | ᠢᠯᠤᠭᠡᠢ ᠶᠢᠨ ᠲᠡᠬᠦᠥ︶᠂ ᠲᠤᠳᠢ ᠴᠠᠷᠪᠢ᠂ ᠲᠤᠭᠤᠯᠬᠤ ᠴᠠᠷᠪᠢ ︵ᠵᠠᠳᠠᠢ ᠶᠢᠨ ᠲᠡᠬᠦᠥ᠂ ᠮᠠᠩᠭᠤᠳ ᠤᠪᠤᠭᠳᠠᠨ︶᠂ | ᠴᠠᠨᠠᠢ ︵ᠵᠦᠷᠴᠢᠳᠠᠢ ᠶᠢᠨ ᠲᠡᠬᠦᠥ᠂ ᠤᠷᠤᠨᠠᠷ ᠤᠨ ᠤᠪᠤᠭᠳᠠᠨ︶᠂ ᠠᠬᠤᠳᠠᠢ ︵ᠬᠤᠩᠬᠢᠷᠠᠳ ᠤᠪᠤᠭᠳᠠᠨ᠂ ᠠᠯᠵᠢ | ᠨᠤᠶᠠᠨ ᠤ ᠲᠡᠬᠦᠥ︶᠂ ᠠᠷᠬᠠᠢ ᠬᠠᠰᠠᠷ ︵ᠵᠠᠯᠠᠶᠢᠷ ᠤᠪᠤᠭᠳᠠᠨ᠂ ᠰᠠᠴᠠ ᠲᠤᠮᠤᠭ ᠤᠨ ᠬᠦᠪᠡᠬᠦᠨ︶ ᠨᠠᠷ ᠲᠤ ᠲᠤᠰ | ᠪᠦᠷᠢ ᠮᠢᠩᠭᠠᠨ ᠬᠦᠮᠤᠨ ᠦᠭᠴᠤ ᠵᠤᠬᠢᠶᠠᠨ ᠪᠠᠶᠢᠭᠤᠯᠵᠠᠢ᠃ | ᠲᠤᠷᠬᠠᠭ ᠢᠶᠠᠨ ᠬᠡᠷᠬᠢᠨ ᠵᠤᠬᠢᠶᠠᠨ ᠪᠠᠶᠢᠭᠤᠯᠬᠤ ᠪᠤᠢ | ᠬᠡᠰᠢᠭᠳᠡᠨ ᠴᠡᠷᠢᠭ ᠤᠨ ᠲᠤᠷᠬᠠᠭ ᠤᠳ ᠢᠶᠠᠨ ᠲᠦᠷᠪᠡᠨ ᠡᠭᠡᠯᠵᠢ ᠪᠤᠯᠭᠠᠵᠤ᠂ ᠪᠤᠬ᠎ᠠ᠂ ᠠᠯᠴᠢᠳᠠᠢ᠂ ᠲᠤᠳᠢ᠂ | ᠴᠠᠷᠪᠢ᠂ ᠲᠤᠭᠤᠯᠠᠬᠤ ᠴᠠᠷᠪᠢ ᠲᠦᠷᠪᠡ ᠶᠢ ᠲᠤᠷᠬᠠᠭ ᠤᠨ ᠠᠬᠠᠯᠠᠭᠴᠢ ᠪᠤᠯᠭᠠᠵᠠᠢ᠃ | ︽ᠬᠡᠰᠢᠭᠳᠡᠨ︾ ᠴᠡᠷᠢᠭ ᠶᠠᠮᠠᠷ ᠦᠢᠯᠡᠳᠤᠯ ᠦᠵᠡᠬᠦᠯᠪᠡ | ᠲᠦᠮᠡᠨ ᠬᠡᠰᠢᠭᠳᠡᠨ ᠪᠤᠯ ᠵᠤᠬᠢᠬᠤ ᠨᠦᠬᠦᠴᠠᠯ ᠪᠡᠷᠢᠮᠵᠢᠶ᠎ᠠ ᠪᠠᠷ ᠰᠤᠩᠭᠤᠨ ᠠᠪᠴᠤ᠂ ᠴᠢᠩᠭ᠎ᠠ ᠬᠠᠳᠠᠭᠤ ᠪᠠᠷ | ᠰᠤᠷᠭᠠᠭᠤᠯᠢᠯᠡᠨ ᠬᠦᠮᠤᠵᠢᠬᠦᠯᠵᠤ᠂ ᠨᠠᠷᠢᠨ ᠲᠤᠳᠤᠷᠬᠠᠢ ᠴᠢᠩᠭ᠎ᠠ ᠲᠦᠷᠢᠮ ᠢᠶᠠᠷ ᠠᠵᠢᠯᠯᠠᠳᠠᠭ ᠰᠢᠳᠠᠷ ᠴᠡᠷᠢᠭ | ᠪᠤᠯᠤᠨ᠎ᠠ᠃ ᠶᠡᠭᠡ ᠬᠠᠭᠠᠨ ᠤ ᠬᠠᠮᠠᠭᠠᠯᠠᠯ ᠢ ᠬᠠᠷᠢᠭᠤᠴᠠᠬᠤ ᠪᠠᠷ ᠪᠠᠷᠠᠬᠤ ᠦᠭᠡᠢ᠂ ᠲᠡᠷᠠ ᠨᠢ ᠨᠢᠭᠡ ᠴᠡᠷᠢᠭ ᠤᠨ | ᠰᠤᠷᠭᠠᠭᠤᠯᠢ ᠶᠢᠨ ᠦᠢᠯᠡᠳᠤᠯ ᠲᠠᠢ ᠪᠠᠶᠢᠪᠠ᠃ | | | ︵︽ᠤᠯᠠᠭᠠᠨᠬᠠᠳᠠ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶ |